ᠤᠢ ᠰᠢᠭᠤᠢ ᠲᠡᠯ᠎ᠡ ᠨᠤᠳᠤᠭ ᠤᠨ ᠭᠠᠯ ᠰᠡᠷᠬᠡᠶᠢᠡᠯᠯᠳᠡ ᠶᠢᠨ ᠬᠦᠯ ᠬᠤᠷᠢᠬᠤ ᠵᠡᠷᠯᠢᠭ᠋ ᠤᠨ ᠲᠤᠬᠠᠢ 12 ᠡᠵᠡᠨ ᠬᠤᠷᠤᠭ᠎ᠠ ᠬᠤᠰᠢᠭᠤᠨ ᠤ ᠵᠠᠰᠠᠭ ᠤᠨ ᠤᠷᠳᠤᠨ ᠵᠡᠷᠯᠡᠯ
ᠨᠡᠶᠢᠲᠡᠯᠡᠭᠰᠡᠨ ᠴᠠᠭ᠄
2019-02-25
ᠡᠵᠡᠨ ᠵᠠᠰᠠᠭ ᠲᠠᠷᠬᠠᠭᠠᠬᠤ ﹇2017﹈ 42 ᠳ᠋ᠤᠭᠠᠷ ᠲᠤᠭᠠᠳᠤᠡᠯ᠎ᠡ ᠪᠠᠯᠭᠠᠰᠤᠨ ᠤ ᠠᠷᠡᠳ ᠤᠨ ᠵᠠᠰᠠᠭ ᠤᠨ ᠤᠷᠳᠤᠨ᠂ ᠬᠤᠰᠢᠭᠤᠨ ᠤ ᠠᠷᠡᠳ ᠤᠨ ᠵᠠᠰᠠᠭ ᠤᠨ ᠤᠷᠳᠤᠨ ᠤ ᠡᠯ᠎ᠡ ᠪᠡᠶᠢᠭᠤᠯᠭ᠎ᠠ᠂ ᠡᠯ᠎ᠡ ᠰᠢᠭᠤᠳ ᠬᠠᠷᠢᠶ᠎ᠠ ᠪᠡᠶᠢᠭᠤᠯᠭ᠎ᠠ᠂ ᠡᠯ᠎ᠡ ᠬᠦᠷᠢᠶᠡᠯᠡᠩ ᠲᠤᠭᠤᠷᠢᠭ ︵ᠰᠠᠭᠤᠷᠢᠨ ᠭᠠᠵᠡᠷ︶᠎ ᠤᠨ ᠬᠠᠮᠢᠶᠡᠷᠤᠯᠳᠡ ᠶᠢᠨ ᠵᠦᠪᠯᠡᠯ᠂ ᠡᠯ᠎ᠡ ᠲᠤᠮᠤ ᠠᠵᠤ ᠠᠬᠤᠶᠢᠯᠡᠯ ᠤᠨ ᠨᠢᠬᠡᠴᠢ᠄    ᠤᠳᠤᠬᠠᠨ ᠳᠤ ᠮᠡᠨ ᠤ ᠬᠤᠰᠢᠭᠤ ᠨᠢᠬᠡᠴᠢ ᠤᠢ ᠰᠢᠭᠤᠢ ᠲᠡᠯ᠎ᠡ ᠨᠤᠳᠤᠭ ᠤᠨ ᠭᠠᠯ ᠤᠨ ᠠᠶᠤᠯ ᠤᠨ ᠭᠠᠷᠬᠤ ᠲᠦᠩᠰᠢᠬᠦᠷᠢ ᠦᠨᠳᠤᠷ ᠬᠤᠭᠤᠴᠠᠭᠠᠨ ᠳᠤ ᠤᠷᠤᠰᠢᠵᠤ ᠪᠡᠶᠢᠨ᠎ᠡ᠃ ᠪᠦᠬᠦ ᠬᠤᠰᠢᠭᠤᠨ ᠤ ᠠᠷᠡᠳ ᠲᠦᠮᠡᠨ ᠤ ᠠᠮᠢ ᠨᠠᠰᠤ ᠡᠳ᠋ ᠬᠦᠷᠤᠩᠬᠡ ᠲᠡᠷᠡᠴᠢᠯᠡᠨ ᠠᠮᠢ ᠠᠬᠤᠢ ᠶᠢᠨ ᠡᠬᠢ ᠪᠡᠶᠡᠯᠢᠭ᠋ ᠤᠨ ᠠᠶᠤᠯᠬᠦᠢ ᠪᠡᠶᠢᠬᠤ ᠶᠢ ᠪᠡᠳᠤᠯᠠᠬᠤ ᠶᠢᠨ ᠲᠦᠯᠦᠬᠡ ︽ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠤᠢ ᠰᠢᠭᠤᠢ ᠶᠢᠨ ᠭᠠᠯ ᠤᠨ ᠠᠶᠤᠯ ᠤᠨ ᠰᠡᠷᠬᠡᠶᠢᠯᠡᠯᠳᠡ ᠶᠢᠨ ᠲᠦᠷᠢᠮ︾ ᠲᠤᠬᠳᠠᠭᠠᠯ ᠢ ᠦᠨᠳᠤᠰᠤᠯᠡᠨ᠂ ᠬᠤᠰᠢᠭᠤᠨ ᠤ ᠠᠷᠡᠳ ᠤᠨ ᠵᠠᠰᠠᠭ ᠤᠨ ᠤᠷᠳᠤᠨ ᠪᠦᠬᠦ ᠬᠤᠰᠢᠭᠤᠨ ᠤ ᠬᠡᠪᠴᠢᠶ᠎ᠡ ᠲᠠᠢ ᠭᠠᠯ ᠤᠨ ᠠᠶᠤᠯ ᠤᠨ ᠰᠡᠷᠬᠡᠶᠢᠯᠡᠯᠳᠡ ᠶᠢᠨ ᠬᠦᠯ ᠬᠤᠷᠢᠬᠤ ᠬᠠᠮᠢᠶᠡᠷᠤᠯᠳᠡ ᠶᠢᠨ ᠲᠦᠷᠢᠮ ᠢ ᠶᠠᠪᠤᠬᠳᠠᠭᠤᠯᠬᠤ ᠪᠠᠷ ᠲᠤᠬᠳᠠᠭᠠᠵᠤ᠂ ᠤᠳᠤ ᠵᠡᠷᠯᠢᠭ᠋ ᠶᠢ ᠲᠤᠤᠷᠡᠬᠢ ᠮᠡᠳᠡᠭᠳᠡᠶ᠎ᠠ᠃     ᠨᠢᠬᠡ᠂ ᠭᠠᠯ ᠤᠨ ᠠᠶᠤᠯ ᠤᠨ ᠰᠡᠷᠬᠡᠶᠢᠯᠡᠯᠳᠡ ᠶᠢᠨ ᠬᠦᠯ ᠬᠤᠷᠢᠬᠤ ᠬᠠᠮᠢᠶᠡᠷᠤᠯᠳᠡ ᠶᠢᠨ ᠲᠦᠷᠢᠮ ᠤᠨ ᠬᠤᠭᠤᠴᠠᠭ᠎ᠠ ᠨᠢ 2017 ᠤᠨ ᠤ 3 ᠰᠡᠷ᠎ᠡ ᠶᠢᠨ 1᠎ ᠤ ᠡᠳᠤᠷ ᠠᠴᠠ 5 ᠰᠡᠷ᠎ᠡ ᠶᠢᠨ 31᠎ ᠤ ᠡᠳᠤᠷ ᠪᠤᠯᠳᠠᠯ᠎ᠠ᠃     ᠬᠤᠶᠡᠷ᠂ ᠭᠠᠯ ᠤᠨ ᠠᠶᠤᠯ ᠤᠨ ᠰᠡᠷᠬᠡᠶᠢᠯᠡᠯᠳᠡ ᠶᠢᠨ ᠬᠦᠯ ᠬᠤᠷᠢᠬᠤ ᠬᠠᠮᠢᠶᠡᠷᠤᠯᠳᠡ ᠶᠢᠨ ᠤᠷᠤᠨ ᠤ ᠬᠦᠷᠢᠶ᠎ᠠ ᠬᠡᠪᠴᠢᠶ᠎ᠠ ᠨᠢ ᠡᠵᠡᠨ ᠬᠤᠷᠤᠭ᠎ᠠ ᠬᠤᠰᠢᠭᠤᠨ ᠤ ᠬᠢᠯᠢ ᠶᠢᠨ ᠲᠤᠳᠤᠷ᠎ᠠ᠃     ᠭᠤᠷᠪᠡ᠂ ᠭᠠᠯ ᠤᠨ ᠠᠶᠤᠯ ᠤᠨ ᠰᠡᠷᠬᠡᠶᠢᠯᠡᠯᠳᠡ ᠶᠢᠨ ᠬᠦᠯ ᠬᠤᠷᠢᠬᠤ ᠬᠤᠭᠤᠴᠠᠭᠠᠨ ᠤ ᠲᠤᠳᠤᠷ᠎ᠠ᠂ ᠤᠢ ᠰᠢᠭᠤᠢ ᠶᠢᠨ ᠲᠡᠯ᠎ᠡ ᠨᠤᠳᠤᠭ ᠤᠨ ᠬᠠᠮᠢᠶᠡᠷᠤᠯᠳᠡ ᠶᠢᠨ ᠭᠠᠯ ᠤᠨ ᠠᠶᠤᠯ ᠤᠨ ᠰᠡᠷᠬᠡᠶᠢᠯᠡᠯᠳᠡ ᠶᠢᠨ ᠬᠦᠯ ᠬᠤᠷᠢᠬᠤ ᠬᠠᠮᠢᠶᠡᠷᠤᠯᠳᠡ ᠶᠢᠨ ᠤᠷᠤᠨ ᠤ ᠬᠦᠷᠢᠶ᠎ᠠ ᠬᠡᠪᠴᠢᠶᠡᠨ ᠳᠤ ᠬᠦᠳᠡᠭᠡ ᠭᠠᠳᠡᠨ᠎ᠡ ᠭᠠᠯ ᠬᠡᠷᠡᠭᠯᠡᠬᠦ ᠶᠢ ᠡᠷᠡᠰ ᠴᠠᠭᠠᠵᠢᠯᠠᠵᠤ᠂ ᠲᠤᠤᠷᠡᠬᠢ ᠦᠢᠯᠨ ᠠᠵᠢᠯᠯᠠᠭ᠎ᠠ ᠬᠢᠬᠦ ᠶᠢ ᠴᠢᠩᠭ᠎ᠠ ᠪᠠᠷ ᠬᠠᠮᠢᠶᠡᠷᠤᠨ᠎ᠡ᠃ ᠲᠡᠷᠢᠮᠡᠯ ᠤᠨ ᠡᠰᠢ ᠲᠦᠯᠡᠬᠦ᠂ ᠠᠳᠡᠷ ᠭᠠᠵᠡᠷ ᠤᠨ ᠬᠤᠪᠠᠭ᠋ᠠᠢ ᠡᠪᠡᠰᠤ ᠲᠦᠯᠡᠬᠦ᠂ ᠡᠪᠡᠰᠤ ᠲᠦᠯᠡᠨ ᠪᠤᠷᠳᠤᠭᠤᠷ ᠲᠠᠷᠤᠰᠢᠭᠤᠯᠬᠤ ᠵᠡᠷᠬᠡ ᠲᠡᠷᠢᠶᠡᠯᠡᠩ ᠤᠨ ᠠᠵᠢᠯ ᠳᠤ ᠭᠠᠯ ᠬᠡᠷᠡᠭᠯᠡᠬᠦ ᠪᠤᠯᠤᠨ ᠪᠡᠷᠢᠯᠭ᠎ᠠ ᠶᠢᠨ ᠪᠡᠶᠢᠭᠤᠯᠭ᠎ᠠ ᠶᠢᠨ ᠦᠢᠯᠡᠳᠪᠤᠷᠢᠯᠡᠯ ᠳᠤ ᠭᠠᠯ ᠬᠡᠷᠡᠭᠯᠡᠬᠦ᠂ ᠬᠡᠬᠡᠷ᠎ᠡ ᠬᠦᠳᠡᠭᠡ ᠲᠡᠮᠡᠬᠢ ᠲᠠᠳᠠᠬᠤ᠂ ᠲᠡᠮᠡᠬᠢᠨ ᠤᠵᠢᠭᠤᠷ ᠢ ᠲᠤᠷ᠎ᠠ ᠪᠠᠷ ᠬᠠᠶᠠᠬᠤ ᠪᠤᠶᠤ ᠭᠠᠯ ᠶᠢᠨ ᠰᠤᠷ ᠬᠠᠶᠠᠬᠤ ᠬᠦᠬᠦᠷ ᠤᠩᠭᠤᠨ ᠲᠡᠬᠡᠷ᠎ᠡ ᠴᠠᠭᠠᠰᠤ ᠲᠦᠯᠡᠬᠦ ᠠᠩ ᠠᠩᠨᠠᠬᠤ᠂ ᠲᠡᠯᠪᠡᠴᠢᠯᠳᠡ ᠬᠢᠬᠦ᠂ ᠬᠡᠬᠡᠷ᠎ᠡ ᠭᠠᠳᠡᠨ᠎ᠡ ᠭᠠᠯ ᠲᠦᠯᠡᠵᠤ ᠲᠤᠯᠠᠭᠠᠴᠢᠬᠤ᠂ ᠭᠠᠯ ᠲᠦᠯᠡᠨ ᠪᠤᠳᠠᠭ᠎ᠠ ᠬᠢᠬᠦ᠂ ᠰᠢᠷᠭᠠᠮᠠᠯ ᠢᠳᠡᠰᠢ ᠬᠢᠬᠦ ᠬᠢᠬᠡᠳ ᠦᠯᠡᠳᠡᠭᠳᠡᠮᠡᠯ ᠭᠠᠯ ᠤᠨ ᠤᠴᠢ ᠶᠢ ᠲᠤᠷ᠎ᠠ ᠪᠠᠷ ᠬᠠᠶᠠᠬᠤ᠃ ᠪᠤᠰᠤᠳ ᠦᠢᠯᠡᠳᠪᠤᠷᠢᠯᠡᠯ ᠤᠨ ᠴᠢᠨᠡᠷ ᠲᠠᠢ ᠦᠢᠯᠡᠳᠪᠤᠷᠢᠯᠡᠯ ᠤᠨ ᠪᠤᠰᠤ ᠭᠠᠯ ᠬᠡᠷᠡᠭᠯᠡᠬᠦ᠂ ᠭᠠᠯ ᠤᠨ ᠠᠶᠤᠯ ᠡᠬᠦᠰᠬᠦ ᠮᠠᠭᠠᠳ ᠲᠡᠷᠬᠡ ᠬᠢᠬᠡᠳ ᠮᠡᠰᠢᠨ ᠮᠧᠬᠠᠨᠢᠭ ᠲᠤ ᠡᠷᠬᠡᠪᠰᠢ ᠡᠵᠡᠮᠰᠢᠯ ᠤᠨ ᠠᠷᠭ᠎ᠠ ᠬᠡᠮᠵᠢᠶ᠎ᠠ ᠠᠪᠴᠤ᠂ ᠬᠡᠷ ᠤᠨ ᠲᠤᠳᠤᠷᠡᠬᠢ ᠦᠢᠯᠡᠳᠪᠤᠷᠢᠯᠡᠯ ᠬᠢᠬᠡᠳ ᠠᠮᠢᠳᠤᠷᠡᠯ ᠤᠨ ᠬᠡᠷᠡᠭᠯᠡᠬᠡᠨ ᠤ ᠭᠠᠯ ᠬᠡᠷᠡᠭᠯᠡᠬᠦ ᠶᠢ ᠴᠢᠩᠭ᠎ᠠ ᠢᠶᠠᠷ ᠬᠠᠮᠢᠶᠡᠷᠬᠤ ᠬᠡᠷᠡᠭᠳᠡᠢ᠃     ᠲᠦᠷᠪᠡ᠂ ᠭᠠᠯ ᠤᠨ ᠠᠶᠤᠯ ᠤᠨ ᠰᠡᠷᠬᠡᠶᠢᠯᠡᠯᠳᠡ ᠶᠢᠨ ᠬᠦᠯ ᠬᠤᠷᠢᠬᠤ ᠬᠠᠮᠢᠶᠡᠷᠤᠯᠳᠡ ᠶᠢᠨ ᠬᠤᠭᠤᠴᠠᠭᠠᠨ ᠳᠤ ᠲᠤᠰ ᠬᠦᠯ ᠬᠤᠷᠢᠬᠤ ᠬᠠᠮᠢᠶᠡᠷᠤᠯᠳᠡ ᠶᠢᠨ ᠲᠤᠬᠳᠠᠭᠠᠯ ᠢ  ᠵᠦᠷᠢᠴᠡᠭᠰᠡᠨ ᠰᠠᠨᠠᠭ᠎ᠠ ᠲᠤᠷ᠎ᠠ ᠪᠠᠷ ᠬᠦᠳᠡᠭᠡ ᠭᠠᠳᠡᠨ᠎ᠡ ᠭᠠᠯ ᠬᠡᠷᠡᠭᠯᠡᠬᠦ᠂ ᠤᠢ ᠰᠢᠭᠤᠢ ᠲᠡᠯ᠎ᠡ ᠨᠤᠳᠤᠭ ᠤᠨ ᠭᠠᠯ ᠤᠨ ᠠᠶᠤᠯ ᠢ ᠭᠠᠷᠭᠠᠬᠰᠡᠨ ᠬᠠᠮᠳᠤ ᠨᠢᠬᠡᠴᠢ ᠬᠢᠬᠡᠳ ᠬᠤᠪᠢ ᠬᠦᠮᠦᠨ ᠦᠩᠬᠡᠷᠡᠯᠳᠡ ᠨᠢ ᠬᠦᠩᠬᠡᠨ ᠪᠤᠯ ︽ᠤᠢ ᠰᠢᠭᠤᠢ ᠶᠢᠨ ᠭᠠᠯ ᠤᠨ ᠰᠡᠷᠬᠡᠶᠢᠯᠡᠯᠳᠡ ᠶᠢᠨ ᠲᠤᠬᠳᠠᠭᠠᠯ ᠢ ᠦᠨᠳᠤᠰᠤᠯᠠᠵᠤ᠂ ᠮᠦᠩᠬᠦ ᠪᠠᠷ ᠲᠤᠷᠭᠠᠨ ᠰᠢᠳᠬᠡᠯ ᠬᠢᠨ᠎ᠡ᠃ ᠴᠠᠭ ᠲᠤᠬᠠᠢ ᠳᠤᠨᠢ  ᠨᠦᠬᠦᠪᠤᠷᠢᠯᠡᠨ ᠮᠤᠳᠤ ᠲᠡᠷᠢᠬᠤ ᠬᠡᠷᠡᠭᠳᠡᠢ᠃ ᠪᠡᠶᠢᠳᠡᠯ ᠢᠶᠠᠷ ᠨᠢ ᠬᠦᠨᠳᠤ ᠨᠤᠴᠢᠳᠡᠢ ᠪᠤᠯ ︽ᠪᠦᠬᠦᠳᠡ ᠨᠡᠶᠢᠷᠡᠮᠳᠡᠬᠤ ᠲᠤᠮᠳᠠᠳᠤ ᠠᠷᠡᠳ ᠤᠯᠤᠰ ᠤᠨ ᠠᠮᠤᠷ ᠢ ᠬᠠᠮᠠᠭᠠᠯᠠᠬᠤ ᠬᠠᠮᠢᠶᠡᠷᠤᠯᠳᠡ ᠶᠢᠨ ᠲᠤᠷᠭᠠᠬᠤ ᠬᠠᠤᠯᠢ︾᠎ ᠶᠢᠨ ᠲᠠᠪᠤᠳᠤᠭᠠᠷ ᠬᠡᠰᠡᠩ ᠤᠨ ᠨᠢᠬᠡᠳᠤᠬᠡᠷ ᠵᠤᠷᠪᠤᠰ ᠤᠨ ᠲᠤᠬᠳᠠᠭᠠᠯ ᠢ ᠦᠨᠳᠤᠰᠤᠯᠡᠨ᠂ ᠠᠷᠡᠳ ᠤᠨ ᠵᠠᠰᠠᠭ ᠤᠨ ᠤᠷᠳᠤᠨ ᠪᠡᠴᠢᠮ ᠪᠡᠶᠢᠳᠡᠯ ᠳᠤ ᠬᠠᠤᠯᠢ ᠶᠤᠰᠤᠭᠠᠷ ᠵᠡᠷᠯᠡᠬᠰᠡᠨ ᠰᠡᠢᠳᠪᠤᠷᠢ᠂ ᠵᠡᠷᠯᠢᠭ᠋ ᠢ ᠡᠰᠨ ᠬᠦᠢᠴᠡᠳᠬᠡᠭᠰᠡᠳ ᠲᠤ ᠲᠠᠪᠤ ᠠᠴᠠ ᠲᠡᠬᠡᠭᠰᠢ ᠠᠷᠪᠡ ᠠᠴᠠ ᠲᠤᠷᠤᠬᠰᠢ ᠲᠦᠷ ᠬᠤᠷᠢᠬᠤ ᠶᠡᠯ᠎ᠡ ᠪᠠᠷ ᠰᠢᠳᠬᠡᠨ 500 ᠲᠦᠬᠦᠷᠢᠭ ᠠᠴᠠ ᠲᠤᠷᠤᠬᠰᠢ ᠲᠤᠷᠭᠠᠭᠤᠯᠢ ᠬᠢᠨ᠎ᠡ᠃ ᠶᠡᠯ᠎ᠡ ᠬᠢᠭᠰᠡᠨ ᠪᠤᠯ ᠬᠠᠤᠯᠢ ᠶᠤᠰᠤᠭᠠᠷ ᠡᠷᠡᠬᠦᠤ ᠤᠨ ᠬᠠᠷᠢᠭᠤᠴᠠᠯᠭ᠎ᠠ ᠡᠬᠦᠷᠬᠡᠯᠡᠨ᠎ᠡ᠃     ᠲᠠᠪᠤ᠂ ᠡᠯ᠎ᠡ ᠪᠠᠯᠭᠠᠰᠤ᠂ ᠡᠯ᠎ᠡ ᠬᠠᠮᠢᠶ᠎ᠠ ᠪᠦᠬᠦᠢ ᠬᠠᠷᠢᠭᠤᠴᠠᠯᠭᠠᠳᠤ ᠪᠡᠶᠢᠭᠤᠯᠭ᠎ᠠ ᠡᠷᠬᠡᠪᠰᠢ ᠵᠠᠰᠠᠭ ᠵᠡᠬᠢᠷᠭᠠᠨ ᠤ ᠬᠤᠷᠢᠶᠡᠨ ᠲᠠᠷᠤᠭ᠎ᠠ ᠶᠢᠨ ᠬᠠᠷᠢᠭᠤᠴᠠᠯᠭ᠎ᠠ ᠶᠢ ᠨᠡᠶᠢᠳᠡᠪᠤᠷᠢᠵᠢᠭᠤᠯᠵᠤ᠂ ᠪᠡᠶᠢᠭᠤᠯᠭ᠎ᠠ ᠶᠢᠨ ᠤᠳᠤᠷᠢᠳᠤᠯᠭ᠎ᠠ ᠶᠢᠨ ᠬᠠᠷᠢᠭᠤᠴᠠᠯᠭ᠎ᠠ ᠬᠢᠬᠡᠳ ᠤᠳᠤᠷᠢᠳᠤᠯᠭ᠎ᠠ ᠺᠡᠳ᠋ᠷᠴᠤᠳ ᠬᠡᠰᠡᠭ ᠢᠶᠠᠷ ᠲᠠᠭᠠᠭᠠᠴᠢᠯᠠᠬᠤ ᠬᠠᠷᠢᠭᠤᠴᠠᠯᠭ᠎ᠠ ᠶᠢ ᠨᠡᠶᠢᠳᠡᠪᠤᠷᠢᠵᠢᠭᠤᠯᠤᠨ᠂ ᠱᠠᠳᠤ ᠱᠠᠳᠤ ᠪᠠᠷ ᠬᠠᠷᠢᠭᠤᠴᠠᠯᠭ᠎ᠠ ᠶᠢᠨ ᠪᠢᠴᠢᠭ ᠲᠡᠬᠡᠷ᠎ᠡ ᠭᠠᠷ ᠤᠨ ᠦᠰᠦᠭ ᠵᠢᠷᠤᠭᠤᠯᠵᠤ᠂ ᠬᠠᠷᠢᠭᠤᠴᠠᠯᠭ᠎ᠠ ᠶᠢᠨ ᠵᠡᠳᠡᠯᠤᠯᠳᠡ ᠨᠢ ᠲᠤᠰ ᠬᠦᠮᠦᠨ ᠳᠤ ᠬᠦᠷᠬᠦ ᠶᠢ ᠪᠡᠳᠤᠯᠡᠨ᠎ᠡ᠃ ᠭᠤᠤᠯ ᠤᠳᠤᠷᠢᠳᠤᠯᠭ᠎ᠠ ᠦᠪᠡᠷ ᠤᠨ ᠪᠡᠶ᠎ᠠ ᠪᠠᠷ ᠨᠢ ᠲᠤᠬᠢᠷᠠᠭᠤᠯᠤᠯᠳᠡ ᠬᠢᠵᠤ᠂ ᠭᠠᠯ ᠰᠡᠷᠬᠡᠶᠢᠯᠡᠬᠦ ᠡᠬᠦᠷᠬᠡ ᠶᠢ ᠬᠢᠨᠡᠯᠳᠡ ᠬᠢᠨ ᠨᠡᠶᠢᠳᠡᠪᠤᠷᠢᠵᠢᠭᠤᠯᠵᠤ᠂ ᠨᠡᠷᠢᠨ ᠬᠢᠨᠠᠮᠠᠭᠠᠢ ᠲᠡᠯᠳᠡ ᠬᠡᠮ ᠪᠡᠶᠢᠴᠠᠭᠠᠬᠤ ᠠᠵᠢᠯ ᠢ ᠦᠷᠨᠢᠬᠦᠯᠦᠨ᠂ ᠴᠠᠭ ᠲᠤᠬᠠᠢ ᠳᠤᠨᠢ ᠠᠯᠢᠪᠡ ᠭᠠᠯ ᠤᠨ ᠠᠶᠤᠯ ᠤᠨ ᠲᠡᠯᠳᠡ ᠬᠡᠮ ᠢ ᠤᠰᠠᠳᠬᠠᠨ᠂ ᠭᠠᠯ ᠤᠨ ᠠᠶᠤᠯ ᠭᠠᠷᠤᠬᠰᠡᠨ ᠪᠤᠯ ᠲᠤᠬᠠᠢ ᠶᠢᠨ ᠭᠠᠵᠡᠷ ᠲᠤ ᠪᠡᠶ᠎ᠠ ᠪᠠᠷ ᠢᠶᠠᠨ ᠬᠦᠷᠴᠤ ᠭᠠᠯ ᠤᠨᠳᠠᠷᠭᠠᠬᠤ ᠶᠢ ᠵᠢᠯᠤᠭᠤᠳᠬᠤ ᠬᠡᠷᠡᠭᠳᠡᠢ᠃ ᠷᠡᠳᠢᠤ᠋ ᠲᠧᠯᠸᠢᠰ᠂ ᠭᠠᠷ ᠤᠳᠠᠰᠤ ᠶᠢᠨ ᠤᠬᠤᠷ ᠴᠢᠮᠡᠭᠡ᠂ ᠸᠢᠴᠢᠲ ᠵᠡᠷᠬᠡ ᠵᠠᠭᠤᠴᠢ ᠬᠡᠷᠡᠭᠯᠡᠬᠦᠷ ᠬᠢᠬᠡᠳ ᠤᠬᠠᠭᠤᠯᠬᠤ ᠲᠡᠪᠳᠡᠷ ᠵᠡᠷᠬᠡ ᠬᠡᠯᠪᠡᠷᠢ ᠶᠢ ᠬᠦᠢᠴᠡᠳ ᠠᠰᠢᠬᠯᠡᠨ᠂ ᠶᠡᠭᠡ ᠬᠦᠴᠤ ᠪᠠᠷ ᠭᠠᠯ ᠢ ᠰᠡᠷᠬᠡᠶᠢᠯᠡᠬᠦ ᠬᠠᠤᠯᠢ ᠲᠦᠷᠢᠮ᠂ ᠭᠠᠯ ᠤᠨᠳᠠᠷᠭᠠᠬᠤ ᠪᠤᠯᠤᠨ ᠪᠡᠴᠢᠮ ᠠᠶᠤᠯ ᠪᠡᠷᠳᠠᠭ᠎ᠠ ᠠᠴᠠ ᠵᠡᠶᠢᠯᠡᠬᠤ ᠮᠡᠳᠡᠯᠬᠡ ᠵᠡᠷᠬᠡ ᠶᠢ ᠤᠬᠠᠭᠤᠯᠤᠨ᠂ ᠪᠦᠬᠦ ᠨᠡᠶᠢᠬᠡᠮ ᠤᠨ ᠭᠠᠯ ᠰᠡᠷᠬᠡᠶᠢᠯᠡᠬᠦ ᠦᠵᠡᠯ ᠤᠬᠠᠮᠰᠡᠷ ᠢ ᠲᠡᠬᠡᠭᠰᠢᠯᠡᠬᠦᠯᠦᠨ᠎ᠡ᠃ ᠬᠠᠷᠢᠶᠠᠳᠤ ᠭᠠᠵᠡᠷ ᠤᠷᠤᠨ ᠤ ᠬᠡᠰᠡᠭᠯᠡᠨ  ᠲᠠᠭᠠᠭᠠᠴᠢᠯᠠᠬᠤ ᠬᠠᠷᠢᠭᠤᠴᠠᠯᠭ᠎ᠠ ᠶᠢᠨ ᠲᠦᠷᠢᠮ ᠢ ᠬᠡᠷᠡᠭᠵᠢᠬᠦᠯᠤᠨ᠂ ᠬᠠᠭᠠᠰ ᠲᠤᠳᠠᠭᠤ ᠭᠠᠯ ᠤᠨᠳᠠᠷᠠᠭᠠᠬᠤ ᠲᠤᠰᠬᠠᠢ ᠮᠡᠷᠬᠡᠵᠢᠯᠳᠡᠨ ᠬᠢᠬᠡᠳ ᠤᠢ ᠰᠢᠭᠤᠢ ᠶᠢᠨ ᠬᠠᠮᠠᠭᠠᠯᠠᠯᠳᠡ᠂ ᠲᠡᠯ᠎ᠡ ᠨᠤᠳᠤᠭ ᠤᠨ ᠬᠠᠮᠠᠭᠠᠯᠠᠯᠳᠡ ᠢ ᠵᠤᠬᠢᠶᠡᠨ ᠪᠡᠶᠢᠭᠤᠯᠤᠨ ᠬᠠᠷᠢᠶᠡᠳᠤ ᠭᠠᠵᠡᠷ ᠤᠷᠤᠨ ᠳᠤ ᠡᠳᠤᠷ ᠲᠤᠳᠤᠮ ᠤᠨ ᠲᠤᠭᠤᠷᠢᠨ ᠪᠡᠶᠢᠴᠠᠭᠠᠬᠤ ᠲᠤᠭᠤᠷᠢᠨ ᠬᠠᠮᠭᠠᠯᠠᠬᠤ ᠶᠢ ᠶᠠᠪᠤᠬᠳᠠᠭᠤᠯᠵᠤ᠂ ᠲᠤᠭᠤᠷᠢᠨ ᠬᠠᠮᠠᠭᠠᠯᠠᠬᠤ ᠬᠦᠮᠦᠨ ᠡᠷᠬᠡᠪᠰᠢ ᠭᠠᠯ ᠰᠡᠷᠬᠡᠶᠢᠯᠡᠬᠦ ᠬᠤᠪᠴᠠᠰᠤ ᠡᠮᠤᠰᠴᠤ᠂ ᠭᠠᠯ ᠤᠨᠳᠡᠷᠭᠠᠬᠤ ᠪᠠᠭᠠᠵᠢ ᠬᠡᠷᠡᠭᠰᠡᠯ ᠠᠪᠤᠨ᠂ ᠭᠠᠯ ᠤᠨ ᠠᠶᠤᠯ ᠲᠤᠯᠭᠠᠷᠡᠬᠰᠡᠨ ᠦᠶ᠎ᠠ ᠳᠤ ᠲᠦᠷᠬᠡᠨ ᠠᠷᠭ᠎ᠠ ᠬᠡᠮᠵᠢᠶ᠎ᠠ ᠠᠪᠴᠤ᠂ ᠪᠦᠬᠦ ᠲᠡᠯ᠎ᠡ ᠎ ᠪᠠᠷ ᠬᠠᠷᠢᠶᠡᠳᠤ ᠭᠠᠵᠡᠷ ᠤᠷᠤᠨ ᠤ ᠲᠠᠨᠡᠭ ᠮᠡᠨᠡᠩ ᠬᠦᠮᠦᠨ ᠳᠤ ᠲᠤᠬᠢᠷᠠᠭᠤᠯᠤᠯᠳᠡ ᠬᠢᠵᠤ ᠬᠠᠮᠢᠶᠡᠷᠤᠯᠳᠡ ᠬᠢᠬᠦ ᠬᠡᠷᠡᠭᠳᠡᠢ᠃ ᠭᠤᠤᠯ ᠪᠤᠯᠬᠤ ᠭᠠᠵᠡᠷ ᠪᠤᠯᠤᠨ ᠦᠨᠳᠤᠷ ᠭᠠᠯ ᠤᠨ ᠠᠶᠤᠯ ᠲᠠᠢ ᠤᠷᠤᠨ ᠳᠤ ᠲᠤᠰᠬᠠᠢ ᠬᠦᠮᠦᠨ ᠲᠤᠮᠢᠯᠡᠨ ᠭᠠᠷᠴᠤ ᠬᠠᠮᠢᠶᠡᠷᠠᠬᠤ ᠬᠡᠷᠡᠭᠳᠡᠢ᠃     ᠵᠢᠷᠭᠤᠭ᠎ᠠ᠂ ᠡᠯ᠎ᠡ ᠪᠠᠯᠭᠠᠰᠤ᠂ ᠡᠯ᠎ᠡ ᠬᠠᠮᠢᠶ᠎ᠠ ᠪᠦᠬᠦᠢ ᠬᠠᠷᠢᠭᠤᠴᠠᠯᠭᠠᠳᠤ ᠪᠡᠶᠢᠭᠤᠯᠭ᠎ᠠ ᠡᠷᠬᠡᠪᠰᠢ ︽ᠰᠡᠷᠬᠡᠶᠢᠯᠡᠬᠦ ᠪᠠᠷ ᠭᠤᠤᠯ ᠪᠤᠯᠭᠠᠵᠤ ᠢᠳᠡᠪᠬᠢᠳᠡᠢ ᠠᠳᠬᠤᠬᠤ︾ ᠵᠡᠷᠴᠢᠮ ᠬᠢᠬᠡᠳ ︽ᠬᠦᠮᠦᠨ ᠪᠠᠷ ᠰᠠᠭᠤᠷᠢ ᠪᠤᠯᠭᠠᠵᠤ᠂ ᠰᠢᠨᠵᠢᠯᠡᠬᠦ ᠤᠬᠠᠭᠠᠨᠴᠢ ᠪᠠᠷ ᠰᠡᠷᠬᠡᠶᠢᠯᠡᠨ᠂ ᠪᠡᠴᠢᠮ ᠪᠡᠶᠢᠳᠡᠯ ᠢ ᠠᠷᠭᠠᠴᠠᠭᠠᠬᠤ ᠲᠦᠰᠤᠯ ᠢ ᠰᠡᠶᠢᠳᠤᠷ ᠵᠠᠰᠡᠨ ᠪᠤᠯᠪᠠᠰᠤᠷᠡᠯ ᠬᠢᠵᠤ᠂ ᠡᠯ᠎ᠡ ᠬᠠᠮᠢᠶ᠎ᠠ ᠪᠦᠬᠦᠢ ᠭᠠᠯ ᠤᠨᠳᠠᠷᠭᠠᠬᠤ ᠴᠡᠷᠢᠭ ᠠᠩᠬᠢ ᠶᠢ ᠨᠢᠬᠡᠳᠤᠬᠡᠷ ᠤᠳᠠᠰᠤᠨ ᠳᠤ ᠪᠡᠶᠢᠷᠢᠯᠠᠭᠤᠯᠵᠤ᠂ ᠴᠠᠭ ᠢᠮᠠᠬᠳᠡ ᠪᠡᠶᠢᠯᠳᠤᠭᠠᠨ ᠤ ᠪᠡᠶᠢᠳᠡᠯ ᠲᠠᠢ ᠪᠡᠶᠢᠬᠤ ᠶᠢ ᠪᠡᠷᠢᠮᠳᠠᠯᠠᠵᠤ᠂ ᠪᠠᠭᠠᠵᠢ ᠬᠡᠷᠡᠭᠰᠡᠯ ᠬᠢᠬᠡᠳ ᠡᠳ᠋ ᠤᠨ ᠪᠤᠳᠠᠰ ᠤᠨ ᠨᠦᠬᠡᠴᠨ ᠬᠠᠳᠠᠭᠠᠯᠠᠬᠳᠠᠴᠨ ᠶᠢ ᠴᠢᠩᠭᠠᠳᠬᠠᠨ᠂ ᠭᠠᠯ ᠤᠨ ᠠᠶᠤᠯ ᠢ ᠤᠨᠳᠠᠷᠠᠭᠠᠵᠤ ᠡᠯ᠎ᠡ ᠵᠦᠢᠯ ᠤᠨ ᠪᠡᠯᠡᠳᠬᠡᠯ ᠠᠵᠢᠯ ᠢ ᠰᠡᠶᠢᠳᠤᠷ ᠬᠢᠬᠦ ᠬᠡᠷᠡᠭᠳᠡᠢ᠃ ᠲᠠᠷᠠᠴᠢᠯᠠᠨ ᠬᠦᠭᠰᠢᠨ᠂ ᠵᠡᠮᠳᠡᠭ᠂ ᠡᠪᠡᠳᠴᠢᠯᠡᠭᠰᠡᠨ ᠪᠠᠭᠤᠷᠡᠢ᠂ ᠵᠡᠷᠡᠮᠤᠰᠤᠯᠡᠭᠰᠡᠨ ᠬᠢᠬᠡᠳ ᠪᠤᠰᠤᠳ ᠭᠠᠯ ᠤᠨᠳᠠᠷᠭᠠᠬᠤ ᠠᠵᠢᠯᠯᠠᠭᠠᠨ ᠳᠤ ᠤᠷᠤᠯᠴᠠᠵᠤ ᠲᠡᠶᠢᠯᠬᠦ ᠦᠬᠡᠢ ᠬᠦᠮᠦᠰ ᠢ ᠭᠠᠯ ᠭᠠᠯ ᠤᠨ ᠠᠶᠤᠯ ᠢ ᠰᠡᠷᠬᠡᠶᠢᠯᠡᠬᠦ ᠬᠦᠳᠡᠯᠬᠡᠬᠡᠨ ᠳᠤ ᠤᠷᠤᠯᠴᠠᠭᠤᠯᠵᠤ ᠪᠤᠯᠬᠤ ᠦᠬᠡᠢ᠃ ᠠᠵᠢᠯᠳᠡᠨ ᠤ ᠦᠬᠦᠵᠤ ᠰᠢᠷᠬᠠᠳᠠᠬᠤ ᠬᠡᠷᠡᠭ ᠭᠠᠷᠬᠤ ᠶᠢ ᠡᠷᠡᠰ ᠴᠡᠬᠡᠷᠯᠡᠨ᠎ᠡ᠃     ᠲᠤᠯᠤᠭ᠎ᠠ᠂ ᠡᠯ᠎ᠡ ᠪᠠᠯᠭᠠᠰᠤ᠂ ᠡᠯ᠎ᠡ ᠬᠠᠮᠢᠶ᠎ᠠ ᠪᠦᠬᠦᠢ ᠬᠠᠷᠢᠭᠤᠴᠠᠯᠭᠠᠳᠤ ᠪᠡᠶᠢᠭᠤᠯᠭ᠎ᠠ ᠤᠳᠤᠷᠢᠳᠤᠯᠭ᠎ᠠ ᠠᠵᠢᠯ ᠤᠨ ᠪᠡᠶᠢᠷᠢᠨ ᠳᠤ ᠪᠡᠶᠢᠬᠤ ᠪᠦᠬᠡᠳ 24 ᠴᠠᠭ ᠤᠨ ᠵᠢᠵᠢᠬᠦᠷ ᠤᠨ ᠲᠦᠷᠢᠮ ᠢ ᠲᠤᠬᠳᠠᠭᠠᠵᠤ ᠭᠠᠯ ᠤᠨᠳᠠᠷᠭᠠᠬᠤ ᠠᠵᠢᠯᠳᠡᠨ᠂ ᠲᠤᠭᠤᠷᠢᠨ ᠪᠡᠶᠢᠴᠠᠭᠠᠬᠤ ᠬᠦᠮᠦᠰ᠂ ᠠᠵᠢᠯ ᠤᠨ ᠪᠡᠶᠢᠷᠢ ᠪᠠᠨ ᠴᠢᠩᠭ᠎ᠠ ᠰᠡᠬᠢᠨ ᠪᠡᠶᠢᠷᠢᠨ ᠎ ᠠᠴᠠ ᠰᠢᠯᠵᠢᠬᠦ ᠦᠬᠡᠢ᠂ ᠪᠡᠶᠢᠷᠢᠨ ᠲᠡᠬᠡᠷ᠎ᠡ ᠪᠠᠨ ᠪᠡᠶᠢᠬᠤ ᠦᠬᠡᠢ ᠶᠢ ᠡᠷᠡᠰ ᠲᠡᠪᠴᠢᠬᠦ  ᠶᠢ ᠪᠡᠳᠤᠯᠡᠨ ᠴᠠᠭ ᠲᠤᠬᠠᠢ ᠎ ᠳᠤᠨᠢ ᠲᠤᠰ ᠪᠡᠶᠢᠭᠤᠯᠭ᠎ᠠ ᠶᠢᠨ ᠢᠶᠠᠨ ᠭᠠᠯ ᠰᠡᠷᠬᠡᠶᠢᠯᠡᠬᠦ ᠵᠢᠵᠢᠬᠦᠷ ᠤᠨ ᠬᠦᠰᠤᠨᠦᠭᠳᠤ ᠶᠢ ᠬᠤᠰᠢᠭᠤᠨ ᠤ ᠤᠢ ᠰᠢᠭᠤᠢ ᠲᠡᠯ᠎ᠡ ᠨᠤᠳᠤᠭ ᠤᠨ ᠭᠠᠯ ᠰᠡᠷᠬᠡᠶᠢᠯᠡᠬᠦ ᠶᠢ ᠵᠢᠯᠤᠭᠤᠳᠬᠤ ᠺᠤᠮᠢᠰ ᠤᠨ ᠠᠯᠪᠡᠨ ᠬᠡᠷ ᠲᠤ ᠮᠡᠳᠡᠬᠦᠯᠬᠦ ᠬᠡᠷᠡᠭᠳᠡᠢ᠃ ︽ᠭᠠᠯ ᠦᠵᠡᠪᠡᠯ ᠮᠡᠳᠡᠬᠦᠯᠵᠤ︾ ︽ᠮᠡᠳᠡᠬᠦᠯᠵᠤ ᠤᠨᠳᠡᠷᠭᠠᠬᠤ ᠶᠢ ᠬᠠᠪᠰᠤᠷᠭᠠᠬᠤ︾ ᠬᠢᠬᠡᠳ ᠭᠤᠤᠯ ᠴᠠᠭ ᠲᠤ ︽ᠲᠡᠭ ᠮᠡᠳᠡᠬᠦᠯᠦᠯᠳᠡ︾᠎ ᠶᠢᠨ ᠲᠦᠷᠢᠮ ᠢ ᠨᠡᠶᠢᠳᠡᠪᠤᠷᠢᠵᠢᠭᠤᠯᠵᠤ᠂ ᠵᠠᠰᠠᠭ ᠤᠨ ᠵᠠᠷᠯᠢᠭ ᠴᠢᠮᠡᠭᠡ ᠵᠠᠩᠬᠢ ᠶᠢᠨ ᠲᠠᠬᠡᠭᠰᠢ ᠮᠡᠳᠡᠬᠦᠯᠦᠨ ᠲᠤᠷᠤᠬᠰᠢ ᠪᠡᠭᠤᠯᠭᠠᠬᠤ ᠳᠤ ᠤᠷᠤᠬᠰᠢᠳᠡᠢ ᠪᠡᠶᠢᠬᠤ ᠶᠢ ᠪᠡᠳᠤᠯᠡᠨ ᠬᠤᠵᠢᠮᠳᠡᠵᠤ ᠮᠡᠳᠡᠬᠦᠯᠬᠦ᠂ ᠬᠤᠳᠡᠯ ᠬᠠᠭᠤᠷᠮᠠᠭ ᠬᠢᠬᠦ ᠵᠡᠷᠬᠡ ᠠᠰᠠᠭᠤᠳᠡᠯ ᠡᠬᠦᠰᠬᠦ ᠶᠢ ᠡᠷᠡᠰ ᠲᠡᠪᠴᠢᠬᠦ ᠬᠡᠷᠡᠭᠳᠡᠢ᠃ ︵ᠡᠳᠤᠷ ᠪᠦᠷᠢ ᠶᠢᠨ 17᠄ 00 ᠴᠠᠭ ᠠᠴᠠ ᠤᠷᠢᠳᠡᠢ ᠲᠤᠰ ᠡᠳᠤᠷ ᠤᠨ ᠭᠠᠯ ᠤᠨ ᠠᠶᠤᠯ ᠤᠨ ᠲᠤᠬᠠᠢ ᠪᠡᠶᠢᠳᠡᠯ ᠢ ᠬᠤᠰᠢᠭᠤᠨ ᠤ ᠤᠢ ᠰᠢᠭᠤᠢ ᠲᠡᠯ᠎ᠡ ᠨᠤᠳᠤᠭ ᠤᠨ ᠭᠠᠯ ᠤᠨ ᠠᠶᠤᠯ ᠢ ᠰᠡᠷᠬᠡᠶᠢᠯᠡᠬᠦ ᠤᠳᠤᠷᠢᠳᠬᠤ ᠺᠤᠮᠢᠰ ᠤᠨ ᠠᠯᠪᠡᠨ ᠬᠡᠷ ᠲᠤ ᠮᠡᠳᠡᠬᠦᠯᠦᠨ᠎ᠡ᠃ ᠹᠷᠢᠰ᠄ 0477 —8690476︶᠃     ᠨᠡᠢᠮᠨ᠂ ᠭᠠᠯ ᠤᠨ ᠠᠶᠤᠯ ᠤᠨ ᠬᠦᠯ ᠬᠤᠷᠢᠬᠤ ᠬᠠᠮᠢᠶᠡᠷᠤᠯᠳᠡ ᠶᠢᠨ ᠬᠤᠭᠤᠴᠠᠭᠠᠨ ᠲᠤᠳᠤᠷ᠎ᠠ ᠬᠤᠰᠢᠭᠤᠨ ᠤ ᠠᠷᠡᠳ ᠤᠨ ᠵᠠᠰᠠᠭ ᠤᠨ ᠤᠷᠳᠤᠨ ᠨᠢ ᠭᠠᠯ ᠤᠨ ᠠᠶᠤᠯ ᠢ ᠰᠡᠷᠬᠡᠶᠢᠯᠡᠬᠦ ᠤᠳᠤᠷᠢᠳᠬᠤ ᠺᠤᠮᠢᠰ᠂ ᠠᠷᠡᠳ ᠤᠨ ᠵᠠᠰᠠᠭ ᠤᠨ ᠤᠷᠳᠤᠨ ᠤ ᠬᠢᠨᠡᠨ ᠪᠡᠶᠢᠴᠠᠭᠠᠬᠤ ᠠᠯᠪᠡᠨ ᠬᠡᠷ ᠬᠢᠬᠡᠳ ᠬᠢᠨᠡᠨ ᠪᠡᠶᠢᠴᠠᠭᠠᠬᠤ ᠲᠤᠪᠴᠢᠶ᠎ᠠ ᠲᠠᠢ ᠬᠠᠮᠳᠤᠷᠡᠨ ᠲᠤᠤᠷᠡᠳᠤ ᠱᠡᠳᠤᠨ ᠤ ᠨᠢᠬᠡᠳᠤᠬᠡᠷ ᠤᠳᠠᠰᠤᠨ ᠳᠤ ᠬᠦᠨᠵᠡᠬᠡᠶᠢᠷᠡᠵᠤ᠂ ᠡᠯ᠎ᠡ ᠵᠦᠢᠯ ᠤᠨ ᠠᠵᠢᠯ ᠤᠨ ᠲᠤᠬᠠᠢ ᠲᠠᠭᠠᠯᠳᠡ ᠪᠡᠶᠢᠴᠠᠭᠠᠯᠳᠡ ᠬᠢᠨ᠎ᠡ᠃ ᠠᠵᠢᠯ ᠳᠠᠭᠠᠨ ᠲᠡᠶᠢᠪᠤᠷᠰᠢᠬᠤ᠂ ᠬᠠᠷᠢᠭᠤᠴᠠᠯᠭ᠎ᠠ ᠪᠠᠨ ᠲᠦᠯᠬᠢᠬᠦ᠂ ᠬᠠᠮᠢᠶᠡᠷᠤᠯᠳᠡ ᠪᠠᠨ ᠴᠢᠩᠭᠠᠳᠬᠠᠬᠤ ᠦᠬᠡᠢ᠂ ᠠᠷᠭ᠎ᠠ ᠬᠡᠮᠵᠢᠶ᠎ᠠ ᠨᠢ ᠬᠦᠴᠤᠨ ᠦᠬᠡᠢ ᠬᠢᠬᠡᠳ ᠲᠤᠰᠢᠶᠡᠯ ᠢᠶᠠᠨ ᠭᠤᠳᠤᠭᠠᠬᠤ᠂ ᠬᠠᠷᠢᠭᠤᠴᠠᠯᠭ᠎ᠠ ᠪᠠᠨ ᠠᠯᠳᠡᠬᠤ᠂ ᠦᠢᠯᠨ ᠠᠵᠢᠯᠯᠠᠭ᠎ᠠ ᠪᠠᠨ ᠰᠡᠶᠢᠳᠤᠷ ᠬᠢᠬᠦ ᠦᠬᠡᠢ ᠠᠴᠠ ᠪᠤᠯᠵᠤ ᠭᠠᠯ ᠤᠨ ᠠᠶᠤᠯ ᠭᠠᠷᠤᠬᠰᠡᠨ ᠮᠦᠷᠳᠡᠬᠡᠨ ᠪᠤᠳᠠᠳᠤ ᠶᠠᠪᠤᠳᠡᠯ ᠨᠢ ᠬᠦᠨᠳᠤ ᠨᠤᠴᠢᠳᠡᠢ ᠬᠤᠤᠷ᠎ᠠ ᠬᠦᠨᠦᠬᠡᠯ ᠤᠴᠠᠷᠠᠭᠤᠯᠤᠬᠰᠡᠨ ᠬᠠᠮᠳᠤ ᠨᠢᠬᠡᠴᠨ ᠬᠢᠬᠡᠳ ᠬᠤᠪᠢ ᠬᠦᠮᠦᠨ ᠳᠤ ︽ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠤᠢ ᠰᠢᠭᠤᠢ ᠲᠡᠯ᠎ᠡ ᠨᠤᠳᠤᠭ ᠤᠨ ᠭᠠᠯ ᠤᠨ ᠠᠶᠤᠯ ᠤᠨ ᠰᠡᠷᠬᠡᠶᠢᠯᠡᠯᠳᠡ ᠶᠢᠨ ᠠᠵᠢᠯ ᠤᠨ ᠬᠠᠷᠢᠭᠤᠴᠠᠯᠭ᠎ᠠ ᠨᠡᠬᠡᠮᠵᠢᠯᠡᠬᠦ ᠠᠷᠭ᠎ᠠ︾᠎ ᠶᠢ ᠦᠨᠳᠤᠰᠤᠯᠠᠵᠤ᠂ ᠬᠠᠮᠢᠶ᠎ᠠ ᠪᠦᠬᠦᠢ ᠬᠠᠷᠢᠭᠤᠴᠠᠯᠭᠠᠳᠡᠨ ᠬᠦᠮᠦᠨ ᠠᠴᠠ ᠲᠦᠪ ᠴᠢᠩᠭ᠎ᠠ ᠪᠠᠷ ᠬᠠᠷᠢᠭᠤᠴᠠᠯᠭ᠎ᠠ ᠨᠡᠬᠡᠮᠵᠢᠯᠡᠨ᠎ᠡ᠃ ᠭᠤᠤᠯ ᠨᠢ ᠬᠠᠮᠢᠶ᠎ᠠ ᠪᠦᠬᠦᠢ ᠤᠳᠤᠷᠢᠳᠤᠯᠭ᠎ᠠ ᠺᠡᠳᠡᠷᠴᠤᠳ ᠤᠨ ᠬᠠᠷᠢᠭᠤᠴᠠᠯᠭ᠎ᠠ ᠶᠢ ᠨᠡᠬᠡᠮᠵᠢᠯᠡᠨ᠎ᠡ᠃     ᠶᠢᠰᠤ᠂ ᠡᠯ᠎ᠡ ᠦᠢᠯᠡᠳᠪᠤᠷᠢᠯᠡᠬᠦ ᠲᠠᠰᠬᠠᠯ ᠤᠨ ᠴᠡᠭ᠂ ᠠᠵᠤ ᠦᠢᠯᠡᠰ ᠤᠨ ᠨᠢᠬᠡᠴᠢ᠂ ᠵᠤᠭᠠᠴᠠᠯ ᠤᠨ ᠦᠵᠡᠮᠵᠢ ᠶᠢᠨ ᠭᠠᠵᠡᠷ ᠬᠢᠬᠡᠳ ᠴᠡᠬᠢᠯᠭᠠᠨ ᠲᠦᠬᠡᠬᠡᠬᠦ ᠲᠤᠨᠤᠭ ᠲᠦᠬᠦᠬᠡᠷᠤᠮᠵᠢ ᠰᠢᠳᠡᠮᠠᠬᠠᠢ ᠬᠡᠢ ᠶᠢᠨ ᠬᠤᠭᠤᠯᠡᠢ ᠭᠤᠤᠷᠰᠤ᠂ ᠴᠢᠬᠤᠯᠨ ᠵᠡᠮ ᠬᠠᠷᠢᠯᠴᠠᠭ᠎ᠠ᠂ ᠨᠡᠬᠦᠷᠡᠰᠤᠨ ᠠᠭᠤᠷᠬᠠᠢ ᠶᠢᠨ ᠬᠤᠳᠳᠤᠭ ᠵᠡᠷᠬᠡ ᠬᠦᠨᠳᠤ ᠴᠢᠬᠤᠯᠨ ᠬᠦᠷᠢᠶ᠎ᠠ ᠬᠡᠪᠴᠢᠶᠡᠨ ᠤ ᠡᠯ᠎ᠡ ᠬᠠᠮᠢᠶ᠎ᠠ ᠪᠦᠬᠦᠢ ᠭᠤᠤᠯ ᠬᠠᠮᠢᠶᠡᠷᠤᠯᠳᠡ ᠶᠢᠨ ᠪᠡᠶᠢᠭᠤᠯᠭ᠎ᠠ ᠡᠷᠬᠡᠪᠰᠢ ᠪᠦᠬᠦ ᠲᠡᠯ᠎ᠡ ᠪᠠᠷ ᠭᠠᠯ ᠤᠨ ᠠᠶᠤᠯ ᠤᠨ ᠲᠡᠯᠳᠡ ᠬᠡᠮ ᠢ ᠪᠡᠶᠢᠴᠠᠭᠠᠨ ᠭᠠᠷᠭᠠᠵᠤ᠂ ᠲᠤᠭᠤᠷᠢᠨ ᠪᠡᠶᠢᠴᠠᠭᠠᠬᠤ᠂ ᠲᠤᠭᠤᠷᠢᠨ ᠬᠠᠮᠠᠭᠠᠯᠠᠬᠤ ᠶᠢ ᠰᠡᠶᠢᠳᠤᠷ ᠶᠠᠪᠤᠬᠳᠠᠭᠤᠯᠤᠨ᠂ ᠤᠬᠠᠭᠤᠯᠬᠤ ᠰᠤᠷᠭᠠᠬᠤ ᠵᠡᠷᠬᠡ ᠡᠯ᠎ᠡ ᠵᠦᠢᠯ ᠤᠨ ᠭᠠᠯ ᠤᠨ ᠠᠶᠤᠯ ᠢ ᠤᠷᠢᠳᠴᠢᠯᠡᠨ ᠰᠡᠷᠬᠡᠶᠢᠯᠡᠬᠦ ᠠᠵᠢᠯᠯᠠᠭ᠎ᠠ ᠶᠢ ᠪᠤᠳᠡᠳᠡᠶᠢᠵᠢᠭᠤᠯᠤᠨ᠂ ᠪᠡᠴᠢᠮ ᠭᠠᠯ ᠤᠨᠳᠡᠷᠭᠠᠬᠤ ᠴᠡᠷᠢᠭ ᠠᠩᠬᠢ ᠎ ᠶᠢ ᠪᠦᠳᠦᠬᠡᠨ ᠪᠡᠶᠢᠭᠤᠯᠵᠤ᠂ ᠬᠠᠮᠢᠶ᠎ᠠ ᠪᠦᠬᠦᠢ ᠭᠠᠯ ᠤᠨᠳᠠᠷᠠᠭᠠᠬᠤ ᠪᠡᠭᠠᠵᠢ ᠬᠡᠷᠡᠭᠰᠡᠯ ᠢ ᠲᠤᠬᠢᠷᠠᠭᠤᠯᠤᠨ ᠦᠭᠴᠤ᠂ ᠪᠤᠳᠠᠳᠡᠢ ᠲᠤᠭ᠎ᠠ ᠮᠠᠭᠠᠳ ᠢ ᠬᠤᠰᠢᠭᠤ ᠪᠠᠯᠭᠠᠰᠤ ᠶᠢᠨ ᠬᠤᠶᠡᠷ ᠱᠠᠳᠤᠨ ᠤ ᠭᠠᠯ ᠰᠡᠷᠬᠡᠶᠢᠯᠡᠬᠦ ᠤᠳᠤᠷᠢᠳᠬᠤ ᠲᠤᠭᠤᠶᠢᠯᠡᠩ ᠠᠴᠠ ᠡᠵᠡᠩᠨᠡᠭᠰᠡᠨ ᠬᠡᠯᠪᠡᠷᠢ ᠬᠦᠷᠢᠶ᠎ᠠ ᠬᠡᠪᠴᠢᠶ᠎ᠠ᠂ ᠤᠷᠤᠰᠢᠵᠤ ᠪᠡᠶᠢᠭ᠎ᠠ ᠤᠷᠴᠢᠨ ᠲᠤᠭᠤᠷᠢᠨ ᠵᠡᠷᠬᠡ ᠪᠡᠶᠢᠳᠡᠯ ᠢ ᠦᠨᠳᠤᠰᠤᠯᠡᠨ ᠬᠠᠮᠳᠤ ᠪᠠᠷ ᠲᠤᠬᠳᠠᠭᠠᠨ᠎ᠠ᠃ ︽ᠤᠢ ᠰᠢᠭᠤᠢ ᠶᠢᠨ ᠭᠠᠯ ᠤᠨ ᠠᠶᠤᠯ ᠢ ᠰᠡᠷᠬᠡᠶᠢᠯᠡᠬᠦ ᠵᠤᠷᠪᠤᠰ︾ ︽ᠲᠡᠯ᠎ᠡ ᠨᠤᠳᠤᠭ ᠤᠨ ᠭᠠᠯ ᠤᠨ ᠠᠶᠤᠯ ᠢ ᠰᠡᠷᠬᠡᠶᠢᠯᠡᠬᠦ ᠵᠤᠷᠪᠤᠰ︾ ︽ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠤᠢ ᠰᠢᠭᠤᠢ ᠲᠡᠯ᠎ᠡ ᠨᠤᠳᠤᠭ ᠤᠨ ᠭᠠᠯ ᠤᠨ ᠠᠶᠤᠯ ᠢ ᠰᠡᠷᠬᠡᠶᠢᠯᠡᠬᠦ ᠵᠤᠷᠪᠤᠰ︾ ᠬᠢᠬᠡᠳ ︽ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠤᠢ ᠰᠢᠭᠤᠢ ᠲᠡᠯ᠎ᠡ ᠨᠤᠳᠤᠭ ᠤᠨ ᠭᠠᠯ ᠤᠨ ᠠᠶᠤᠯ ᠰᠡᠷᠬᠡᠶᠢᠯᠡᠬᠦ ᠠᠵᠢᠯ ᠤᠨ ᠬᠠᠷᠢᠭᠤᠴᠠᠯᠭ᠎ᠠ ᠨᠡᠬᠡᠮᠵᠢᠯᠡᠬᠦ ᠠᠷᠭ᠎ᠠ︾ ᠬᠢᠬᠡᠳ ᠲᠤᠬᠳᠠᠭᠠᠯ ᠶᠢ ᠵᠦᠷᠢᠴᠡᠭᠰᠡᠨ ᠤᠢ ᠰᠢᠭᠤᠢ ᠲᠡᠯ᠎ᠡ ᠨᠤᠳᠤᠭ ᠤᠨ ᠭᠠᠯ ᠰᠡᠷᠬᠡᠶᠢᠯᠡᠬᠦ ᠲᠤᠨᠤᠭ ᠲᠦᠬᠦᠬᠡᠷᠤᠮᠵᠢ ᠪᠤᠯᠤᠨ ᠠᠵᠢᠯᠯᠠᠭ᠎ᠠ ᠶᠢ ᠨᠡᠶᠢᠳᠡᠪᠤᠷᠢᠵᠢᠭᠤᠯᠤᠬᠰᠡᠨ ᠦᠬᠡᠢ ᠪᠡᠶᠢᠭᠤᠯᠭ᠎ᠠ ᠬᠢᠬᠡᠳ ᠬᠤᠪᠢ ᠬᠦᠮᠦᠨ ᠬᠠᠤᠯᠢ ᠶᠢᠨ ᠲᠤᠬᠳᠠᠭᠠᠯ ᠢᠶᠠᠷ ᠬᠦᠨᠳᠤ ᠴᠤᠬᠢᠯᠳᠡ ᠦᠭᠴᠤ ᠰᠡᠶᠢᠳᠪᠤᠷᠢᠯᠡᠨ᠎ᠡ᠃     ᠠᠷᠪᠠ᠂ ᠬᠤᠰᠢᠭᠤᠨ ᠤ ᠤᠢ ᠰᠢᠭᠤᠢ ᠲᠡᠯ᠎ᠡ ᠨᠤᠳᠤᠭ ᠤᠨ ᠭᠠᠯ ᠤᠨ ᠠᠶᠤᠯ ᠢ ᠰᠡᠷᠬᠡᠶᠢᠯᠡᠬᠦ ᠤᠳᠤᠷᠢᠳᠬᠤ ᠺᠤᠮᠢᠰ ᠤᠨ ᠬᠡᠰᠢᠬᠦᠨ ᠪᠡᠶᠢᠭᠤᠯᠭ᠎ᠠ ᠡᠷᠬᠡᠪᠰᠢ ᠲᠤᠰ ᠲᠤᠰ ᠤᠨ ᠡᠬᠦᠷᠬᠡ ᠬᠠᠷᠢᠭᠤᠴᠠᠯᠭ᠎ᠠ ᠪᠠᠨ ᠲᠠᠭᠠᠭᠠᠴᠢᠯᠠᠨ ᠠᠪᠴᠤ᠂ ᠲᠤᠰ ᠪᠡᠶᠢᠭᠤᠯᠭ᠎ᠠ᠂ ᠲᠤᠰ ᠬᠠᠮᠳᠤ ᠨᠢᠬᠡᠴᠢ ᠶᠢᠨ ᠠᠵᠢᠯ ᠡᠬᠦᠷᠬᠡ ᠶᠢᠨ ᠬᠠᠷᠢᠭᠤᠴᠠᠯᠭ᠎ᠠ ᠪᠠᠨ ᠰᠡᠶᠢᠳᠤᠷ ᠲᠠᠭᠠᠭᠠᠴᠢᠯᠡᠨ᠂ ᠬᠠᠮᠳᠤ ᠨᠡᠶᠢᠳᠡ ᠶᠢᠨ ᠦᠵᠡᠯ ᠢ ᠲᠤᠪᠤᠶᠢᠯᠭᠠᠨ᠂ ᠨᠢᠬᠳᠡ ᠬᠠᠪᠰᠤᠷᠤᠯᠴᠡᠨ᠂ ᠬᠦᠴᠤᠯᠡᠨ ᠬᠤᠷᠤᠰᠢᠨ᠂ ᠤᠷᠢᠳᠴᠢᠯᠡᠨ ᠰᠡᠷᠬᠡᠶᠢᠯᠡᠬᠦ ᠪᠤᠯᠤᠨ ᠤᠢ ᠰᠢᠭᠤᠢ ᠲᠡᠯ᠎ᠡ ᠨᠤᠳᠤᠭ ᠤᠨ ᠭᠠᠯ ᠤᠨᠳᠠᠷᠭᠠᠬᠤ ᠠᠵᠢᠯᠯᠠᠭ᠎ᠠ ᠶᠢᠨ ᠨᠢᠬᠳᠡᠷᠡᠯ ᠤᠨ ᠬᠦᠭᠵᠢᠯ ᠢ ᠪᠤᠢ ᠪᠤᠯᠭᠠᠨ᠎ᠠ᠃     ᠠᠷᠪᠡᠨ ᠨᠢᠬᠡ᠂ ᠶᠡᠮᠡᠷᠪᠡ ᠪᠡᠶᠢᠭᠤᠯᠭ᠎ᠠ ᠬᠢᠬᠡᠳ ᠬᠤᠪᠢ ᠬᠦᠮᠦᠨ ᠤᠢ ᠰᠢᠭᠤᠢ ᠲᠡᠯ᠎ᠡ ᠨᠤᠳᠤᠭ ᠤᠨ ᠭᠠᠯ ᠤᠨ ᠠᠶᠤᠯ ᠢ ᠰᠡᠷᠡᠵᠤ ᠮᠡᠳᠡᠭᠰᠡᠨ ᠪᠤᠯ ᠡᠷᠬᠡᠪᠰᠢ ᠨᠢᠬᠡᠳᠤᠬᠡᠷ ᠴᠠᠭ ᠲᠤ ᠲᠤᠰ ᠪᠠᠯᠭᠠᠰᠤᠨ ᠤ ᠤᠢ ᠰᠢᠭᠤᠢ ᠲᠡᠯ᠎ᠡ ᠨᠤᠳᠤᠭ ᠤᠨ ᠭᠠᠯ ᠰᠡᠷᠬᠡᠶᠢᠯᠡᠬᠦ ᠤᠳᠤᠷᠢᠳᠬᠤ ᠺᠤᠮᠢᠰ ᠡᠰᠡᠬᠦᠯ᠎ᠡ ᠬᠤᠰᠢᠭᠤᠨ ᠤ ᠤᠢ ᠰᠢᠭᠤᠢ ᠲᠡᠯ᠎ᠡ ᠨᠤᠳᠤᠭ ᠤᠨ ᠭᠠᠯ ᠤᠨ ᠠᠶᠤᠯ ᠢ ᠰᠡᠷᠬᠡᠶᠢᠯᠡᠬᠦ ᠺᠤᠮᠢᠰ ᠤᠨ ᠠᠯᠪᠡᠨ ᠬᠡᠷ ᠲᠤ ᠮᠡᠳᠡᠬᠦᠯᠬᠦ ᠬᠡᠷᠡᠭᠳᠡᠢ᠃ ᠴᠠᠬᠳᠡᠨ ᠮᠡᠳᠡᠭᠳᠡᠬᠦ ᠤᠳᠠᠰᠤ ᠄ 12119. 0477 —8690579 ᠶᠡᠮᠡᠷᠪᠡ ᠪᠡᠶᠢᠭᠤᠯᠭ᠎ᠠ ᠬᠢᠬᠡᠳ᠂ ᠬᠤᠪᠢ ᠬᠦᠮᠦᠨ ᠬᠠᠷᠡᠮᠵᠢ ᠦᠬᠡᠢ ᠪᠠᠷ ᠴᠠᠬᠳᠡᠨ ᠮᠡᠳᠡᠬᠦ ᠳᠤ ᠬᠠᠪᠰᠤᠷᠤᠮᠵᠢ ᠦᠭᠬᠦ ᠬᠡᠷᠡᠭᠳᠡᠢ᠃ ᠤᠢ ᠰᠢᠭᠤᠢ ᠲᠡᠯ᠎ᠡ ᠨᠤᠳᠤᠭ ᠤᠨ ᠭᠠᠯ ᠤᠨ ᠴᠠᠬᠳᠡᠯᠳᠡ ᠳᠤ  ᠬᠤᠳᠡᠯ ᠮᠡᠳᠡᠬᠦᠯᠬᠦ᠂ ᠲᠤᠷ᠎ᠠ ᠪᠠᠷ ᠮᠡᠳᠡᠬᠦᠯᠬᠦ᠂ ᠨᠢᠭᠤᠭᠠᠳ ᠮᠡᠳᠡᠬᠦᠯᠬᠦ ᠦᠬᠡᠢ ᠶᠢ ᠡᠷᠡᠰ ᠴᠠᠭᠠᠵᠠᠯᠠᠨ᠎ᠠ᠃    ᠡᠵᠡᠨ ᠬᠤᠷᠤᠭ᠎ᠠ ᠬᠤᠰᠢᠭᠤᠨ ᠤ ᠠᠷᠡᠳ ᠤᠨ ᠵᠠᠰᠠᠭ ᠤᠨ ᠤᠷᠳᠤᠨ ᠤ ᠬᠤᠰᠢᠭᠤ ᠲᠠᠷᠤᠭ᠎ᠠ   ᠬᠤᠸ᠋ᠨ ᠷᠦᠢ ᠹᠸᠡᠭ                         2017 ᠤᠨ ᠤ 3 ᠰᠡᠷ᠎ᠡ ᠶᠢᠨ22᠎ ᠤ ᠡᠳᠤᠷ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号