ᠠᠪᠤ ᠡᠵᠢ ᠶᠢᠨ ᠶᠠᠷᠢᠯᠴᠠᠭ᠎ᠠ
ᠨᠡᠶᠢᠲᠡᠯᠡᠭᠰᠡᠨ ᠴᠠᠭ᠄
2020/11/17
     ᠬᠤᠷᠸ᠎ᠠ ᠶᠢᠷᠲᠢᠨᠴᠤ ᠲᠡᠭᠡᠷ᠎ᠡ ᠬᠠᠮᠤᠭ ᠤᠨ ᠠᠭᠤᠤ ᠶᠡᠭᠡ ᠬᠦᠮᠦᠨ ᠬᠡᠪᠡᠯ ᠠᠪᠤ ᠡᠵᠢ ᠪᠤᠯᠬᠤ ᠨᠢ ᠶᠠᠷᠢᠶᠠᠨ ᠦᠭᠡᠢ᠃ ᠠᠯᠲᠠᠨ ᠠᠴᠠ ᠴᠤᠬᠠᠭ ᠡᠷᠭᠢᠮ ᠰᠤᠷᠭᠠᠯ ᠢ ᠬᠠᠶᠢᠷᠠᠯᠠᠨ᠂ ᠠᠮᠢ ᠪᠡᠶ᠎ᠡ ᠶᠢ ᠮᠢᠨᠢ ᠪᠤᠶᠢᠵᠢᠭᠤᠯᠤᠨ ᠦᠰᠭᠡᠭᠰᠡᠨ ᠠᠮᠢᠲᠤ ᠪᠤᠷᠬᠠᠨ ᠪᠤᠯᠬᠤ ᠶᠤᠮ᠃ ︽ᠠᠪᠤ ᠶᠢᠨ ᠰᠤᠷᠭᠠᠯ ᠠᠯᠲᠠ᠂ ᠡᠵᠢ ᠶᠢᠨ ᠰᠤᠷᠭᠠᠯ ᠡᠷᠳᠡᠨᠢ︾ ᠭᠡᠳᠡᠭᠴᠢᠯᠡᠨ ᠠᠪᠤ ᠡᠵᠢ ᠶᠢᠨ ᠢᠶᠠᠨ ᠰᠤᠷᠭᠠᠨ ᠬᠦᠮᠦᠵᠢᠯ ᠤᠨ ᠲᠤᠤᠷ᠎ᠠ ᠲᠤᠮᠤᠭᠠᠵᠢᠵᠤ ᠦᠰᠦᠭᠰᠡᠨ ᠦᠷᠡᠰ ᠪᠢᠲᠡ ᠠᠪᠤ ᠡᠵᠢ ᠶᠢᠨ ᠢᠶᠠᠨ ᠠᠮᠢᠨ ᠭᠤᠤᠯ ᠨᠢ ᠪᠤᠯᠵᠤ᠂ ᠬᠠᠶᠢᠷ᠎ᠠ ᠪᠠᠷ ᠪᠢᠯᠬᠠᠭᠰᠠᠨ ᠵᠤᠯ ᠵᠢᠷᠭᠠᠯᠲᠤ ᠭᠡᠷ ᠪᠦᠯᠢ ᠳᠤᠨᠢ ᠡᠷᠬᠡ ᠲᠤᠷ᠎ᠠ ᠪᠠᠷ ᠢᠶᠠᠨ ᠲᠤᠷᠨᠢᠨ ᠪᠤᠶᠢᠵᠢᠵᠤ ᠦᠭᠡᠯᠠᠢ ᠪᠤᠯᠤᠭᠰᠠᠨ ᠤᠴᠢᠷᠲᠠᠢ᠃      ᠦᠰᠴᠤ ᠲᠤᠷᠨᠢᠬᠤ ᠶᠢᠨ ᠬᠡᠨᠡᠨ ᠴᠠᠭᠠᠨ ᠬᠡᠶᠢᠷᠬᠡᠯ ᠡᠷᠬᠢ ᠪᠠᠨ ᠤᠯᠬᠤ ᠦᠭᠡᠢ ᠴᠠᠯᠬᠢᠯᠠᠨ ᠪᠦᠬᠦᠢ ᠦᠰᠦᠯᠲᠡ ᠪᠤᠶᠢᠵᠢᠯᠲᠠ ᠶᠢᠨ ᠮᠢᠨᠢ ᠡᠷᠡᠨ ᠳᠤ ᠬᠡᠨᠡᠳᠲᠡ ᠶᠢᠨ ᠤᠴᠢᠷ ᠡᠭᠦᠰᠴᠤ ᠭᠡᠮᠰᠢᠯ ᠤᠬᠠᠭᠠᠷᠠᠯ ᠤᠨ ᠮᠢᠨᠢ ᠬᠦᠡᠭᠭᠡᠨ ᠴᠢᠪᠬᠠᠳᠠᠰᠤ ᠶᠢ ᠬᠦᠴᠦᠲᠠᠢ ᠲᠤᠷᠭᠢᠵᠤ ᠤᠬᠠᠭ᠎ᠠ ᠪᠤᠲᠤᠯ ᠢ ᠮᠢᠨᠢ ᠶᠡᠬᠡᠲᠡ ᠬᠦᠪᠴᠢᠯᠡᠭᠰᠡᠨ ᠶᠤᠮ᠃ ᠬᠦᠨ ᠴᠡᠩᠬᠡᠷ ᠤᠭᠲᠠᠷᠭᠤᠢ ᠳᠤ ᠬᠦᠪᠤᠡᠭ ᠴᠠᠭᠠᠨ ᠡᠬᠦᠯᠡ ᠬᠦᠪᠪᠦᠯᠵᠡᠨ ᠠᠯᠤᠰ ᠤᠨ ᠠᠭᠤᠯᠠ ᠬᠦᠬᠡᠷᠡᠨ ᠬᠠᠷᠠᠭᠳᠠᠭᠰᠠᠨ ᠲᠤᠩᠭᠠᠯᠠᠭ ᠰᠠᠶᠢᠬᠠᠨ ᠡᠳᠦᠷ ᠪᠠᠶᠢᠵᠤ ᠪᠢᠯᠡ᠃ ᠪᠢ ᠬᠡᠨᠡᠳᠲᠡ ᠨᠠᠶᠢᠵᠠ ᠲᠠᠢ ᠪᠠᠨ ᠴᠡᠴᠡᠷᠯᠢᠭ ᠲᠤ ᠨᠠᠭᠠᠳᠬᠤ ᠪᠠᠷ ᠪᠤᠯᠵᠤᠭᠰᠠᠨ ᠪᠤᠯᠵᠤᠭ᠎ᠠ ᠪᠠᠨ ᠰᠠᠨᠠᠵᠤ ᠤᠯᠤᠨ ᠠᠪᠤ ᠡᠵᠢ ᠳᠡᠭᠡᠨ ᠭᠠᠳᠠᠨ᠎ᠠ ᠭᠠᠷᠴᠤ ᠨᠠᠭᠠᠳᠬᠤ ᠰᠠᠨᠠᠭ᠎ᠠ ᠪᠠᠨ ᠠᠶᠢᠯᠠᠳᠬᠠᠭᠰᠠᠨ ᠳᠤ᠄ ︽ᠮᠢᠨᠤ ᠬᠡᠤᠬᠡᠨ ᠲᠠᠰᠬᠠᠯ ᠢᠶᠠᠨ ᠬᠢᠵᠤ ᠪᠠᠷᠠᠭᠠᠭᠰᠠᠨ ᠤᠤ︖︾ ᠭᠡᠵᠤ ᠡᠵᠢ ᠮᠢᠨᠢ ᠠᠰᠠᠭᠤᠬᠤ ᠳᠤ ︽ᠪᠠᠷᠠᠭᠠᠳᠦᠢ᠂ ᠬᠠᠷᠢᠵᠤ ᠢᠷᠡᠭᠡᠳ ᠬᠢᠶ᠎ᠡ᠃︾ ᠬᠡᠬᠦ ᠳᠤ ᠡᠵᠢ ᠮᠢᠨᠢ᠄ ︽ᠪᠠᠷᠠᠭᠰᠠᠨ ᠦᠭᠡᠢ ᠪᠤᠯ ᠭᠠᠷᠴᠤ ᠪᠤᠯᠬᠤ ᠦᠭᠡᠢ ᠰᠢᠤ᠃︾ ᠭᠡᠵᠤ ᠡᠷᠡᠰ ᠬᠠᠳᠠᠭᠤ ᠪᠠᠷ ᠬᠡᠯᠡᠬᠦ ᠳᠤ ᠮᠢᠨᠦ ᠡᠭᠳᠡᠭᠦᠤ ᠬᠦᠷᠴᠤ᠄ ︽ᠶᠠᠭᠤᠨ ᠎ ᠳᠤ᠂ ᠤᠴᠢᠷ ᠪᠤᠯᠭᠠᠨ ᠲᠡᠭᠡᠷ᠎ᠡ ᠪᠦᠷ ᠨᠠᠮ᠎ᠠ ᠶᠢ ᠡᠶᠢᠮᠦ ᠴᠢᠩᠭ᠎ᠠ ᠪᠠᠷ ᠱᠠᠭᠠᠷᠳᠠᠳᠠᠭ ᠪᠤᠢ︖ ᠪᠢ ᠴᠦ ᠬᠡᠰᠡᠨ ᠠᠮᠠᠷᠠᠶ᠎ᠠ ᠭᠡᠵᠤ ᠪᠤᠲᠤᠲᠠᠭ᠂ ᠨᠠᠭᠠᠲᠤᠶ᠎ᠠ ᠭᠡᠵᠤ ᠰᠠᠨᠠᠳᠠᠭ ᠰᠢᠤ︕ ᠶᠠᠭᠠᠭᠢᠭᠠᠳ ᠤᠴᠢᠷ ᠪᠤᠯᠭᠠᠨ ᠳᠤ ᠨᠠᠳᠠ ᠶᠢ ᠢᠡᠭᠭᠢᠲᠡᠯ᠎ᠡ ᠱᠠᠭᠠᠷᠳᠠᠭᠠᠳ ᠪᠠᠶᠢᠳᠠᠭ ᠶᠤᠮ ᠪᠤᠢ︖︾ ᠭᠡᠳ ᠡᠭᠦᠲᠡ ᠶᠢ ᠬᠦᠴᠦᠲᠠᠢ ᠰᠠᠪᠠᠨ ᠭᠠᠷᠴᠤ ᠶᠠᠪᠤᠭᠰᠠᠨ ᠶᠤᠮ᠃      ᠠᠭᠤᠷ ᠤᠴᠠᠭᠠᠷ ᠤᠨ ᠢᠶᠠᠨ ᠬᠠᠯᠠᠭᠤ ᠪᠠᠷ ᠡᠬᠦᠲᠡ ᠬᠠᠶᠠᠨ ᠭᠠᠷᠴᠤ ᠢᠷᠡᠭᠰᠡᠨ ᠳᠡᠭᠡᠨ ᠰᠡᠳᠭᠡᠯ ᠰᠠᠨᠠᠭ᠎ᠠ ᠮᠢᠨᠢ ᠰᠢᠨᠠᠯᠵᠤ ᠶᠡᠭᠡ ᠪᠠᠷ ᠬᠠᠷᠠᠮᠰᠠᠯ᠎ᠠ᠃ ᠪᠢ ᠶᠡᠷᠦ ᠠᠴᠠ ᠠᠪᠤ ᠡᠵᠢ ᠶᠢᠨ ᠡᠮᠦᠨ᠎ᠡ ᠠᠴᠠ ᠦᠭᠡ ᠵᠦᠷᠢᠵᠤ ᠮᠤᠵᠢᠭᠤᠲᠠ ᠠᠭᠠᠰᠢᠯᠠᠵᠤ ᠦᠡᠭᠭᠡᠷᠡᠭᠰᠡᠨ ᠦᠭᠡᠢ ᠰᠢᠤ︕ ᠤᠲᠤ ᠶᠠᠭᠠᠭᠢᠳᠠᠭ ᠪᠢᠯᠡ︖ ᠭᠡᠭᠦ ᠪᠤᠲᠤᠯ ᠤᠨ ᠬᠦᠨᠲᠤ ᠰᠢᠨᠠᠯᠭᠠᠯ ᠳᠠᠭᠠᠨ ᠠᠪᠲᠠᠨ ᠲᠤᠷᠤᠭᠰᠢ ᠪᠠᠭᠤᠬᠤ ᠱᠠᠲᠤᠨ ᠤ ᠲᠡᠭᠲᠡᠷ ᠢ ᠨᠠᠷᠢᠪᠴᠢᠯᠠᠵᠤ ᠦᠵᠡᠭᠰᠡᠨ ᠦᠭᠡᠢ ᠠᠴᠠ ᠭᠦᠯ ᠬᠡᠢ ᠳᠤ  ᠬᠢᠰᠭᠢᠭᠰᠡᠨ ᠠᠴᠠ ᠪᠤᠯᠵᠤ ᠡᠭᠴᠡ ᠲᠤᠷᠤᠭᠰᠢ ᠦᠡᠭᠭᠦᠷᠢᠲᠦᠨ ᠤᠨᠠᠵᠤ ᠨᠢᠲᠤ ᠬᠠᠷᠠᠯᠠᠨ ᠤᠬᠠᠭ᠎ᠠ ᠰᠡᠭᠡᠭᠡ ᠦᠭᠡᠢ ᠪᠤᠯᠪᠠ᠃ ᠠᠯᠠᠭᠠᠨ ᠤ ᠲᠠᠪᠤᠨ ᠬᠤᠷᠤᠭᠤ ᠶᠢ ᠤᠯᠵᠤ ᠬᠠᠷᠠᠬᠤ ᠦᠭᠡᠢ ᠫᠠᠳ ᠬᠠᠷᠠᠩᠭᠤᠢ ᠶᠢᠨ ᠲᠤᠮᠲᠠ ᠪᠢ ᠭᠠᠭᠴᠠᠭᠠᠷ ᠢᠶᠠᠨ ᠬᠡᠪᠲᠡᠵᠤ ᠪᠠᠶᠢᠯ᠎ᠠ᠂ ᠠᠪᠤ ᠡᠵᠢ ᠪᠠᠨ ᠲᠠᠭᠤᠲᠠᠬᠤ ᠳᠤ ᠬᠠᠷᠢᠭᠤ ᠠᠯᠠᠭ᠎ᠠ ᠪᠠᠶᠢᠯ᠎ᠠ᠃ ᠪᠢ ᠦᠴᠦᠭᠡᠨ ᠴᠦ ᠦᠮᠦᠭ ᠲᠦᠰᠢᠭ ᠪᠤᠯᠤᠭᠰᠠᠨ ᠦᠭᠡᠢ ᠲᠡᠭᠡᠨ ᠭᠠᠭᠴᠠᠭᠠᠷᠲᠠᠨ ᠦᠢᠳᠬᠤᠷ ᠤᠨ ᠬᠦᠨ ᠳᠤ ᠠᠪᠲᠠᠨ ᠪᠠᠶᠢᠬᠤ ᠳᠤ ᠬᠡᠨᠡᠳᠲᠡ ᠨᠢᠬᠡᠨ ᠤᠶᠠᠨ ᠵᠦᠬᠡᠯᠡᠬᠡᠨ ᠲᠠᠭᠤ ᠰᠤᠨᠤᠷ ᠤᠨ ᠨᠠᠮᠠᠭ᠎ᠠ ᠶᠢ ᠴᠢᠪᠬᠠᠳᠠᠵᠤ ᠲᠦᠨᠡᠷ ᠬᠠᠷᠠᠩᠭᠤᠢ ᠠᠴᠠ ᠲᠠᠭᠤᠲᠠᠨ ᠰᠡᠷᠢᠭᠡᠯ᠎ᠡ᠃ ᠡᠨᠡ ᠲᠠᠭᠤ ᠶᠢ ᠪᠢ ᠬᠠᠮᠢᠭ᠎ᠠ ᠰᠤᠨᠤᠰᠴᠤ ᠦᠡᠭᠭᠡᠷᠡᠵᠤ ᠪᠢᠯᠡ︖ ᠶᠠᠭᠠᠭᠢᠭᠰᠠᠨ ᠲᠠᠨᠢᠯ ᠲᠠᠰᠤᠯ ᠶᠠᠭᠠᠭᠢᠭᠰᠠᠨ ᠡᠨᠡᠷᠢᠩᠭᠦᠢ ᠵᠦᠭᠡᠯᠡᠨ ᠪᠠᠶᠢᠭ᠎ᠠ ᠶᠤᠮ ᠪᠤᠢ︖ ᠭᠡᠳ ᠰᠠᠶᠢᠨ ᠯᠠᠪᠯᠠᠨ ᠴᠢᠩᠨᠠᠬᠤᠯᠠᠷ ᠬᠠᠷᠢᠨ ᠬᠠᠶᠢᠷᠠᠲᠤ ᠡᠵᠢ ᠶᠢᠨ ᠮᠢᠨᠢ ᠬᠠᠶᠢᠷ᠎ᠠ ᠢᠪᠡᠯᠦᠭᠰᠡᠨ ᠲᠠᠭᠤ ᠪᠠᠶᠢᠯ᠎ᠠ᠃      ᠰᠤᠨᠤᠰ︕ ᠡᠵᠢ ᠨᠠᠮ᠎ᠠ ᠶᠢ ᠲᠠᠭᠤᠲᠠᠵᠤ ᠪᠠᠶᠢᠨ᠎ᠠ᠂ ᠡᠨᠡ ᠲᠠᠭᠤ ᠨᠠᠳᠠ ᠶᠢ ᠲᠦᠨᠡᠷ ᠬᠠᠷᠠᠩᠭᠤᠢ ᠠᠴᠠ ᠲᠠᠭᠤᠲᠠᠨ ᠰᠡᠷᠢᠭᠡᠯ᠎ᠡ᠃ ᠪᠢ ᠠᠭᠠᠵᠢᠮ ᠢᠶᠠᠷ ᠰᠡᠷᠭᠦᠵᠤ ᠣᠷᠴᠢᠨ ᠲᠤᠭᠤᠷᠢᠨ ᠢᠶᠠᠨ ᠠᠵᠢᠭᠯᠠᠪᠠᠯ ᠡᠮᠨᠡᠯᠬᠡ ᠶᠢᠨ ᠬᠤᠷᠢᠶᠠᠨ ᠤ ᠡᠪᠡᠳᠴᠢᠲᠡᠨ ᠤ ᠤᠷᠤ ᠲᠡᠭᠡᠷ᠎ᠡ ᠬᠡᠪᠲᠡᠵᠤ ᠪᠠᠶᠢᠭ᠎ᠠ ᠪᠠᠨ ᠰᠡᠷᠡᠵᠤ ᠮᠡᠳᠡᠨ ᠤᠷᠤ ᠶᠢᠨ ᠬᠠᠵᠠᠭᠤ ᠳᠤ ᠰᠠᠭᠢᠵᠤ ᠰᠠᠭᠤᠭ᠎ᠠ ᠠᠪᠤ ᠡᠵᠢ ᠬᠤᠶᠠᠷ ᠢᠶᠠᠨ ᠬᠠᠷᠠᠭᠠᠳ᠄ ︽ᠠᠪᠤ ᠡ᠂ ᠡᠵᠢ ᠡ︕︾ ᠭᠡᠳ ᠠᠪᠤ ᠡᠵᠢ ᠶᠢᠨ ᠎ ᠢᠶᠠᠨ ᠬᠠᠯᠠᠭᠤᠨ ᠡᠪᠦᠷ ᠲᠤ ᠰᠢᠩᠭᠤᠴᠠᠨ ᠲᠠᠭᠤ ᠲᠠᠯᠪᠢᠨ ᠤᠭᠢᠯᠠᠵᠤ᠄ ︽ᠠᠪᠤ ᠡᠵᠢ ᠡ︕ ᠪᠢ ᠪᠤᠯ ᠤᠬᠠᠭ᠎ᠠ ᠲᠤᠮᠤᠭ᠎ᠠ ᠦᠭᠡᠢ ᠮᠠᠭᠤ ᠬᠡᠤᠬᠡᠳ᠂ ᠲᠠ ᠨᠡᠷ ᠤᠨ ᠦᠭᠡ ᠶᠢ ᠰᠤᠨᠤᠰᠤᠭᠰᠠᠨ ᠦᠭᠡᠢ ᠪᠠᠷ ᠠᠭᠠᠰᠢᠯᠠᠵᠤ ᠪᠠᠶᠢᠭᠠᠳ ᠢᠡᠭᠭᠢᠴᠢᠭᠡᠯ᠎ᠡ᠂ ᠪᠢ ᠲᠠ ᠨᠠᠷ ᠲᠤ ᠪᠠᠨ ᠤᠰᠤᠯᠲᠤᠯ᠎ᠠ᠃︾ ᠭᠡᠭᠦ ᠳᠤ ᠡᠵᠢ ᠮᠢᠨᠢ ᠲᠤᠯᠤᠭᠠᠢ ᠶᠢ ᠮᠢᠨᠢ ᠵᠦᠬᠡᠯᠡᠬᠡᠨ ᠎ ᠢᠶᠠᠷ ᠢᠯᠪᠢᠵᠤ᠄ ︽ᠮᠢᠨᠦ ᠬᠡᠤᠬᠡᠨ ᠲᠤᠮᠤᠭᠠᠳᠠᠢ ᠰᠢᠤ  ᠃︾ ᠭᠡᠳ ᠬᠠᠯᠠᠭᠤᠨ ᠨᠢᠯᠪᠤᠰᠤ ᠨᠢ ᠬᠡᠯᠬᠢᠶ᠎ᠡ ᠠᠴᠠ ᠪᠠᠨ ᠲᠠᠰᠤᠷᠠᠨ ᠤᠶᠢᠴᠢᠭᠰᠠᠨ ᠰᠤᠪᠤᠳ ᠤᠨ ᠮᠦᠬᠦᠯᠢᠭ ᠠᠳᠠᠯᠢ ᠠᠰᠬᠠᠷᠠᠪᠠ᠃ ᠠᠪᠤ ᠮᠢᠨᠢ ᠨᠢᠲᠦᠨ ᠳᠡᠭᠡᠨ ᠨᠢᠯᠪᠤᠰᠤ ᠪᠦᠷᠭᠦᠵᠤ᠄ ︽ᠦᠬᠢᠨ ᠮᠢᠨᠢ᠂ ᠴᠢ ᠪᠤᠯ ᠪᠢᠲᠡᠨ ᠤ ᠦᠷᠦ ᠵᠢᠷᠦᠭᠡᠨ ᠤ ᠠᠮᠢᠨ ᠭᠤᠤᠯ ᠨᠢ ᠰᠢᠤ᠂ ᠮᠦᠨᠴᠦ ᠬᠠᠮᠤᠭ ᠎ ᠤᠨ ᠤᠬᠢ ᠰᠢᠯᠢᠳᠡᠭ ᠬᠡᠤᠬᠡᠳ ᠰᠢᠤ᠂ ᠠᠪᠤ ᠡᠵᠢ ᠨᠢ ᠦᠬᠢᠨ ᠤ ᠪᠠᠨ ᠰᠤᠷᠤᠯᠭ᠎ᠠ ᠶᠢ ᠲᠠᠩ ᠴᠤᠯᠭᠤᠢ ᠪᠠᠷ ᠬᠦᠭᠡᠭᠡᠴᠡᠯᠲᠤᠨ ᠦᠭᠡᠷ᠎ᠡ ᠲᠠᠯ᠎ᠠ ᠶᠢ ᠨᠢ ᠤᠮᠲᠤᠭᠠᠶᠢᠯᠠᠭᠰᠠᠨ ᠠᠴᠠ ᠪᠤᠯᠵᠤ ᠦᠬᠢᠨ ᠮᠢᠨᠢ ᠰᠢᠷᠬᠠᠲᠤᠯ᠎ᠠ  ᠂ ᠠᠲᠡ ᠠᠪᠤ ᠡᠵᠢ ᠴᠢᠨᠢ ᠪᠤᠷᠤᠭᠤ ᠬᠦᠯᠢᠶᠡᠵᠤ ᠪᠠᠶᠢᠨ᠎ᠠ᠂ ᠦᠬᠢᠨ ᠤ ᠪᠠᠨ ᠲᠤᠲᠤᠭᠠᠲᠤ ᠰᠠᠳᠭᠡᠯ ᠢ ᠤᠶᠢᠯᠭᠠᠵᠤ ᠴᠢᠳᠠᠭᠰᠠᠨ ᠦᠭᠡᠢ ᠨᠢ ᠶᠡᠭᠡ ᠪᠤᠷᠤᠭᠤ ᠪᠤᠯᠵᠠᠢ᠂ ᠦᠬᠢᠨ ᠮᠢᠨᠢ ᠠᠭᠤᠴᠢᠯᠠᠭᠠᠷᠠᠢ᠃︾ ᠭᠡᠰᠡᠨ ᠳᠤ ᠮᠢᠨᠦ ᠰᠡᠳᠭᠡᠯ ᠲᠦᠢᠯ ᠤᠨ ᠶᠡᠷᠦ ᠪᠤᠰᠤ ᠰᠠᠨᠠᠭᠳᠠᠯ᠎ᠠ᠃      ᠠᠪᠤ ᠡᠵᠢ ᠪᠤᠯ ᠦᠷᠡᠰ ᠪᠢᠲᠡᠨ ᠤ ᠨᠠᠰᠤᠨ ᠲᠤᠷᠰᠢᠲᠡ ᠪᠠᠨ ᠠᠴᠢᠯᠠᠵᠤ ᠬᠦᠨᠲᠦᠯᠡᠵᠤ ᠶᠠᠪᠤᠬᠤ ᠠᠮᠢᠲᠤ ᠪᠤᠷᠬᠠᠨ ᠪᠤᠯᠤᠨ᠎ᠠ᠃ ᠡᠵᠢ ᠶᠢᠨ ᠬᠠᠶᠢᠷ᠎ᠠ ᠠᠨᠠᠪᠠᠳ ᠲᠠᠯᠠᠢ ᠠᠴᠠ ᠬᠦᠨ᠂ ᠠᠪᠤ ᠶᠢᠨ ᠬᠠᠶᠢᠷ᠎ᠠ ᠠᠯᠲᠠᠢ ᠠᠭᠤᠯᠠᠨ ᠦᠨᠲᠦᠷ ᠪᠠᠶᠢᠳᠠᠭ ᠢ ᠦᠷᠦ ᠵᠢᠷᠦᠭᠡᠨ ᠳᠡᠭᠡᠨ ᠬᠦᠨ ᠴᠡᠭᠡᠵᠢᠯᠡᠵᠤ ᠠᠪᠤ ᠡᠵᠢ ᠪᠠᠨ ᠡᠨᠡᠷᠢᠨ ᠶᠠᠪᠤᠬᠤ ᠨᠢ ᠶᠠᠭᠤᠨ ᠎ ᠠᠴᠠ ᠴᠦ ᠴᠢᠬᠤᠯᠠ᠃              ᠡᠵᠡᠨ ᠬᠤᠷᠤᠭ᠎ᠠ ᠬᠤᠰᠢᠭᠤᠨ ᠤ ᠮᠤᠩᠭᠤᠯ ᠦᠨᠲᠦᠰᠦᠲᠡᠨ ᠤ           ᠲᠤᠮᠲᠠᠲᠤ ᠰᠤᠷᠭᠠᠭᠤᠯᠢ ᠶᠢᠨ ᠠᠩᠬ᠎ᠠ 77 ᠳ᠋ᠤᠭᠠᠷ ᠪᠦᠯᠦᠭ ᠤᠨ ᠠᠮᠢᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号