ᠮᠠᠰᠢᠮᠡᠳᠡᠭᠴᠢ ᠶᠢᠨ ︽ᠠᠷᠠᠳ ᠤᠨ ᠲᠠᠭᠤᠤ ᠪᠠᠨ ᠲᠠᠭᠤᠯᠠᠭᠠᠷᠡᠢ︾ ᠴᠤᠮᠤᠭ ᠲᠠ ᠪᠦᠬᠦᠨ ᠤ ᠠᠯᠳᠠᠨ ᠰᠤᠨᠤᠷ ᠲᠤ ᠬᠦᠷᠴᠤ ᠪᠠᠶᠢᠨ᠎ᠠ
ᠨᠡᠶᠢᠲᠡᠯᠡᠭᠰᠡᠨ ᠴᠠᠭ᠄
2020/11/17
ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠤᠨ  ᠮᠠᠰᠢᠮᠡᠳᠡᠭᠴᠢ ᠶᠢᠨ ᠲᠤᠬᠠᠢ ᠲᠦᠭᠦᠮ ᠰᠤᠷᠪᠤᠯᠵᠢᠯᠠᠭ᠎ᠠ
  ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠤᠨ  ᠮᠠᠰᠢᠮᠡᠳᠡᠭᠴᠢ ᠶᠢᠨ ︽ᠠᠷᠠᠳ ᠤᠨ ᠲᠠᠭᠤᠤ ᠪᠠᠨ ᠲᠠᠭᠤᠯᠠᠭᠠᠷᠡᠢ︾ CD ᠴᠤᠮᠤᠭ ᠰᠤᠨᠤᠰᠤᠬᠴᠢ ᠤᠯᠠᠨ ᠤ ᠠᠯᠳᠠᠨ ᠰᠤᠨᠤᠷ ᠲᠤ ᠷᠠᠳᠢᠣ᠋ ᠲᠧᠯᠸᠢᠰ᠂ ᠵᠢᠷᠬᠢᠶ᠎ᠠ ᠲᠠᠪᠴᠠᠩ ᠤᠳ ᠢᠶᠠᠷ ᠰᠠᠴᠤᠵᠦ ᠬᠦᠷᠦᠭᠰᠡᠨ ᠪᠠᠶᠢᠬ᠎ᠠ᠃   ᠲᠤᠰ ᠲᠠᠭᠤᠤ ᠶᠢᠨ ᠴᠤᠮ᠊‍ᠤᠭ ᠢᠶᠠᠨ ᠪᠦᠳᠦᠬᠡᠬᠦ ᠬᠡᠮᠡᠨ ᠲᠠᠭᠤᠴᠢᠨ ᠮᠠᠨᠢ ᠭᠤᠷᠪᠠ ᠲᠦᠷᠪᠡᠨ ᠵᠢᠯ ᠤᠨ ᠴᠠᠭ ᠵᠠᠷᠤᠴᠠᠭᠤᠯᠤᠨ ᠲᠦᠰᠦᠪᠯᠡᠵᠦ ᠲᠠᠭᠤᠤ ᠶᠢᠨ ᠰᠤᠩᠭᠤᠯᠳᠠ ᠬᠢᠵᠦ᠂ ᠪᠡᠬᠡᠵᠢᠩ ᠬᠦᠬᠡᠬᠤᠳᠠ ᠵᠡᠷᠬᠡ ᠭᠠᠵᠠᠷ ᠢᠶᠠᠷ ᠬᠦᠷᠴᠤ ᠠᠶ᠎ᠠ ᠲᠠᠭᠤᠤ ᠪᠠᠨ ᠰᠢᠩᠬᠡᠬᠡᠵᠦ ᠶᠡᠬᠡᠬᠡᠨ ᠬᠦᠳᠡᠯᠮᠤᠷᠢᠯᠡᠭᠰᠡᠨ ᠰᠠᠨᠵᠡᠢ᠃
  ᠡᠪᠦᠭᠡ ᠲᠡᠭᠡᠳᠦᠰ ᠤᠨ ᠰᠠᠶᠢᠬᠠᠨ ᠰᠤᠶᠤᠯ ᠢᠶᠠᠨ ᠦᠪᠯᠡᠨ ᠤᠯᠠᠮᠵᠢᠯᠠᠵᠦ ᠠᠷᠠᠳ ᠤᠨ ᠲᠠᠭᠤᠤ ᠪᠠᠨ ᠤᠯᠠᠮᠵᠢᠯᠠᠵᠦ ᠶᠠᠪᠤᠭ᠎ᠠ ᠤᠷᠠᠯᠢᠬᠴᠢᠨ ᠵᠠᠯᠠᠭᠤ ᠮᠠᠰᠢᠮᠡᠳᠡᠭᠴᠢ ᠮᠠᠨᠢ ᠠᠷᠠᠳ ᠤᠨ ᠲᠠᠭᠤᠤ ᠤᠷᠤᠭᠤ ᠢᠯᠡᠬᠦᠦ ᠠᠵᠢᠯᠯᠠᠨ᠂ ᠶᠡᠭᠡ ᠬᠦᠳᠡᠯᠮᠤᠷᠢ ᠬᠦᠴᠦ ᠭᠠᠷᠭᠠᠵᠦ᠂ ︽ᠵᠤᠤ ᠶᠢᠨ ᠰᠢᠯᠢ︾᠂ ︽ᠴᠢᠨ ᠸᠠᠩ ᠤᠨ ᠶᠠᠮᠤᠨ︾ ᠵᠡᠷᠬᠡ ᠠᠷᠠᠳ ᠤᠨ ᠲᠠᠭᠤᠤ ᠪᠠᠨ ᠲᠠᠭᠤᠯᠠᠵᠦ ᠴᠤᠮᠤᠭ ᠲᠠᠭᠠᠨ ᠬᠠᠮᠤᠷᠤᠭᠤᠯᠵᠡᠢ᠃ ᠲᠡᠷᠡ ᠪᠠᠷ ︽ᠠᠷᠠᠳ ᠤᠨ ᠲᠠᠭᠤᠤ ᠪᠠᠨ ᠲᠠᠭᠤᠯᠠᠭᠠᠷᠡᠢ︾ ᠴᠤᠮᠤᠭ ᠲᠤᠨᠢ ᠵᠤᠬᠢᠶᠠᠯ ᠤᠨ ᠲᠠᠭᠤᠤ᠂ ᠪᠤᠭᠤᠨᠢ ᠲᠠᠭᠤᠤ᠂ ᠤᠷᠳᠤ ᠶᠢᠨ ᠲᠠᠭᠤᠤ ᠶᠢ ᠪᠠᠭᠳᠠᠭᠠᠬᠰᠠᠨ 10 ᠲᠠᠭᠤᠤ ᠬᠠᠮᠤᠷᠤᠬᠳᠡᠬᠰᠠᠨ ᠪᠠᠶᠢᠳᠠᠭ᠃   ᠮᠡᠰᠢᠮᠡᠳᠡᠭᠴᠢ᠄ ︽︿ᠵᠤᠤ ᠶᠢᠨ ᠰᠢᠯᠢ﹀ ᠬᠡᠬᠦ ᠤᠷᠳᠤᠰ ᠠᠷᠠᠳ ᠤᠨ ᠪᠤᠭᠤᠨᠢ ᠲᠠᠭᠤᠤ ᠶᠢ ᠰᠤᠩᠭᠤᠬᠰᠠᠨ ᠤ ᠲᠠᠷᠠᠭ᠎ᠠ ᠬᠠᠪᠰᠤᠷᠤᠯ ᠬᠦᠭᠵᠢᠮ ᠢᠶᠠᠨ ᠬᠡᠷᠬᠢᠨ ᠬᠢᠬᠦ ᠲᠤᠬᠠᠢ ᠤᠯᠠᠨ ᠲᠠᠯ᠎ᠠ ᠪᠠᠷ ᠰᠡᠳᠬᠢᠵᠦ ᠶᠠᠷᠢᠯᠴᠠᠵᠦ ᠶᠠᠪᠤᠯ᠎ᠠ᠃ ᠲᠡᠷᠡ ᠪᠠᠷ ᠮᠦᠡᠭᠬᠡᠳᠡᠯᠡᠢ ᠠᠬ᠎ᠠ ᠠᠴᠠ ᠤᠳᠤᠬᠢᠴᠢᠯᠠᠬᠰᠠᠨ ᠮᠠᠶ᠋ᠢᠭ ᠢᠶᠠᠷ ᠲᠠᠭᠤᠯᠠᠬᠤ ᠵᠦᠪᠯᠡᠮᠵᠢ ᠦᠭᠭᠦᠭᠦᠯᠡᠷ᠂ ᠵᠠᠯᠠᠭᠤᠴᠤᠳ ᠲᠠᠭᠠᠨ ᠲᠠᠭᠠᠯᠠᠬᠳᠠᠬᠤ ᠶᠢ ᠬᠢᠴᠢᠶᠡᠭᠡᠳ᠂ ᠮᠤᠳᠤᠨ ᠴᠤᠭᠤᠷ᠂ ᠠᠮᠠᠨ ᠬᠤᠭᠤᠷ ᠵᠡᠷᠬᠡ ᠮᠤᠩᠭᠤᠯ ᠤᠨ ᠰᠠᠶᠢᠬᠠᠨ ᠬᠦᠭᠵᠢᠮ ᠢ ᠠᠬᠤᠢ ᠲᠠᠯᠠᠪᠡᠢ ᠳᠤ ᠰᠢᠩᠬᠡᠬᠡᠵᠦ ᠪᠦᠳᠦᠬᠡᠭᠰᠡᠨ ᠪᠢᠯᠡ︾ ᠬᠡᠵᠤ ᠶᠠᠷᠢᠨ᠎ᠠ᠃ ᠠᠷᠠᠳ ᠤᠨ ᠲᠠᠭᠤᠤ ᠳᠠᠭᠠᠨ ᠪᠠᠭ᠋ᠠᠳᠡᠢ ᠪᠠᠶᠢᠳᠠᠭ ᠢᠶᠠᠨ ᠲᠡᠷᠡ᠄ ︽ᠠᠷᠠᠳ ᠤᠨ ᠨᠠᠶᠢᠷᠴᠢᠨ ᠪᠠᠶᠢᠬᠰᠠᠨ ᠠᠪᠤ ᠮᠢᠨᠢ ᠨᠤᠳᠤᠭ ᠤᠰᠤᠨ ᠳᠠᠭᠠᠨ ᠬᠦᠷᠢᠶᠡᠯᠡᠯ ᠲᠠᠢ ᠲᠠᠭᠤᠴᠢᠨ ᠪᠠᠶᠢᠬᠰᠠᠨ᠃ ᠲᠡᠷᠡ ᠪᠠᠷ ᠪᠢ ᠠᠷᠠᠳ ᠤᠨ ᠲᠠᠭᠤᠤ ᠶᠢᠨ ᠰᠢᠮ᠎ᠠ ᠶᠢ ᠬᠠᠷᠠᠬᠠᠨ ᠪᠠᠭ᠎ᠠ ᠠᠴᠠ ᠪᠠᠨ ᠬᠦᠷᠳᠡᠭᠰᠡᠨ᠃ ᠲᠡᠷᠡ ᠦᠶ᠎ᠠ ᠳᠤ ᠬᠤᠷᠢᠮ ᠨᠠᠶᠢᠷ ᠬᠡᠳᠦᠨ ᠡᠳᠦᠷ ᠢᠶᠠᠷ ᠦᠷᠬᠦᠯᠵᠢᠯᠡᠵᠦ ᠨᠠᠶᠢᠷ ᠪᠠᠷᠢᠵᠦ ᠪᠠᠶᠢᠬᠰᠠᠨ ᠨᠢ ᠤᠳᠤ ᠴᠤ ᠮᠢᠨᠤ ᠲᠠᠷᠢᠬᠢᠨ ᠳᠤ ᠲᠤᠳᠤᠬᠠᠨ᠂ ᠨᠢᠳᠤᠨ ᠳᠤ ᠢᠯᠡᠬᠡᠨ ᠪᠠᠶᠢᠨ᠎ᠠ ᠰᠢᠤ︾ ᠬᠡᠵᠦ ᠤᠴᠢᠷᠯᠠᠯ᠎ᠠ᠃   ᠲᠤᠰ ᠴᠤᠮᠤᠭ ᠤᠨ ᠬᠢᠨᠢ ᠭᠤᠤᠯ ᠲᠠᠭᠤᠤ ᠪᠤᠯᠬᠤ ︽ᠠᠷᠠᠳ ᠤᠨ ᠲᠠᠭᠤᠤ ᠪᠠᠨ ᠲᠠᠭᠤᠯᠠᠭᠠᠷᠡᠢ︾ ᠬᠡᠬᠦ ᠲᠠᠭᠤᠤ ᠶᠢᠨ ᠦᠬᠡ ᠶᠢ ᠰᠠᠶᠢᠨᠴᠠᠩᠬᠡᠯ ᠪᠢᠴᠢᠵᠦ᠂ ᠠᠶ᠎ᠠ ᠶᠢ ᠪᠠᠶᠠᠨᠴᠠᠩᠬᠡᠯ ᠵᠤᠬᠢᠶᠠᠬᠰᠠᠨ ᠪᠠᠶᠢᠨ᠎ᠠ᠃   ᠮᠠᠰᠢᠮᠡᠳᠡᠭᠴᠢ ᠶᠢᠨ ᠲᠠᠨᠢᠯᠴᠠᠭᠤᠯᠭ᠎ᠠ᠄   ᠦᠤᠰᠢᠨ ᠬᠤᠰᠢᠭᠤᠨ ᠤ ᠤᠤᠯ ᠤᠨ ᠲᠤᠯᠢ ᠰᠤᠮᠤᠨ ᠤ ᠬᠦᠬᠡᠮᠠᠩᠬ ᠎ᠠ ᠭᠠᠴᠠᠭᠠᠨ ᠳᠤ ᠨᠤᠳᠤᠭᠳᠡᠢ ᠠᠷᠠᠳ ᠤᠨ ᠨᠠᠶᠢᠷᠴᠢᠨ ᠪᠠᠳᠠᠷᠠᠬᠤ᠂ ᠤᠳᠤᠨᠳᠤᠶᠠᠭ᠎ᠠ ᠶᠢᠨ ᠬᠦᠪᠡᠬᠦᠨ ᠨᠢ ᠪᠤᠯᠵᠦ ᠵᠠᠶᠠᠭᠠᠵᠡᠢ᠃ ᠤᠳᠤ ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠲᠤ ᠭᠤᠴᠤᠯᠠᠯ ᠲᠠᠭᠤᠴᠢᠨ᠂ ᠮᠤᠷᠢᠨ ᠬᠤᠭᠤᠷᠴᠢᠨ ᠢᠶᠠᠷ ᠠᠵᠢᠯᠯᠠᠵᠦ ᠪᠤᠢ᠃
  ᠲᠡᠷᠡ ᠦᠡᠭᠬᠡᠷᠡᠭᠰᠡᠨ ᠵᠢᠯ ᠤᠳ ᠲᠤ᠂ ᠤᠷᠳᠤᠰ ᠤᠨ ᠤᠯᠠᠨ ᠤᠯᠤᠰ ᠤᠨ ᠶᠡᠭᠡ ᠨᠠᠭᠠᠳᠤᠮ᠂ ᠠᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠴᠦᠬᠡᠨ ᠲᠤᠭᠠᠳᠤ ᠦᠨᠳᠦᠰᠦᠳᠡᠨ ᠤ ᠤᠯᠠᠮᠵᠢᠯᠠᠯᠳᠤ ᠪᠡᠶ᠎ᠠ ᠶᠢᠨ ᠲᠠᠮᠢᠷ ᠤᠨ ᠴᠤᠬᠯᠠᠭᠠᠨ᠂ cctv ᠲᠤᠮᠳᠠᠳᠤ ᠶᠢᠨ ᠠᠶᠠᠯᠠᠯ ᠲᠤᠬᠯᠠᠯᠳᠠ᠂ ᠦᠪᠦᠷ ᠮᠤᠩᠭᠤᠯ ᠤᠨ ᠤᠯᠠᠭᠠᠬᠴᠢᠨ ᠲᠠᠬᠢᠶ᠎ᠠ ᠵᠢᠯ ᠤᠨ ᠴᠠᠭᠠᠨ ᠰᠠᠷ᠎ᠠ ᠶᠢᠨ ᠦᠳᠡᠰᠢᠯᠡᠭᠡ᠂ ᠦᠪᠦᠷ ᠮᠤᠩᠭᠤᠯ ᠤᠳᠤᠨ ᠲᠧᠯᠸᠢᠰ ᠠᠴᠠ ᠰᠡᠳᠦᠨ ᠡᠷᠬᠢᠯᠡᠭᠰᠡᠨ ︽ᠡᠨᠡ ᠪᠤᠯ ᠮᠢᠨᠤ ᠨᠤᠳᠤᠭ︾ ᠲᠡᠯᠬᠡᠴᠡ ᠳᠤ ᠤᠷᠠᠨ ᠰᠠᠶᠢᠬᠠᠨ ᠤ ᠲᠤᠬᠯᠠᠯᠳᠠ ᠪᠠᠷ ᠢᠶᠠᠨ ᠤᠯᠠᠨ ᠤᠳᠠᠭ᠎ᠠ ᠤᠷᠢᠬᠳᠠᠨ ᠤᠷᠤᠯᠴᠡᠵᠡᠢ᠃ ᠲᠤᠩᠭᠠᠯᠠᠭ ᠴᠡᠬᠡᠯᠬᠡᠨ ᠬᠤᠭᠤᠯᠠᠢ ᠪᠠᠷ ᠢᠶᠠᠨ ᠬᠦᠮᠥᠨ ᠠᠷᠠᠳ ᠲᠠᠭᠠᠨ ᠲᠠᠨᠢᠬᠳᠠᠬᠰᠠᠨ ᠵᠠᠯᠠᠭᠤ ᠲᠠᠭᠤᠴᠢᠨ ᠮᠡᠰᠢᠮᠡᠳᠡᠭᠴᠢ ᠤᠳᠤ ᠮᠠᠨ ᠤ ᠬᠤᠳᠠ ᠶᠢᠨ ᠰᠤᠳᠤᠨ ᠰᠢᠯᠢᠳᠡᠭ ᠢᠵᠠᠭᠤᠷ ᠤᠷᠠᠯᠢᠭ ᠤᠨ ᠬᠠᠮᠳᠤᠯᠢᠭ ᠤᠨ ᠨᠢᠬᠡ ᠪᠤᠯᠬᠤ ︽ᠡᠵᠡᠨ︾ ᠬᠠᠮᠳᠤᠯᠢᠭ ᠢᠶᠠᠨ ᠠᠬᠠᠯᠠᠨ ᠤᠷᠠᠯᠢᠭ ᠤᠨ ᠶᠢᠷᠳᠢᠨᠴᠤ ᠳᠤ ᠬᠢᠯᠠᠷᠠᠭᠤᠯᠵᠦ ᠶᠠᠪᠤᠨ᠎ᠠ᠃   ᠲᠤᠬᠯᠠᠯᠳᠠ ᠶᠢᠨ ᠠᠵᠢᠯᠯᠠᠭ᠎ᠠ᠄  ◆ 2011 ᠤᠨ ᠳᠤ ᠤᠷᠤᠰ ᠤᠨ ᠬᠤᠯᠪᠤᠭᠠᠨ ᠤ ᠪᠦᠬᠦᠳᠠ ᠨᠠᠶᠢᠷᠠᠮᠳᠠᠬᠤ ᠪᠦᠷᠢᠶᠡᠳ ᠤᠯᠤᠰ ᠤᠨ ᠤᠯᠠᠭᠠᠬᠤᠢᠳᠡ ᠳᠤ ᠶᠠᠪᠤᠬᠳᠠᠬᠰᠠᠨ ᠲᠡᠯᠡᠬᠡᠢ ᠶᠢᠨ ᠭᠤᠷᠪᠠᠳᠠᠬᠢ ᠤᠳᠠᠭᠠᠨ ᠤ ᠤᠷᠠᠯᠢᠭ ᠤᠨ ᠴᠤᠬᠯᠠᠭᠠᠨ ᠳᠤ ᠬᠤᠪᠢ ᠬᠦᠮᠥᠨ ᠤ ᠲᠠᠭᠤᠯᠬᠠᠤ ᠮᠡᠷᠬᠡᠵᠢᠯ ᠤᠨ ᠲᠡᠷᠢᠬᠦᠨ ᠱᠠᠩ ᠬᠦᠷᠳᠡᠵᠡᠢ᠃   ◆ ᠲᠡᠯᠡᠬᠡᠢ ᠶᠢᠨ ᠬᠦᠬᠡᠮᠡᠢ ᠶᠢᠨ ᠤᠷᠤᠯᠳᠤᠭᠠᠨ ᠳᠤ ᠡᠵᠡᠨ ᠬᠠᠮᠳᠤᠯᠢᠭ ᠤᠨ ᠲᠤᠬᠯᠠᠯᠳᠠ ᠪᠠᠷ ᠢᠶᠠᠨ ᠬᠤᠶᠠᠳᠤᠭᠠᠷ ᠲᠡᠰ ᠲᠤ ᠲᠤᠳᠤᠷᠠᠪᠠ᠃   ◆ 2015 ᠤᠨ ᠳᠤ ᠦᠪᠦᠷ ᠮᠤᠩᠭᠤᠯ ᠤᠨ ᠲᠦᠷᠪᠡᠳᠦᠬᠡᠷ ᠬᠤᠭᠤᠴᠠᠭᠠᠨ ᠤ ︽ᠷᠠᠰᠢᠶᠠᠨ︾ ᠬᠤᠨᠳᠠᠭᠠᠳᠤ ᠲᠠᠯ᠎ᠠ ᠨᠤᠳᠤᠭ ᠤᠨ ᠵᠠᠯᠠᠭᠤ ᠲᠠᠭᠤᠴᠢᠳ ᠤᠨ ᠲᠧᠯᠸᠢᠰ ᠱᠠᠩᠨᠠᠯᠳᠤ ᠤᠷᠤᠯᠳᠤᠭᠠᠨ ᠳᠤ ᠤᠶᠠᠬᠠᠨ ᠡᠬᠡᠰᠢᠭᠳᠦ ᠠᠶᠢᠵᠠᠮ ᠬᠦᠭ ᠲᠠᠢ ᠤᠷᠳᠤ ᠶᠢᠨ ᠲᠠᠭᠤᠤ ︽ᠵᠢᠷᠠᠨ ᠬᠠᠶᠢᠯᠠᠰᠤ︾᠎ ᠪᠠᠷ ᠢᠶᠠᠨ ᠢᠵᠠᠭᠤᠷ ᠲᠠᠭᠤᠯᠠᠯᠭ᠎ᠠ ᠶᠢᠨ ᠨᠢᠬᠡᠳᠦᠬᠡᠷ ᠲᠡᠰ ᠤᠨ ᠱᠠᠩᠨᠠᠯ ᠬᠦᠷᠳᠡᠪᠡ᠃   ◆ 2016 ᠤᠨ ᠳᠤ ᠲᠤᠮᠳᠠᠳᠤ ᠶᠢᠨ ᠬᠦᠰᠡᠯ ᠢᠶᠠᠨ ᠪᠡᠶᠡᠯᠡᠬᠦᠯᠵᠦ ︽ᠲᠡᠭᠷᠢᠯᠢᠭ ᠡᠬᠡᠰᠢᠭ ᠢᠶᠠᠨ ᠲᠠᠭᠤᠯᠠᠶ᠎ᠠ︾ ᠬᠡᠬᠦ ᠴᠦᠬᠡᠨ ᠲᠤᠭᠠᠳᠤ ᠦᠨᠳᠦᠰᠦᠳᠡᠨ ᠤ ᠬᠤᠶᠠᠳᠤᠭᠠᠷ ᠬᠤᠭᠤᠴᠠᠭᠠᠨ ᠤ ᠢᠵᠠᠭᠤᠷ ᠤᠷᠠᠯᠢᠭ ᠤᠨ ᠰᠢᠢᠳᠪᠤᠷᠢᠳᠤ ᠤᠷᠤᠯᠳᠤᠭᠠᠨ ᠳᠤ ᠬᠤᠪᠢ ᠬᠦᠮᠥᠨ ᠤ ᠢᠵᠠᠭᠤᠷ ᠲᠠᠭᠤᠯᠠᠯᠭ᠎ᠠ ᠶᠢᠨ ᠨᠢᠬᠡᠳᠦᠬᠡᠷ ᠲᠡᠰ ᠤᠨ ᠱᠠᠩᠨᠠᠯ ᠬᠦᠷᠳᠡᠪᠡ᠃ ᠡᠵᠡᠨ ᠬᠠᠮᠳᠤᠯᠢᠭ ᠤᠨ ᠢᠵᠠᠭᠤᠷ ᠲᠠᠭᠤᠯᠠᠯᠭ᠎ᠠ ᠨᠢ ᠨᠢᠬᠡᠳᠦᠬᠡᠷ ᠲᠡᠰ ᠢᠶᠠᠷ ᠲᠤᠳᠤᠷᠠᠬᠰᠠᠨ ᠪᠠᠶᠢᠨ᠎ᠠ᠃    ◆ 2017 ᠤᠨ ᠳᠤ ᠤᠷᠳᠤᠰ ᠤᠨ ᠴᠢᠳᠠᠪᠤᠷᠢᠳᠠᠨ ᠤ ᠴᠤᠯᠠ ᠶᠢ ᠬᠦᠷᠳᠡᠪᠡ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号