ᠬᠦᠮᠤᠨ ᠠᠮᠢᠳᠠᠨ ᠨᠠᠶᠢᠷᠰᠠᠭ ᠰᠠᠶᠢᠬᠠᠠ ᠣᠷᠣᠰᠢᠨ ᠠᠮᠢᠳᠤᠷᠠᠭᠰᠠᠨ ᠬᠤᠳᠠ — ᠤᠷᠳᠤᠰ
ᠨᠡᠶᠢᠲᠡᠯᠡᠭᠰᠡᠨ ᠴᠠᠭ᠄
2019-11-29
     ᠲᠠᠩᠰᠤᠭ ᠰᠠᠶᠢᠬᠠᠨ ᠨᠠᠮᠤᠷ ᠬᠡᠵᠤ ᠡᠯᠪᠡᠭ ᠬᠤᠷᠢᠶᠠᠯᠳᠠ ᠶᠢᠨ ᠤᠯᠠᠷᠢᠯ᠂ ᠮᠦᠨ ᠴᠤ ᠬᠦᠮᠤᠨ ᠠᠮᠢᠳᠠᠳ ᠤᠨ ᠪᠠᠶᠠᠰᠤᠯᠳᠥ ᠤᠯᠠᠷᠢᠯ ᠶᠣᠮᠰᠠᠠ᠃ ᠡᠨᠡ ᠬᠦ ᠤᠯᠡᠷᠢᠯ ᠳᠤ ᠮᠠᠯᠴᠢᠨ ᠲᠡᠷᠢᠶᠠᠴᠢᠳ ᠡᠯᠪᠡᠭ ᠬᠤᠷᠢᠶᠠᠯᠳᠠ ᠪᠠᠨ ᠬᠤᠷᠢᠶᠠᠵᠣ᠂ ᠡᠭᠡ ᠪᠠᠶᠢᠭᠠᠯᠢ ᠴᠤ ᠥᠷ᠎ᠡ ᠵᠢᠮᠢᠰ ᠢᠶᠠᠨ ᠠᠮᠢᠳᠠᠨ ᠵᠢᠬᠦᠷᠳᠡᠨ ᠳᠡᠭᠡᠨ ᠪᠡᠯᠡᠭᠯᠡᠡ᠂ ᠪᠠᠶᠢᠭᠠᠯᠢ ᠶᠢᠷᠳᠢᠡᠴᠤ ᠡᠶ᠎ᠡ ᠨᠠᠶᠢᠷᠳᠠᠢ ᠪᠠᠶᠡᠷ ᠴᠡᠩᠬᠡᠯ ᠢᠶᠠᠷ ᠪᠢᠯᠬᠠᠷᠠᠨ᠎ᠠ᠃
    ᠡᠨᠡ ᠬᠡᠳᠤᠨ ᠵᠢᠯ ᠮᠠᠨ ᠤ ᠬᠤᠳᠠ ᠶᠢᠨ ᠬᠢᠨ ᠴᠡᠴᠡᠷᠯᠢᠭᠵᠢᠭᠦᠯᠥᠯᠳᠡ ᠨᠣᠭᠤᠭᠠᠷᠠᠭᠤᠯᠣᠯᠳᠠ ᠶᠢ ᠥᠷᠭᠡᠡ ᠢᠶᠠᠷ ᠥᠷᠨᠢᠭᠦᠯᠵᠥ᠂ ᠢᠯᠠᠩᠭᠤᠶ᠎ᠠ ᠬᠢᠶ᠎ᠡ ᠪᠠᠭᠰᠢ ᠲᠤᠭᠤᠷᠢᠭ ᠪᠠ ᠳ᠋ᠦᠩᠱᠧᠩ ᠲᠤᠭᠤᠷᠢᠭ ᠨᠢ ᠪᠠᠶᠢᠭᠠᠯᠢᠯᠢᠭ ᠥᠵᠡᠰᠬᠦᠯᠡᠩᠳᠥ ᠴᠡᠴᠡᠷᠯᠢᠭ ᠪᠠ ᠠᠭᠤᠳᠠᠮ ᠲᠠᠯᠠᠪᠡᠢ ᠶᠢ ᠠᠯᠢ ᠤᠯᠡᠨ ᠪᠠᠶᠢᠭᠤᠯᠣᠭᠠᠳ ᠵᠡᠬᠡᠯᠢ ᠭᠤᠳᠤᠮᠵᠢ ᠴᠡᠪᠡᠷ ᠴᠡᠮᠴᠡᠭᠡᠷᠭᠡᠡ ᠪᠣᠯᠵᠣ᠂ ᠡᠪᠡᠰᠥ ᠮᠣᠳᠣ ᠬᠠᠯᠢᠭᠤᠷᠠᠠ ᠨᠣᠭᠤᠭᠠᠷᠠᠵᠣ ᠥᠡᠭᠭᠡ ᠶᠢᠨ ᠴᠡᠴᠡᠭ ᠮᠢᠷᠠᠯᠵᠠᠠ ᠲᠡᠯᠭᠡᠷᠡᠭᠰᠡᠡ ᠣᠷᠣᠰᠢᠨ ᠰᠠᠭᠤᠷᠢᠰᠢᠵᠥ ᠠᠮᠢᠳᠤᠷᠠᠬᠤ ᠳᠤ ᠲᠠᠭᠠᠯᠠᠮᠵᠢᠳᠠᠢ ᠪᠤᠯᠪᠠᠰᠤᠨ ᠬᠤᠳᠠ ᠪᠤᠯᠤᠭᠰᠡᠨ ᠪᠠᠶᠢᠨ᠎ᠡ᠃ ᠡᠭᠦᠨ ᠢᠶᠠᠷ ᠪᠠᠷᠠᠬᠤ ᠥᠬᠡᠢ ᠠᠮᠢᠳᠡᠠ ᠵᠢᠬᠦᠷᠳᠡᠨ ᠴᠤ ᠡᠨᠡ ᠬᠦ ᠥᠵᠡᠰᠬᠦᠯᠡᠩᠳᠥ ᠰᠠᠶᠢᠬᠠᠨ ᠴᠡᠴᠡᠷᠯᠢᠭ ᠤᠨ ᠬᠤᠳᠠ ᠳᠤ ᠨᠠᠬᠦᠵᠤ ᠢᠷᠡᠡ ᠨᠣᠳᠣᠭᠰᠢᠵᠣ ᠲᠠᠭᠠᠳᠠᠢ ᠲᠠᠪᠠᠳᠠᠢ ᠰᠠᠭᠤᠷᠢᠰᠢᠬᠰᠠᠠ ᠨᠢ ᠨᠡᠩ ᠴᠥ ᠭᠠᠶᠢᠬᠠᠮᠰᠢᠬ ᠭᠡᠮᠡᠷ᠃      ᠰᠤᠷᠪᠤᠯᠵᠢᠯᠠᠭᠴᠢ ᠶᠢᠨ ᠮᠠᠳᠠᠬᠦ ᠪᠠᠷ ᠤᠷᠴᠢᠮ ᠤᠨ ᠵᠢᠯ ᠤᠳ ᠲᠤ ᠬᠦᠮᠤᠰ ᠥᠷᠭᠦᠯᠵᠢ ᠴᠡᠴᠡᠷᠯᠢᠭ ᠲᠤ ᠲᠠᠤᠯᠠᠢ ᠪᠦᠵᠥᠩ ᠬᠦᠶᠤᠯᠳᠣᠵᠣ ᠪᠠᠶᠢᠬᠤ ᠶᠢ ᠣᠯᠵᠣ ᠬᠠᠷᠠᠳᠠᠭ ᠪᠣᠯᠵᠠᠢ᠃ ᠢᠳᠠᠭᠤᠠ ᠰᠥᠷᠥᠭ᠂ ᠥᠪᠥᠭᠡᠯᠵᠢᠨ ᠰᠢᠪᠠᠭᠤ᠂ ᠵᠥᠢᠯ ᠤᠨ ᠪᠤᠯᠵᠤᠮᠣᠷ ᠴᠤ ᠲᠠᠩᠳᠠ ᠬᠠᠷᠠᠬᠳᠠᠨ᠎ᠡ᠃ ᠤᠯᠡᠭᠠᠨᠮᠦ᠋ᠷᠡᠨ ᠨᠠᠭᠤᠷ ᠲᠤ ᠭᠠᠯᠠᠭᠤ ᠰᠢᠪᠠᠭᠤ᠂ ᠬᠠᠷᠢᠶᠠᠴᠠᠢ᠂ ᠴᠠᠬᠤᠯᠠᠢ᠂ ᠠᠯ ᠰᠡᠬᠦᠯ ᠵᠡᠷᠬᠡ ᠨᠠᠬᠦᠳᠠᠯ ᠤᠨ ᠰᠢᠪᠠᠭᠤᠳ ᠲᠤᠭ᠎ᠠ ᠲᠤᠮᠰᠢ ᠥᠬᠡᠢ᠃ ᠭᠤᠷᠭᠤᠤᠯ ᠬᠡᠷ ᠪᠦᠯᠢ ᠪᠠᠷ ᠢᠶᠠᠨ ᠰᠡᠯᠠᠬᠦᠴᠡᠨ ᠡᠷᠬᠢᠴᠡᠵᠤ ᠪᠠᠶᠢᠬᠤ ᠥᠵᠡᠭᠳᠠᠯ ᠤᠯᠡᠰᠢᠷᠠᠯ᠎ᠡ ᠬᠡᠵᠤ ᠣᠯᠠᠠ ᠢᠶᠠᠷ ᠢᠶᠠᠨ ᠶᠠᠷᠢᠵᠠᠭᠠᠨ᠎ᠡ᠃ ᠵᠡᠬᠡᠯᠢ ᠭᠤᠳᠤᠮᠵᠢ ᠪᠠᠷ ᠪᠥᠵᠥᠩ ᠲᠠᠣᠯᠠᠢ ᠬᠥᠮᠤᠰ ᠠᠴᠠ ᠠᠶᠤᠬᠤ ᠥᠬᠡᠢ ᠬᠦᠶᠤᠯᠳᠤᠨ᠎ᠡ᠃ ᠵᠠᠷᠢᠮ ᠨᠢ ᠣᠷᠣᠠ ᠳᠠᠭᠠᠨ ᠬᠥᠳᠡᠯᠥᠯ ᠥᠭᠡᠢ ᠭᠠᠶᠢᠬᠠᠰᠢᠷᠠᠠ ᠵᠣᠭᠰᠣᠨ᠎ᠠ᠂ ᠴᠢ ᠤᠶᠢᠷᠠᠳᠣᠵᠤ ᠬᠦᠶᠤᠵᠤ ᠤᠴᠢᠬᠤ ᠦᠬᠡᠢ ᠪᠤᠯ ᠲᠠᠷᠠ ᠮᠥ᠋ᠡ ᠤᠷᠤᠨ ᠳᠠᠭᠠᠨ ᠬᠦᠳᠡᠯᠥᠯ ᠥᠬᠡᠢ ᠴᠢᠮ᠎ᠠ ᠶᠢ ᠬᠠᠷᠠᠵᠤ ᠭᠠᠶᠢᠬᠠᠬᠤ ᠰᠤᠨᠢᠷᠬᠠᠯ ᠲᠠᠢ ᠥᠵᠡᠭᠳᠠᠯ ᠴᠤ ᠣᠯᠠᠠ ᠪᠤᠢ᠃ ᠲᠡᠷᠬᠡ ᠮᠠᠰᠢᠨ ᠵᠢᠯᠣᠭᠤᠳᠣᠭᠰᠠᠠ ᠬᠦᠮᠤᠰ ᠴᠡᠷᠳᠠᠮᠡᠯ ᠵᠠᠮ ᠢᠶᠠᠷ ᠵᠠᠮ ᠭᠡᠳᠥᠯᠵᠥ ᠪᠠᠶᠢᠭ᠎ᠠ ᠲᠠᠤᠯᠠᠢ ᠪᠠ ᠵᠠᠮ ᠭᠡᠳᠥᠯᠥᠨ ᠨᠢᠰᠴᠤ ᠪᠠᠶᠢᠭ᠎ᠠ ᠭᠤᠷᠭᠤᠣᠯ ᠰᠢᠪᠠᠭᠤ ᠶᠢ ᠵᠥᠡᠭᠳᠡᠭᠡᠡ ᠣᠯᠵᠣ ᠬᠠᠷᠠᠬᠤ ᠪᠣᠯᠪᠠ᠃      ᠵᠢᠭᠦᠷᠳᠡᠡ ᠠᠮᠢᠳᠠᠳ ᠡᠨᠡ ᠬᠦ ᠴᠡᠴᠡᠷᠯᠢᠭ ᠤᠨ ᠬᠤᠳᠠ ᠶᠢᠨ ᠣᠷᠴᠢᠨ ᠲᠤᠭᠤᠷᠢᠨ ᠳᠤ ᠥᠡᠳᠡᠭᠡ ᠵᠣᠯᠵᠠᠭ᠎ᠠ ᠲᠦᠷᠤᠵᠤ ᠥᠷ᠎ᠡ ᠬᠤᠶᠢᠴᠢᠰ ᠢᠶᠠᠨ ᠪᠤᠶᠢᠵᠢᠭᠤᠯᠣᠠ᠂ ᠡᠭᠡ ᠪᠠᠶᠢᠭᠠᠯᠢ ᠶᠢᠨ ᠥᠷᠥᠴᠡᠡ ᠳᠤ ᠬᠥᠮᠥᠨ ᠲᠥᠷᠥᠯᠬᠢᠳᠡᠡ᠂ ᠠᠮᠢᠳᠠᠠ ᠭᠤᠣᠯᠳᠠᠠ ᠡᠷᠬᠡ ᠲᠡᠭᠰᠢ᠂ ᠡᠶ᠎ᠡ ᠵᠣᠬᠢᠴᠠᠯ ᠲᠠᠢ᠂ ᠠᠮᠣᠷ ᠲᠠᠶᠢᠪᠤᠡᠭ ᠣᠷᠣᠰᠢᠨ ᠠᠮᠢᠳᠣᠷᠠᠨ᠎ᠠ᠃ ᠬᠢᠶ᠎ᠠ ᠪᠠᠭᠰᠢ ᠲᠣᠭᠤᠷᠢᠬ ᠣᠳᠣ ᠪᠥᠡᠭ ᠪᠥᠡᠭ ᠬᠦᠶᠤᠳᠠᠯ ᠲᠠᠢ ᠲᠠᠤᠯᠠᠢ᠂ ᠡᠮᠥᠨᠡᠭᠦᠷ ᠴᠢᠨᠢ ᠨᠢᠰᠴᠥ ᠭᠠᠷᠬᠤ ᠭᠤᠷᠭᠤᠣᠯ ᠰᠢᠪᠠᠭᠤ ᠲᠠᠢ ᠡᠬᠡ ᠪᠠᠶᠢᠭᠠᠯᠢ ᠶᠢᠨ ᠰᠣᠳᠣᠠ ᠥᠵᠡᠮᠵᠢ ᠲᠠᠢ ᠴᠡᠴᠡᠷᠯᠢᠭ ᠤᠨ ᠬᠤᠳᠠ ᠪᠤᠯᠤᠭᠰᠡᠨ ᠳᠤ ᠬᠤᠳᠠ ᠶᠢᠨ ᠰᠠᠭᠤᠭᠠᠯᠢ ᠠᠷᠠᠳ ᠪᠣᠯᠣᠭᠰᠠᠠ ᠪᠢᠳᠠᠠ ᠥᠨᠡᠭᠡᠷ ᠣᠮᠣᠭᠰᠢᠠ ᠪᠠᠭ᠋ᠠᠳᠣᠨ᠎ᠠ᠃      ᠶᠢᠷᠳᠢᠨᠴᠤ ᠶᠢᠨ ᠰᠠᠶᠢᠬᠠᠨ ᠬᠡᠵᠤ ᠬᠦᠮᠤᠨ ᠠᠮᠢᠳᠠᠨ ᠪᠠ ᠡᠬᠡ ᠪᠠᠶᠢᠭᠠᠯᠢ ᠶᠢᠨ ᠬᠤᠭᠤᠷᠤᠨᠳᠣᠬᠢ ᠡᠶ᠎ᠡ ᠵᠤᠬᠢᠴᠠᠯ ᠲᠠᠢ ᠤᠷᠤᠰᠢᠨ ᠲᠤᠭᠳᠠᠨᠢᠯ ᠪᠠᠶᠢᠬ᠎ᠠ︕ ᠬᠦᠮᠤᠨ ᠲᠦᠷᠤᠯᠬᠢᠳᠡᠨ ᠣᠳᠣ ᠡᠭᠡ ᠪᠠᠶᠢᠭᠠᠯᠢ ᠶᠢᠨ ᠵᠢᠮ᠎ᠠ ᠬᠠᠣᠯᠢ ᠶᠢ ᠠᠶᠠᠯᠳᠣᠠ ᠲᠠᠭᠠᠬᠤ ᠪᠣᠯᠵᠣ᠂ ᠡᠭᠡ ᠪᠠᠶᠢᠭᠠᠯᠢ ᠪᠠᠨ ᠴᠢᠷᠮᠠᠶᠢᠨ ᠰᠡᠷᠬᠦᠬᠡᠵᠥ᠂ ᠤᠰᠠᠳᠬᠤ ᠬᠡᠵᠤ ᠪᠠᠶᠢᠭ᠎ᠠ ᠬᠤᠪᠤᠷ ᠴᠤᠬᠠᠭ ᠠᠮᠢᠳᠠᠨ ᠢ ᠬᠠᠶᠢᠷᠠᠯᠠᠠ ᠬᠠᠮᠠᠭᠠᠯᠡᠬᠤ ᠪᠣᠯᠪᠠ᠃ ᠪᠢᠳᠠ ᠬᠠᠮᠳᠣ ᠳᠠᠭᠠᠨ ᠡᠨᠡ ᠬᠦ ᠪᠠᠶᠢᠭᠠᠯᠢᠯᠢᠭ ᠰᠠᠶᠢᠬᠠᠠ ᠤᠷᠴᠢᠨ ᠲᠤᠭᠤᠷᠢᠨ ᠢᠶᠠᠨ ᠥᠶ᠎ᠡ ᠥᠶ᠎ᠡ ᠶᠢᠨ ᠦᠷ᠎ᠡ ᠬᠤᠶᠢᠴᠢᠰ ᠲᠠᠭᠠᠨ ᠥᠶ᠎ᠡ ᠤᠯᠠᠷᠢᠨ ᠦᠯᠡᠳᠠᠬᠡᠬᠦ ᠪᠠᠷ ᠴᠢᠷᠮᠠᠶᠢᠵᠣ ᠶᠠᠪᠤᠵᠠᠭᠠᠶ᠎ᠡ︕
 
ᠢᠷᠡᠯᠲᠡ᠄ ᠤᠷᠳᠤᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号