ᠬᠤᠪᠢᠰᠬᠠᠯᠲᠤ | | ᠬᠥᠮᠤᠨ ᠤ ᠤᠬᠠᠭᠠᠨ ᠪᠤᠳᠤᠯ ᠭᠡᠵᠤ ᠪᠤᠯ ᠶᠡᠭᠡ ᠲᠠᠷᠢᠬᠢᠨ ᠳᠤ ᠪᠤᠢ ᠪᠤᠯᠳᠠᠭ ᠰᠡᠳᠬᠢᠬᠦᠢ ᠶᠢᠨ ᠥᠷ᠎ᠡ ᠳ᠋ᠥᠩ ᠮᠥᠨ᠂ | ᠶᠠᠮᠠᠷᠪᠠ ᠬᠥᠮᠣᠨ ᠤ ᠥᠢᠯᠡ ᠠᠵᠢᠯᠯᠠᠭ᠎ᠠ ᠴᠥᠮ ᠬᠤᠪᠢ ᠪᠡᠶ᠎ᠡ ᠶᠢᠨ ᠤᠬᠠᠭᠠᠨ ᠪᠤᠳᠤᠯ ᠠᠴᠠ ᠢᠷᠡᠵᠤ ᠪᠡᠶᠡᠯᠡᠭᠳᠡᠳᠡᠭ᠂ | ᠲᠡᠶᠢᠮᠤ ᠠᠴᠠ ᠪᠤᠳᠤᠵᠤ ᠤᠯᠬᠤ ᠪᠤᠯ ᠬᠢᠵᠤ ᠪᠥᠳᠥᠭᠡᠬᠦ ᠶᠢᠨ ᠨᠢᠭᠡᠳᠥᠭᠡᠷ ᠠᠯᠬᠤᠮ᠃ ᠳᠠᠷᠦᠢ ᠪᠤᠳᠤᠯ ᠤᠬᠠᠭᠠᠨ ᠤ ᠬᠢᠷᠢ | ᠲᠥᠪᠰᠢᠨ ᠠᠴᠠ ᠥᠢᠯᠡ ᠠᠵᠢᠯᠯᠠᠭ᠎ᠠ ᠶᠢᠨ ᠠᠮᠵᠢᠯᠲᠠ ᠪᠥᠳᠤᠭᠡᠯ ᠤᠨ ᠥᠨᠳᠤᠷ ᠪᠤᠭᠤᠨᠢ ᠪᠠ ᠴᠢᠨᠠᠷ ᠴᠢᠨᠰᠠᠭ᠎ᠠ ᠶᠢ | ᠲᠤᠭᠳᠠᠭᠠᠨ᠎ᠠ᠃ ᠤᠬᠠᠭᠠᠨ ᠲᠠᠢ ᠬᠥᠮᠣᠨ ᠪᠤᠯᠤᠶ᠎ᠠ ᠭᠡᠵᠤ ᠬᠥᠮᠤᠰ ᠵᠤᠷᠢᠳᠠᠭ᠂ ᠭᠡᠪᠡᠴᠤ ᠤᠳᠤ ᠴᠠᠭ ᠤᠨ ᠬᠥᠮᠤᠨ ᠤ | ᠤᠬᠠᠭᠠᠨ ᠭᠡᠭᠴᠢ ᠪᠤᠯ ᠶᠠᠷᠤ ᠶᠢᠨ ᠠᠶᠢᠯ ᠭᠡᠷ ᠪᠠ ᠥᠪᠡᠷ ᠤᠨ ᠠᠮᠢᠳᠤᠷᠠᠯ ᠢᠶᠠᠨ ᠠᠷᠭᠠᠴᠠᠭᠠᠬᠤ ᠤᠬᠠᠭᠠᠨ ᠲᠡᠳᠦᠢ ᠪᠢᠰᠢ᠂ | ᠬᠠᠷᠢᠨ ᠪᠤᠰᠤᠳ ᠬᠥᠮᠤᠨ ᠬᠢᠵᠤ ᠪᠥᠳᠤᠭᠡᠭᠡᠳᠦᠢ ᠰᠢᠨ᠎ᠡ ᠥᠢᠯᠡᠰ ᠢ ᠴᠢ ᠥᠪᠡᠷ ᠢᠶᠠᠨ ᠬᠢᠵᠤ ᠪᠥᠳᠤᠭᠡᠭᠦ ᠶᠠᠪᠤᠳᠠᠯ ᠪᠤᠯᠤᠨ᠎ᠠ | ᠂ ᠡᠶᠢᠮᠤ ᠬᠥᠮᠤᠨ ᠢ ᠪᠥᠳᠤᠭᠡᠯᠴᠢ ᠬᠥᠮᠤᠨ ᠭᠡᠨ᠎ᠡ᠃ ᠪᠥᠳᠤᠭᠡᠯᠴᠢ ᠬᠥᠮᠤᠨ ᠤ ᠨᠡᠷ᠎ᠡ ᠠᠯᠳᠠᠷ ᠲᠡᠤᠬᠡᠨ ᠳᠤ ᠬᠠᠳᠠᠭᠳᠠᠬᠤ | ᠪᠤᠯᠬᠤᠷ ᠲᠡᠭᠦᠨ ᠤ ᠲᠥᠯᠤᠭᠡ ᠵᠢᠳᠬᠦᠬᠦ ᠨᠢ ᠢᠷᠠᠭᠤ ᠠᠯᠲᠠᠷ ᠮᠥᠨ ᠪᠥᠭᠡᠳ ᠨᠢᠭᠡᠨ ᠬᠥᠮᠤᠨ ᠤ ᠥᠨᠡᠨᠬᠦ ᠰᠡᠴᠡᠨ | ᠰᠡᠷᠭᠦᠯᠡᠩ ᠢ ᠬᠠᠷᠠᠭᠤᠯᠵᠤ ᠪᠤᠢ᠃ ᠶᠡᠭᠡ ᠥᠢᠯᠡᠰ ᠢ ᠪᠥᠳᠥᠭᠡᠭᠦ ᠭᠡᠵᠤ ᠲᠡᠶᠢᠮᠣ ᠬᠢᠯᠪᠠᠷ ᠭᠡᠷᠡᠭ ᠪᠢᠰᠢ ᠭᠡᠳᠡᠭ ᠢ ᠪᠢᠳᠠ | ᠪᠥᠬᠦᠨ ᠤ ᠮᠡᠳᠡᠭᠡᠵᠢ ᠶᠢᠨ ᠬᠡᠷᠡᠭ᠂ ᠢᠩᠬᠢᠵᠤ ᠪᠤᠳᠤᠭᠠᠳ ᠠᠶᠤᠵᠤ ᠠᠯᠵᠢᠭᠤᠷᠠᠭᠠᠳ ᠪᠠᠶᠢᠪᠠᠯ ᠬᠡᠳᠦᠢ ᠴᠠᠭ ᠬᠥᠯᠢᠶᠡᠭᠰᠡᠨ | ᠴᠦ ᠪᠥᠳᠤᠵᠤ ᠥᠭᠬᠦ ᠶᠠᠪᠤᠳᠠᠯ ᠠᠯᠠᠭ᠎ᠠ᠂ ᠬᠠᠷᠢᠨ ᠶᠠᠮᠠᠷᠪᠠ ᠥᠢᠯᠡᠰ ᠢ ᠪᠥᠷ ᠯᠠ ᠬᠥᠮᠤᠨ ᠪᠥᠳᠥᠭᠡᠳᠡᠭ ᠶᠤᠮ ᠭᠡᠵᠤ | ᠪᠤᠳᠤᠭᠠᠳ ᠠᠷᠭ᠎ᠠ ᠶᠢ ᠰᠥᠪᠡᠭᠴᠢᠯᠡᠵᠤ ᠴᠢᠷᠮᠠᠶᠢᠳᠠᠭ ᠶᠣᠮ ᠪᠤᠯ᠂ ᠴᠢᠨᠤ ᠬᠤᠵᠢᠮ ᠤᠨ ᠮᠠᠷᠭᠠᠰᠢ ᠯᠠᠪ ᠠᠮᠵᠢᠯᠲᠠ ᠪᠥᠳᠥᠭᠡᠯ | ᠲᠠᠢ ᠭᠢᠯᠠᠷᠠᠵᠤ ᠴᠢᠳᠠᠬᠤ ᠶᠤᠮ᠃ ᠠᠮᠵᠢᠯᠲᠠ ᠪᠥᠳᠤᠭᠡᠯ ᠭᠠᠷᠭᠠᠬᠤ ᠶᠢ ᠪᠢᠰᠢᠷᠡᠵᠤ ᠭᠠᠶᠢᠬᠠᠬᠤ ᠪᠠ ᠬᠥᠰᠡᠵᠤ ᠮᠥᠷᠤᠭᠡᠳᠡᠳᠡᠭ | ᠨᠢ ᠬᠥᠮᠤᠨ ᠲᠥᠷᠤᠯᠬᠢᠲᠡᠨ ᠤ ᠨᠡᠶᠢᠲᠡᠮ ᠤᠨ ᠴᠢᠨᠠᠷ ᠪᠢᠯᠡ᠃ ᠲᠡᠭᠡᠪᠡᠯ ᠬᠡᠷᠬᠢᠨ ᠴᠢᠷᠮᠠᠶᠢᠪᠠᠯ ᠠᠮᠵᠢᠯᠲᠠ ᠳᠤ ᠬᠥᠷᠴᠤ | ᠴᠢᠳᠠᠬᠤ ᠲᠤᠬᠠᠢ ᠮᠢᠨᠤ ᠬᠤᠪᠢ ᠤᠶᠢᠯᠠᠭᠠᠯᠳᠠ ᠪᠠᠨ ᠲᠠᠶᠠᠭᠠᠷ ᠲᠠᠢ ᠬᠤᠪᠢᠶᠠᠯᠴᠠᠵᠤ ᠥᠵᠡᠶ᠎ᠡ᠃ ᠮᠢᠨᠤ ᠶᠠᠷᠢᠵᠤ ᠪᠠᠶᠢᠭ᠎ᠠ | ᠠᠮᠵᠢᠯᠲᠠ ᠪᠥᠳᠤᠭᠡᠯ ᠭᠡᠳᠡᠭ ᠨᠢ ᠨᠡᠶᠢᠬᠡᠮ ᠤᠨ ᠰᠢᠨ᠎ᠡ ᠡᠭᠦᠲᠤᠨ ᠪᠥᠳᠤᠭᠡᠯ ᠢ ᠶᠠᠷᠢᠵᠤ ᠪᠤᠢ᠂ ᠡᠶᠢᠮᠤᠷᠬᠦ ᠰᠢᠨᠡᠷᠭᠦᠨ ᠢ | ᠡᠬᠦᠳᠬᠦ ᠳᠤ ᠶᠡᠷᠤ ᠶᠢᠨ ᠮᠡᠳᠡᠯᠬᠡ ᠪᠠ ᠲᠥᠭᠦᠮᠬᠡᠨ ᠤᠬᠠᠭᠠᠨ ᠬᠥᠷᠤᠯᠴᠡᠬᠦ ᠥᠭᠡᠢ ᠶᠤᠮ᠂ ᠬᠠᠷᠢᠨ ᠬᠠᠮᠤᠭ ᠲᠥᠷᠤᠭᠦᠨ ᠳᠤ | ᠥᠵᠡᠯ ᠤᠬᠠᠭᠠᠨ ᠢᠶᠠᠨ ᠲᠡᠭᠡᠭᠰᠢᠯᠡᠭᠦᠯᠵᠤ᠂ ᠰᠢᠨ᠎ᠡ ᠡᠭᠦᠲᠤᠯᠲᠡ ᠶᠢᠨ ᠲᠤᠬᠠᠢ ᠤᠬᠠᠭᠳᠠᠬᠤᠨ ᠲᠠᠢ ᠪᠤᠯᠬᠤ ᠨᠢ ᠨᠢᠭᠡᠳᠥᠭᠡᠷ | ᠰᠠᠭᠤᠷᠢ ᠪᠤᠯᠤᠨ᠎ᠠ᠂ ᠶᠠᠭᠤᠨ ᠤ ᠲᠥᠯᠤᠭᠡ ᠰᠢᠨ᠎ᠡ ᠡᠭᠦᠳᠤᠯᠲᠡ ᠢ ᠴᠢᠬᠤᠯᠠᠴᠢᠯᠠᠳᠠᠭ ᠪᠤᠢ ᠭᠡᠪᠡᠯ ᠲᠠᠷᠦᠢ ᠰᠢᠨ᠎ᠡ ᠬᠡᠷᠡᠭ | ᠪᠤᠳᠠᠰ ᠡᠭᠦᠳᠥᠭᠳᠡᠨ ᠭᠠᠷᠴᠤ ᠪᠠᠶᠢᠮᠠᠨᠵᠢᠨ ᠰᠠᠶ᠋ᠢ ᠨᠡᠶᠢᠭᠡᠮ ᠤᠷᠤᠭᠰᠢᠯᠠᠨ ᠲᠠᠪᠰᠢᠵᠤ ᠴᠢᠳᠠᠨ᠎ᠠ᠂ ᠤᠷᠪᠠᠭᠤᠯᠤᠭᠠᠳ ᠶᠠᠷᠢᠪᠠᠯ | ᠨᠡᠶᠢᠬᠡᠮ ᠤᠨ ᠬᠥᠭᠵᠢᠯ ᠭᠡᠳᠡᠭ ᠪᠤᠯ ᠲᠠᠷᠤᠢ ᠡᠯ᠎ᠡ ᠵᠥᠢᠯ ᠤᠨ ᠰᠢᠨ᠎ᠡ ᠬᠡᠷᠡᠭ ᠪᠤᠳᠠᠰ ᠤᠨ ᠨᠢᠭᠡᠳᠥᠯ ᠤᠨ ᠢᠯᠡᠷᠡᠯ ᠪᠤᠯᠤᠨ᠎ᠠ᠃ | ᠬᠡᠯᠡᠯᠭᠡᠨ ᠥᠭᠡᠢ ᠨᠡᠶᠢᠬᠡᠮ ᠳᠤ ᠬᠠᠷᠢᠭᠤᠴᠠᠯᠭ᠎ᠠ ᠲᠠᠢ ᠬᠥᠮᠤᠨ ᠡᠭᠦᠨ ᠢ ᠠᠩᠬᠠᠷᠬᠤ ᠠᠴᠠ ᠪᠢᠰᠢ᠂ ᠬᠠᠷᠢᠨ ᠬᠤᠪᠢ ᠪᠠᠨ | ᠰᠠᠬᠢᠭᠰᠠᠨ ᠬᠥᠮᠤᠨ ᠡᠳᠡᠭᠡᠷ ᠢ ᠥᠢᠯᠠᠭᠠᠬᠤ ᠴᠢᠳᠠᠪᠤᠷᠢ ᠴᠦ ᠥᠭᠡᠢ ᠶᠤᠮ᠃ ᠵᠠ ᠲᠡᠭᠡᠪᠡᠯ ᠬᠡᠷᠬᠢᠨ ᠥᠵᠡᠯ ᠤᠬᠠᠭᠠᠨ ᠢᠶᠠᠨ | ᠲᠡᠭᠡᠭᠰᠢᠯᠡᠭᠦᠯᠵᠤ᠂ ᠡᠭᠦᠳᠣᠨ ᠪᠥᠳᠣᠭᠡᠬᠦ ᠴᠢᠳᠠᠪᠤᠷᠢ ᠲᠠᠢ ᠪᠤᠯᠬᠤ ᠪᠤᠢ ᠭᠡᠪᠡᠯ᠂ ᠤᠷᠳᠣ ᠬᠤᠭᠤᠴᠠᠭᠠᠨ ᠤ ᠣᠳᠠᠭᠠᠨ | ᠲᠠᠭᠠᠭᠠᠮᠠᠭᠠᠢ ᠬᠠᠳᠠᠭᠤᠵᠢᠯᠲᠠᠢ ᠴᠢᠷᠮᠠᠶᠢᠨ ᠰᠣᠷᠣᠯᠴᠠᠬᠤ ᠪᠠᠷ ᠲᠠᠮᠵᠢᠨ᠂ ᠲᠠᠪᠰᠢᠭᠰᠠᠨ ᠨᠤᠮ ᠰᠣᠳᠣᠷ ᠠᠴᠠ ᠪᠤᠰᠤᠳ ᠤᠨ | ᠲᠠᠪᠰᠢᠩᠭᠤᠢ ᠥᠵᠡᠯ᠂ ᠬᠥᠭᠵᠢᠭᠰᠡᠨ ᠰᠣᠶᠣᠯ ᠤᠨ ᠬᠥᠴᠤᠨ ᠢ ᠤᠯᠵᠤ᠂ ᠲᠠᠨᠢᠯᠲᠠ ᠪᠠᠨ ᠲᠡᠭᠡᠭᠰᠢᠯᠡᠭᠦᠯᠡᠵᠤ᠂ ᠰᠣᠷᠣᠭᠰᠠᠨ | ᠢᠶᠠᠨ ᠠᠮᠢᠳᠣᠯᠢᠭ ᠢᠶᠠᠷ ᠬᠡᠷᠡᠭᠯᠡᠵᠤ ᠴᠢᠳᠠᠬᠤ ᠠᠴᠠ ᠥᠭᠡᠷ᠎ᠡ ᠲᠥᠭᠦᠮ ᠲᠥᠳᠡ ᠠᠷᠭ᠎ᠠ ᠵᠠᠮ ᠭᠡᠵᠤ ᠪᠠᠶᠢᠳᠠᠭ ᠥᠭᠡᠢ᠃ | ᠣᠴᠢᠷ ᠨᠢ ᠰᠢᠨ᠎ᠡ ᠡᠭᠦᠳᠣᠯᠲᠡ ᠪᠤᠯ ᠲᠠᠪᠰᠢᠩᠭᠤᠢ ᠥᠵᠡᠯ ᠤᠨ ᠪᠥᠳᠤᠭᠡᠭᠳᠡᠭᠦᠨ ᠶᠤᠮ᠃ ᠰᠢᠨ᠎ᠡ ᠪᠥᠳᠣᠭᠡᠭᠳᠡᠭᠦᠨ ᠨᠢ | ᠬᠥᠮᠤᠨ ᠲᠥᠷᠥᠯᠬᠢᠲᠡᠨ ᠳᠤ ᠲᠥᠭᠦᠮ ᠲᠥᠳᠡ ᠶᠢ ᠬᠥᠷᠭᠡᠨ ᠠᠪᠴᠢᠷᠠᠵᠤ᠂ ᠠᠮᠢᠳᠣᠷᠠᠯ ᠤᠨ ᠬᠦᠴᠢᠷ ᠢ ᠠᠷᠢᠯᠭᠠᠵᠤ᠂ | ᠬᠥᠳᠡᠯᠮᠤᠷᠢ ᠬᠥᠴᠤᠨ ᠢ ᠴᠢᠯᠣᠭᠡᠯᠡᠬᠦ ᠪᠠᠷ ᠭᠤᠤᠯ ᠪᠤᠯᠤᠭᠰᠠᠨ ᠠᠭᠤᠯᠭ᠎ᠠ ᠲᠠᠢ ᠪᠥᠳᠣᠭᠡᠯ ᠪᠠᠶᠢᠳᠠᠭ ᠪᠤᠯᠬᠤᠷ ᠰᠢᠨ᠎ᠡ | ᠡᠬᠦᠳᠦᠯᠳᠡ ᠭᠡᠳᠡᠭ᠂ ᠣᠴᠢᠷ ᠨᠢ ᠲᠡᠷᠡ ᠬᠠᠭᠤᠴᠢᠨ ᠢ ᠥᠭᠡᠷᠡᠴᠢᠯᠡᠵᠤ᠂ ᠰᠢᠨ᠎ᠡ ᠱᠠᠲᠤ ᠥᠶ᠎ᠡ ᠳᠤ ᠠᠯᠬᠤᠨ ᠤᠷᠤᠭᠰᠠᠨ | ᠪᠤᠯᠬᠤᠷ ᠰᠢᠨ᠎ᠡ ᠰᠢᠨᠵᠢ ᠴᠢᠨᠠᠷ ᠬᠠᠳᠠᠭᠠᠯᠠᠭᠳᠠᠵᠤ ᠪᠠᠶᠢᠳᠠᠭ᠃ ᠬᠥᠮᠤᠨ ᠤ ᠪᠤᠯᠪᠠᠰᠣᠨ ᠢ ᠲᠠᠭᠠᠯᠳᠤᠨ ᠰᠢᠨ᠎ᠡ ᠡᠭᠦᠲᠣᠯᠲᠡ | ᠶᠢᠨ ᠡᠭᠦᠰᠣᠯᠲᠡ ᠠᠷᠪᠢᠵᠢᠵᠤ ᠪᠠᠶᠢᠬᠤ ᠮᠥᠷᠳᠡᠭᠡᠨ ᠴᠢᠨᠠᠷᠵᠢᠵᠤ ᠪᠠᠶᠢᠭ᠎ᠠ ᠨᠢ ᠢᠯᠡᠷᠡᠬᠡᠢ ᠪᠤᠢ᠂ ᠮᠥᠨ ᠴᠦ ᠰᠢᠨᠵᠢᠯᠡᠭᠦ | ᠤᠬᠠᠭᠠᠨ ᠭᠡᠳᠡᠭ ᠨᠢ ᠬᠥᠮᠤᠨ ᠤ ᠬᠥᠳᠡᠯᠮᠤᠷᠢ ᠭᠥᠴᠤ ᠶᠢᠨ ᠴᠢᠯᠤᠭᠡᠯᠡᠯᠲᠡ ᠮᠥᠨ ᠲᠤᠯᠠ ᠬᠥᠮᠤᠨ ᠲᠥᠷᠥᠯᠬᠢᠲᠡᠨ ᠲᠡᠭᠦᠨ | ᠤ ᠲᠥᠯᠤᠭᠡ ᠲᠠᠰᠣᠷᠠᠯ ᠥᠭᠡᠢ ᠴᠢᠷᠮᠠᠶᠢᠭᠰᠠᠭᠠᠷ ᠢᠷᠡᠯ᠎ᠡ᠃ ᠭᠠᠵᠠᠷ ᠤᠷᠤᠨ ᠤ ᠭᠥᠭᠵᠢᠯ ᠬᠤᠴᠠᠷᠠᠯ ᠭᠡᠳᠡᠭ ᠴᠤ ᠡᠨᠡᠬᠦ | ᠴᠢᠯᠣᠭᠡᠯᠡᠯᠲᠡ ᠶᠢᠨ ᠶᠡᠭᠡ ᠪᠠᠭ᠎ᠠ ᠶᠢᠨ ᠬᠡᠮᠵᠢᠶ᠎ᠡ ᠶᠢ ᠵᠢᠭᠠᠵᠤ ᠪᠤᠢ᠃ ᠲᠡᠶᠢᠮᠤ ᠠᠴᠠ ᠤᠯᠤᠰ ᠥᠨᠳᠤᠰᠣᠲᠡᠨ ᠢᠶᠠᠨ | ᠬᠥᠭᠵᠢᠬᠦᠯᠤᠶᠡ ᠭᠡᠭᠦ ᠳᠤ ᠪᠤᠳᠠᠳᠤ ᠬᠡᠷᠡᠭᠴᠡᠭᠡ ᠲᠠᠢ ᠮᠡᠳᠡᠯᠭᠡ ᠶᠢ ᠡᠵᠡᠮᠰᠢᠵᠤ᠂ ᠲᠡᠭᠡᠳᠤ ᠵᠡᠷᠭᠡ ᠶᠢᠨ ᠤᠶᠤᠨ ᠤᠬᠠᠭᠠᠨ ᠲᠠᠢ | ᠪᠤᠯᠬᠤ ᠪᠠ ᠪᠤᠳᠠᠳᠠᠢ ᠪᠠᠷ ᠭᠡᠷᠡᠭᠵᠢᠭᠦᠯᠵᠤ ᠴᠢᠳᠠᠬᠤ ᠨᠢ ᠨᠢᠭᠡ ᠵᠥᠢᠯ ᠤᠨ ᠤᠨᠴᠡᠭᠠᠢ ᠴᠢᠬᠤᠯᠠᠲᠠᠢ ᠮᠥᠷᠳᠡᠭᠡᠨ ᠴᠢᠷᠮᠠᠶᠢᠯᠠᠭ᠎ᠠ | ᠲᠠᠢ ᠠᠷᠭ᠎ᠠ ᠮᠡᠷᠭᠡᠵᠢᠯ ᠪᠤᠯᠤᠨ᠎ᠠ᠃ ᠨᠢᠭᠡᠨ ᠬᠥᠮᠤᠨ ᠤ ᠰᠣᠷᠣᠯᠴᠠᠯᠭ᠎ᠠ ᠬᠡᠵᠢᠶ᠎ᠡ ᠵᠤᠭᠰᠣᠪᠠᠯ ᠲᠡᠭᠦᠨ ᠤ ᠪᠤᠳᠤᠯ ᠤᠬᠠᠭᠠᠨ ᠤ | ᠬᠢᠷᠢ ᠬᠡᠮᠵᠢᠶ᠎ᠡ ᠲᠡᠷᠡ ᠲᠥᠪᠰᠢᠨ ᠳᠤ ᠬᠥᠷᠤᠭᠡᠳ ᠵᠤᠭᠰᠤᠩᠭᠤᠶᠢᠷᠠᠵᠤ ᠪᠠᠶᠢᠳᠠᠭ᠂ ᠲᠠᠭᠢᠭᠠᠳ ᠬᠡᠵᠢᠶ᠎ᠡ ᠰᠣᠷᠣᠯᠴᠠᠵᠤ | ᠡᠬᠢᠯᠡᠪᠡᠯ ᠲᠠᠬᠢᠨ ᠲᠡᠷᠡᠭᠦ ᠲᠥᠪᠰᠢᠨ ᠠᠴᠠ ᠲᠡᠭᠡᠭᠰᠢᠯᠡᠵᠤ ᠡᠬᠢᠯᠡᠳᠡᠭ᠃ ᠲᠡᠶᠢᠮᠤ ᠶᠢᠨ ᠲᠤᠯᠠ ᠲᠠᠰᠣᠷᠠᠯ ᠥᠭᠡᠢ ᠴᠢᠷᠮᠠᠶᠢᠵᠤ | ᠪᠠᠶᠢᠪᠠᠯ᠂ ᠲᠠᠰᠣᠷᠠᠯ ᠥᠭᠡᠢ ᠲᠡᠭᠡᠭᠰᠢᠯᠡᠵᠤ ᠪᠠᠶᠢᠬᠤ ᠯᠠ ᠣᠴᠢᠷ᠂ ᠬᠠᠷᠢᠨ ᠲᠠᠪᠰᠢᠶᠠ ᠬᠡᠮᠡᠨ ᠪᠤᠳᠤᠵᠤ ᠪᠠᠶᠢᠭᠠᠳ | ᠲᠠᠩᠭᠠᠶᠢᠵᠤ ᠭᠡᠪᠳᠡᠭᠡᠳ᠂ ᠪᠤᠰᠴᠤ ᠬᠢᠬᠦ ᠶᠢ ᠮᠡᠳᠡᠬᠦ ᠥᠭᠡᠢ᠂ ᠲᠠᠯᠠᠭᠠᠷ ᠴᠠᠭ ᠢ ᠰᠥᠢᠳᠭᠡᠭᠰᠡᠨ ᠶᠠᠪᠤᠳᠠᠯ ᠪᠤᠯᠤᠭᠠᠳ | ᠪᠥᠳᠤᠵᠤ ᠥᠭᠬᠦ ᠶᠠᠭᠤᠮ᠎ᠠ ᠡᠭᠦᠷᠢᠳᠡ ᠠᠯᠠᠭ᠎ᠠ᠂ ᠡᠨᠡ ᠨᠢ ᠲᠠᠷᠦᠢ ᠥᠢᠯᠡᠰ ᠪᠥᠳᠤᠭᠡᠵᠤ ᠴᠢᠳᠠᠬᠤ ᠡᠰᠡᠬᠦ ᠶᠢᠨ | ᠬᠤᠶᠠᠳᠤᠭᠠᠷ ᠠᠰᠠᠭᠤᠳᠠᠯ ᠪᠤᠯᠤᠨ᠎ᠠ᠃ ᠨᠡᠶᠢᠭᠡᠮ ᠲᠡᠭᠡᠷ᠎ᠡ ᠶᠡᠭᠡᠩᠬᠡᠢ ᠬᠥᠮᠤᠨ ᠤᠨᠤᠯ ᠤᠨ ᠲᠠᠯ᠎ᠠ ᠶᠢᠨ ᠮᠡᠳᠡᠯᠭᠡ ᠪᠠᠷ ᠪᠠᠶᠠᠯᠢᠭ | ᠂ ᠶᠠᠷᠢᠵᠤ ᠥᠬᠦᠯᠡᠬᠦ ᠳᠤ ᠪᠤᠰᠤᠳ ᠠᠴᠠ ᠢᠯᠡᠭᠦᠤ ᠰᠠᠶᠢᠬᠠᠨ ᠶᠠᠷᠢᠵᠤ ᠴᠢᠳᠠᠳᠠᠭ᠂ ᠭᠡᠳᠡᠯ᠎ᠡ ᠬᠡᠯᠡᠭᠰᠡᠨ ᠢᠶᠠᠨ ᠬᠢᠵᠤ | ᠪᠥᠳᠤᠭᠡᠬᠦ ᠳᠤ ᠵᠠᠷᠤᠴᠠᠭᠤᠯᠤᠭᠰᠠᠨ ᠬᠥᠴᠤ ᠬᠥᠯᠤᠰᠤ ᠬᠤᠮᠰᠠ ᠲᠤᠯᠠ ᠲᠡᠷᠡ ᠨᠢ ᠬᠠᠮᠤᠭ ᠡᠴᠤᠰ ᠲᠡᠭᠡᠨ ᠪᠤᠳᠤᠵᠤ | ᠤᠯᠤᠭᠰᠠᠨ ᠥᠭᠡᠢ ᠲᠠᠢ ᠠᠳᠠᠯᠢ ᠥᠷ᠎ᠡ ᠳ᠋ᠥᠩ ᠲᠠᠢ ᠪᠤᠯᠤᠨ᠎ᠠ ᠃ | ᠮᠤᠩᠭᠤᠯ ᠬᠥᠮᠤᠰ ᠥᠪᠡᠷ ᠢ ᠪᠠᠨ ᠰᠡᠴᠡᠨ ᠰᠡᠷᠭᠦᠯᠡᠩ ᠪᠥᠭᠡᠳ ᠡᠭᠦᠳᠤᠨ ᠪᠥᠳᠤᠭᠡᠯᠴᠢ ᠠᠭᠤᠤ ᠶᠡᠭᠡ ᠪᠠᠭᠠᠳᠣᠷᠯᠢᠭ | ᠥᠨᠳᠣᠰᠤᠲᠡᠨ ᠬᠡᠵᠤ ᠶᠠᠷᠢᠬᠤ ᠨᠢ ᠠᠳᠡ ᠲᠡᠨᠳᠡ ᠥᠭᠡᠢ ᠰᠤᠨᠤᠰᠳᠠᠵᠤ ᠪᠠᠶᠢᠳᠠᠭ᠂ ᠲᠡᠶᠢᠮᠤ ᠡ᠂ ᠬᠡᠳᠤᠨ ᠵᠠᠭᠤᠨ ᠵᠢᠯ ᠤᠨ | ᠡᠮᠤᠨ᠎ᠡ ᠪᠤᠯ ᠲᠤᠰ ᠬᠥᠮᠣᠰ ᠤᠨ ᠥᠵᠡᠯ ᠤᠬᠠᠭᠠᠨ ᠤ ᠬᠥᠯᠢᠶᠡᠰᠣᠯᠡᠯ ᠥᠭᠡᠢ ᠠᠴᠠ ᠥᠢᠯᠡ ᠬᠥᠳᠡᠯᠭᠡᠭᠡᠨ ᠨᠢ ᠴᠤ | ᠠᠮᠵᠢᠯᠲᠠ ᠤᠯᠵᠤ ᠲᠡᠯᠡᠬᠡᠢ ᠳᠤ ᠠᠯᠳᠠᠷᠰᠢᠭᠰᠠᠨ ᠨᠢ ᠥᠨᠡᠨᠲᠡᠢ᠂ ᠲᠡᠷᠡ ᠨᠢ ᠶᠠᠷᠢᠶᠠᠨ ᠥᠭᠡᠢ ᠬᠥᠮᠣᠰ ᠤᠨ ᠥᠵᠡᠯ | ᠰᠠᠨᠠᠭᠠᠨ ᠤ ᠴᠢᠯᠤᠭᠡᠲᠠᠢ ᠪᠠᠳᠠᠷᠠᠭᠤᠯᠠᠯ ᠪᠠ ᠵᠤᠷᠢᠭᠲᠠᠢ ᠰᠡᠳᠬᠢᠭᠰᠡᠨ ᠢᠶᠠᠨ ᠵᠤᠷᠢᠭᠲᠠᠢ ᠪᠡᠶᠡᠯᠡᠭᠦᠯᠵᠤ ᠴᠢᠳᠠᠭᠰᠠᠨ ᠶᠠᠪᠤᠳᠠᠯ | ᠪᠤᠯᠬᠤ ᠨᠢ ᠯᠠᠪᠲᠠᠢ᠃ ᠭᠡᠪᠡᠴᠣ ᠲᠡᠭᠦᠨ ᠤ ᠰᠡᠭᠦᠯᠡᠷ ᠨᠡᠶᠢᠬᠡᠮ ᠤᠨ ᠶᠠᠪᠤᠴᠠ ᠶᠢᠨ ᠵᠠᠷᠢᠮ ᠰᠢᠯᠳᠠᠭᠠᠨ ᠠᠴᠠ ᠪᠤᠯᠵᠤ | ᠮᠤᠩᠭᠤᠯ ᠬᠥᠮᠣᠨ ᠤ ᠥᠵᠡᠯ ᠰᠠᠨᠠᠭᠠᠨ ᠳᠤ ᠭᠠᠳᠠᠭᠠᠳᠤ ᠨᠥᠯᠤᠭᠡ ᠤᠴᠠᠷᠠᠭᠰᠠᠨ ᠠᠴᠠ᠂ ᠰᠡᠳᠬᠢᠬᠦᠢ ᠨᠢ ᠪᠤᠳᠠᠳᠠᠢ ᠠᠴᠠ | ᠵᠠᠶᠢᠳᠠᠵᠤ᠂ ᠬᠤᠭᠤᠰᠤᠨ ᠢ ᠢᠳᠡᠭᠡᠵᠤ ᠪᠢᠰᠢᠷᠡᠭᠡᠳ᠂ ᠰᠢᠳᠣᠵᠣ ᠲᠠᠭᠢᠳᠠᠭ ᠪᠤᠯᠤᠭᠰᠠᠨ ᠠᠴᠠ ᠲᠡᠷᠡᠭᠦ ᠠᠮᠵᠢᠯᠲᠠ ᠪᠠᠨ | ᠡᠳᠣᠭᠡ ᠪᠤᠯᠲᠠᠯ᠎ᠠ ᠪᠠᠳᠤᠳᠬᠠᠨ ᠥᠷᠭᠦᠯᠵᠢᠯᠡᠭᠦᠯᠵᠤ ᠴᠢᠳᠠᠭᠰᠠᠨ ᠥᠭᠡᠢ ᠪᠢᠯᠡ᠂ ᠡᠳᠡᠭᠡᠷ ᠢ ᠲᠡᠤᠭᠡ ᠪᠢᠲᠠᠨ ᠳᠤ ᠭᠡᠷᠡᠴᠢᠯᠡᠵᠤ | ᠪᠠᠳᠣ ᠴᠢᠩᠭ᠎ᠠ ᠪᠠᠷ ᠴᠡᠭᠡᠷᠯᠡᠯ ᠪᠤᠯᠭᠠᠨ ᠥᠯᠡᠳᠡᠭᠡᠭᠰᠡᠨ ᠪᠠᠶᠢᠳᠠᠭ᠂ ᠡᠨᠡ ᠨᠢ ᠰᠢᠨᠵᠢᠯᠡᠬᠦ ᠤᠬᠠᠭᠠᠨ ᠠᠴᠠ ᠬᠡᠳᠦᠢ ᠵᠠᠶᠢᠳᠠᠪᠠᠯ | ᠲᠡᠳᠦᠢ ᠬᠤᠴᠥᠷᠠᠩᠭᠤᠢ ᠪᠤᠯᠵᠤ᠂ ᠪᠤᠰᠤᠳ ᠤᠨ ᠤᠷᠤᠭᠰᠢᠯᠠᠬᠤ ᠡᠩᠨᠡᠭᠡᠨ ᠠᠴᠠ ᠬᠤᠵᠢᠭᠳᠠᠨ᠎ᠠ ᠬᠡᠰᠡᠨ ᠢ ᠬᠥᠴᠤᠲᠠᠢ | ᠬᠠᠷᠠᠭᠤᠯᠵᠠᠢ᠃ | ᠮᠡᠳᠡᠯᠭᠡ ᠶᠢᠨ ᠬᠥᠴᠤᠨ ᠬᠢᠵᠠᠭᠠᠷᠯᠠᠭᠳᠠᠰᠢ ᠥᠭᠡᠢ᠂ ᠬᠥᠮᠣᠰ ᠤᠨ ᠮᠡᠳᠡᠯᠭᠡ ᠶᠢᠨ ᠬᠡᠮᠵᠢᠶ᠎ᠡ ᠲᠡᠭᠡᠭᠰᠢᠯᠡᠭᠦ ᠶᠢ | ᠲᠠᠭᠠᠯᠳᠣᠨ ᠥᠨᠡᠨ ᠬᠤᠳᠠᠯ ᠢ ᠢᠯᠭᠠᠨ ᠲᠠᠨᠢᠬᠤ ᠴᠢᠳᠠᠪᠤᠷᠢ ᠨᠡᠮᠡᠭᠳᠡᠵᠤ᠂ ᠥᠨᠡᠨ ᠥᠭᠡ ᠶᠢ ᠶᠠᠷᠢᠵᠤ ᠴᠢᠳᠠᠬᠤ ᠮᠥᠷᠲᠡᠭᠡᠨ | ᠥᠨᠡᠨ ᠠᠴᠠ ᠵᠥᠪ ᠢ ᠡᠷᠢᠬᠦ ᠴᠢᠳᠠᠪᠤᠷᠢ ᠲᠡᠭᠡᠭᠰᠢᠯᠡᠵᠤ᠂ ᠬᠤᠯᠠ ᠬᠠᠷᠠᠯᠲᠠ ᠶᠢᠨ ᠡᠭᠦᠳᠡᠨ ᠠᠴᠠ ᠠᠰᠠᠭᠤᠳᠠᠯ ᠢ | ᠨᠢᠭᠡᠳᠣᠯᠲᠠᠢ ᠲᠥᠯᠤᠪᠯᠡᠬᠦ ᠪᠠ ᠵᠠᠳᠠᠯᠤᠨ ᠰᠢᠨᠵᠢᠯᠡᠬᠦ ᠴᠢᠳᠠᠪᠤᠷᠢ ᠲᠠᠢ ᠪᠤᠯᠳᠠᠭ᠂ ᠮᠥᠨ ᠴᠦ ᠠᠰᠠᠭᠤᠳᠠᠯ ᠤᠨ ᠭᠤᠤᠯ ᠢ | ᠠᠳᠬᠤᠵᠤ ᠴᠢᠳᠠᠬᠤ ᠪᠥᠭᠡᠳ ᠭᠤᠤᠯ ᠵᠥᠷᠢᠴᠡᠯ ᠢ ᠬᠠᠶᠢᠨ ᠰᠢᠨᠵᠢᠯᠡᠵᠤ ᠴᠢᠳᠠᠳᠠᠭ᠂ ᠬᠠᠷᠢᠨ ᠲᠥᠭᠦᠮ ᠲᠥᠳᠡ ᠪᠠᠷ | ᠪᠤᠳᠤᠵᠤ᠂ ᠰᠡᠢᠳᠪᠤᠷᠢ ᠲᠤᠭᠳᠠᠭᠠᠬᠤ ᠪᠢᠰᠢ ᠪᠤᠯᠴᠢᠬᠠᠳᠠᠭ᠃ ᠮᠡᠳᠡᠯᠭᠡ ᠶᠢᠨ ᠬᠥᠴᠣᠨ ᠠᠴᠠ ᠪᠤᠯᠵᠤ ᠬᠥᠮᠤᠨ ᠥᠨᠡᠨ | ᠪᠤᠳᠠᠳᠠᠢ ᠬᠡᠷᠡᠭ ᠶᠠᠪᠤᠳᠠᠯ ᠢ ᠥᠨᠡᠨ ᠢᠶᠠᠷ ᠲᠤᠰᠬᠠᠵᠤ ᠶᠠᠷᠢᠬᠤ ᠠᠴᠠ ᠪᠢᠰᠢ ᠬᠠᠷᠢᠨ ᠬᠥᠮᠤᠨ ᠬᠥᠮᠤᠨ ᠤ ᠬᠤᠭᠤᠷᠤᠨᠳᠣ ᠪᠠᠨ | ᠬᠤᠭᠤᠰᠤᠨ ᠢᠶᠠᠷ ᠬᠥᠭᠡᠷᠭᠡᠳᠡᠨ ᠥᠯᠢᠶᠡᠵᠤ ᠮᠠᠯᠠᠭᠠᠳᠠᠬᠤ ᠪᠢᠰᠢ᠃ ᠬᠥᠮᠣᠰ ᠮᠡᠳᠡᠯᠭᠡ ᠶᠢᠨ ᠬᠡᠮᠵᠢᠶ᠎ᠡ ᠪᠠᠨ ᠨᠡᠮᠡᠭᠳᠡᠭᠦᠯᠬᠦ ᠶᠢᠨ | ᠵᠤᠷᠢᠯᠭ᠎ᠠ ᠪᠤᠯ ᠨᠡᠩ ᠰᠠᠶᠢᠨ ᠲᠠᠪᠰᠢᠬᠤ ᠶᠢᠨ ᠡᠭᠦᠳᠡᠨ ᠠᠴᠠ ︽ᠰᠢᠨᠵᠢᠯᠡᠬᠦ ᠤᠬᠠᠭᠠᠨᠴᠢ ᠮᠡᠷᠭᠡᠵᠢᠯ ᠪᠤᠯ ᠨᠢᠭᠡᠳᠥᠭᠡᠷ | ᠥᠢᠯᠡᠳᠪᠥᠷᠢᠯᠡᠯ ᠤᠨ ᠬᠥᠴᠤᠨ︾ ᠭᠡᠰᠡᠨ ᠶᠢ ᠲᠥᠢᠯᠪᠥᠷᠢᠲᠠᠢ ᠥᠢᠯᠨᠭᠠᠬᠤ ᠶᠢᠨ ᠲᠥᠯᠤᠭᠡ ᠶᠤᠮ᠃ ᠮᠡᠳᠡᠯᠭᠡ ᠭᠥᠷᠥᠯᠴᠡᠬᠦ | ᠥᠭᠡᠢ ᠪᠤᠯ ᠴᠢᠳᠠᠪᠤᠷᠢ ᠶᠢ ᠡᠷᠬᠢᠮᠯᠡᠭᠦ ᠥᠭᠡᠢ᠂ ᠬᠠᠷᠢᠨ ᠬᠥᠮᠤᠨ ᠬᠥᠮᠤᠨ ᠤ ᠬᠤᠭᠤᠷᠤᠨᠲᠤ ᠬᠠᠷᠢᠴᠠᠭ᠎ᠠ ᠪᠠᠷ ᠰᠢᠨᠵᠢᠯᠡᠬᠦ | ᠤᠬᠠᠭᠠᠨ ᠢ ᠤᠷᠤᠯᠠᠭᠤᠯᠬᠤ ᠴᠦ ᠪᠠᠶᠢᠳᠠᠭ᠂ ᠵᠠᠷᠴᠢᠮ ᠶᠠᠭᠤ ᠭᠡᠰᠡᠨ ᠢ ᠥᠢᠯᠨᠭᠠᠬᠤ ᠥᠭᠡᠢ᠂ ᠵᠥᠪ ᠪᠤᠷᠤᠭᠤ ᠶᠢ ᠢᠯᠭᠠᠬᠤ | ᠴᠢᠳᠠᠪᠤᠷᠢ ᠬᠥᠷᠤᠯᠴᠡᠬᠦ ᠥᠭᠡᠢ ᠲᠡᠨᠤᠵᠤ ᠶᠠᠪᠤᠳᠠᠭ᠂ ᠡᠨᠡ ᠪᠤᠯ ᠨᠡᠶᠢᠭᠡᠮ ᠤᠷᠤᠭᠰᠢᠯᠠᠬᠤ ᠶᠢᠨ ᠬᠠᠮᠤᠭ ᠶᠡᠭᠡ ᠲᠠᠶᠢᠰᠣᠨ | ᠪᠥᠭᠡᠳ ᠬᠠᠮᠤᠭ ᠶᠡᠭᠡ ᠬᠠᠷᠰᠢ ᠰᠠᠭᠠᠳ ᠪᠤᠯᠳᠠᠭ᠃ ᠵᠥᠪ ᠢᠶᠠᠨ ᠥᠷᠭᠦᠯᠵᠢᠯᠡᠨ ᠪᠠᠳᠠᠷᠠᠭᠤᠯᠵᠤ᠂ ᠪᠤᠷᠤᠭᠤ ᠪᠠᠨ ᠠᠪᠤᠨ | ᠲᠤᠤᠷ᠎ᠠ ᠪᠠᠨ ᠵᠠᠯᠠᠷᠠᠭᠤᠯᠬᠤ ᠭᠡᠳᠡᠭ ᠴᠤ ᠮᠡᠳᠡᠯᠭᠡ ᠲᠡᠭᠦᠰ ᠬᠥᠮᠣᠰ ᠤᠨ ᠥᠵᠡᠯᠲᠡ ᠲᠠᠨᠢᠯᠲᠠ ᠶᠤᠮ᠃ ᠠᠷᠭ᠎ᠠ ᠮᠡᠷᠭᠡᠵᠢᠯ | ᠢᠶᠠᠨ ᠲᠡᠭᠡᠭᠰᠢᠯᠡᠭᠦᠯᠵᠤ᠂ ᠬᠥᠮᠤᠨ ᠳᠤ ᠨᠢᠭᠤᠭᠳᠠᠵᠤ ᠪᠠᠶᠢᠭ᠎ᠠ ᠡᠨᠧᠷᠬᠢ ᠶᠢ ᠨᠡᠭᠡᠭᠡᠨ ᠠᠰᠢᠭᠯᠠᠬᠤ ᠭᠡᠳᠡᠭ ᠪᠤᠯ ᠠᠯᠢ | ᠬᠡᠵᠢᠶᠡᠨᠢ ᠭᠥᠭᠵᠢᠭᠰᠡᠨ ᠤᠯᠤᠰ ᠤᠨ ᠲᠤᠷᠰᠢᠯᠭ᠎ᠠ ᠪᠤᠯᠤᠭᠰᠠᠨ ᠪᠠᠶᠢᠳᠠᠭ᠃ ᠮᠠᠨ ᠤ ᠣᠯᠣᠰ ᠴᠢᠯᠣᠭᠡᠯᠡᠭᠳᠡᠭᠡᠳ ᠲᠠᠯᠠᠨ ᠵᠢᠯ | ᠪᠤᠯᠬᠤ ᠭᠡᠵᠤ ᠪᠠᠶᠢᠨ᠎ᠠ᠂ ᠨᠡᠶᠢᠬᠡᠮ ᠤᠨ ᠰᠣᠶᠣᠯ ᠨᠡᠶᠢᠳᠡᠮᠵᠢᠭᠰᠡᠨ ᠤ ᠬᠡᠮᠵᠢᠶ᠎ᠡ ᠨᠢ ᠴᠢᠯᠤᠭᠡᠯᠡᠭᠳᠡᠬᠦ ᠠᠴᠠ ᠡᠮᠤᠨᠡᠬᠢ ᠶᠢ | ᠪᠤᠳᠤᠪᠠᠯ ᠬᠡᠴᠢᠨᠡᠨ ᠲᠠᠬᠢᠨ ᠨᠡᠮᠡᠭᠳᠡᠭᠰᠡᠨ ᠢ ᠪᠤᠤ ᠮᠡᠳᠡ᠂ ᠭᠡᠳᠡᠯ᠎ᠡ ᠵᠠᠷᠢᠮ ᠬᠥᠮᠤᠰ ᠤᠨ ᠠᠵᠢᠯᠯᠠᠬᠤ ᠬᠡᠯᠪᠡᠷᠢ ᠮᠠᠶ᠋ᠢᠭ ᠨᠢ | ᠬᠠᠰᠢ ᠯᠠ ᠪᠠᠶ᠎ᠡ ᠪᠠᠨ ᠪᠤᠳᠤᠭᠰᠠᠨ ᠢᠯᠡᠷᠡᠯ ᠢᠶᠠᠷ ᠢᠯᠡᠭᠦᠤ ᠪᠠᠶᠢᠵᠤ᠂ ᠨᠡᠶᠢᠬᠡᠮ ᠳᠤ ᠬᠠᠷᠢᠭᠤᠴᠠᠬᠤ ᠤᠪᠤᠷ ᠢᠶᠠᠷ ᠲᠤᠳᠠᠮᠠᠭ | ᠢᠯᠡᠷᠡᠯ ᠢᠮᠠᠭᠳᠠ ᠬᠠᠷᠠᠭᠳᠠᠵᠤ ᠪᠠᠶᠢᠨ᠎ᠠ᠃ ᠲᠡᠶᠢᠮᠣ ᠠᠴᠠ ᠮᠡᠳᠡᠯᠭᠡ ᠶᠢᠨ ᠬᠡᠮᠵᠢᠶ᠎ᠡ ᠪᠠᠨ ᠲᠡᠭᠡᠭᠰᠢᠯᠡᠭᠦᠯᠵᠤ᠂ ᠥᠵᠡᠯ | ᠤᠬᠠᠭᠠᠨ ᠢᠶᠠᠨ ᠴᠢᠯᠤᠭᠡᠯᠡᠬᠦ ᠪᠤᠯ ᠰᠢᠨᠵᠢᠯᠡᠬᠦ ᠤᠬᠠᠭᠠᠨᠴᠢ ᠪᠠᠷ ᠰᠢᠨ᠎ᠡ ᠶᠢ ᠡᠬᠦᠳᠬᠦ ᠶᠢᠨ ᠠᠩᠬ᠎ᠠ ᠠᠯᠬᠤᠮ ᠪᠤᠯᠬᠤ ᠨᠢ | ᠲᠠᠮᠵᠢᠭ ᠥᠭᠡᠢ᠃ ᠰᠢᠨ᠎ᠡ ᠶᠢ ᠡᠬᠦᠳᠬᠦ ᠳᠤ ᠤᠷᠴᠢᠨ ᠲᠤᠭᠤᠷᠢᠨ ᠪᠠ ᠲᠡᠭᠡᠷ᠎ᠡ ᠱᠠᠳᠣᠨ ᠤ ᠬᠠᠮᠠᠯᠵᠢᠯᠡᠯ ᠵᠤᠷᠢᠭᠵᠢᠭᠤᠯᠭᠠ | ᠴᠢᠬᠤᠯᠠᠲᠠᠢ ᠲᠤᠯᠠ ᠤᠳᠤᠷᠢᠳᠤᠯᠭ᠎ᠠ ᠪᠤᠯᠤᠭᠰᠠᠳ ᠤᠨ ᠰᠢᠨ᠎ᠡ ᠡᠬᠦᠳᠦᠯᠳᠡ ᠶᠢᠨ ᠲᠤᠬᠠᠢ ᠥᠢᠯᠠᠭᠠᠯᠲᠠ ᠲᠠᠨᠢᠯᠲᠠ ᠥᠨᠳᠤᠷ | ᠪᠠᠶᠢᠬᠤ ᠨᠢ ᠪᠠᠰᠠ ᠨᠢᠭᠡᠨ ᠴᠢᠬᠤᠯᠠ ᠪᠥᠷᠢᠯᠳᠡᠭᠦᠨ ᠨᠥᠬᠦᠴᠡᠯ ᠪᠤᠯᠤᠨ᠎ᠠ᠃ ᠶᠡᠷᠤᠨᠢ ᠲᠤᠯᠤᠭᠠᠶᠢᠯᠠᠭᠴᠢ ᠬᠥᠮᠤᠨ ᠤ ᠰᠤᠶᠤᠯ | ᠥᠨᠳᠣᠷ᠂ ᠲᠤᠰᠬᠠᠶᠢᠵᠢᠭᠰᠠᠨ ᠮᠡᠷᠭᠡᠵᠢᠯᠲᠡᠨ᠂ ᠠᠵᠢᠯ ᠤᠨ ᠠᠮᠵᠢᠯᠲᠠ ᠪᠠᠷ ᠤᠯᠠᠨ ᠲᠥᠮᠡᠨ ᠳᠤ ᠪᠢᠰᠢᠷᠡᠭᠳᠡᠳᠡᠭ ᠬᠥᠮᠣᠨ | ᠪᠣᠯ ᠥᠭᠡᠷᠠᠴᠢᠯᠡᠯᠲᠡ ᠰᠢᠨᠡᠴᠢᠯᠡᠯᠲᠡ ᠪᠠᠷ ᠥᠷᠤᠭᠰᠢᠯᠠᠬᠤ ᠳᠤ ᠨᠡᠩ ᠰᠠᠶᠢᠨ ᠨᠥᠬᠦᠴᠡᠯ ᠢ ᠪᠥᠷᠢᠯᠳᠡᠭᠦᠯᠵᠤ ᠴᠢᠳᠠᠬᠤ ᠶᠤᠮ᠂ | ᠤᠴᠢᠷ ᠨᠢ ᠵᠢᠯᠤᠭᠤᠳᠤᠯᠭ᠎ᠠ ᠪᠤᠯᠵᠤ ᠪᠠᠶᠢᠭ᠎ᠠ ᠬᠥᠮᠤᠰ ᠪᠤᠯ ᠨᠡᠶᠢᠬᠡᠮ ᠳᠤ ᠥᠢᠯᠡᠴᠢᠯᠡᠬᠦ ᠨᠢᠭᠡᠳᠥᠭᠡᠷ ᠹᠠᠷᠤᠨᠲ ᠤᠨ ᠬᠥᠮᠤᠨ᠂ | ᠤᠯᠠᠨ ᠲᠥᠮᠡᠨ ᠤ ᠲᠠᠭᠠᠭᠤᠯᠤᠭᠴᠢ ᠪᠤᠯᠬᠤᠷ ᠲᠡᠳᠡᠨ ᠤ ᠣᠯᠠᠨ ᠲᠥᠮᠡᠨ ᠢ ᠲᠠᠶᠢᠴᠢᠯᠠᠵᠤ ᠴᠢᠳᠠᠬᠤ ᠤᠶᠤᠨ ᠤᠬᠠᠭᠠᠨᠴᠢ | ᠴᠢᠳᠠᠪᠤᠷᠢ ᠨᠢ ᠨᠡᠶᠢᠭᠡᠮ ᠤᠨ ᠬᠥᠭᠵᠢᠯ ᠲᠠᠢ ᠰᠢᠭᠤᠳ ᠬᠠᠷᠢᠴᠠᠭᠠᠯᠠᠭᠳᠠᠳᠠᠭ᠃ | ᠶᠠᠭ ᠲᠡᠶᠢᠮᠣ ᠠᠴᠠ ᠤᠯᠤᠰ ᠥᠨᠳᠤᠰᠤᠲᠡᠨ ᠳᠡᠭᠡᠨ ᠬᠥᠴᠤ ᠨᠡᠮᠡᠭᠦᠷᠢ ᠪᠠᠨ ᠡᠷᠭᠦᠶ᠎ᠡ ᠭᠡᠵᠤ ᠪᠠᠶᠢᠭ᠎ᠠ ᠬᠥᠮᠣᠰ ᠬᠠᠮᠤᠭ | ᠲᠡᠷᠢᠭᠦᠨ ᠳᠤ ᠴᠠᠭ ᠢ ᠰᠥᠢᠳᠬᠡᠯ ᠥᠭᠡᠢ ᠮᠡᠳᠡᠯᠭᠡ ᠪᠠᠨ ᠨᠡᠮᠡᠭᠳᠡᠬᠦᠯᠵᠤ᠂ ᠬᠤᠯᠠ ᠶᠢ ᠰᠡᠳᠬᠢᠵᠤ᠂ ᠠᠯᠤᠰ ᠢᠷᠡᠭᠡᠳᠦᠢ ᠶᠢᠨ | ᠨᠡᠶᠢᠭᠡᠮ ᠶᠠᠮᠠᠷ ᠪᠤᠯᠬᠤ ᠶᠢ ᠵᠢᠱᠢᠵᠤ ᠮᠡᠳᠡᠬᠦ ᠰᠢᠨᠵᠢᠯᠡᠭᠦ ᠤᠬᠠᠭᠠᠨᠴᠢ ᠮᠡᠳᠡᠯᠭᠡ ᠲᠠᠢ ᠪᠤᠯᠵᠤ᠂ ᠨᠡᠶᠢᠬᠡᠮ ᠨᠡᠶᠢᠲᠡ ᠳᠤ | ᠬᠠᠷᠢᠭᠤᠴᠠᠯᠭ᠎ᠠ ᠡᠪᠥᠷᠯᠡᠵᠤ᠂ ᠰᠢᠨ᠎ᠡ ᠡᠭᠦᠲᠣᠨ ᠪᠥᠳᠣᠭᠡᠯ ᠲᠠᠢ ᠪᠤᠯᠵᠤ᠂ ᠥᠪᠡᠷ ᠤᠨ ᠠᠮᠢ ᠨᠠᠰᠤᠨ ᠤ ᠣᠳᠬ᠎ᠠ ᠴᠢᠨᠠᠷ | ᠲᠠᠭᠠᠨ ᠴᠦ ᠭᠡᠷᠡᠯ ᠭᠢᠯᠪᠠᠭ᠎ᠠ ᠨᠡᠮᠡᠬᠦ ᠪᠤᠯᠤᠭᠠᠰᠠᠢ᠃ | ᠲᠠᠭᠠᠯᠲᠤᠭᠤᠯᠤᠯ᠄ ᠤᠳᠤ ᠴᠠᠭ ᠤᠨ ᠰᠢᠨ᠎ᠡ ᠡᠭᠦᠲᠣᠨ ᠪᠥᠳᠣᠭᠡᠯ ᠤᠨ ᠨᠡᠷ᠎ᠡ ᠲᠡᠮᠳᠡᠭ ᠢ ᠤᠯᠬᠤ ᠶᠠᠪᠤᠴᠠ ᠶᠢᠨ | ᠲᠤᠬᠠᠢ ᠲᠥᠭᠦᠮ ᠲᠠᠨᠢᠯᠴᠠᠭᠤᠯᠭ᠎ᠠ᠄ ᠭᠡᠨ ᠭᠡᠷᠪᠡ ᠥᠪᠡᠷ ᠤᠨ ᠢᠶᠠᠨ ᠬᠢᠵᠤ ᠥᠩᠭᠡᠷᠡᠭᠰᠡᠨ ᠵᠥᠢᠯ ᠢᠶᠠᠨ ᠰᠢᠨ᠎ᠡ ᠡᠭᠦᠲᠣᠯᠲᠡ | ᠭᠡᠵᠤ ᠲᠠᠨᠢᠳᠠᠭ ᠪᠤᠯ ᠬᠢᠵᠤ ᠥᠩᠭᠡᠷᠡᠭᠰᠡᠨ ᠢᠶᠠᠨ ᠪᠤᠳᠠᠳᠠᠢ ᠲᠤᠭ᠎ᠠ ᠪᠥᠷᠢᠳᠭᠡᠯ ᠭᠢᠵᠤ᠂ ᠪᠤᠯᠬᠤ ᠶᠢᠨ ᠲᠤᠳᠤᠷ᠎ᠠ ᠵᠢᠷᠤᠭ | ᠰᠡᠭᠦᠳᠡᠷ ᠪᠤᠶᠤ ᠪᠣᠰᠣᠳ ᠭᠡᠷᠡᠴᠢ ᠪᠠᠷᠢᠮᠲᠠ ᠲᠠᠢ ᠨᠢ ᠥᠭᠦᠯᠡᠯ ᠪᠤᠯᠭᠠᠵᠤ ᠪᠢᠴᠢᠭᠡᠳ ᠤᠯᠤᠰ ᠤᠨ ᠲᠡᠰ ᠤᠨ | ᠭᠤᠤᠯᠳ᠋ᠨᠯᠭᠠᠳᠣ ᠰᠢᠨᠵᠢᠯᠡᠭᠦ ᠤᠬᠠᠭᠠᠨ ᠤ ᠰᠡᠳᠭᠦᠯ ᠲᠡᠭᠡᠷ᠎ᠡ ᠨᠡᠶᠢᠲᠡᠯᠡᠭᠦᠯᠤᠭ᠍ᠰᠡᠨ ᠤ ᠲᠠᠷᠠᠭ᠎ᠠ᠂ ᠬᠤᠶᠠᠳᠣᠭᠠᠷ ᠠᠯᠬᠤᠮ ᠳᠤ | ᠤᠯᠤᠰ ᠪᠠ ᠥᠪᠡᠷᠲᠡᠭᠡᠨ ᠵᠠᠰᠠᠬᠤ ᠤᠷᠤᠨ ᠤ ᠰᠢᠨᠵᠢᠯᠡᠭᠦ ᠤᠬᠠᠭᠠᠨ ᠮᠡᠷᠭᠡᠵᠢᠯ ᠤᠨ ᠲᠢᠩᠬᠢᠮ ᠤᠨ ᠰᠢᠨ᠎ᠡ ᠡᠭᠦᠲᠣᠯᠲᠡ ᠶᠢ | ᠪᠠᠶᠢᠴᠠᠭᠠᠨ ᠰᠢᠯᠭᠠᠬᠤ ᠰᠠᠯᠠᠭᠠᠨ ᠳᠤ ᠰᠢᠯᠭᠠᠭᠤᠯᠤᠭᠠᠳ᠂ ᠥᠭᠡᠷ᠎ᠡ ᠪᠤᠰᠤᠳ ᠬᠥᠮᠣᠨ ᠴᠢᠨᠣᠬᠢ ᠲᠠᠢ ᠠᠳᠠᠯᠢ | ᠪᠥᠳᠣᠭᠡᠭᠳᠡᠭᠦᠨ ᠪᠠᠶᠢᠬᠤ ᠥᠭᠡᠢ ᠪᠤᠯ ᠴᠢᠨᠤ ᠪᠥᠳᠣᠭᠡᠯ ᠨᠢ ᠲᠠᠷᠦᠢ ᠰᠢᠨ᠎ᠡ ᠮᠡᠳᠡᠭᠡᠯᠡᠯ ᠤᠨ ᠭᠡᠷᠡᠴᠢ ᠲᠡᠮᠳᠡᠭ ᠤᠯᠵᠤ | ᠪᠤᠯᠤᠨ᠎ᠠ᠃ ᠡᠨᠡᠬᠦ ᠲᠡᠮᠳᠡᠭ ᠢ ᠣᠯᠣᠭᠰᠠᠨ ᠤ ᠲᠠᠷᠠᠭ᠎ᠠ ᠲᠤᠰᠬᠠᠢ ᠮᠡᠷᠭᠡᠵᠢᠯᠲᠡᠨ ᠤ ᠪᠥᠯᠬᠦᠮ ︵ᠲᠠᠪᠤ ᠠᠴᠠ ᠳᠡᠭᠡᠭᠰᠢ ᠬᠥᠮᠣᠨ | ︶ ᠢᠶᠠᠷ ᠬᠢᠨᠠᠵᠤ᠂ ᠪᠥᠳᠤᠭᠡᠯ ᠤᠨ ᠰᠢᠨᠵᠢᠯᠡᠬᠦ ᠤᠬᠠᠭᠠᠨᠴᠢ ᠴᠢᠨᠠᠷ ᠪᠤᠯᠤᠨ ᠪᠤᠳᠠᠳᠤ ᠭᠡᠷᠡᠭᠴᠡᠭᠡᠨ ᠲᠠᠯ᠎ᠠ ᠪᠠᠷ ᠬᠢᠷᠢ | ᠲᠡᠩᠴᠡᠪᠡᠯ᠂ ᠰᠢᠨ᠎ᠡ ᠡᠭᠦᠲᠣᠯᠲᠡ ᠶᠢᠨ ᠲᠡᠮᠳᠡᠭ ᠢ ᠤᠯᠤᠨ᠎ᠠ᠂ ᠡᠭᠦᠨ ᠢ ᠰᠢᠨᠵᠢᠯᠡᠬᠦ ᠤᠬᠠᠭᠠᠨ ᠮᠡᠷᠭᠡᠵᠢᠯ ᠤᠨ ᠲᠢᠩᠬᠢᠮ | ᠠᠴᠠ ᠤᠯᠭᠤᠳᠠᠭ ᠪᠠᠶᠢᠨ᠎ᠠ᠂ ᠲᠡᠭᠡᠭᠡᠳ ᠡᠨᠡᠬᠦ ᠲᠡᠮᠲᠡᠭ ᠢᠶᠠᠷ ᠢᠶᠠᠨ ᠡᠯ᠎ᠡ ᠲᠡᠰ ᠤᠨ ᠵᠥᠢᠯ ᠪᠥᠷᠢ ᠶᠢᠨ ᠰᠢᠨᠵᠢᠯᠡᠬᠦ ᠤᠬᠠᠭᠠᠨ | ᠤ ᠲᠠᠯ᠎ᠠ ᠶᠢᠨ ᠬᠥᠳᠡᠯᠭᠡᠭᠡᠨ ᠳᠤ ᠤᠷᠤᠯᠴᠠᠵᠤ᠂ ᠡᠯ᠎ᠡ ᠵᠥᠢᠯ ᠤᠨ ᠢᠷᠠᠭᠤ ᠠᠯᠳᠠᠷ ᠤᠨ ᠥᠨᠡᠮᠯᠡᠯ ᠪᠠ ᠱᠠᠩᠨᠠᠯ ᠤᠨ ᠮᠥᠩᠭᠦ | ᠵᠡᠷᠭᠡ ᠢ ᠡᠭᠦᠪᠡᠷ ᠲᠠᠮᠵᠢᠨ ᠤᠯᠳᠠᠭ ᠪᠠᠶᠢᠨ᠎ᠠ᠂ ᠪᠠᠰᠠ ᠥᠢᠯᠠᠭᠠᠬᠤ ᠥᠭᠡᠢ ᠵᠥᠢᠯᠡᠰ ᠪᠠᠶᠢᠪᠠᠯ ᠬᠤᠰᠢᠭᠤᠨ ᠤ ᠪᠠ ᠬᠤᠲᠠ | ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠲᠤᠪᠴᠢᠶ᠎ᠠ ᠠᠴᠠ ᠯᠠᠪᠯᠠᠨ ᠠᠰᠠᠭᠤᠵᠤ ᠥᠵᠡᠭᠡᠷᠡᠢ᠂ ᠤᠳᠤ ᠪᠤᠯ ᠡᠨᠡ ᠲᠠᠯ᠎ᠠ ᠪᠠᠷ | ᠴᠢᠬᠤᠯᠠᠴᠢᠯᠠᠵᠤ ᠪᠠᠶᠢᠭ᠎ᠠ ᠴᠠᠭ ᠥᠶ᠎ᠡ ᠪᠤᠯᠬᠤᠷ ᠢᠯᠡᠭᠦᠤ ᠴᠢᠷᠮᠠᠶᠢᠪᠠᠯ ᠠᠮᠵᠢᠯᠲᠠ ᠳᠤ ᠯᠠᠪ ᠬᠥᠷᠴᠤ ᠴᠢᠳᠠᠨ᠎ᠠ᠃ | | | | | | | |