ᠠᠵᠠᠲᠠᠢ ᠤᠴᠠᠷᠠᠯ
ᠨᠡᠶᠢᠲᠡᠯᠡᠭᠰᠡᠨ ᠴᠠᠭ᠄
2020/11/17
     ︽ᠰᠠᠶᠢᠨ ᠤᠤ︖︾ ᠭᠡᠵᠤ ᠲᠠᠨ ᠲᠠᠢ ᠮᠡᠨᠳᠦᠯᠡᠶ᠎ᠡ᠂      ︽ᠰᠠᠶᠢᠨ︾ ᠭᠡᠵᠤ ᠦᠴᠢᠭᠡ ᠶᠢ ᠴᠢᠨᠢ ᠰᠤᠨᠤᠰᠤᠶ᠎ᠠ᠂      ᠢᠡᠭᠭᠢᠵᠤ ᠠᠭᠤᠯᠵᠠᠭᠰᠠᠨ ᠬᠤᠶᠠᠷ ᠬᠦᠮᠦᠨ ᠢ      ᠡᠨᠡ ᠲᠡᠯᠡᠬᠡᠢ ᠮᠤᠩᠭᠤᠯ ᠭᠡᠳᠡᠭ᠃      ᠢᠡᠭᠭᠢᠵᠤ ᠬᠡᠯᠡᠭᠰᠡᠨ ᠬᠤᠶᠠᠷ ᠦᠭᠡ ᠶᠢ ᠴᠦ      ᠡᠨᠡ ᠲᠡᠯᠡᠭᠡᠢ ᠮᠤᠩᠭᠤᠯ ᠭᠡᠳᠡᠭ᠃      ᠮᠤᠩᠭᠤᠯ ᠦᠨᠲᠦᠰᠦᠲᠡᠨ ᠪᠤᠯ ᠲᠡᠯᠡᠬᠡᠢ ᠶᠢᠷᠲᠢᠨᠴᠤ ᠶᠢ ᠲᠤᠩᠰᠤᠯᠭᠠᠭᠰᠠᠨ ᠠᠭᠤᠤ ᠲᠠᠤᠬᠡ ᠲᠠᠢ᠂ ᠦᠪᠡᠷ ᠎ ᠤᠨ ᠦᠭᠡ ᠬᠡᠯᠡ ᠦᠰᠦᠭ ᠪᠢᠴᠢᠭ ᠲᠠᠢ᠂ ᠦᠪᠡᠷ ᠤᠨ ᠤᠯᠠᠮᠵᠢᠯᠠᠯᠲᠤ ᠰᠤᠶᠤᠯ ᠢᠷᠭᠡᠨᠰᠢᠯ᠂ ᠵᠠᠩ ᠲᠠᠳᠬᠠᠯ ᠲᠠᠢ ᠦᠨᠲᠦᠰᠦᠲᠡᠨ ᠪᠤᠯᠬᠤ ᠶᠤᠮ᠃ ᠡᠵᠡᠨ ᠪᠤᠭᠲᠠ ᠴᠢᠩᠭᠢᠰ ᠬᠠᠭᠠᠨ ᠲᠠᠷᠬᠠᠢ ᠪᠤᠲᠠᠷᠬᠠᠢ ᠮᠤᠩᠭᠤᠯ ᠤᠨ ᠡᠯ᠎ᠡ ᠠᠶᠢᠮᠠᠭ ᠤᠭᠰᠠᠭ᠎ᠠ ᠶᠢ ᠨᠢᠭᠡᠳᠭᠡᠨ᠂ ᠠᠭᠲᠠ ᠶᠢᠨ ᠲᠤᠭᠤᠷᠠᠢ ᠪᠠᠷ ᠠᠽᠢᠶ᠎ᠠ ᠡᠸ᠋ᠷᠦ᠋ᠫᠠ ᠶᠢ ᠲᠤᠩᠰᠤᠯᠭᠠᠵᠤ ᠬᠦᠮᠦᠨ ᠲᠦᠷᠦᠯᠬᠢᠲᠡᠨ ᠤ ᠲᠡᠤᠬᠡᠨ ᠲᠡᠭᠡᠷ᠎ᠡ ᠨᠤᠲᠤᠭ ᠲᠡᠪᠢᠰᠭᠡᠷ ᠢᠶᠠᠷ ᠬᠠᠮᠤᠭ ᠤᠨ ᠠᠭᠤᠲᠠᠮ ᠶᠡᠭᠡ ᠮᠤᠩᠭᠤᠯ ᠤᠯᠤᠰ ᠢ ᠪᠠᠶᠢᠭᠤᠯᠤᠭᠰᠠᠨ ᠪᠠᠶᠢᠨ᠎ᠠ᠃ ᠤᠲᠤ ᠶᠢᠨ ᠲᠡᠯᠡᠬᠡᠢ ᠶᠢᠨ ᠡᠯ᠎ᠡ ᠤᠯᠤᠰ ᠤᠨ ᠨᠤᠲᠤᠭ ᠲᠡᠪᠢᠰᠭᠡᠷ᠂ ᠤᠯᠤᠰ ᠲᠦᠷᠦ ᠎ ᠶᠢᠨ ᠰᠧᠰᠲ᠋ᠧᠮ᠂ ᠬᠦᠨ ᠤᠬᠠᠭᠠᠨ᠂ ᠰᠢᠨᠵᠢᠯᠡᠭᠡ ᠮᠡᠷᠭᠡᠵᠢᠯ᠂ ᠲᠠᠶᠢᠨ ᠪᠠᠶᠢᠯᠲᠤᠭᠠᠨ᠂ ᠠᠷᠠᠯᠵᠢᠶ᠎ᠠ ᠬᠤᠳᠠᠯᠲᠤᠭ᠎ᠠ᠂ ᠰᠤᠶᠤᠯ ᠵᠡᠷᠬᠡ ᠬᠦᠷᠢᠶ᠎ᠡ ᠴᠠᠷᠠᠭ᠎ᠠ ᠶᠢ ᠮᠦᠨ ᠵᠤᠬᠢᠬᠤ ᠲᠠᠯ᠎ᠠ ᠪᠠᠷ ᠨᠦᠯᠦᠭᠡᠯᠡᠭᠰᠡᠨ ᠪᠠᠶᠢᠳᠠᠭ ᠠᠴᠠ ᠲᠡᠤᠬᠡ ᠶᠢᠨ ᠡᠷᠳᠡᠮᠲᠡᠳ ᠠᠴᠠ ᠴᠢᠩᠭᠢᠰ ᠬᠠᠭᠠᠨ ᠢ ︽ᠲᠡᠯᠡᠭᠡᠢ ᠶᠢᠨ ᠨᠤᠶᠠᠷᠬᠠᠭᠴᠢ︾ ︽ᠲᠡᠤᠬᠡᠨ ᠳᠤ ᠤᠷᠢᠳ ᠭᠠᠷᠤᠭ᠎ᠠ ᠦᠭᠡᠢ ᠠᠮᠵᠢᠯᠲᠠ ᠤᠯᠤᠭᠰᠠᠨ ᠬᠦᠮᠦᠨ︾  ︽ᠮᠢᠩᠭᠠᠨ ᠤᠨ ᠤ ᠭᠠᠶᠢᠬᠠᠮᠰᠢᠭᠲᠤ ᠬᠦᠮᠦᠨ︾ ᠬᠡᠮᠡᠨ ᠦᠨᠡᠯᠡᠨ ᠲᠡᠤᠬᠡ ᠱᠠᠰᠲᠢᠷ ᠳᠠᠭᠠᠨ ᠲᠡᠮᠲᠡᠭᠯᠡᠨ ᠤᠷᠤᠭᠤᠯᠤᠭᠰᠠᠨ ᠪᠠᠶᠢᠨ᠎ᠠ᠃      ᠡᠪᠦᠭᠡ ᠲᠡᠭᠡᠳᠦᠰ ᠤᠨ ᠮᠠᠨᠢ ᠬᠡᠬᠡᠨ ᠤᠶᠤᠨ ᠰᠠᠷᠠᠭᠤᠯ ᠪᠢᠯᠢᠭ ᠨᠤᠭᠤᠷᠠᠰᠢ ᠦᠭᠡᠢ ᠬᠠᠳᠠᠨ ᠵᠤᠷᠢᠭ ᠶᠢ ᠦᠮᠴᠢᠯᠡᠨ ᠵᠠᠯᠭᠠᠮᠵᠢᠯᠠᠭᠰᠠᠨ ᠮᠤᠬᠤᠯᠠᠢ᠂ ᠪᠤᠭᠤᠷᠴᠤ᠂ ᠰᠢᠬᠢᠬᠤᠲᠤᠬᠤ᠂ ᠠᠷᠭᠤᠢ᠂ ᠢᠨᠵᠠᠨᠨᠠᠰᠢ᠂ ᠲᠡᠮᠡᠭᠡᠲᠤ᠂ ᠮᠢᠩᠭᠠᠲᠤ᠂ ᠰᠢᠭᠤᠷᠭᠠᠨ᠂ ᠪᠤᠷᠵᠢᠬᠢᠨ ᠭᠡᠷᠡᠯᠲᠤ ᠬᠡᠬᠦ ᠮᠡᠲᠦ ᠶᠢᠨ ᠲᠤᠭ᠎ᠠ ᠲᠤᠮᠰᠢ ᠦᠭᠡᠢ ᠴᠢᠳᠠᠪᠤᠷᠢᠲᠠᠨ ᠮᠡᠷᠭᠡᠳ ᠰᠢᠨᠵᠢᠯᠡᠬᠦ ᠤᠬᠠᠭᠠᠨᠲᠠᠳ ᠴᠤᠯᠭᠤᠷᠠᠨ ᠭᠠᠷᠴᠤ ᠬᠦᠮᠦᠨ ᠲᠦᠷᠦᠯᠭᠢᠲᠡᠨ ᠤ ᠬᠦᠭᠵᠢᠯᠲᠡ ᠶᠢᠨ ᠦᠢᠯᠡᠰ ᠲᠤ ᠨᠡᠮᠡᠭᠦᠷᠢ ᠬᠠᠨᠲᠢᠪ ᠢᠶᠠᠨ ᠡᠷᠭᠦᠭᠰᠡᠭᠡᠷ ᠢᠷᠡᠭᠰᠡᠨ ᠪᠠᠶᠢᠨ᠎ᠠ᠃ ᠮᠤᠩᠭᠤᠯ ᠬᠦᠮᠦᠨ ᠬᠡᠵᠤ ᠬᠠᠨ ᠠᠭᠤᠯᠠ ᠶᠢᠨ ᠴᠢᠯᠠᠭᠤ ᠰᠢᠭ ᠬᠠᠳᠠᠨ ᠵᠤᠷᠢᠭ ᠲᠠᠢ᠂ ᠬᠠᠨᠠᠭᠠᠷ ᠠᠭᠤᠲᠠᠮ ᠮᠦᠷᠡᠨ ᠰᠢᠭ ᠠᠭᠤᠲᠠᠮ ᠪᠠᠭᠲᠠᠭᠠᠮᠵᠢ ᠲᠠᠢ᠂ ᠬᠦᠴᠢᠷ ᠪᠡᠷᠭᠡ ᠶᠢᠨ ᠡᠮᠦᠨ᠎ᠡ ᠬᠤᠭᠤᠷᠠᠬᠤ ᠠᠴᠠ ᠪᠢᠰᠢ ᠨᠤᠭᠤᠷᠠᠳᠠᠭ ᠦᠭᠡᠢ ᠡᠷᠴᠢ ᠵᠤᠷᠢᠭ᠂ ᠰᠢᠨ᠎ᠡ ᠶᠢ ᠰᠦᠪᠡᠭᠴᠢᠯᠡᠨ ᠰᠢᠨ᠎ᠡ ᠶᠢ ᠡᠭᠦᠳᠳᠡᠭ ᠰᠡᠷᠭᠡᠭ ᠤᠢ ᠪᠢᠯᠢᠭ ᠨᠢ ︽ᠮᠤᠩᠭᠤᠯ︾ ᠭᠡᠭᠦ ᠮᠤᠨᠲᠠᠭ ᠨᠡᠷ᠎ᠡ ᠪᠠᠨ ᠡᠩ ᠲᠡᠯᠡᠬᠡᠢ ᠶᠢᠨ ᠦᠷᠦᠴᠡᠨ ᠳᠤ ᠬᠡᠶᠢᠮᠤᠷᠢ ᠡᠷᠭᠦᠵᠤ ᠶᠠᠪᠤᠭᠰᠠᠨ ᠤᠯᠠ ᠮᠦᠷ ᠲᠠᠢ ᠪᠢᠯᠡ᠃ ᠮᠤᠩᠭᠤᠯ ᠦᠰᠦᠭ ᠪᠢᠴᠢᠭ ᠬᠡᠪᠡᠯ ᠲᠡᠯᠡᠭᠡᠢ ᠲᠡᠭᠡᠷ᠎ᠡ ᠴᠤᠷᠢ ᠶᠢᠨ ᠭᠠᠭᠴᠠ ᠦᠮᠯᠡᠨ ᠦᠯᠡᠳᠡᠵᠤ ᠦᠯᠡᠳᠡᠵᠤ ᠪᠠᠶᠢᠭ᠎ᠠ ᠪᠤᠰᠤᠭ᠎ᠠ ᠦᠰᠦᠭ ᠪᠤᠯᠬᠤ ᠶᠤᠮ᠃ ᠮᠤᠩᠭᠤᠯ ᠦᠭᠡ ᠬᠡᠯᠡ ᠪᠤᠯ ᠬᠡᠯᠡᠭᠦ ᠳᠤ ᠤᠷᠤᠰᠤᠮ᠎ᠠ ᠲᠤᠲᠤ᠂ ᠦᠭᠡᠰ ᠤᠨ ᠰᠠᠩ ᠤᠨᠴᠠ ᠪᠠᠶᠠᠯᠢᠭ᠂ ᠢᠷᠠᠭᠤ ᠠᠶᠢᠵᠢᠮᠯᠢᠭ ᠭᠠᠶᠢᠬᠠᠮᠰᠢᠭᠲᠤ ᠬᠡᠯᠡ ᠪᠤᠯᠬᠤ ᠶᠤᠮ᠃ ︽ᠨᠢᠭᠡ ᠦᠨᠲᠦᠰᠦᠲᠡᠨ ᠬᠡᠷᠪᠡ ᠮᠦᠬᠦᠭᠰᠡᠨ ᠪᠤᠯ᠂ ᠲᠡᠷᠡ ᠬᠦ᠋ ᠦᠨᠲᠦᠰᠦᠲᠡᠨ ᠤ ᠦᠭᠡ ᠬᠡᠯᠡ ᠦᠰᠦᠭ ᠪᠢᠴᠢᠭ ᠶᠢ ᠮᠠᠷᠳᠠᠭᠠᠳᠦᠢ ᠪᠠᠶᠢᠪᠠᠯ ᠱᠤᠷᠤᠩ ᠤᠨ ᠡᠭᠦᠳᠡᠨ ᠤ ᠲᠦᠯᠬᠢᠬᠦᠷ ᠎ ᠢ ᠠᠳᠬᠤᠵᠤ ᠪᠠᠶᠢᠭ᠎ᠠ ᠲᠠᠢ ᠠᠳᠠᠯᠢ ᠪᠢᠯᠡ᠃︾ ᠭᠡᠵᠤ ᠠ᠊᠂ ᠳ᠋ᠠᠤᠲ᠋ᠠᠢ ︽ᠬᠠᠮᠤᠭ ᠰᠡᠭᠦᠯᠴᠢ ᠶᠢᠨ ᠬᠢᠴᠢᠶᠡᠯ︾ ᠬᠡᠭᠦ ᠵᠤᠬᠢᠶᠠᠯ ᠳᠠᠭᠠᠨ ᠪᠢᠴᠢᠭᠰᠡᠨ ᠪᠠᠶᠢᠳᠠᠭ᠃ ᠡᠭᠦᠨ ᠠᠴᠠ ᠦᠵᠡᠭᠦ ᠳᠤ᠂ ᠦᠨᠲᠦᠰᠦᠲᠡᠨ ᠤ ᠦᠭᠡ ᠬᠡᠯᠡ ᠦᠰᠦᠭ ᠪᠢᠴᠢᠭ ᠨᠢ ᠦᠨᠲᠤᠰᠦᠲᠡᠨ ᠤ ᠬᠦᠭᠵᠢᠯ ᠮᠠᠨᠲᠤᠯ᠂ ᠤᠷᠤᠰᠢᠨ ᠲᠤᠭᠲᠠᠨᠢᠯ ᠤᠨ ᠠᠮᠢᠨ ᠰᠦᠨᠡᠰᠦ ᠨᠢ ᠪᠤᠯᠬᠤ ᠶᠤᠮ᠃ ᠡᠶᠢᠮᠦᠷᠭᠦ ᠭᠠᠶᠢᠬᠠᠮᠰᠢᠭᠲᠤ ᠲᠡᠤᠬᠡ ᠲᠠᠢ᠂ ᠤᠯᠠᠮᠵᠢᠯᠠᠯᠲᠤ ᠲᠡᠤᠬᠡ ᠰᠤᠶᠤᠯ ᠲᠠᠢ ᠮᠤᠩᠭᠤᠯ ᠦᠨᠲᠦᠰᠦᠲᠡᠨ ᠤ ᠦᠷ᠎ᠡ ᠬᠤᠶᠢᠴᠢᠰ ᠨᠢ ᠪᠤᠯᠵᠤ ᠵᠠᠶᠠᠭᠠᠭᠰᠠᠨ ᠮᠠᠨᠢ ᠶᠠᠭᠤᠲᠠᠢ ᠠᠵᠠᠲᠠᠢ᠂ ᠶᠠᠭᠤᠲᠠᠢ ᠪᠠᠶᠠᠷ ᠪᠠᠭ᠋ᠠᠳᠤᠯ ᠲᠠᠢ ᠤᠴᠠᠷᠠᠯ ᠪᠤᠯᠬᠤ ᠪᠢᠯᠡ᠃      ᠪᠢᠲᠡ ᠡᠨᠡᠬᠦ ︽ᠠᠵᠠᠲᠠᠢ ᠤᠴᠠᠷᠠᠯ︾᠎ ᠢᠶᠠᠨ ᠰᠡᠳᠭᠡᠯ ᠤᠨ ᠬᠦᠨ ᠠᠴᠠ ᠪᠠᠨ ᠨᠠᠨᠳᠢᠩᠨᠠᠨ ᠦᠪᠡᠷ ᠤᠨ ᠦᠨᠲᠦᠰᠦᠳᠡᠨ ᠤ ᠪᠠᠨ ᠰᠤᠶᠤᠯ ᠲᠡᠤᠬᠡ᠂ ᠵᠠᠩ ᠦᠢᠯᠡ ᠶᠢ ᠦᠪᠯᠡᠨ ᠵᠠᠯᠭᠠᠮᠵᠢᠯᠠᠵᠤ ᠲᠡᠯᠡᠭᠡᠢ ᠶᠢᠷᠳᠢᠨᠴᠤ ᠳᠤ ᠪᠠᠳᠠᠷᠠᠭᠤᠯᠤᠨ ᠲᠠᠭᠤᠷᠢᠰᠤᠭᠤᠯᠵᠤ ᠶᠠᠪᠤᠬᠤ ᠨᠢ ᠲᠦᠮᠡᠨ ᠵᠦᠪ᠃ ᠮᠤᠩᠭᠤᠯ ᠬᠦᠮᠦᠨ ᠪᠦᠬᠦᠨ ᠪᠦᠷ ᠡᠨᠡᠬᠦ ᠨᠠᠨᠳᠢᠨ ᠡᠬᠦᠷᠭᠡ ᠬᠠᠷᠢᠭᠤᠴᠠᠯᠭ᠎ᠠ ᠪᠠᠨ ᠡᠭᠦᠷᠭᠡᠯᠡᠨ ᠠᠪᠴᠤ ᠬᠦᠭᠵᠢᠬᠦᠯᠵᠤ ᠶᠠᠪᠤᠬᠤ ᠬᠡᠷᠡᠭᠲᠠᠢ᠃ ᠮᠤᠩᠭᠤᠯ ᠦᠨᠲᠦᠰᠦᠲᠡᠨ ᠤ ᠦᠪᠡᠷᠮᠢᠴᠡ ᠤᠯᠠᠮᠵᠢᠯᠠᠯᠲᠤ ᠵᠠᠩ ᠦᠢᠯᠡ ᠨᠢ ᠪᠦᠷ ᠴᠠᠭᠠᠨ᠎ᠠ ᠪᠠᠨ ᠬᠦᠨ ᠤᠳᠬ᠎ᠠ ᠠᠭᠤᠯᠭ᠎ᠠ ᠲᠠᠢ ᠪᠠᠶᠢᠬᠤ ᠶᠢ ᠨᠠᠷᠢᠪᠴᠢᠯᠠᠨ ᠰᠡᠳᠭᠢᠬᠦ ᠬᠡᠷᠡᠭᠲᠠᠢ᠃ ᠵᠢᠱᠢᠶᠡᠯᠡᠪᠡᠯ᠄ ᠴᠠᠭᠠᠨ ᠢᠳᠡᠭᠡ ᠶᠢ ᠠᠰᠬᠠᠵᠤ ᠴᠢᠳᠬᠤᠳᠠᠭ ᠦᠭᠡᠢ᠂ ᠮᠤᠷᠢ ᠶᠢ ᠵᠦᠪ ᠲᠠᠯ᠎ᠠ ᠠᠴᠠ ᠨᠢ ᠮᠤᠷᠳᠠᠳᠠᠭ᠂ ᠡᠭᠦᠲᠡ ᠠᠯᠲᠠᠯᠠᠵᠤ ᠵᠤᠭᠰᠤᠳᠠᠭ ᠦᠭᠡᠢ᠂ ᠵᠡᠷᠭᠡ ᠶᠡᠭᠡ ᠤᠯᠠᠨ ᠴᠡᠭᠡᠷ ᠶᠤᠰᠤ ᠪᠠᠶᠢᠬᠤ ᠪᠠᠷ ᠦᠯᠦ ᠪᠡᠷᠠᠨ ᠰᠤᠷ ᠬᠠᠷᠪᠤᠬᠤ᠂ ᠪᠦᠬᠡ ᠪᠠᠷᠢᠯᠲᠤᠬᠤ᠂ ᠮᠤᠷᠢ ᠤᠷᠤᠯᠲᠤᠬᠤ ᠵᠡᠷᠭᠡ ᠡᠷ᠎ᠡ ᠶᠢᠨ ᠭᠤᠷᠪᠠᠨ ᠨᠠᠭᠠᠳᠤᠮ ᠪᠠᠶᠢᠳᠠᠭ ᠪᠢᠯᠡ᠃      ᠮᠤᠩᠭᠤᠯ ᠦᠨᠲᠤᠰᠦᠲᠡᠨ ᠤ ᠦᠷ᠎ᠡ ᠬᠤᠶᠢᠴᠢᠰ ᠨᠢ ᠪᠤᠯᠵᠤ ᠵᠠᠶᠠᠭᠠᠭᠰᠠᠨ ᠮᠠᠨᠢ ᠭᠡᠳᠦᠢ ᠶᠡᠭᠡ ᠠᠵᠠ ᠪᠢᠯᠡ︖ ᠭᠡᠳᠦᠢ ᠶᠡᠭᠡ ᠤᠮᠤᠭᠰᠢᠯ ᠪᠠᠭ᠋ᠠᠷᠬᠠᠯ ᠪᠢᠯᠡ᠃ ᠤᠷᠭᠢᠯᠵᠤ ᠪᠠᠶᠢᠭ᠎ᠠ ᠴᠢᠰᠤᠨ ᠳᠤ ᠮᠠᠨᠢ ᠮᠤᠩᠭᠤᠯ ᠤᠲᠤᠮ ᠤᠨ ᠴᠢᠰᠤ ᠤᠷᠤᠰᠴᠤ ᠪᠠᠶᠢᠭ᠎ᠠ ᠨᠢ ᠬᠡᠳᠦᠢ ᠶᠡᠭᠡ ᠠᠵᠠᠲᠠᠢ ᠤᠴᠠᠷᠠᠯ ᠪᠤᠯᠬᠤ ᠪᠢᠯᠡ᠃ ᠡᠨᠢᠬᠦ ᠠᠭᠤᠤ ᠶᠡᠭᠡ ᠬᠤᠪᠢ ᠲᠠᠪᠢᠯᠠᠩ ᠮᠠᠨᠢ ᠮᠤᠩᠭᠤᠯ ᠦᠷᠡᠰ ᠪᠢᠲᠡᠨ ᠤ ᠬᠡᠶᠢᠮᠤᠷᠢ ᠶᠢ ᠢᠪᠡᠭᠡᠨ᠂ ᠦᠡᠭᠭᠡᠲᠤ ᠬᠤᠷᠸ᠎ᠠ ᠳᠤ ᠦᠪᠡᠷ ᠤᠨ ᠦᠡᠭᠭᠡ ᠭᠡᠷᠡᠯ ᠢᠶᠠᠨ ᠪᠠᠳᠠᠷᠠᠭᠤᠯᠵᠤ ᠶᠠᠪᠤᠬᠤ ᠳᠤ ᠠᠭᠤᠯᠠ ᠨᠢᠷᠤᠭᠤᠳ ᠠᠴᠠ ᠪᠠᠲᠤ ᠪᠠᠬᠢ ᠰᠠᠭᠤᠷᠢ ᠶᠢ ᠲᠡᠪᠢᠰᠴᠤ ᠦᠭᠬᠦ ᠨᠢ ᠯᠠᠪ᠃ ᠠᠵᠠᠲᠠᠢ ᠰᠠᠶᠢᠬᠠᠨ ᠤᠴᠠᠷᠠᠯ ᠢᠶᠠᠨ ᠡᠷᠭᠢᠮᠨᠡᠨ ᠨᠠᠨᠳᠢᠩᠨᠠᠨ᠂ ᠠᠪᠴᠤ ᠶᠠᠪᠤᠵᠤ ᠪᠠᠶᠢᠭ᠎ᠠ ᠪᠦᠬᠦ ᠬᠦᠴᠤ ᠵᠤᠷᠢᠭ ᠎ ᠢᠶᠠᠷ ᠢᠶᠠᠨ ᠮᠤᠩᠭᠤᠯ ᠬᠡᠬᠦ ᠨᠢᠭᠡᠨ ᠮᠦᠡᠭᠭᠡ ᠶᠢᠨ ᠰᠢᠳᠢᠲᠤ ᠨᠡᠷ᠎ᠡ ᠶᠢᠨ ᠲᠦᠯᠦᠭᠡᠨ᠎ᠡ ᠡᠷᠴᠢ ᠵᠤᠷᠢᠭ ᠢᠶᠠᠨ ᠬᠦᠪᠴᠢᠯᠡᠨ᠂ ᠤᠶᠤᠨ ᠪᠢᠯᠢᠭ ᠢᠶᠠᠨ ᠬᠤᠷᠴᠠᠯᠠᠨ ᠲᠡᠯᠡᠬᠡᠢ ᠶᠢᠨ ᠰᠤᠶᠤᠯ ᠤᠨ ᠨᠤᠶᠠᠨ ᠤᠷᠭᠢᠯ ᠳᠤ ︽ᠮᠤᠩᠭᠤᠯ︾ ᠭᠡᠭᠦ ᠨᠡᠷ᠎ᠡ ᠶᠢ ᠲᠠᠭᠢᠨᠲᠠ ᠲᠠᠮᠠᠭᠠᠯᠠᠨ ᠰᠦᠨᠲᠡᠷᠯᠡᠭᠦᠯᠬᠦ ᠪᠠᠷ ᠴᠢᠷᠮᠠᠶᠢᠨ ᠶᠠᠪᠤᠬᠤ ᠨᠢ ᠠᠵᠠ ᠵᠠᠶᠠᠭᠠᠲᠤ ᠮᠤᠩᠭᠤᠯ ᠦᠷᠡᠰ ᠪᠢᠳᠡᠨ ᠤ ᠮᠦᠡᠭᠬᠡ ᠶᠢᠨ ᠡᠭᠦᠷᠬᠡ ᠲᠡᠮᠡᠴᠡᠨ ᠤᠯᠬᠤ ᠡᠴᠦᠰ ᠤᠨ ᠢᠯᠠᠯᠲᠠ ᠪᠤᠯᠬᠤ ᠨᠢ ᠲᠠᠮᠵᠢᠭ ᠦᠭᠡᠢ᠃          ᠡᠵᠡᠨ ᠬᠤᠷᠤᠭ᠎ᠠ ᠬᠤᠰᠢᠭᠤᠨ ᠤ ᠮᠤᠩᠭᠤᠯ ᠦᠨᠲᠦᠰᠦᠲᠡᠨ ᠤ       ᠲᠤᠮᠲᠠᠲᠤ ᠰᠤᠷᠭᠠᠭᠤᠯᠢ ᠶᠢᠨ ᠲᠡᠭᠡᠲᠤ 42 ᠳ᠋ᠤᠭᠠᠷ ᠪᠦᠯᠦᠭ ᠤᠨ ᠦᠤᠰᠢᠨᠴᠢᠮᠡᠭ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号