ᠵᠢᠷᠬᠢᠶ᠎ᠠ ᠪᠠᠰᠠ ᠨᠢᠭᠡᠨ ᠰᠢᠨ᠎ᠠ ᠴᠢᠳᠠᠮᠵᠢ ᠲᠠᠢ ᠪᠤᠯᠪᠠ
ᠨᠡᠶᠢᠲᠡᠯᠡᠭᠰᠡᠨ ᠴᠠᠭ᠄
2019-12-11
     ᠵᠢᠷᠬᠢᠶ᠎ᠠ ᠶᠢᠨ ᠲᠤᠭᠠᠴᠠᠭ᠎ᠠ ᠬᠢᠬᠦ ᠳᠤ ᠪᠠᠰᠠ ᠨᠢᠭᠡᠨ ᠰᠢᠨ᠎ᠠ ᠴᠢᠳᠠᠮᠵᠢ ᠨᠡᠮᠡᠭᠳᠡᠵᠤ᠂ ᠭᠠᠷ ᠤᠳᠠᠰᠤᠨ ᠤ ᠨᠤᠮᠧᠷ ᠢᠶᠠᠷ ᠲᠠᠮᠵᠢᠨ ᠲᠠᠩᠰᠠ ᠰᠢᠯᠵᠢᠬᠦᠯᠵᠤ ᠲᠡᠶᠢᠯᠬᠦ ᠪᠤᠯᠤᠯ᠎ᠠ᠃      10 ᠰᠠᠷ᠎ᠠ ᠶᠢᠨ 23᠎ ᠤ ᠡᠳᠦᠷ᠂ ᠵᠢᠷᠬᠢᠶ᠎ᠠ ᠶᠢᠨ ᠲᠤᠭᠠᠴᠠᠭ᠎ᠠ ᠬᠢᠬᠦ ᠳᠤ ︽ᠭᠠᠷ ᠤᠳᠠᠰᠤᠨ ᠤ ᠨᠤᠮᠧᠷ ᠢᠶᠠᠷ ᠨᠠᠮ᠎ᠠ ᠳᠤ ᠲᠠᠩᠰᠠ ᠰᠢᠯᠵᠢᠬᠦᠯᠵᠤ ᠪᠤᠯᠤᠨ᠎ᠠ︾ ᠭᠡᠬᠦ ᠴᠢᠳᠠᠮᠵᠢ ᠶᠢ ᠨᠡᠭᠡᠭᠡᠪᠡ᠃ ᠭᠡᠷᠪᠡ ᠭᠡᠷᠡᠭᠯᠡᠭᠴᠢ ᠡᠨᠡ ᠬᠦ ᠴᠢᠳᠠᠮᠵᠢ ᠶᠢ ᠨᠡᠭᠡᠭᠡᠭᠰᠡᠨ ᠪᠠᠶᠢᠪᠠᠯ ᠦᠭᠡᠷ᠎ᠠ ᠪᠤᠰᠤᠳ ᠲᠠᠨ ᠢ ᠰᠠᠶᠢᠨ ᠨᠠᠶᠢᠵᠠ ᠪᠠᠷ ᠵᠠᠯᠭᠠᠭᠰᠠᠨ ᠦᠭᠡᠢ ᠪᠠᠶᠢᠪᠠᠴᠤ ᠵᠢᠷᠬᠢᠶ᠎ᠠ ᠶᠢ ᠴᠢᠨᠢ ᠭᠠᠷ ᠤᠳᠠᠰᠤᠨ ᠤ ᠨᠤᠮᠧᠷ ᠲᠠᠢ ᠪᠠᠨ ᠬᠤᠯᠪᠤᠪᠠᠯ ᠲᠠᠩᠰᠠ ᠰᠢᠯᠵᠢᠬᠦᠯᠵᠤ ᠪᠤᠯᠤᠨ᠎ᠠ᠃ ᠤᠢᠢᠯᠠᠭᠠᠭᠰᠠᠨ ᠢᠶᠠᠷ᠂ ᠲᠤᠰ ᠴᠢᠳᠠᠮᠵᠢ ᠶᠢ ᠡᠨᠡ ᠭᠠᠷᠠᠭ ᠠᠴᠠ ᠡᠬᠢᠯᠡᠨ ᠰᠢᠯᠭᠠᠨ ᠬᠡᠮᠵᠢᠵᠤ᠂ ᠵᠢᠩᠬᠢᠨᠢ ᠪᠠᠷ ᠠᠰᠢᠭᠯᠠᠯᠳᠠ ᠳᠤ ᠤᠷᠤᠭᠤᠯᠬᠤ ᠴᠠᠭ ᠨᠢ ᠲᠤᠭᠳᠠᠭ᠎ᠠ ᠦᠭᠡᠢ᠃      ᠭᠠᠷ ᠤᠳᠠᠰᠤᠨ ᠤ ᠨᠤᠮᠧᠷ ᠢᠶᠠᠷ ᠲᠠᠮᠵᠢᠨ ᠲᠠᠩᠰᠠ ᠰᠢᠯᠵᠢᠬᠦᠯᠬᠦ ᠴᠢᠳᠠᠮᠵᠢ ᠶᠢ ᠬᠡᠷᠬᠢᠨ ᠨᠡᠭᠡᠭᠡᠬᠦ ᠪᠤᠢ︖      ᠭᠠᠷ ᠤᠳᠠᠰᠤᠨ ᠤ ᠨᠤᠮᠧᠷ ᠢᠶᠠᠷ ᠲᠠᠮᠵᠢᠨ ᠲᠠᠩᠰᠠ ᠰᠢᠯᠵᠢᠬᠦᠯᠬᠦ ᠴᠢᠳᠠᠮᠵᠢ ᠶᠢ ᠬᠡᠷᠡᠭᠯᠡᠬᠦ ᠭᠡᠪᠡᠯ ᠵᠢᠷᠬᠢᠶ᠎ᠠ ᠪᠠᠨ ᠬᠠᠮᠤᠭ ᠰᠢᠨ᠎ᠠ ᠭᠡᠪᠯᠡᠯ ᠪᠤᠯᠭᠠᠨ ᠰᠢᠨᠡᠴᠢᠯᠡᠭᠰᠡᠨ ᠬᠤᠶᠢᠨ᠎ᠠ ᠵᠢᠷᠬᠢᠶ᠎ᠠ ᠶᠢᠨ ᠲᠤᠭᠠᠴᠠᠭ᠎ᠠ ᠬᠢᠬᠦ ᠬᠠᠮᠢᠶᠠᠷᠤᠯᠳᠠ ᠪᠠᠷ ᠲᠠᠮᠵᠢᠨ ︽ᠭᠠᠷ ᠤᠳᠠᠰᠤᠨ ᠤ ᠨᠤᠮᠧᠷ ᠢᠶᠠᠷ ᠲᠠᠮᠵᠢᠨ ᠨᠠᠮ᠎ᠠ ᠳᠤ ᠲᠠᠩᠰᠠ ᠰᠢᠯᠵᠢᠬᠦᠯᠵᠤ ᠪᠤᠯᠤᠨ᠎ᠠ︾ ᠭᠡᠬᠦ ᠴᠢᠳᠠᠮᠵᠢ ᠶᠢ ᠨᠡᠭᠡᠭᠡᠨ᠎ᠠ᠃      ᠬᠦᠮᠦᠨ ᠪᠦᠬᠦᠨ ᠳᠤ ᠪᠦᠷ ᠭᠠᠷ ᠤᠳᠠᠰᠤᠨ ᠤ ᠨᠤᠮᠧᠷ ᠢᠶᠠᠷ ᠲᠠᠩᠰᠠ ᠰᠢᠯᠵᠢᠬᠦᠯᠵᠤ ᠪᠤᠯᠬᠤ ᠤᠤ︖      ︽ᠭᠠᠷ ᠤᠳᠠᠰᠤᠨ ᠤ ᠨᠤᠮᠧᠷ ᠢᠶᠠᠷ ᠲᠠᠮᠵᠢᠨ ᠨᠠᠮ᠎ᠠ ᠳᠤ ᠲᠠᠩᠰᠠ ᠰᠢᠯᠵᠢᠬᠦᠯᠵᠤ ᠪᠤᠯᠤᠨ᠎ᠠ︾ ᠭᠡᠬᠦ ᠵᠢᠷᠬᠢᠶ᠎ᠠ ᠶᠢᠨ ᠴᠢᠳᠠᠮᠵᠢ ᠶᠢ ᠨᠡᠭᠡᠭᠡᠮᠠᠨᠵᠢᠨ ᠰᠠᠶ᠋ᠢ ᠭᠠᠷ ᠤᠳᠠᠰᠤᠨ ᠤ ᠨᠤᠮᠧᠷ ᠢᠶᠠᠷ ᠪᠤᠰᠤᠳ ᠲᠤ ᠲᠠᠩᠰᠠ ᠰᠢᠯᠵᠢᠬᠦᠯᠵᠤ ᠪᠤᠯᠤᠨ᠎ᠠ᠃      ᠵᠢᠷᠬᠢᠶ᠎ᠠ ᠲᠡᠭᠡᠷ᠎ᠠ ᠲᠠᠩᠰᠠ ᠰᠢᠯᠵᠢᠬᠦᠯᠬᠦ ᠳᠤ ᠠᠳᠡᠭᠦᠷᠡᠭᠡᠳ ᠦᠭᠡᠷ᠎ᠠ ᠬᠦᠮᠦᠨ ᠳᠤ ᠶᠠᠪᠤᠭᠤᠯᠤᠭᠰᠠᠨ ᠪᠠᠶᠢᠪᠠᠯ ᠬᠡᠷᠬᠢᠬᠦ ᠪᠤᠢ︖      ᠵᠢᠷᠬᠢᠶ᠎ᠠ ᠲᠡᠭᠡᠷ᠎ᠠ ᠲᠡᠩᠰᠠ ᠰᠢᠯᠵᠢᠬᠦᠯᠬᠦ ᠳᠤ ᠭᠡᠷᠪᠡ ᠭᠠᠷ ᠤᠳᠠᠰᠤᠨ ᠨᠤᠮᠧᠷ ᠨᠢ ᠪᠤᠷᠤᠭᠤᠳᠠᠭᠰᠠᠨ ᠪᠤᠯ ᠲᠠᠨ ᠳᠤ ᠰᠠᠨᠠᠭᠤᠯᠤᠮᠵᠢ ᠦᠭᠬᠦᠨ᠎ᠠ᠂ ᠭᠡᠪᠡᠴᠤ ᠭᠠᠷ ᠤᠳᠠᠰᠤ ᠪᠠᠷ ᠲᠠᠮᠵᠢᠨ ᠲᠠᠩᠰᠠ ᠰᠢᠯᠵᠢᠬᠦᠯᠦᠭᠰᠡᠨ ᠬᠤᠶᠢᠨ᠎ᠠ ᠪᠤᠴᠠᠭᠠᠵᠤ ᠠᠪᠴᠤ ᠲᠡᠶᠢᠯᠬᠦ ᠦᠭᠡᠢ ᠶᠤᠮ᠃ ᠭᠡᠷᠪᠡ ᠤᠨᠳᠤᠤ ᠬᠦᠮᠦᠨ ᠳᠤ ᠡ᠊ᠨᠳᠡᠬᠦᠤ ᠶᠠᠪᠤᠭᠤᠯᠤᠭᠰᠠᠨ ᠪᠠᠶᠢᠪᠠᠯ ᠵᠤᠭᠤᠰ ᠬᠤᠷᠢᠶᠠᠬᠰᠠᠨ ᠡᠳᠡᠭᠡᠳ ᠲᠠᠢ ᠵᠦᠪᠳᠡᠯᠴᠡᠨ ᠰᠢᠢᠳᠪᠤᠷᠢᠯᠡᠵᠤ ᠪᠤᠯᠤᠨ᠎ᠠ᠂ ᠭᠡᠷᠪᠡ ᠨᠦᠬᠦᠭᠡ ᠡᠳᠡᠭᠡᠳ ᠵᠤᠭᠤᠰ ᠢ ᠴᠢᠨᠢ ᠪᠤᠴᠠᠭᠠᠬᠤ ᠦᠭᠡᠢ ᠪᠤᠯ ᠬᠠᠤᠯᠢ ᠪᠠᠷ ᠰᠢᠢᠳᠪᠤᠷᠢᠯᠡᠵᠤ ᠪᠤᠯᠤᠨ᠎ᠠ᠃
 
ᠢᠷᠡᠯᠲᠡ᠄ ᠤᠷᠳᠤᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
">