ᠵᠢᠷᠤᠬᠡᠨ ᠬᠠᠶᠢᠷ᠎ᠠ ᠶᠢᠨ ᠰᠠᠬᠢᠭᠤᠰᠤ
ᠨᠡᠶᠢᠲᠡᠯᠡᠭᠰᠡᠨ ᠴᠠᠭ᠄
2020/11/17
 ᠬᠠᠶᠢᠷ᠎ᠠ      ᠲᠤᠭᠤᠰᠤᠲᠤ ᠶᠢᠷᠲᠢᠨᠴᠤ ᠳᠤ ᠪᠢᠳᠠ ᠲᠥᠷᠥᠮᠡᠭᠴᠡ ᠪᠠᠨ ᠬᠤᠶᠠᠷ ᠵᠥᠢᠯ ᠤᠨ ᠬᠠᠶᠢᠷ᠎ᠠ ᠶᠢ ᠡᠳ᠋ᠯᠡᠵᠤ ᠪᠤᠶᠢᠵᠢᠵᠤ ᠢᠷᠡᠭᠰᠡᠨ ᠶᠤᠮ᠃ ᠨᠠᠷᠠ ᠮᠠᠨᠳᠤᠵᠤ ᠨᠠᠷᠠ ᠰᠢᠩᠬᠡᠬᠦ ᠪᠠᠶᠢᠭᠠᠯᠢ ᠳᠡᠯᠡᠬᠡᠢ ᠶᠢᠨ ᠵᠢᠮ᠎ᠡ ᠪᠠᠷ ᠥᠷᠭᠦᠯᠵᠢᠯᠡᠭᠰᠡᠭᠡᠷ ᠪᠢ ᠴᠦ ᠡᠬᠡ ᠶᠢᠨ ᠠᠷᠢᠭᠤᠨ ᠰᠥ ᠠᠴᠠ ᠰᠠᠯᠵᠤ ᠲᠤᠮᠤᠭᠠᠵᠢᠯ᠎ᠠ᠃      ᠪᠠᠭ᠎ᠠ ᠪᠠᠯᠴᠢᠷ ᠪᠠᠶᠢᠬᠤ ᠳᠤ ᠪᠠᠨ ᠪᠢ ᠥᠷᠭᠦᠯᠵᠢ ᠠᠪᠤ ᠲᠠᠢ ᠪᠠᠨ ᠬᠠᠮᠲᠤ ᠨᠠᠷᠠ ᠰᠢᠩᠬᠡᠬᠦ ᠶᠢ ᠥᠵᠡᠳᠡᠭ ᠪᠠᠶᠢᠭᠰᠠᠨ᠃ ᠨᠢᠭᠡ ᠵᠢᠵᠢᠭᠬᠡᠨ ᠨᠠᠭᠤᠷ ᠤᠨ ᠬᠥᠪᠡᠭᠡᠨ ᠳᠤ ᠶᠠᠭ ᠰᠢᠩᠭᠡᠮᠡᠷ ᠪᠠᠶᠢᠭ᠎ᠠ ᠨᠠᠷᠠ ᠠᠪᠤ ᠪᠢᠳᠠ ᠬᠤᠶᠠᠭᠤᠯᠠ ᠎ ᠶᠢᠨ ᠰᠡᠭᠦᠳᠡᠷ ᠢ ᠤᠷᠳᠤ ᠠᠴᠠ ᠤᠷᠳᠤ ᠲᠠᠲᠠᠲᠠᠭ ᠰᠠᠨ᠃ ᠶᠠᠭ ᠯᠠ ᠪᠢᠳᠠᠨ ᠤ ᠬᠠᠵᠠᠭᠤ ᠳᠤ ᠪᠠᠶᠢᠭ᠎ᠠ ᠨᠢᠭᠡ ᠥᠨᠳᠥᠷ ᠨᠢᠭᠡ ᠪᠤᠭᠤᠨᠢ ᠰᠥᠨᠳᠡᠷᠯᠡᠭᠰᠡᠨ ᠬᠤᠶᠠᠷ ᠤᠯᠢᠶᠠᠰᠤᠨ ᠮᠤᠳᠤ ᠰᠢᠭ᠋᠃ ᠲᠡᠷᠡ ᠥᠶ᠎ᠡ᠂ ᠠᠪᠤ ᠮᠢᠨᠢ ᠲᠤᠩ ᠵᠠᠯᠠᠭᠤᠬᠠᠨ ᠪᠠᠶᠢᠭᠰᠠᠨ᠃ ᠰᠡᠭᠦᠯᠡᠷ  ᠪᠢ ᠳᠤᠮᠳᠠ ᠰᠤᠷᠭᠠᠭᠤᠯᠢ ᠶᠢᠨ ᠠᠯᠲᠠᠨ ᠪᠤᠱᠤᠭ᠎ᠠ ᠳᠤ ᠠᠯᠬᠤᠨ ᠤᠷᠤᠭᠰᠠᠨ ᠬᠤᠶᠢᠨ᠎ᠠ ᠳᠠᠬᠢᠵᠤ ᠴᠠᠭ ᠰᠢᠬᠠᠨ ᠭᠠᠷᠭᠠᠵᠤ ᠳᠡᠶᠢᠯᠥᠭᠰᠡᠨ ᠥᠬᠡᠢ᠃ ᠠᠭᠠᠵᠢᠮ ᠳᠤ ᠪᠠᠨ᠂ ᠠᠪᠤ ᠪᠢᠳᠠ ᠬᠤᠶᠠᠷ ᠤᠨ ᠨᠠᠭᠤᠷ ᠤᠨ ᠬᠥᠪᠡᠭᠡᠨ ᠳᠡᠷᠭᠡᠳᠡ ᠨᠠᠭᠠᠯᠳᠤᠨ ᠰᠠᠭᠤᠭᠰᠠᠨ ᠪᠠᠷ᠎ᠠ ᠨᠢ ᠠᠯᠠᠭ᠎ᠠ ᠪᠤᠯᠵᠤ᠂ ᠵᠥᠪᠬᠡᠨ ᠲᠡᠷᠡ ᠬᠤᠶᠠᠷ ᠤᠯᠢᠶᠠᠰᠤᠨ ᠮᠤᠳᠤ ᠬᠡᠪ ᠢᠶᠠᠷ ᠲᠡᠨᠲᠡ ᠪᠠᠨ ᠰᠥᠭᠯᠡᠶᠢᠨ ᠵᠤᠭᠰᠤᠨ᠎ᠠ᠃      ᠭᠠᠷᠠᠭ ᠤᠨ ᠡᠳᠥᠷ ᠪᠢᠯᠡ᠂ ᠲᠡᠭᠷᠢ ᠳᠤ ᠨᠤᠬᠠᠢ ᠳᠤᠯᠢᠶᠠᠬᠤ ᠡᠭᠦᠯᠡ ᠥᠬᠡᠢ ᠨᠠᠮ ᠲᠤᠭᠲᠠᠭᠤᠨ ᠪᠠᠶᠢᠭᠰᠠᠨ ᠪᠤᠯᠲᠠᠯ᠎ᠠ ᠤᠳᠠᠯ ᠥᠬᠡᠢ ᠬᠥᠮᠥᠨ ᠢ ᠤᠷᠢᠶᠠᠵᠤ ᠠᠪᠠᠴᠢᠮᠠᠷ ᠰᠠᠯᠬᠢ ᠰᠢᠭᠤᠷᠠᠵᠤ ᠡᠬᠢᠯᠡᠯ᠎ᠡ᠃ ᠠᠪᠤ ᠮᠢᠨᠢ ᠬᠤᠷᠳᠤᠨ ᠲᠡᠭᠦᠨ ᠤ ᠮᠠᠯᠠᠭᠠᠢ ᠶᠢ ᠮᠢᠨᠤ ᠲᠤᠯᠤᠭᠠᠢ ᠳᠡᠭᠡᠷ᠎ᠡ ᠴᠢᠩᠭ᠎ᠠ ᠳᠠᠷᠤᠯ᠎ᠠ᠃ ᠲᠡᠷᠡ ᠨᠠᠮ᠎ᠠ ᠶᠢ ᠪᠡᠶ᠎ᠡ ᠶᠢᠨ ᠠᠷᠤᠨ ᠳᠤ ᠬᠠᠯᠬᠠᠯᠠᠵᠤ ᠠᠭᠠᠵᠢᠮ ᠠᠭᠠᠵᠢᠮ ᠢᠶᠠᠷ ᠡᠮᠥᠨᠡᠰᠢ ᠪᠠᠨ ᠳᠡᠪᠰᠢᠪᠡ᠃ ᠠᠪᠤ ᠶᠢᠨ ᠠᠭᠤᠳᠠᠮ ᠲᠡᠷᠨᠢᠭᠦᠨ ᠠᠷᠤ ᠶᠢᠨ ᠪᠠᠷ᠎ᠠ ᠬᠥᠩᠬᠡᠬᠡᠨ ᠴᠡᠴᠡᠷᠡᠵᠤ ᠪᠠᠶᠢᠬᠤ ᠶᠢ ᠥᠵᠡᠨ᠂ ᠪᠢ ᠥᠪᠡᠷ ᠤᠨ ᠡᠷᠭᠡ ᠥᠬᠡᠢ ᠪᠠᠷ ᠨᠢᠯᠪᠤᠰᠤ ᠪᠥᠮᠪᠥᠷᠢᠭᠦᠯᠪᠡ᠃ ᠰᠠᠯᠬᠢ ᠵᠤᠭᠰᠤᠪᠠ᠂ ᠪᠢ ᠠᠪᠤ ᠶᠢᠨ ᠠᠶ᠎ᠠ ᠪᠠᠷ ᠳᠤᠷ᠎ᠠ ᠲᠠᠢ ᠳᠤᠷ᠎ᠠ ᠥᠬᠡᠢ ᠪᠠᠷ ᠲᠡᠷᠡ ᠵᠢᠵᠢᠭᠬᠡᠨ ᠨᠠᠭᠤᠷ ᠤᠨ ᠬᠥᠪᠡᠭᠡᠨ ᠳᠤ ᠬᠥᠷᠴᠤ ᠢᠷᠡᠯ᠎ᠡ᠃ ᠭᠡᠨᠡᠳᠲᠡ ᠰᠠᠯᠬᠢ ᠪᠤᠰᠴᠤ ᠠᠪᠤ ᠶᠢᠨ ᠮᠢᠨᠢ ᠥᠰᠥ ᠶᠢ ᠬᠥᠳᠡᠯᠭᠡᠯ᠎ᠡ᠃ ᠠᠪᠤ ᠶᠢᠨ ᠳᠠᠰ ᠬᠠᠷ᠎ᠠ ᠭᠡᠵᠢᠭᠡᠨ ᠳᠤᠤᠷ᠎ᠠ ᠨᠢᠭᠤᠭᠳᠠᠭᠰᠠᠨ ᠨᠢᠳᠤ ᠴᠢᠴᠢᠮᠡᠷ ᠴᠠᠭᠠᠨ ᠥᠰᠥ ᠶᠢ ᠤᠯᠵᠤ ᠥᠵᠡᠯ᠎ᠡ᠃ ᠠᠪᠤ ᠮᠢᠨᠢ ᠬᠥᠭᠰᠢᠷᠡᠵᠠᠢ᠃ ᠨᠠᠷᠠ ᠰᠢᠩᠬᠡᠵᠤ ᠡᠬᠢᠯᠡᠯ᠎ᠡ᠃ ᠨᠠᠷᠠᠨ ᠤ ᠰᠡᠭᠦᠯᠴᠢ ᠶᠢᠨ ᠭᠡᠷᠡᠯ ᠠᠪᠤ ᠶᠢᠨ ᠢᠶᠠᠨ ᠳᠥᠯᠬᠢᠨ ᠴᠢᠷᠠᠢ ᠳᠡᠭᠡᠷ᠎ᠡ ᠳᠤᠰᠤᠯ᠎ᠠ᠃ ᠥᠩᠭᠡᠷᠡᠭᠰᠡᠨ ᠤ ᠤᠯᠠᠨ ᠤᠴᠢᠷ ᠨᠡᠭᠦᠭᠦ ᠡᠭᠦᠯᠡ ᠤᠷᠤᠰᠬᠤ ᠤᠰᠤ ᠮᠡᠲᠤ ᠭᠥᠢᠬᠡᠨ ᠪᠤᠯᠤᠭᠰᠠᠨ ᠪᠤᠯᠪᠠᠴᠤ᠂ ᠬᠡᠨᠡᠳᠲᠡ ᠪᠥᠷ ᠮᠢᠨᠤ ᠰᠠᠨᠠᠭᠠᠨ ᠳᠤ ᠪᠤᠳᠤᠭᠳᠠᠨ ᠪᠥᠭᠯᠡᠷᠡᠵᠤ ᠡᠬᠢᠯᠡᠯ᠎ᠡ᠃ ᠡᠷᠭᠢᠴᠡᠭᠦᠯᠵᠤ ᠪᠤᠳᠤᠬᠤ ᠲᠠᠢ ᠵᠡᠷᠭᠡ ᠰᠡᠳᠬᠢᠯ ᠵᠢᠷᠤᠬᠡ ᠰᠢᠮᠰᠢᠷᠡᠨ ᠡᠪᠡᠳᠴᠤ ᠨᠢᠯᠪᠤᠰᠤ ᠨᠢᠳᠥᠨ ᠲᠤᠲᠤᠷ᠎ᠠ ᠡᠷᠭᠢᠯᠳᠤᠨ᠎ᠡ᠃ ᠠᠯᠢᠪᠠ ᠪᠥᠬᠦᠨ ᠪᠥᠷ ᠨᠠᠮᠵᠢᠭᠤᠨ ᠪᠤᠯᠪᠠ᠂ ᠠᠮᠢᠰᠬᠤᠵᠤ ᠳᠡᠶᠢᠯᠬᠦ ᠥᠬᠡᠢ ᠥᠬᠦᠭᠰᠡᠨ ᠰᠢᠭ ᠨᠠᠮᠵᠢᠭᠤᠨ᠂ ᠵᠥᠪᠬᠡᠨ ᠪᠡᠶ᠎ᠡ ᠎ ᠶᠢᠨ ᠠᠷᠤᠨ ᠳᠤ ᠪᠠᠶᠢᠭ᠎ᠠ ᠬᠤᠶᠠᠷ ᠤᠯᠢᠶᠠᠰᠤᠨ ᠮᠤᠳᠤ ᠰᠠᠯᠬᠢᠨ ᠳᠤᠮᠳᠠ ︽ᠱᠠᠷ ᠱᠠᠷ︾ ᠳᠤᠤᠭᠠᠷᠤᠨ᠎ᠠ᠂᠂᠂᠂᠂᠂      ᠵᠠᠯᠠᠭᠤᠬᠠᠨ ᠡᠵᠢ ᠶᠢᠨ ᠳᠤᠷᠠᠰᠤᠯ ᠤᠨ ᠬᠠᠭᠤᠳᠠᠰᠤ ᠶᠢ ᠬᠤᠷᠢᠨ ᠵᠢᠯ ᠤᠨ ᠳᠠᠷᠠᠭ᠎ᠠ ᠰᠡᠬᠦᠬᠦ ᠳᠤ ᠨᠢᠳᠥᠨ ᠳᠤᠮᠳᠠ ᠵᠠᠶᠢᠷ ᠭᠥᠶᠥᠯᠭᠡᠵᠤ ᠡᠵᠢ ᠢᠶᠠᠨ ᠥᠷᠥ ᠡᠪᠡᠳᠥᠳᠡᠭ ᠶᠤᠮ᠃      ᠨᠠᠮ᠎ᠠ ᠶᠢ ᠠᠩᠬ᠎ᠠ ᠭᠤᠷᠪᠠ ᠰᠠᠭᠤᠵᠤ ᠪᠠᠶᠢᠬᠤ ᠳᠤ ᠡᠵᠢ ᠢᠶᠠᠨ ᠲᠤᠩ ᠤᠷᠳᠤ ᠬᠤᠭᠤᠴᠠᠭ᠎ᠠ ᠵᠤᠯᠭᠠᠭᠰᠠᠨ ᠥᠭᠡᠢ ᠪᠤᠯᠤᠯ᠎ᠠ᠃ ᠡᠵᠢ ᠢᠷᠡᠯ᠎ᠡ ᠭᠡᠰᠡᠨ ᠪᠠᠶᠠᠷ ᠤᠨ ᠴᠢᠮᠡᠭᠡᠨ ᠳᠤᠮᠳᠠ ᠪᠢ ᠨᠢᠰᠬᠦ ᠮᠡᠲᠤ ᠭᠡᠷ ᠤᠷᠤᠭᠤ ᠬᠥᠶᠥᠯ᠎ᠡ᠂ ᠭᠡᠲᠡᠯ᠎ᠡ ᠤᠴᠠᠷᠠᠭᠰᠠᠨ ᠬᠤᠶᠢᠨ᠎ᠠ ᠬᠠᠷᠢᠨ ᠶᠠᠭᠤ ᠶᠠᠷᠢᠬᠤ ᠪᠠᠨ ᠤᠯᠵᠤ ᠶᠠᠳᠠᠨ ᠵᠤᠭᠰᠤᠴᠢᠬᠠᠯ᠎ᠠ᠂ ᠡᠵᠢ ᠢᠶᠠᠨ ᠬᠡᠲᠥᠷᠬᠡᠢ ᠰᠠᠨᠠᠵᠤ ᠰᠠᠷᠪᠠᠶᠢᠭᠰᠠᠨ ᠰᠡᠳᠬᠢᠯ ᠤᠨ ᠡᠮᠵᠢᠭ ᠬᠡᠲᠥᠷᠬᠡᠢ ᠬᠥᠨᠳᠥᠷᠡᠭᠰᠡᠨ ᠶᠤᠨ ᠤᠤ᠂ ᠮᠡᠯ ᠭᠠᠶᠢᠬᠠᠨ ᠬᠠᠭ᠎ᠠ ᠪᠠᠶᠠᠷᠯᠠᠬᠤ ᠳᠤ ᠪᠠᠨ ᠮᠡᠯᠡᠷᠡᠴᠢᠬᠡᠪᠡ᠃ ᠡᠵᠢ ᠶᠢᠨ ᠨᠢᠭᠤᠷ ᠳᠡᠭᠡᠷ᠎ᠡ ᠠᠮᠢᠳᠤᠷᠠᠯ ᠤᠨ ᠬᠠᠯᠠ ᠶᠢᠨ ᠥᠷᠴᠢᠯᠡᠭᠡᠰᠤ ᠳᠠᠷᠤᠵᠠᠢ᠃ ᠡᠵᠢ ᠮᠢᠨᠢ ᠭᠢᠯᠠᠭᠠᠷ ᠰᠠᠶᠢᠬᠠᠨ ᠬᠠᠷ᠎ᠠ ᠥᠰᠥᠨ ᠤ ᠪᠤᠭᠤᠷᠤᠯᠰᠢᠯ ᠢᠶᠠᠷ ᠮᠢᠨᠤ ᠢᠷᠡᠭᠡᠲᠥᠢ ᠎ ᠶᠢᠨ ᠬᠡᠷᠡᠯ ᠰᠠᠴᠤᠷᠠᠩᠭᠤᠢ ᠵᠠᠮ  ᠎ ᠢ ᠲᠠᠯᠪᠢᠭᠰᠠᠨ ᠶᠤᠮ᠃ ᠪᠢ ᠢᠨᠢᠶᠡᠮᠰᠥᠭᠯᠡᠨ᠂ ᠨᠢᠳᠤ ᠪᠠᠨ ᠨᠢᠬᠤᠯᠠᠨ ᠤᠷᠤᠰᠴᠤ ᠭᠠᠷᠤᠮᠠᠷ ᠨᠢᠯᠪᠤᠰᠤ ᠶᠢ ᠲᠤᠲᠤᠭᠰᠢ ᠪᠠᠨ ᠬᠥᠩᠬᠡᠬᠡᠨ ᠳᠠᠷᠤᠯ᠎ᠠ᠃      ᠡᠳᠥᠷ ᠬᠤᠨᠤᠭ ᠤᠨ ᠡᠬᠡᠯᠵᠢᠯᠡᠯ ᠬᠡᠭᠴᠢ ᠥᠨᠡᠨ ᠲᠥᠷᠬᠡᠨ ᠠᠵᠠᠢ᠂ ᠨᠢᠭᠡ ᠮᠡᠳᠡᠬᠦ ᠳᠤ᠂ ᠡᠵᠢ ᠠᠪᠤ ᠶᠢᠨ ᠮᠠᠩᠨᠠᠢ ᠳᠤ ᠤᠯᠠᠨ ᠬᠤᠨᠢᠶᠠᠰᠤ ᠰᠠᠭᠤᠪᠠ᠂ ᠰᠠᠨᠴᠢᠭ ᠲᠤ ᠳᠤᠩ ᠴᠠᠭᠠᠨ ᠬᠢᠷᠠᠭᠤ ᠪᠠᠭᠤᠪᠠ᠃ ᠡᠨᠡ ᠬᠦ ᠬᠢᠷᠠᠭᠤ ᠪᠠᠭᠤᠭᠰᠠᠨ ᠰᠠᠨᠴᠢᠭ ᠪᠠ ᠠᠲᠤᠷᠢᠶ᠎ᠠ ᠰᠠᠭᠤᠭᠰᠠᠨ ᠮᠠᠩᠨᠠᠢ ᠨᠢ ᠬᠡᠤᠬᠡᠨ ᠨᠠᠮ᠎ᠠ ᠶᠢ ᠰᠤᠷᠭᠠᠨ ᠪᠤᠶᠢᠵᠢᠭᠤᠯᠤᠭᠰᠠᠨ ᠬᠠᠶᠢᠷ᠎ᠠ ᠶᠢᠨ ᠮᠥᠷ ᠰᠢᠤ᠃      ᠢᠩᠬᠢᠭᠡᠳ᠂ ᠮᠠᠭᠤ ᠬᠡᠤᠬᠡᠨ ᠴᠢᠨᠢ ᠥᠰᠥᠭᠰᠡᠭᠡᠷ᠂ ᠥᠰᠥᠭᠰᠡᠭᠡᠷ᠂ ᠥᠰᠥᠭᠰᠡᠭᠡᠷ᠂᠂᠂᠂᠂᠂      ᠡᠵᠢ ᠠᠪᠤ ᠮᠢᠨᠢ ᠪᠠᠰᠠ ᠯᠠ ᠬᠥᠭᠰᠢᠷᠡᠭᠰᠡᠭᠡᠷ᠂ ᠬᠥᠭᠰᠢᠷᠡᠭᠰᠡᠭᠡᠷ᠂ ᠬᠥᠭᠰᠢᠷᠡᠭᠰᠡᠭᠡᠷ᠂᠂᠂᠂᠂᠂                 ᠡᠵᠡᠨ ᠬᠤᠷᠤᠭ᠎ᠠ ᠬᠤᠰᠢᠭᠤᠨ ᠤ ᠮᠤᠩᠭᠤᠯ                 ᠥᠨᠳᠥᠰᠥᠲᠡᠨ ᠤ ᠳᠤᠮᠳᠠᠳᠤ ᠰᠤᠷᠭᠠᠭᠤᠯᠢ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号