ᠰᠢᠨ᠎ᠡ ᠬᠥᠳᠡᠭᠡ
ᠨᠡᠶᠢᠲᠡᠯᠡᠭᠰᠡᠨ ᠴᠠᠭ᠄
2019-11-21
ᠪᠤᠷᠤᠭᠠᠨ ᠬᠤᠷ᠎ᠠ ᠨᠠᠮᠢᠷᠠᠭᠠᠳ ᠢᠷᠡᠯ᠎ᠡᠪᠤᠳᠠᠩ ᠮᠠᠨᠠᠨ ᠳᠠᠷᠤᠭᠳᠠᠭᠠᠳ ᠢᠷᠡᠯ᠎ᠡᠪᠤᠯᠠᠭ ᠤᠨ ᠤᠰᠤ ᠬᠤᠷᠴᠢᠬᠢᠨᠠᠭᠠᠳ ᠢᠷᠡᠨ᠎ᠡᠪᠤᠯᠵᠤᠮᠤᠷ ᠰᠢᠪᠠᠭᠤᠳ ᠳᠤᠩᠭᠤᠳᠤᠭᠠᠳ ᠢᠷᠡᠯ᠎ᠡ᠃ ᠴᠡᠪᠡᠷ ᠰᠠᠯᠬᠢ ᠰᠡᠩᠬᠢᠨᠡᠭᠡᠳ ᠢᠷᠡᠯ᠎ᠡᠴᠢᠭᠢᠭ ᠤᠨ ᠥᠨᠥᠷ ᠬᠠᠩᠬᠤᠯᠤᠭᠠᠳ ᠢᠷᠡᠯ᠎ᠡᠴᠡᠴᠡᠭ ᠨᠠᠪᠴᠢ ᠳᠡᠯᠭᠡᠷᠡᠭᠳ ᠢᠷᠡᠯ᠎ᠡᠴᠡᠯᠡᠭᠡᠷ ᠲᠠᠯ᠎ᠠ ᠨᠤᠭᠤᠭᠠᠷᠠᠭᠠᠳ ᠢᠷᠡᠯ᠎ᠡ᠃ ᠠᠳᠤᠭᠤᠨ ᠰᠥᠷᠥᠭ ᠲᠡᠯᠡᠷᠡᠭᠡᠳ ᠢᠷᠡᠯ᠎ᠡ ᠠᠷᠠᠯ ᠤᠨ ᠱᠠᠷ ᠤᠳ ᠮᠥᠭᠡᠷᠡᠭᠡᠳ ᠢᠷᠡᠯ᠎ᠡ ᠠᠲᠠᠨ ᠲᠡᠮᠡᠭᠡᠳ ᠳᠡᠰᠢᠭᠡᠳ ᠢᠷᠡᠯ᠎ᠡ ᠠᠵᠢᠯᠴᠢ ᠮᠠᠯᠴᠢᠳ ᠪᠠᠶᠠᠰᠤᠭᠠᠳ ᠢᠷᠡᠯ᠎ᠡ᠃ ᠮᠤᠩᠭᠤᠯ ᠭᠡᠷ ᠤᠳ ᠴᠠᠶᠢᠯᠵᠠᠭᠠᠳ ᠢᠷᠡᠯ᠎ᠡ ᠮᠤᠷᠢᠲᠠᠢ  ᠬᠥᠮᠥᠰ ᠳᠠᠪᠬᠢᠭᠠᠳ ᠢᠷᠡᠯ᠎ᠡ ᠮᠤᠷᠢᠨ ᠬᠤᠭᠤᠷ ᠬᠥᠩᠭᠢᠨᠡᠭᠡᠳ ᠢᠷᠡᠯ᠎ᠡ ᠮᠤᠩᠭᠤᠯ ᠠᠮᠢᠳᠤᠷᠠᠯ ᠪᠢᠯᠬᠠᠷᠠᠭᠠᠳ ᠢᠷᠡᠯ᠎ᠡ᠃ ᠠᠶᠢᠷᠠᠭ ᠴᠡᠭᠡ ᠱᠠᠩᠳᠠᠭᠤᠷᠠᠭᠠᠳ ᠢᠷᠡᠯ᠎ᠡ ᠠᠯᠢᠮ᠎ᠠ ᠵᠢᠮᠢᠰ ᠤᠨᠵᠢᠢᠭᠠᠳ ᠢᠷᠡᠯ᠎ᠡ ᠠᠯᠲᠠ ᠮᠥᠩᠬᠦ ᠤᠪᠤᠭᠠᠷᠠᠭᠠᠳ ᠢᠷᠡᠯ᠎ᠡ ᠠᠰᠢᠳᠠ ᠶᠢᠨ ᠵᠢᠷᠭᠠᠯ ᠬᠥᠷᠥᠭᠡᠳ ᠢᠷᠡᠯ᠎ᠡ᠃ ᠰᠢᠵᠢᠷ ᠨᠠᠷᠠᠨ ᠭᠡᠷᠡᠯᠲᠥᠭᠡᠳ ᠢᠷᠡᠯ᠎ᠡ ᠰᠢᠯᠢ ᠴᠠᠶᠢᠳᠠᠮ ᠠᠮᠢᠯᠠᠭᠠᠳ ᠢᠷᠡᠯ᠎ᠡ ᠰᠢᠯᠢᠳᠢᠭ ᠵᠠᠯᠠᠭᠤᠰ ᠳᠠᠭᠤᠯᠠᠭᠠᠳ ᠢᠷᠡᠯ᠎ᠡ ᠰᠢᠨ᠎ᠡ ᠬᠥᠳᠡᠭᠡ ᠲᠤᠲᠤᠷᠠᠭᠠᠳ ᠢᠷᠡᠯ᠎ᠡ᠃                        ︽ᠲᠦᠷᠦᠯᠬᠢ ᠬᠡᠯᠡ︾ ᠰᠡᠳᠬᠦᠯ ᠠᠴᠠ ᠰᠡᠶᠢᠷᠡᠬᠦᠯᠪᠡ      ᠵᠤᠬᠢᠶᠠᠭᠴᠢ᠄ ᠡᠵᠡᠨ ᠬᠤᠷᠤᠭ᠎ᠠ ᠬᠤᠰᠢᠭᠤᠨ ᠤ ᠮᠤᠩᠭᠤᠯ ᠪᠠᠭ᠎ᠠ ᠰᠤᠷᠭᠠᠭᠤᠯᠢ                                                  ᠰᠡᠴᠡᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号