ᠸᠠᠩᠳᠠᠨᠨᠢᠮ᠎ᠠ ᠶᠢᠨ ᠨᠠᠰᠤ ᠨᠥᠭᠴᠢᠭᠰᠡᠨ ᠨᠢ | | ᠬᠠᠷ᠎ᠠ ᠪᠠᠷᠰ ᠵᠢᠯ ︵1926 ᠤᠨ︶ ᠤᠨ10 ᠰᠠᠷ᠎ᠠ ᠳᠤ᠂ ᠸᠠᠩᠳᠠᠨᠨᠢᠮ᠎ᠠ ᠶᠢᠨ ᠤᠳᠤᠷᠢᠳᠤᠭᠰᠠᠨ ᠥᠪᠥᠷ | ᠮᠤᠩᠭᠤᠯ ᠤᠨ ᠠᠷᠠᠳ ᠤᠨ ᠬᠤᠪᠢᠰᠬᠠᠯᠳᠤ ᠴᠡᠷᠢᠭ ᠵᠡᠪᠰᠡᠭᠳᠤ ᠳᠡᠮᠡᠴᠡᠯ ᠶᠠᠪᠤᠭᠤᠯᠬᠤ ᠪᠡᠯᠡᠳᠭᠡᠯ ᠢᠶᠠᠨ ᠱᠠᠯᠠᠪᠳᠠᠨ | ᠪᠠᠶᠢᠬᠤ ᠳᠤ ︽ᠥᠪᠥᠷ ᠮᠤᠩᠭᠤᠯ ᠤᠨ ᠠᠷᠠᠳ ᠤᠨ ᠬᠤᠪᠢᠰᠬᠠᠯᠳᠤ ᠨᠠᠮ︾ ᠤᠨ ᠳᠤᠳᠤᠷᠠᠬᠢ ᠪᠠᠷᠠᠭᠤᠨ ᠤ | ᠪᠥᠯᠥᠭᠳᠡᠨ ︵ᠪᠠᠰᠠ ᠭᠤᠮᠢᠨᠳᠠᠩ ᠤᠨ ᠳᠠᠩᠨᠠᠭᠤᠯ ᠭᠡᠵᠤ ᠴᠦ ᠬᠡᠯᠡᠵᠤ ᠪᠤᠢ︶ ᠸᠠᠩᠳᠠᠨᠨᠢᠮ᠎ᠠ ᠶᠢ ᠬᠤᠤᠷᠯᠠᠵᠤ᠂ | ᠵᠡᠪᠰᠡᠭᠳᠤ ᠲᠡᠮᠡᠴᠡᠯ ᠬᠢᠭᠦ ᠠᠵᠢᠯᠯᠠᠭ᠎ᠠ ᠶᠢ ᠬᠤᠷᠢᠭᠯᠠᠨ ᠵᠤᠭᠰᠤᠭᠠᠬᠤ ᠠᠵᠢᠯ ᠢᠶᠠᠨ ᠲᠥᠷᠭᠡᠳᠬᠡᠵᠤ ᠪᠠᠶᠢᠯ᠎ᠠ᠃ ᠲᠡᠳᠡ | ᠡᠯᠳᠡᠪ ᠵᠥᠢᠯ ᠤᠨ ᠠᠷᠭ᠎ᠠ ᠪᠠᠰᠢᠷ ᠢ ᠭᠡᠷᠡᠭᠯᠡᠨ ᠸᠠᠩᠳᠠᠨᠨᠢᠮ᠎ᠠ ᠶᠢᠨ ᠰᠢᠳᠠᠷ ᠳᠠᠭᠠᠯ᠂ ᠬᠤᠪᠢ ᠶᠢᠨ ᠡᠮᠴᠢ ᠲᠥᠰᠢᠮᠡᠳ | ᠲᠠᠢ ᠤᠶᠢᠷᠠᠳᠴᠤ᠂ ᠮᠥᠩᠭᠦ ᠵᠤᠭᠤᠰ ᠢᠶᠠᠷ ᠬᠠᠭᠤᠷᠬᠤ ᠵᠡᠷᠭᠡ ᠪᠤᠯᠬᠢ ᠠᠷᠭ᠎ᠠ ᠪᠠᠷ ᠡᠷᠭᠡᠨ ᠳᠡᠭᠡᠨ ᠤᠷᠤᠭᠤᠯᠵᠤ᠂ | ᠤᠤᠭᠤᠬᠤ ᠴᠠᠢ ᠢᠳᠡᠭᠦ ᠬᠤᠭᠤᠯᠠᠨ ᠳᠤᠨᠢ ᠬᠤᠤᠷ ᠬᠢᠯᠭᠡᠨ ᠪᠤᠭᠤᠳᠤ ᠶᠢᠨ ᠲᠠᠢ ᠠᠨ ᠨᠠᠷᠡᠮᠵᠢᠳᠤ ᠠᠶᠠᠨᠴᠢᠳ ᠤᠨ | ᠪᠠᠭᠤᠳᠠᠯ ︵ᠤᠳᠤ ᠶᠢᠨ ᠪᠤᠭᠤᠳᠤ ᠬᠤᠳᠠ ᠶᠢᠨ ᠳ᠋ᠥᠩ ᠾᠧ ᠲᠤᠭᠤᠷᠢᠭ ᠲᠤ ᠪᠠᠶᠢᠪᠠ︶ ᠳᠤ ᠸᠠᠩᠳᠠᠨᠨᠢᠮ᠎ᠠ ᠶᠢ | ᠬᠤᠤᠷᠳᠠᠭᠤᠯᠤᠨ ᠠᠯᠠᠭᠰᠠᠨ ᠪᠠᠶᠢᠨ᠎ᠠ᠃ | ᠤᠴᠢᠷ ᠡᠶᠢᠮᠤ ᠪᠠᠶᠢᠵᠠᠢ᠃ ᠤᠯᠠᠭᠠᠨ ᠤᠷᠤᠰ ︵ᠵᠥᠪᠯᠡᠯᠳᠤ ᠬᠤᠯᠪᠤᠭᠠᠳᠤ ᠤᠯᠤᠰ︶ ᠪᠤᠯᠤᠨ ᠪᠥᠭᠦᠳᠡ | ᠨᠠᠶᠢᠷᠠᠮᠳᠠᠬᠤ ᠮᠤᠩᠭᠤᠯ ᠠᠷᠠᠳ ᠤᠯᠤᠰ ᠠᠴᠠ ᠸᠠᠩᠳᠠᠨᠨᠢᠮ᠎ᠠ ᠶᠢᠨ ᠵᠡᠪᠰᠡᠭᠳᠤ ᠲᠡᠮᠡᠴᠡᠯ ᠶᠠᠪᠤᠭᠤᠯᠬᠤ ᠶᠢ ᠳᠡᠮᠵᠢᠵᠤ᠂ | ᠨᠢᠭᠡ ᠪᠥᠯᠥᠭ ᠵᠡᠷ ᠵᠡᠪᠰᠡᠭ ︵ᠨᠢᠭᠡ ᠮᠢᠩᠭᠠᠨ ᠯᠢᠶᠠᠨᠵᠤ ᠫᠤᠤ ᠭᠡᠵᠤ ᠬᠡᠯᠡᠳᠡᠭ︶ ᠪᠠ ᠵᠤᠭᠤᠰ ᠮᠥᠩᠭᠦ ᠳᠡᠮᠵᠢᠭᠰᠡᠨ ᠢ | ᠺᠠᠯᠠᠬᠠᠨ ᠲᠤᠰᠬᠠᠢ ᠬᠥᠮᠥᠨ ᠢᠶᠠᠷ ᠬᠠᠮᠠᠭᠠᠯᠠᠭᠤᠯᠵᠤ᠂ ᠪᠤᠭᠤᠳᠤ ᠬᠤᠳᠠ ᠳᠤ ᠭᠥᠷᠭᠡᠨ ᠠᠪᠴᠢᠷᠠᠭᠤᠯᠵᠠᠢ᠃ | ᠸᠠᠩᠳᠠᠨᠨᠢᠮ᠎ᠠ ᠪᠡᠶ᠎ᠡ ᠪᠠᠷ ᠢᠶᠠᠨ ᠥᠯᠵᠡᠶᠢᠵᠢᠷᠭᠠᠯ᠂ ᠰᠤᠮᠢᠶ᠎ᠠ᠂ ᠭᠥᠨᠴᠥᠭ᠂ ᠭᠡᠨᠳᠤᠨᠵᠠᠮᠰᠤ ᠵᠡᠷᠭᠡ ᠰᠢᠳᠠᠷ ᠭᠥᠮᠥᠰ | ᠢᠶᠠᠨ ᠳᠠᠭᠠᠭᠤᠯᠵᠤ ᠪᠤᠭᠤᠳᠤ ᠳᠤ ᠭᠥᠷᠴᠤ ᠲᠤᠰᠴᠤ ᠠᠪᠤᠭᠠᠳ ᠲᠡᠷᠡ ᠰᠥᠨᠢ ᠤᠷᠤᠰ ᠤᠨ ᠵᠤᠴᠢᠨ ᠢ ᠭᠥᠨᠳᠤ ᠪᠠᠷ | ᠵᠤᠴᠢᠯᠠᠵᠤ᠂ ︽ᠮᠠᠷᠭᠠᠰᠢ ᠪᠡᠶ᠎ᠡ ᠪᠠᠷ ᠢᠶᠠᠨ ᠥᠳᠡᠨ ᠮᠤᠷᠳᠠᠭᠤᠯᠤᠶ᠎ᠠ︕︾ ᠬᠡᠮᠡᠨ ᠬᠡᠯᠡᠯᠴᠡᠭᠡ ᠲᠤᠬᠢᠷᠠᠭᠠᠳ | ᠪᠠᠭᠤᠳᠠᠯ ᠳᠤ ᠬᠤᠨᠤᠭᠯᠠᠭᠰᠠᠨ ᠪᠠᠶᠢᠨ᠎ᠠ᠃ | ᠮᠠᠷᠭᠠᠰᠢ ᠥᠷᠯᠥᠭᠡ ᠨᠢ᠂ ᠰᠢᠨᠠᠯᠠᠮ᠎ᠠ ᠥᠯᠵᠡᠶᠢᠵᠢᠷᠭᠠᠯ᠂ ᠰᠤᠮᠢᠶ᠎ᠠ᠂ ᠭᠥᠨᠴᠥᠭ ᠵᠡᠷᠭᠡ ᠭᠥᠮᠥᠰ ᠤᠷᠤᠰ ᠤᠨ | ᠵᠤᠴᠢᠨ ᠢ ᠥᠳᠡᠵᠤ ᠮᠤᠷᠳᠠᠭᠤᠯᠬᠤ ᠪᠠᠷ ᠳᠠᠭᠠᠭᠤᠯᠤᠨ ᠭᠠᠷᠴᠤ ᠢᠷᠡᠪᠡᠯ ᠳᠡᠩᠳᠠ ᠥᠭᠡᠨ ᠳᠡᠭᠡᠨ ᠰᠠᠭᠤᠳᠠᠭ | ᠸᠠᠩᠳᠠᠨᠨᠢᠮ᠎ᠠ ᠶᠢᠨ ᠪᠠᠷ᠎ᠠ ᠠᠯᠠᠭ᠎ᠠ ᠪᠠᠶᠢᠯ᠎ᠠ᠃ ᠶᠠᠭᠠᠬᠢᠶ᠎ᠠ ᠡᠶᠢᠬᠢᠶᠡ ᠬᠡᠵᠤ ᠪᠠᠶᠢᠳᠠᠯ᠎ᠠ ᠰᠢᠨ᠎ᠡ ᠪᠡᠷᠢ ᠶᠢᠨ ᠴᠢᠷᠠᠢ ᠰᠢᠭ᠋ | ᠴᠡᠯᠮᠡᠭ ᠲᠤᠩᠭᠠᠯᠠᠭ ᠪᠠᠶᠢᠭᠰᠠᠨ ᠲᠡᠭᠷᠢ ᠭᠡᠨᠡᠳᠳᠡ ᠤᠯᠠᠭᠠᠨ ᠬᠤᠢ ᠬᠤᠶᠢᠯᠠᠷᠠᠨ ᠪᠤᠰᠴᠤ᠂ ᠲᠡᠭᠷᠢ ᠭᠠᠵᠠᠷ | ᠬᠠᠷᠠᠩᠭᠤᠶᠢᠯᠠᠨ ᠨᠡᠶᠢᠯᠡᠵᠤ᠂ ᠤᠨᠤᠭ᠎ᠠ ᠮᠤᠷᠢᠳᠡᠨ ᠢ ᠲᠡᠭᠷᠢ ᠶᠢᠨ ᠬᠠᠶᠠᠭ᠎ᠠ ᠳᠤ ᠬᠡᠶᠢᠰᠭᠡᠮᠡᠷ ᠪᠤᠯᠵᠠᠢ᠃ | ᠥᠯᠵᠡᠶᠢᠵᠢᠷᠭᠠᠯ᠂ ᠰᠤᠮᠢᠶ᠎ᠠ ᠨᠡᠷ ᠠᠷᠭ᠎ᠠ ᠪᠤᠰᠤ ᠸᠠᠩᠳᠠᠨᠨᠢᠮ᠎ᠠ ᠶᠢ ᠬᠥᠯᠢᠶᠡᠯ ᠥᠭᠡᠢ ᠤᠷᠤᠰ ᠤᠨ ᠵᠤᠴᠢᠳ ᠢ ᠭᠥᠷᠭᠦ | ᠭᠠᠵᠠᠷ ᠲᠤᠨᠢ ᠭᠥᠷᠳᠡᠯ᠎ᠡ ᠥᠳᠡᠵᠤ ᠮᠤᠷᠳᠠᠭᠤᠯᠤᠭᠠᠳ ᠪᠠᠭᠤᠳᠠᠯ ᠳᠠᠭᠠᠨ ᠪᠤᠴᠠᠵᠤ ᠢᠷᠡᠪᠡᠯ ᠲᠥᠰᠢᠮᠡᠳ᠄ ︽ | ᠪᠠᠨᠳᠢᠳᠠ ᠪᠠᠭᠰᠢ ᠪᠢᠰᠢ ᠪᠤᠯᠴᠢᠬᠠᠯ᠎ᠠ︕︾ ᠭᠡᠮᠡᠨ ᠤᠬᠢᠯᠡᠯ ᠬᠠᠶᠢᠯᠥᠯ ᠠᠯᠳᠠᠨ ᠤᠭᠳᠤᠨ ᠢᠷᠡᠪᠡ᠃ | ᠥᠯᠵᠡᠶᠢᠵᠢᠷᠭᠠᠯ ᠨᠡᠷ ᠢ ᠶᠠᠭᠠᠷᠠᠤ ᠰᠠᠨᠳᠤᠷᠠᠤ ᠸᠠᠩᠳᠠᠨᠨᠢᠮ᠎ᠠ ᠶᠢᠨ ᠬᠤᠨᠤᠬᠤ ᠥᠷᠥᠭᠡ ᠳᠤ ᠭᠥᠷᠴᠤ ᠢᠷᠡᠪᠡᠯ | ᠸᠠᠩᠳᠠᠨᠨᠢᠮ᠎ᠠ ᠮᠡᠷ ᠮᠡᠷ ᠠᠮᠢᠰᠬᠤᠭ᠎ᠠ ᠲᠠᠢ ᠪᠠᠶᠢᠪᠠ᠃ ᠸᠠᠩᠳᠠᠨᠨᠢᠮ᠎ᠠ᠂ ᠥᠯᠵᠡᠶᠢᠵᠢᠷᠭᠠᠯ ᠤᠨ ᠭᠠᠷ ᠢ ᠴᠢᠩᠭ᠎ᠠ | ᠠᠳᠬᠤᠵᠤ᠄ ︽ᠪᠢ ᠭᠥᠮᠥᠨ ᠪᠤᠯᠬᠤ ᠠᠴᠠ ᠨᠢᠭᠡᠨᠳᠡ ᠥᠩᠭᠡᠷᠡᠴᠢᠭᠡᠯ᠎ᠡ᠃ ᠮᠢᠨᠤ ᠬᠢᠵᠤ ᠪᠠᠷᠠᠭᠠᠳᠤᠢ ᠵᠥᠢᠯ ᠪᠤᠯ | ᠲᠠᠨᠤᠰ ᠤᠨ ᠬᠤᠶᠢᠰᠢᠳᠠ ᠶᠢᠨ ᠬᠢᠬᠦ ᠠᠵᠢᠯ ᠮᠥᠨ︕ ᠵᠠ᠂ ᠪᠡᠶ᠎ᠡ ᠪᠡᠶᠡᠰ ᠢᠶᠠᠨ ᠬᠢᠴᠢᠶᠡ᠂ ᠪᠤᠤ ᠮᠢᠨᠤ ᠵᠡᠮ ᠢᠶᠠᠷ | ᠶᠠᠪᠤᠴᠢᠬ᠎ᠠ ᠳ᠋ᠠ︕︾ ᠬᠡᠵᠤ ᠭᠥᠴᠢᠷᠳᠡᠯᠳᠡᠶᠢᠬᠡᠨ ᠬᠡᠯᠡᠭᠡᠳ ᠠᠮᠢᠰᠬᠤᠯ ᠬᠤᠷᠢᠶᠠᠵᠠᠢ᠃ ︵ᠪᠠᠰᠠ ᠵᠠᠷᠢᠮ ᠨᠢ | ᠳᠠᠳᠠᠨᠤᠰ ᠢ ᠭᠥᠷᠴᠤ ᠢᠷᠡᠭᠦ ᠳᠤ ᠨᠢᠭᠡᠨᠳᠡ ᠠᠮᠢᠰᠬᠤᠯ ᠬᠤᠷᠢᠶᠠᠭᠰᠠᠨ ᠭᠡᠵᠤ ᠬᠡᠯᠡᠳᠡᠭ︶᠃ ᠲᠤᠰ ᠵᠢᠯ 54 | ᠨᠠᠰᠤᠲᠠᠢ ᠪᠥᠯᠥᠭᠡ᠃ | ᠥᠯᠵᠡᠶᠢᠵᠢᠷᠭᠠᠯ᠂ ᠰᠤᠮᠢᠶ᠎ᠠ᠂ ᠭᠡᠨᠳᠤᠨᠵᠠᠮᠰᠤ ᠵᠡᠷᠭᠡ ᠬᠥᠮᠥᠰ ᠬᠤᠪᠢᠰᠬᠠᠯᠳᠤ ᠴᠡᠷᠢᠭ ᠤᠨ ᠥᠵᠡᠯ ᠰᠠᠨᠠᠭ᠎ᠠ | ᠶᠢ ᠲᠤᠭᠳᠠᠪᠤᠷᠢᠵᠢᠭᠤᠯᠵᠤ᠂ ᠸᠠᠩᠳᠠᠨᠨᠢᠮ᠎ᠠ ᠶᠢᠨ ᠬᠤᠤᠷᠯᠠᠭᠳᠠᠭᠰᠠᠨ ᠴᠢᠮᠡᠭᠡ ᠶᠢ ᠵᠠᠳᠠᠷᠠᠭᠤᠯᠤᠯ ᠥᠭᠡᠢ ᠨᠢᠭᠤᠨ | ᠪᠢᠳᠠᠭᠦᠮᠵᠢᠯᠡᠵᠤ᠂ ᠲᠡᠭᠦᠨ ᠤ ᠭᠡᠭᠦᠷ ᠢ ᠫᠤᠤ ᠰᠤᠮᠤᠨ ᠤ ᠬᠠᠶᠢᠷᠴᠠᠭ ᠲᠤ ᠬᠢᠵᠤ᠂ ᠥᠯᠵᠡᠶᠢᠵᠢᠷᠭᠠᠯ ᠴᠡᠷᠢᠭ ᠢᠶᠠᠷ | ᠬᠠᠮᠠᠭᠠᠯᠠᠭᠤᠯᠤᠨ ᠬᠠᠳᠤᠨ ᠭᠤᠤᠯ ᠢ ᠭᠠᠳᠤᠯᠤᠨ ᠵᠠᠰᠠᠭ ᠬᠤᠰᠢᠭᠤᠨ ᠳᠤ ᠬᠠᠷᠢᠵᠤ ᠢᠷᠡᠭᠡᠳ ᠸᠠᠩᠳᠠᠨᠨᠢᠮ᠎ᠠ ᠶᠢ ᠬᠡᠬᠡᠨ | ᠤ ᠤᠷᠤᠰᠢᠭᠤᠯᠭ᠎ᠠ ᠶᠢᠨ ᠶᠤᠰᠤᠭᠠᠷ ᠯᠠᠮᠠ ᠶᠢᠨ ᠰᠥᠮ᠎ᠡ ᠳᠤ ᠤᠷᠤᠰᠢᠭᠤᠯᠤᠭᠰᠠᠨ ᠪᠠᠶᠢᠨ᠎ᠠ᠃1965 ᠤᠨ ᠳᠤ | ᠳᠡᠤᠬᠡᠨ ᠳᠤ ᠥᠭᠡᠢ ︽ᠥᠭᠡᠶᠢᠭᠦᠥ ᠠᠩᠭᠢ ᠶᠢᠨ ᠰᠤᠶᠤᠯ ᠤᠨ ᠶᠡᠭᠡ ᠬᠤᠪᠢᠰᠬᠠᠯ︾ ᠡᠭᠦᠰᠪᠡ᠃ ᠯᠠᠮᠠ ᠶᠢᠨ | ᠰᠥᠮ᠎ᠡ ᠶᠢᠨ ᠲᠤᠯᠤᠳᠤᠭᠠᠷ ᠲᠥᠷᠢ ᠶᠢᠨ ᠪᠠᠨᠳᠢᠳᠠ ᠭᠡᠭᠡᠨ ᠸᠠᠩᠵᠠᠯ ᠳᠡᠭᠡᠳᠤ ᠭᠡᠭᠡᠨ ᠤ ᠪᠠᠨ ᠴᠢᠨᠳᠠᠷ ᠢ ᠤᠷᠪᠠᠯᠭ᠎ᠠ | ᠭᠠᠷᠭᠠᠭᠰᠠᠳ ᠤᠨ ᠭᠠᠷ ᠲᠤ ᠤᠷᠤᠵᠤ ᠲᠥᠭᠦᠷᠡᠭᠦ ᠠᠴᠠ ᠠᠶᠤᠨ ᠪᠤᠯᠭᠤᠮᠵᠢᠯᠠᠵᠤ᠂ ᠰᠥᠨᠢ ᠬᠠᠷᠠᠩᠭᠤᠢ ᠪᠠᠷ | ᠸᠠᠩᠳᠠᠨᠨᠢᠮ᠎ᠠ ᠶᠢᠨ ᠱᠠᠷᠢᠯ ᠢ ᠠᠪᠴᠤ ᠬᠠᠭᠤᠴᠢᠨ ᠰᠥᠮ᠎ᠡ ᠠᠴᠠ ᠪᠠᠷᠠᠭᠤᠨᠲᠠᠢ ᠪᠠᠷᠤᠭ ᠬᠤᠶᠠᠷ ᠭᠠᠵᠠᠷ ᠵᠠᠶᠢᠲᠠᠢ | ᠪᠠᠶᠢᠭ᠎ᠠ ᠭᠠᠷᠭᠠᠨ᠎ᠠ ᠶᠢᠨ ᠤᠷᠤᠢ ᠳᠤ ᠤᠷᠤᠰᠢᠭᠤᠯᠤᠨ ᠲᠠᠯᠪᠢᠪᠠ᠃ ᠮᠢᠩᠭ᠎ᠠ ᠶᠢᠰᠦᠨ ᠵᠠᠭᠤᠨ ᠲᠠᠯᠠᠨ ᠤᠨ ᠤ ᠦᠶ᠎ᠡ | ᠪᠠᠷ ᠱᠠᠷᠢᠯ ᠢ ᠡᠷᠢᠨ ᠤᠯᠵᠤ ᠤᠳᠤ ᠶᠢᠨ ᠰᠢᠨ᠎ᠠ ᠪᠠᠷ ᠪᠠᠶᠢᠭᠤᠯᠤᠭᠰᠠᠨ ᠰᠥᠮ᠎ᠡ ᠶᠢᠨ ᠠᠷᠤ ᠳᠤ ᠰᠤᠪᠤᠷᠭ᠎ᠠ | ᠪᠤᠰᠬᠠᠵᠤ ᠪᠤᠩᠬᠤᠯᠠᠵᠤ ᠤᠷᠤᠰᠢᠭᠤᠯᠤᠭᠠᠳ ᠡᠷᠭᠡᠰᠢᠭᠦᠯᠥᠨ ᠲᠠᠬᠢᠭᠰᠠᠨ ᠪᠠᠶᠢᠨ᠎ᠠ᠃ | ᠸᠠᠩᠳᠠᠨᠨᠢᠮ᠎ᠠ ᠪᠤᠯ ᠮᠤᠩᠭᠤᠯ ᠥᠨᠳᠤᠰᠤᠳᠡᠨ ᠤ ︽ᠲᠤᠭᠤᠶᠢᠯᠠᠩ ᠤᠨ ᠭᠥᠳᠡᠯᠭᠡᠭᠡᠨ︾ ᠪᠠ ︽ᠥᠪᠥᠷ ᠮᠤᠩᠭᠤᠯ ᠤᠨ | ᠠᠷᠠᠳ ᠤᠨ ᠬᠤᠪᠢᠰᠬᠠᠯᠳᠤ ᠴᠡᠷᠢᠭ︾ ᠤᠨ ᠰᠢᠯᠭᠠᠷᠠᠭᠰᠠᠨ ᠤᠳᠤᠷᠢᠳᠤᠭᠴᠢ᠃ ᠲᠡᠷᠡ ᠮᠤᠩᠭᠤᠯ ᠥᠨᠳᠤᠰᠤᠳᠡᠨ ᠤ | ᠠᠰᠢᠭ ᠲᠤᠰᠠ ᠶᠢ ᠬᠠᠮᠠᠭᠠᠯᠠᠬᠤ ᠪᠠ ᠹᠸᠤᠳᠠᠯ ᠤᠨ ᠸᠠᠩ ᠭᠥᠩ ᠤᠨ ᠨᠤᠶᠠᠷᠬᠠᠯ ᠢ ᠲᠥᠯᠬᠢᠨ ᠤᠨᠠᠭᠠᠬᠤ ᠶᠢᠨ | ᠲᠥᠯᠥᠭᠡ ᠥᠭᠦᠨ ᠥᠭᠦᠳᠡᠯ᠎ᠡ ᠳᠡᠮᠡᠴᠡᠨ ᠶᠠᠪᠤᠵᠠᠢ︕ ᠳᠡᠭᠦᠨ ᠤ ᠨᠢᠭᠡ ᠨᠠᠰᠤ ᠪᠤᠯ ᠥᠩᠭᠡ ᠬᠡᠷᠡᠯᠲᠠᠢ ᠳᠡᠭᠡᠷ᠎ᠡ | ᠡᠷᠡᠯᠭᠡᠭ ᠪᠠᠭᠠᠳᠤᠷ ᠨᠢᠭᠡ ᠨᠠᠰᠣ ᠪᠤᠯᠬᠤ ᠶᠤᠰᠤᠲᠠᠢ︕ | ᠸᠠᠩᠳᠠᠨᠨᠢᠮ᠎ᠠ ᠨᠠᠰᠤ ᠨᠥᠭᠴᠢᠪᠡ᠃ ᠭᠡᠶ᠎ᠡ᠂ ᠳᠡᠭᠦᠨ ᠤ ᠵᠤᠷᠢᠭ ᠰᠠᠨᠠᠭ᠎ᠠ ᠨᠢ ᠮᠤᠩᠭᠤᠯᠴᠤᠳ ᠤᠨ ᠵᠢᠷᠤᠭᠡᠨ | ᠳᠤ ᠬᠠᠳᠠᠩᠰᠢᠨ ᠮᠥᠩᠭᠡᠷᠡᠵᠤ᠂ ᠲᠡᠮᠡᠴᠡᠯ ᠤᠨ ᠵᠤᠷᠢᠭ ᠢ ᠨᠢ ᠤᠯᠠᠮ ᠭᠥᠪᠴᠢᠯᠡᠨ ᠪᠠᠶᠢᠭ᠎ᠠ᠃ ᠰᠡᠭᠦᠯ ᠰᠡᠭᠦᠯ ᠳᠤ | ᠪᠤᠯᠤᠭᠰᠠᠨ ᠰᠢᠨᠠᠯᠠᠮ᠎ᠠ ᠶᠢᠨ ︽ᠲᠤᠭᠤᠶᠢᠯᠠᠩ ᠤᠨ ᠭᠥᠳᠡᠯᠭᠡᠭᠡᠨ︾᠂ ᠵᠠᠰᠠᠭ ᠬᠤᠰᠢᠭᠤᠨ ᠤ ᠶᠡᠭᠡ ᠠᠳᠠᠷ | ᠬᠠᠭᠠᠯᠪᠤᠷᠢᠯᠡᠯᠳᠡ ᠶᠢ ᠡᠰᠡᠷᠭᠦᠴᠡᠭᠰᠡᠨ ︽3.26︾ ᠭᠡᠷᠡᠭ ᠬᠤᠪᠢᠰᠥᠯ ᠨᠢ ᠡᠭᠦᠨ ᠢ ᠲᠡᠷᠡ ᠴᠢᠭ ᠢᠶᠠᠷ ᠬᠠᠷᠠᠭᠤᠯᠵᠤ | ᠪᠠᠶᠢᠭ᠎ᠠ ᠪᠢᠰᠢ ᠪᠢᠯᠢᠤ︖ ︕ | | | | | |