ᠬᠤᠯᠤᠭᠠᠨ᠎ᠠ ᠶᠢᠨ ᠬᠢᠵᠢᠭ ᠢ ᠰᠡᠷᠭᠡᠶᠢᠯᠡᠨ ᠵᠠᠰᠠᠬᠤ ᠰᠢᠨᠵᠢᠯᠡᠬᠦ ᠤᠬᠠᠭᠠᠨ ᠮᠡᠷᠭᠡᠵᠢᠯ ᠢ ᠲᠥᠭᠡᠮᠡᠯᠵᠢᠬᠦᠯᠬᠦ ᠮᠡᠲᠡᠯᠭᠡ ᠶᠢᠨ ᠠᠰᠠᠭᠤᠯᠲᠠ ᠬᠠᠷᠢᠭᠤᠯᠲᠠ ︵ᠨᠢᠭᠡ︶
ᠨᠡᠶᠢᠲᠡᠯᠡᠭᠰᠡᠨ ᠴᠠᠭ᠄
2019-12-11
    ᠨᠢᠭᠡ᠂ ᠡᠩ ᠤᠨ ᠤᠯᠠᠨ ᠲᠥᠮᠡᠨ ᠳᠤ ᠬᠠᠨᠲᠤᠭᠤᠯᠤᠭᠰᠠᠨ ᠮᠡᠳᠡᠯᠭᠡ     1᠂ ᠶᠠᠭᠤ ᠶᠢ ᠬᠤᠯᠤᠭᠠᠨ᠎ᠠ ᠶᠢᠨ ᠬᠢᠵᠢᠭ ᠭᠡᠬᠦ ᠪᠤᠢ︖      ᠬᠤᠯᠤᠭᠠᠨ᠎ᠠ ᠶᠢᠨ ᠬᠢᠵᠢᠭ ᠪᠤᠯ ᠬᠤᠯᠤᠭᠠᠨ᠎ᠠ ᠶᠢᠨ ᠬᠢᠵᠢᠭ ᠤᠨ ᠰᠠᠪᠬᠠᠨᠴᠢᠷ  ᠪᠠᠺᠲ᠋ᠧᠷᠢ ᠠᠴᠠ ᠡᠬᠦᠰᠥᠭᠰᠡᠨ ᠨᠢᠭᠡ ᠵᠥᠢᠯ ᠤᠨ ᠡᠪᠡᠳᠴᠢᠨ ᠡᠬᠦᠰᠭᠦ ᠨᠢ ᠲᠥᠷᠭᠡᠨ᠂ ᠬᠠᠯᠲᠠᠪᠤᠷᠢᠯᠠᠬᠤ ᠴᠢᠨᠠᠷ ᠢᠶᠠᠷ ᠴᠢᠩᠭ᠎ᠠ᠂ ᠥᠬᠦᠬᠦ ᠨᠤᠷᠮ᠎ᠠ ᠪᠠᠷ ᠥᠨᠲᠤᠷ ᠬᠠᠯᠲᠠᠪᠤᠷᠢᠲᠤ ᠡᠪᠡᠳᠴᠢᠨ ᠪᠤᠯᠤᠨ᠎ᠠ᠃ ︽ᠪᠥᠬᠦᠲᠠ ᠨᠠᠶᠢᠷᠠᠮᠲᠠᠬᠤ ᠲᠤᠮᠲᠠᠲᠤ ᠠᠷᠠᠳ ᠤᠯᠤᠰ ᠤᠨ ᠬᠠᠯᠲᠠᠪᠤᠷᠢᠲᠤ ᠡᠪᠡᠳᠴᠢᠨ ᠢ ᠰᠡᠷᠭᠡᠶᠢᠯᠡᠨ ᠵᠠᠰᠠᠬᠤ ᠬᠠᠤᠯᠢ︾᠎ ᠳᠤ ᠬᠤᠯᠤᠭᠠᠨ᠎ᠠ ᠶᠢᠨ ᠬᠢᠵᠢᠭ ᠢ ᠬᠦᠭᠡ ᠲᠥᠷᠥᠯ ᠤᠨ ᠬᠠᠯᠲᠠᠪᠤᠷᠢᠲᠤ ᠡᠪᠡᠳᠴᠢᠨ ᠢᠶᠠᠷ ᠵᠢᠭᠰᠠᠭᠠᠵᠠᠢ᠃      2᠂ ᠬᠤᠯᠤᠭᠠᠨ᠎ᠠ ᠶᠢᠨ ᠬᠢᠵᠢᠭ ᠤᠨ ᠭᠤᠤᠯ ᠬᠠᠯᠲᠠᠪᠤᠷᠢᠯᠠᠬᠤ ᠰᠤᠷᠪᠤᠯᠵᠢ ᠪᠤᠯᠤᠨ ᠬᠠᠯᠲᠠᠪᠤᠷᠢᠯᠠᠬᠤ ᠵᠠᠮ ᠨᠢ ᠶᠠᠭᠤ ᠪᠤᠢ︖      ᠬᠤᠯᠤᠭᠠᠨ᠎ᠠ ᠶᠢᠨ ᠬᠢᠵᠢᠭ ᠤᠨ ᠰᠠᠪᠬᠠᠨᠴᠢᠷ  ᠪᠠᠺᠲ᠋ᠧᠷᠢ ᠳᠤ ᠨᠡᠷᠪᠡᠭᠳᠡᠬᠦ ᠬᠤᠯᠤᠭᠠᠨ᠎ᠠ ᠶᠢᠨ ᠲᠥᠷᠥᠯ ︵ᠲᠠᠷᠪᠠᠭ᠎ᠠ︶᠂ ᠭᠡᠭᠡᠷ᠎ᠠ ᠶᠢᠨ ᠲᠠᠤᠯᠠᠢ᠂ ᠥᠨᠡᠭᠡ᠂ ᠴᠢᠨ᠋ᠸ᠎ᠠ᠂ ᠨᠤᠬᠠᠢ᠂ ᠮᠤᠤᠷ᠂ ᠵᠡᠭᠡᠷ᠎ᠠ ᠵᠡᠷᠭᠡ ᠠᠮᠢᠲᠠᠨ ᠪᠤᠯ ᠬᠤᠯᠤᠭᠠᠨ᠎ᠠ ᠶᠢᠨ ᠬᠢᠵᠢᠭ ᠤᠨ ᠭᠤᠤᠯ ᠬᠢᠵᠢᠭ ᠬᠠᠯᠳᠠᠪᠤᠷᠢᠯᠠᠬᠤ ᠠᠮᠢᠲᠠᠨ ᠮᠥᠨ᠂ ᠪᠠᠰᠠ ᠴᠥ ᠬᠢᠵᠢᠭ ᠤᠨ ᠰᠤᠷᠪᠤᠯᠵᠢ ᠶᠢᠨ ᠠᠮᠢᠲᠠᠨ ᠬᠡᠲᠡᠭ᠃ ᠬᠤᠯᠤᠭᠠᠨ᠎ᠠ ᠶᠢᠨ ᠬᠢᠵᠢᠭ ᠨᠢ ᠪᠠᠰᠠ ᠠᠭᠤᠰᠬᠢᠨ ᠤ ᠬᠤᠯᠤᠭᠠᠨ᠎ᠠ ᠶᠢᠨ ᠬᠢᠵᠢᠭ ᠤᠨ ᠡᠪᠡᠳᠴᠢᠲᠠᠨ ᠢᠶᠠᠷ ᠲᠠᠮᠵᠢᠭᠤᠯᠤᠨ ᠬᠥᠮᠥᠨ ᠳᠤ ᠬᠠᠯᠲᠠᠪᠤᠷᠢᠯᠠᠨ᠎ᠠ᠃ ᠡᠲᠥᠷ ᠲᠤᠲᠤᠮ ᠤᠨ ᠥᠢᠯᠡᠳᠪᠤᠷᠢᠯᠠᠯ ᠠᠮᠢᠲᠤᠷᠠᠯ ᠲᠤᠮᠲᠠ ᠬᠤᠯᠤᠭᠠᠨ᠎ᠠ ᠶᠢᠨ ᠬᠢᠵᠢᠭ ᠬᠠᠯᠲᠠᠪᠤᠷᠢᠯᠠᠬᠤ ᠭᠤᠤᠯ ᠪᠤᠯᠬᠤ ᠵᠠᠮ ᠳᠤ᠄ ᠨᠢᠭᠡ ᠨᠢ ᠨᠤᠬᠠᠢ ᠶᠢᠨ ᠪᠥᠭᠡᠰᠥᠨ ᠳᠤ ᠬᠠᠵᠠᠭᠲᠠᠬᠤ ᠪᠠᠷ ᠲᠠᠮᠵᠢᠨ ᠬᠠᠯᠲᠠᠪᠤᠷᠢᠯᠡᠨ᠎ᠠ᠃ ᠨᠤᠬᠠᠢ ᠶᠢᠨ ᠪᠥᠭᠡᠰᠥ ᠨᠢ ᠬᠤᠯᠤᠭᠠᠨ᠎ᠠ ᠶᠢᠨ ᠬᠢᠵᠢᠭ ᠲᠤ ᠨᠡᠷᠪᠡᠭᠳᠡᠭᠰᠡᠤᠨ ᠪᠤᠶᠤ ᠬᠤᠯᠤᠭᠠᠨ᠎ᠠ ᠶᠢᠨ ᠬᠢᠵᠢᠭ ᠲᠤ ᠨᠡᠷᠪᠡᠭᠳᠡᠭᠰᠡᠨ ᠠᠮᠢᠲᠠᠨ ᠢ ᠬᠠᠵᠠᠭᠰᠠᠨ ᠤ ᠲᠠᠷᠠᠭ᠎ᠠ᠂ ᠲᠠᠬᠢᠨ ᠬᠥᠮᠥᠨ ᠢ ᠬᠠᠵᠠᠪᠠᠯ᠂ ᠬᠥᠮᠥᠨ ᠳᠤ ᠡᠨᠡ ᠬᠦ ᠡᠪᠡᠳᠴᠢᠨ ᠤ ᠪᠠᠺᠲ᠋ᠧᠷᠢ ᠬᠠᠯᠲᠠᠪᠤᠷᠢᠯᠠᠨ᠎ᠠ᠃ ᠬᠤᠶᠠᠷ ᠲᠤ ᠰᠢᠭᠤᠳ ᠬᠥᠷᠥᠯᠴᠡᠬᠦ ᠪᠠᠷ ᠲᠠᠮᠵᠢᠭᠤᠯᠤᠨ ᠬᠠᠯᠲᠠᠪᠤᠷᠢᠯᠠᠨ᠎ᠠ᠃ ᠬᠥᠮᠥᠰ ᠠᠪᠠ ᠠᠩᠨᠠᠬᠤ᠂ ᠠᠯᠠᠵᠥ ᠨᠢᠲᠤᠯᠬᠤ᠂ ᠬᠤᠯᠤᠭᠠᠨ᠎ᠠ ᠶᠢᠨ ᠬᠢᠵᠢᠭ ᠲᠤ ᠨᠡᠷᠪᠡᠭᠳᠡᠭᠰᠡᠨ ᠠᠮᠢᠲᠠᠨ ᠢ ᠰᠢᠢᠳᠪᠤᠷᠢᠯᠡᠬᠦ ᠥᠶ᠎ᠠ ᠬᠤᠯᠤᠭᠠᠨ᠎ᠠ ᠶᠢᠨ ᠬᠢᠵᠢᠭ ᠤᠨ ᠰᠠᠪᠬᠠᠨᠴᠢᠷ  ᠪᠠᠺᠲ᠋ᠧᠷᠢ ᠨᠢ ᠬᠥᠮᠥᠰ ᠤᠨ ᠠᠷᠠᠰᠥᠨ ᠲᠡᠭᠡᠷᠡᠬᠢ ᠰᠢᠷᠬ᠎ᠠ ︵ᠲᠥᠢᠯ ᠤᠨ ᠵᠢᠵᠢᠭ ᠰᠢᠷᠬ᠎ᠠ︶᠎ ᠪᠠᠷ ᠲᠠᠮᠵᠢᠨ ᠬᠥᠮᠥᠨ ᠤ ᠪᠡᠶ᠎ᠠ ᠳᠤ ᠤᠷᠤᠵᠥ᠂ ᠬᠥᠮᠥᠰ ᠲᠤ ᠬᠠᠯᠲᠠᠪᠤᠷᠢᠯᠠᠨ᠎ᠠ᠃ ᠭᠤᠷᠪᠠ ᠳᠤ ᠰᠢᠯᠥᠰᠥ ᠪᠠᠷ ᠲᠠᠮᠵᠢᠭᠤᠯᠤᠨ ᠬᠠᠯᠲᠠᠪᠤᠷᠢᠯᠠᠨ᠎ᠠ᠃ ᠠᠭᠤᠰᠬᠢᠨ ᠤ ᠬᠤᠯᠤᠭᠠᠨ᠎ᠠ ᠶᠢᠨ ᠬᠢᠵᠢᠭ ᠤᠨ ᠡᠪᠡᠳᠴᠢᠲᠠᠨ ᠪᠤᠶᠤ ᠠᠮᠢᠲᠠᠨ ᠠᠮᠢᠰᠬᠤᠬᠤ᠂ ᠬᠠᠨᠢᠶᠠᠬᠤ ᠵᠡᠷᠭᠡ ᠪᠠᠷ ᠲᠠᠮᠵᠢᠭᠤᠯᠤᠨ ᠬᠤᠯᠤᠭᠠᠨ᠎ᠠ ᠶᠢᠨ ᠬᠢᠵᠢᠭ ᠤᠨ ᠰᠠᠪᠬᠠᠨᠴᠢᠷ  ᠪᠠᠺᠲ᠋ᠧᠷᠢ ᠶᠢ ᠡᠷᠭᠢᠨ ᠲᠤᠭᠤᠷᠢᠨ ᠤ ᠠᠭᠠᠷ ᠲᠤ ᠲᠠᠷᠬᠠᠭᠠᠵᠦ᠂ ᠠᠭᠤᠰᠬᠢᠨ ᠤ ᠬᠤᠯᠤᠭᠠᠨ᠎ᠠ ᠶᠢᠨ ᠬᠢᠵᠢᠭ ᠢ ᠲᠠᠮᠵᠢᠭᠤᠯᠤᠨ᠎ᠠ᠃      3᠂ ᠶᠠᠮᠠᠷ ᠶᠠᠮᠠᠷ ᠠᠵᠢᠯᠯᠠᠭ᠎ᠠ ᠨᠢ ᠬᠤᠯᠤᠭᠠᠨ᠎ᠠ ᠶᠢᠨ ᠬᠢᠵᠢᠭ ᠲᠤ ᠨᠡᠷᠪᠡᠭᠳᠡᠬᠦ ᠲᠦᠭᠰᠢᠬᠦᠷᠢ ᠶᠢ ᠨᠡᠮᠡᠭᠳᠡᠬᠦᠯᠳᠡᠭ ᠪᠤᠢ︖     ᠬᠦᠮᠦᠰ ᠬᠤᠯᠤᠭᠠᠨ᠎ᠠ ᠶᠢᠨ ᠬᠢᠵᠢᠭ ᠢ ᠠᠶᠠᠨᠳᠠᠭᠠᠨ ᠡᠰᠡᠷᠬᠦᠴᠡᠬᠦ ᠴᠢᠳᠠᠪᠤᠷᠢ ᠪᠠᠶᠢᠬᠤ ᠦᠭᠡᠢ᠂ ᠲᠤᠬᠠᠢᠢᠯᠠᠪᠠᠯ ᠲᠤᠤᠷᠠᠬᠢ ᠠᠵᠢᠯᠯᠠᠭ᠎ᠠ ᠳᠤ ᠬᠤᠯᠤᠭᠠᠨ᠎ᠠ ᠶᠢᠨ ᠬᠢᠵᠢᠭ ᠲᠤ ᠨᠡᠷᠪᠡᠭᠳᠡᠬᠦ ᠲᠦᠭᠰᠢᠬᠦᠷᠢ ᠨᠡᠮᠡᠭᠳᠡᠳᠡᠭ᠃      ︵1︶ ᠬᠢᠵᠢᠭ ᠭᠡᠮ ᠲᠠᠢ ᠠᠮᠢᠳᠠᠨ ᠢ ᠠᠩᠨᠠᠬᠤ︔      ︵2︶ ᠬᠢᠵᠢᠭ ᠭᠡᠮ ᠲᠠᠢ ᠠᠮᠢᠳᠠᠨ ᠤ ᠠᠷᠠᠰᠦ ᠶᠢ ᠦᠪᠴᠢᠬᠦ᠂ ᠰᠢᠢᠳᠪᠦᠷᠢᠯᠡᠬᠦ︔      ︵3︶ ᠬᠢᠵᠢᠭ ᠭᠡᠮ ᠲᠠᠢ ᠠᠮᠢᠳᠠᠨ ᠪᠠ ᠲᠡᠬᠦᠨ ᠤ ᠪᠦᠳᠦᠭᠡᠭᠳᠡᠬᠦᠨ ᠢ ᠠᠪᠴᠦ ᠶᠠᠪᠤᠬᠤ︔     ︵4︶ ᠬᠤᠯᠤᠭᠠᠨ᠎ᠠ ᠶᠢᠨ ᠬᠢᠵᠢᠭ ᠡᠭᠦᠰᠦᠭᠰᠡᠨ ᠭᠠᠵᠠᠷ ᠲᠤ ᠬᠢᠵᠢᠭ ᠢᠶᠠᠷ ᠦᠭᠦᠭᠰᠡᠨ ᠬᠤᠯᠤᠭᠠᠨ᠎ᠠ ᠶᠢᠨ ᠲᠦᠷᠦᠯ ︵ᠲᠠᠷᠪᠠᠭ᠎ᠠ︶᠂ ᠭᠡᠭᠡᠷ᠎ᠠ ᠶᠢᠨ ᠲᠠᠤᠯᠠᠢ᠂ ᠦᠨᠡᠭᠡ᠂ ᠨᠤᠬᠠᠢ᠂ ᠮᠤᠤᠷ᠂ ᠵᠡᠭᠡᠷ᠎ᠠ ᠵᠡᠷᠭᠡ ᠠᠮᠢᠳᠠᠨ ᠲᠠᠢ ᠤᠢᠢᠷᠠᠳᠤᠬᠤ︔     ︵5︶ ᠬᠤᠯᠤᠭᠠᠨ᠎ᠠ ᠶᠢᠨ ᠬᠢᠵᠢᠭ ᠡᠭᠦᠰᠦᠭᠰᠡᠨ ᠭᠠᠵᠠᠷ ᠤᠨ ᠬᠤᠯᠤᠭᠠᠨ᠎ᠠ ᠶᠢᠨ ᠲᠦᠷᠦᠯ ︵ᠲᠠᠷᠪᠠᠭ᠎ᠠ︶᠂ ᠭᠡᠭᠡᠷ᠎ᠠ ᠶᠢᠨ ᠲᠠᠤᠯᠠᠢ ᠵᠡᠷᠭᠡ ᠠᠮᠢᠳᠠᠨ ᠤ ᠨᠦᠭᠡᠨ ᠤ ᠤᠢᠢᠷ᠎ᠠ ᠬᠠᠪᠢ ᠪᠠᠷ ᠠᠮᠠᠷᠠᠬᠤ᠂ ᠠᠮᠢᠳᠠᠨ ᠤ ᠨᠦᠭᠡ ᠶᠢ ᠤᠬᠤᠵᠦ ᠮᠠᠯᠳᠠᠬᠤ︔      ︵6︶ ᠬᠤᠪᠢ ᠪᠡᠶ᠎ᠠ ᠶᠢᠨ ᠰᠡᠷᠭᠡᠶᠢᠯᠡᠯᠳᠡ ᠬᠢᠭᠰᠡᠨ ᠦᠭᠡᠢ ᠪᠠᠶᠢᠳᠠᠯ ᠲᠤᠤᠷ᠎ᠠ᠂ ᠠᠭᠤᠰᠬᠢᠨ ᠤ ᠬᠤᠯᠤᠭᠠᠨ᠎ᠠ ᠶᠢᠨ ᠬᠢᠵᠢᠭ ᠲᠠᠢ ᠡᠪᠡᠳᠴᠢᠳᠡᠨ ᠲᠠᠢ ᠨᠢᠬᠳᠠ ᠤᠢᠢᠷᠠᠳᠤᠬᠤ᠃      4᠂ ᠬᠤᠯᠤᠭᠠᠨ᠎ᠠ ᠶᠢᠨ ᠬᠢᠵᠢᠭ ᠡᠭᠦᠰᠦᠭᠰᠡᠨ ᠭᠠᠵᠠᠷ ᠢᠶᠠᠷ ᠵᠤᠭᠠᠴᠠᠬᠤ ᠳᠤ ᠶᠠᠭᠤ ᠶᠢ ᠠᠩᠬᠠᠷᠬᠤ ᠴᠢᠬᠤᠯᠠᠲᠠᠢ ᠪᠤᠢ︖      ︵1︶ ᠬᠢᠵᠢᠭ ᠡᠭᠦᠰᠦᠭᠰᠡᠨ ᠭᠠᠵᠠᠷ ᠤᠨ ᠠᠮᠢᠲᠠᠨ ᠢ ᠠᠩᠨᠠᠬᠤ ᠥᠭᠡᠢ︔      ︵2︶ ᠬᠢᠵᠢᠭ ᠡᠭᠦᠰᠦᠭᠰᠡᠨ ᠭᠠᠵᠠᠷ ᠤᠨ ᠠᠮᠢᠲᠠᠨ ᠤ ᠠᠷᠠᠰᠦ ᠶᠢ ᠦᠪᠴᠢᠵᠦ ᠴᠢᠨᠠᠵᠦ ᠪᠤᠯᠭᠤᠵᠦ ᠢᠲᠡᠬᠦ ᠥᠭᠡᠢ᠂ ᠰᠢᠢᠳᠪᠤᠷᠢᠯᠡᠬᠦ ᠥᠭᠡᠢ︔      ︵3︶ ᠬᠢᠵᠢᠭ ᠡᠭᠦᠰᠦᠭᠰᠡᠨ ᠭᠠᠵᠠᠷ ᠤᠨ ᠠᠮᠢᠲᠠᠨ ᠵᠢᠴᠢ ᠲᠡᠬᠦᠨ ᠤ ᠪᠥᠲᠥᠭᠡᠭᠲᠡᠬᠦᠨ ᠢ ᠨᠢ ᠠᠪᠴᠥ ᠶᠠᠪᠤᠬᠤ ᠥᠭᠡᠢ︔      ︵4︶ ᠬᠢᠵᠢᠭ ᠢᠶᠠᠷ ᠥᠬᠦᠭᠰᠡᠨ ᠬᠤᠯᠤᠭᠠᠨ᠎ᠠ ᠶᠢᠨ ᠲᠥᠷᠥᠯ ︵ᠲᠠᠷᠪᠠᠭ᠎ᠠ︶᠂ ᠬᠡᠭᠡᠷ᠎ᠠ ᠶᠢᠨ ᠲᠠᠤᠯᠠᠢ᠂ ᠥᠨᠡᠭᠡ᠂ ᠴᠢᠨ᠋ᠸ᠎ᠠ᠂ ᠨᠤᠬᠠᠢ᠂ ᠮᠤᠤᠷ ᠵᠡᠷᠭᠡ ᠠᠮᠢᠲᠠᠨ ᠲᠠᠢ ᠤᠢᠢᠷᠠᠳᠤᠬᠤ ᠥᠭᠡᠢ︔      ︵5︶ ᠬᠤᠯᠤᠭᠠᠨ᠎ᠠ ᠶᠢᠨ ᠬᠢᠵᠢᠭ ᠡᠭᠦᠰᠦᠭᠰᠡᠨ ᠭᠠᠵᠠᠷ ᠤᠨ ᠬᠤᠯᠤᠭᠠᠨ᠎ᠠ ᠶᠢᠨ ᠲᠥᠷᠥᠯ ︵ᠲᠠᠷᠪᠠᠭ᠎ᠠ︶᠂ ᠭᠡᠭᠡᠷ᠎ᠠ ᠶᠢᠨ ᠲᠠᠤᠯᠠᠢ ᠵᠡᠷᠭᠡ ᠠᠮᠢᠲᠠᠨ ᠤ ᠨᠥᠭᠡ ᠶᠢᠨ ᠤᠢᠢᠷ᠎ᠠ ᠬᠠᠪᠢ ᠳᠤ ᠠᠮᠠᠷᠠᠬᠤ ᠥᠭᠡᠢ᠂ ᠠᠮᠢᠲᠠᠨ ᠤ ᠨᠥᠭᠡ ᠶᠢ ᠮᠠᠯᠲᠠᠬᠤ ᠥᠭᠡᠢ᠃     
 
ᠢᠷᠡᠯᠲᠡ᠄ ᠤᠷᠳᠤᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号