ᠪᠠᠨᠳᠢᠳᠠ ᠭᠡᠭᠡᠨ ᠸᠠᠩᠳᠠᠨᠨᠢᠮ᠎ᠠ ᠶᠢᠨ ᠲᠤᠬᠠᠢ ᠮᠥᠷᠳᠡᠯᠲᠡ
ᠨᠡᠶᠢᠲᠡᠯᠡᠭᠰᠡᠨ ᠴᠠᠭ᠄
2019/11/21
ᠪᠠᠷᠢᠪᠴᠢᠯᠠᠭᠳᠠᠭᠰᠠᠨ ᠤ ᠬᠤᠶᠢᠨᠠᠬᠢ ᠸᠠᠩᠳᠠᠨᠨᠢᠮ᠎ᠠ      ᠴᠢᠩ ᠤᠨ ᠵᠠᠰᠠᠭ ᠤᠨ ᠭᠠᠵᠠᠷ ᠠᠴᠠ ᠸᠠᠩᠳᠠᠨᠨᠢᠮ᠎ᠠ ᠳᠤ ᠤᠳᠤᠭ᠎ᠠ ᠵᠢᠩᠰᠡ ᠱᠠᠩᠨᠠᠨ ᠬᠥᠨᠳᠤ ᠪᠠᠷ ᠭᠡᠷᠡᠭᠯᠡᠵᠤ᠂ ᠥᠨᠳᠤᠷ ᠹᠥᠩᠯᠤ ᠭᠥᠷᠳᠡᠭᠡᠨ ᠢᠯᠪᠢᠨ ᠳᠠᠭᠠᠭᠤᠯᠬᠤ ᠶᠢ ᠭᠤᠷᠢᠳᠠᠪᠠ᠃ ᠡᠷᠭᠡ ᠠᠰᠢᠭ ᠤᠨ ᠡᠮᠤᠨ᠎ᠠ ᠸᠠᠩᠳᠠᠨᠨᠢᠮ᠎ᠠ ᠡᠪᠤᠳᠥᠭ ᠨᠤᠭᠤᠯᠵᠤ ᠪᠠᠭᠤᠭ᠎ᠠ ᠥᠭᠡᠢ ᠪᠤᠯᠬᠤᠷ ᠳᠡᠳᠡᠨ ᠤ ᠭᠤᠷᠢᠳᠠᠯ ᠢ ᠤᠰᠤᠨ ᠤ ᠬᠥᠭᠡᠰᠤ ᠰᠢᠭ ᠵᠠᠮᠬᠠᠷᠠᠭᠤᠯᠵᠤ ᠬᠠᠶᠠᠵᠠᠢ᠃ ᠡᠨᠡᠭᠦ ᠥᠰᠢᠶᠡᠨ ᠳᠡᠭᠡᠨ ᠳᠡᠳᠡ ᠸᠠᠩᠳᠠᠨᠨᠢᠮ᠎ᠠ᠂ ᠴᠠᠭᠠᠨᠪᠤᠯᠤᠳ ᠵᠡᠷᠭᠡ ᠠᠷᠪᠠᠭᠤᠯᠠ ᠶᠢ ᠪᠤᠭᠤᠳᠤ ᠶᠢᠨ ᠬᠢᠨᠳᠠᠨ ᠳᠤ ᠬᠤᠷᠢᠵᠤ᠂ ᠬᠠᠷ᠎ᠠ ᠬᠤᠤᠷᠲᠠᠢ ᠪᠠᠷ ᠲᠠᠷᠴᠢᠯᠭᠠᠨ ᠲᠠᠮᠤᠯᠠᠪᠠ᠃ ᠲᠠᠶᠢᠰᠤᠨ ᠡᠳᠡᠭᠡᠳ ᠤᠨ ᠬᠠᠳᠠᠭᠤ ᠵᠥᠭᠡᠯᠡᠨ ᠠᠷᠭ᠎ᠠ ᠪᠠᠰᠢᠷ ᠤᠨ ᠡᠮᠤᠨ᠎ᠠ ᠸᠠᠩᠳᠠᠨᠨᠢᠮ᠎ᠠ ᠰᠥᠷ ᠮᠤᠬᠤᠵᠤ ᠰᠥᠵᠥᠭ ᠬᠠᠵᠠᠶᠢᠭᠰᠠᠨ ᠥᠭᠡᠢ᠂ ᠬᠠᠷᠢᠨ ᠡᠰᠡᠷᠭᠦ ᠡᠪᠯᠡᠷᠡᠰᠢ ᠥᠭᠡᠢ ᠬᠠᠳᠠᠨ ᠵᠤᠷᠢᠭ ᠢᠶᠠᠷ ᠠᠰ ᠲᠤᠯᠵᠤ ᠠᠪᠤᠨ ᠬᠠᠷᠢᠭᠤᠴᠠᠪᠠ᠃ ᠶᠠᠮᠠᠷᠴᠤ ᠢᠯᠭᠠᠪᠤᠷᠢ ᠭᠠᠷᠭᠠᠵᠤ ᠲᠡᠶᠢᠯᠭᠦ ᠥᠭᠡᠢ ᠪᠤᠯᠬᠤ ᠳᠠᠭᠠᠨ ᠸᠠᠩᠳᠠᠨᠨᠢᠮ᠎ᠠ ᠵᠡᠷᠭᠡ ᠠᠷᠪᠠᠨ ᠭᠥᠮᠥᠨ ᠢ ᠱᠠᠨ ᠰᠢ ᠶᠢᠨ ᠲᠤᠮᠤ ᠴᠡᠷᠢᠭ ᠎ ᠤᠨ ᠡᠷᠭᠡᠳᠡᠨ ᠶᠠᠨ ᠰᠢ ᠱᠠᠨ ᠳᠤ ᠲᠤᠰᠢᠶᠠᠵᠤ᠂ ᠱᠠᠨ ᠰᠢ ᠮᠤᠵᠢ ᠶᠢᠨ ᠲᠠᠶᠢᠶᠤᠸᠠᠨ ᠤ ᠬᠢᠨᠳᠠᠨ ᠳᠤ ᠰᠢᠯᠵᠢᠭᠦᠯᠥᠨ ᠬᠤᠷᠢᠭᠠᠳ ᠡᠯᠳᠡᠪ ᠵᠥᠢᠯ ᠤᠨ ᠡᠷᠡᠭᠦᠥ ᠳᠠᠮᠤ ᠶᠢ ᠥᠵᠡᠭᠦᠯᠵᠤ ᠳᠠᠷᠴᠢᠯᠭᠠᠨ ᠵᠤᠪᠠᠭᠠᠪᠠ᠃ ᠬᠤᠭᠤᠷᠠᠪᠠᠴᠤ ᠨᠤᠭᠤᠷᠠᠬᠤ ᠥᠭᠡᠢ ᠬᠠᠳᠠᠨ ᠵᠤᠷᠢᠭ ᠢᠶᠠᠷ ᠸᠠᠩᠳᠠᠨᠨᠢᠮ᠎ᠠ᠂ ᠶᠠᠨ ᠰᠢ ᠱᠠᠨ ᠤ ᠢᠴᠢᠭᠦᠷᠢᠳᠤ ᠠᠵᠢᠯᠯᠠᠭ᠎ᠠ ᠪᠠ ᠲᠤᠬᠠᠢ ᠎ ᠶᠢᠨ ᠥᠶ᠎ᠡ ᠶᠢᠨ ᠢᠯᠵᠠᠷᠠᠮᠠᠯ ᠵᠠᠰᠠᠭ ᠵᠢᠴᠢ ᠮᠤᠩᠭᠤᠯᠴᠤᠳ ᠢ ᠮᠥᠯᠵᠢᠨ ᠲᠠᠷᠤᠯᠠᠵᠤ ᠪᠠᠶᠢᠭ᠎ᠠ ᠶᠠᠯᠠᠳᠤ ᠠᠵᠢᠯᠯᠠᠭ᠎ᠠ ᠶᠢ ᠎ ᠨᠢ ᠢᠯᠠᠨ ᠳᠠᠯᠠᠨ ᠥᠭᠡᠢ ᠢᠯᠠᠴᠢᠯᠠᠵᠤ ᠪᠤᠷᠤᠭᠤᠰᠢᠶᠠᠭᠰᠠᠨ ᠪᠠᠶᠢᠨ᠎ᠠ᠃      ︽ᠪᠠᠨᠳᠢᠳᠠ ᠭᠡᠭᠡᠨ ᠸᠠᠩᠳᠠᠨᠨᠢᠮ᠎ᠠ ᠶᠢ ᠪᠠᠷᠢᠪᠴᠢᠯᠠᠭᠰᠠᠨ ᠢᠶᠠᠷ ᠰᠥᠮ᠎ᠡ ᠳᠤᠷ ᠡᠵᠡᠨ ᠥᠭᠡᠢ ᠪᠤᠯᠵᠤ᠂ ᠮᠥᠷᠭᠦᠯᠴᠢᠨ ᠥᠭᠯᠢᠭᠴᠢᠳ ᠤᠨ ᠰᠡᠳᠭᠢᠯ ᠭᠥᠷᠥᠵᠤ᠂ ᠨᠡᠩ ᠶᠡᠭᠡ ᠰᠠᠮᠠᠭᠤᠷᠠᠯ ᠡᠭᠦᠰᠭᠦ ᠳᠤ ᠤᠶᠢᠷᠠᠬᠠᠨ ᠪᠤᠯᠤᠭᠠᠳ ᠪᠠᠶᠢᠨ᠎ᠠ᠃ ᠸᠠᠩᠳᠠᠨᠨᠢᠮ᠎ᠠ ᠶᠢᠨ ᠤᠴᠢᠷ ᠪᠤᠯ ᠮᠠᠨ ᠤ ᠬᠤᠰᠢᠭᠤᠨ ᠤ ᠤᠴᠢᠷ ᠪᠤᠯᠤᠢ᠂ ᠭᠡᠳᠤᠢ ᠶᠠᠯ᠎ᠠ ᠪᠠᠶᠢᠭᠰᠠᠨ ᠴᠦ ᠪᠢᠳᠠ ᠬᠤᠰᠢᠭᠤ ᠨᠤᠳᠤᠭ ᠲᠠᠭᠠᠨ ᠠᠪᠴᠢᠷᠠᠵᠤ ᠴᠢᠭᠳᠠᠯᠠᠨ ᠰᠢᠳᠭᠡᠳᠤᠭᠡᠢ᠂ ᠭᠡᠭᠡᠨ ᠳᠡᠭᠡᠨ ᠲᠤᠯᠢᠯᠠᠮᠤ︾ ᠱᠠᠭᠳᠤᠷᠵᠠᠪ ᠨᠤᠶᠠᠨ ᠲᠤᠰᠬᠠᠢ ᠭᠥᠮᠥᠨ ᠲᠤᠮᠢᠯᠠᠵᠤ ᠶᠠᠨ ᠰᠢ ᠱᠠᠨ ᠳᠤ ᠠᠶᠢᠯᠠᠳᠬᠠᠯ ᠪᠢᠴᠢᠭ᠂ ᠭᠥᠨᠳᠤ ᠪᠡᠯᠡᠭ ᠭᠥᠷᠭᠡᠵᠤ ᠭᠥᠮᠥᠨ ᠢᠶᠠᠨ ᠭᠠᠷᠭᠠᠵᠤ ᠠᠪᠬᠤ ᠶᠢ ᠱᠠᠭᠠᠷᠳᠠᠪᠠ᠃ ︽ᠬᠠᠭᠠᠨ ᠤ ᠵᠠᠷᠯᠢᠭ ᠪᠠᠶᠢᠬᠤ ᠭᠠᠵᠠᠷ ᠲᠤ ᠪᠢ ᠭᠠᠭᠴᠠᠭᠠᠷ ᠡᠵᠡᠨ ᠮᠡᠳᠡᠵᠤ ᠡᠰᠡ ᠴᠢᠳᠠᠨ᠎ᠠ︕︾ ᠭᠡᠳᠡᠭ ᠰᠢᠯᠳᠠᠭ ᠢᠶᠠᠷ ᠶᠠᠨ ᠰᠢ ᠱᠠᠨ᠂ ᠱᠠᠭᠳᠤᠷᠵᠠᠪ ᠨᠤᠶᠠᠨ ᠤ ᠭᠤᠶᠤᠯᠳᠠ ᠶᠢ ᠡᠰᠡ ᠵᠥᠪᠰᠢᠶᠡᠷᠡᠭᠰᠡᠨ ᠴᠦ ᠸᠠᠩᠳᠠᠨᠨᠢᠮ᠎ᠠ ᠪᠤᠯ ᠰᠢᠷ᠎ᠠ ᠶᠢᠨ ᠱᠠᠰᠢᠨ ᠤ ᠭᠡᠭᠡᠨ᠂ ᠮᠤᠩᠭᠤᠯ ᠥᠨᠳᠤᠰᠤᠳᠡᠨ ᠤ ᠠᠷᠠᠳ ᠲᠥᠮᠡᠨ ᠤ ᠲᠤᠮᠳᠠ ᠲᠥᠢᠯ ᠤᠨ ᠶᠡᠭᠡ ᠭᠥᠷᠢᠶᠡᠯᠡᠯ ᠪᠠ ᠨᠠᠷ᠎ᠠ ᠨᠥᠯᠥᠭᠡ ᠲᠠᠢ ᠭᠥᠮᠥᠨ ᠲᠤᠯᠠ ᠮᠤᠩᠭᠤᠯ ᠥᠨᠳᠤᠰᠤᠳᠡᠨ ᠤ ᠠᠷᠠᠳ ᠲᠥᠮᠡᠨ ᠤ ᠬᠢᠯᠢᠩ ᠬᠤᠷᠤᠰᠥᠯ ᠢ ᠳᠡᠭᠳᠡᠭᠡᠨ ᠨᠡᠩ ᠶᠡᠭᠡ ᠡᠰᠡᠷᠭᠦᠴᠡᠯ ᠡᠭᠦᠰᠭᠦ ᠠᠴᠠ ᠪᠤᠯᠭᠤᠮᠵᠢᠯᠠᠨ ᠸᠠᠩᠳᠠᠨᠨᠢᠮ᠎ᠠ ᠶᠢ ᠬᠤᠤᠷᠯᠠᠵᠤ ᠴᠢᠳᠠᠭᠰᠠᠨ ᠥᠭᠡᠢ ᠪᠠᠷ ᠲᠡᠭᠦᠨ ᠤ ᠲᠤᠬᠠᠢ ᠨᠠᠷᠢᠨ ᠠᠶᠢᠯᠠᠳᠬᠠᠯ ᠪᠢᠴᠢᠵᠤ ᠴᠡᠷᠢᠭ ᠤᠨ ᠡᠷᠭᠡᠳᠡᠨ ᠳ᠋ᠤᠸᠠᠨ ᠴᠢ ᠷᠦᠢ ᠳᠤ ᠥᠭᠭᠦᠪᠡ᠃ ᠲᠤᠰ ᠵᠢᠯ ᠤᠨ 9 ᠳ᠋ᠤᠭᠡᠷ ᠰᠠᠷ᠎ᠠ ᠂ ᠸᠠᠩᠳᠠᠨᠨᠢᠮ᠎ᠠ ᠶᠢ ᠬᠤᠶᠠᠷ ᠬᠠᠮᠠᠭᠠᠯᠠᠭᠴᠢ ᠲᠠᠢ ᠴᠤᠭ ᠵᠠᠷᠯᠢᠭ ᠢᠶᠠᠷ ᠳ᠋ᠤᠸᠠᠨ ᠴᠢ ᠷᠦᠢ ᠶᠢᠨ ᠶᠠᠮᠤᠨ ᠳᠤ ᠭᠥᠷᠭᠡᠵᠤ ᠥᠭᠭᠦᠭᠰᠡᠨ ᠪᠠᠶᠢᠨ᠎ᠠ᠃ ᠳ᠋ᠤᠸᠠᠨ ᠴᠢ ᠷᠦᠢ ᠮᠤᠩᠭᠤᠯᠴᠤᠳ ᠤᠨ ᠨᠢᠳᠤ ᠶᠢ ᠬᠠᠯᠬᠠᠯᠠᠵᠤ᠂ ᠴᠢᠬᠢ ᠶᠢ ᠪᠥᠭᠯᠡᠵᠤ᠂ ᠶᠠᠯᠠᠳᠤ ᠭᠡᠷᠡᠭ ᠢᠶᠠᠨ ᠪᠠᠯᠠᠯᠬᠤ ᠪᠠᠷ ᠸᠠᠩᠳᠠᠨᠨᠢᠮ᠎ᠠ ᠶᠢ ︽ᠯᠠᠮ᠎ᠠ ᠬᠤᠸᠠᠷᠠᠭ ᠤᠨ ᠲᠥᠯᠥᠭᠡᠯᠡᠭᠴᠢ︾ ᠬᠡᠮᠡᠭᠦ ᠨᠡᠷ᠎ᠡ ᠪᠠᠷ ᠪᠡᠭᠡᠵᠢᠩ ᠳᠤ ᠥᠯᠡᠳᠡᠭᠡᠵᠤ᠂ ᠬᠠᠭᠤᠷᠠᠢ ᠵᠠᠮ ᠤᠨ ᠴᠡᠷᠢᠭ ᠤᠨ ︽ᠵᠥᠪᠯᠡᠭᠴᠢ︾ ᠭᠡᠭᠦ ᠰᠠᠶᠢᠬᠠᠨ ᠵᠢᠩᠰᠡ ᠬᠠᠶᠢᠷᠠᠯᠠᠵᠤ᠂ ᠰᠤᠨᠤᠰᠪᠤᠷᠢᠲᠠᠢ ᠰᠤᠨᠢᠭᠤᠬᠠᠨ ᠨᠠᠷ᠎ᠠ ᠵᠤᠬᠢᠷᠠᠭᠠᠨ ᠪᠡᠭᠡᠵᠢᠩ ᠤᠨ ᠠᠨ ᠳ᠋ᠢᠩ ᠮᠧᠨ ᠬᠠᠭᠠᠯᠭ᠎ᠠ ᠶᠢᠨ ᠭᠠᠳᠠᠨ᠎ᠠ ᠾᠧᠦ ᠰᠢᠶᠣᠣ ᠵᠢᠶᠠ ᠵᠡᠭᠡᠯᠢ ᠶᠢᠨ 6 ᠳ᠋ᠤᠭᠠᠷ ᠨᠤᠮᠧᠷ ᠲᠤ ᠰᠤᠯᠠ ᠬᠤᠷᠢᠪᠠ᠃ ᠴᠠᠭᠠᠨᠪᠤᠯᠤᠳ ᠲᠥᠷᠥᠭᠦᠲᠠᠢ ᠲᠤᠯᠤᠭᠠᠨ ᠭᠥᠮᠥᠨ ᠲᠠᠶᠢᠶᠤᠸᠠᠨ ᠤ ᠬᠢᠨᠳᠠᠨ ᠪᠠ ᠠᠭᠤᠷᠬᠠᠢ ᠳᠤ ᠳᠠᠷᠴᠢᠯᠠᠭᠠᠭᠳᠠᠨ ᠲᠠᠮᠤᠯᠠᠭᠳᠠᠵᠤ ᠪᠠᠶᠢᠭᠠᠳ ᠥᠭᠦᠵᠤ᠂ ᠨᠤᠳᠤᠭ ᠲᠠᠭᠠᠨ ᠬᠠᠷᠢᠵᠤ ᠲᠠᠶᠢᠯᠥᠭᠰᠡᠨ ᠥᠭᠡᠢ ᠪᠥᠯᠥᠭᠡ᠃      ᠰᠤᠯᠠ ᠬᠤᠷᠢᠭᠳᠠᠭᠰᠠᠨ 12 ᠵᠢᠯ ᠤᠨ ᠬᠤᠭᠤᠴᠠᠭᠠᠨ ᠳᠤ ᠸᠠᠩᠳᠠᠨᠨᠢᠮ᠎ᠠ ᠪᠡᠭᠡᠵᠢᠩ ᠳᠤ ᠵᠥᠭᠡᠷ ᠰᠠᠭᠤᠭᠰᠠᠨ ᠥᠭᠡᠢ ᠠᠷᠪᠢᠨ ᠠᠵᠢᠯ ᠤᠳ ᠢ ᠬᠢᠵᠡᠢ᠃ ᠲᠡᠷᠡ ᠨᠡᠩ ᠠᠤᠭ᠎ᠠ ᠬᠤᠯᠠ ᠶᠢᠨ ᠬᠠᠷᠠᠴᠠ ᠪᠠᠷ ᠨᠡᠶᠢᠭᠡᠮ ᠲᠡᠯᠡᠬᠡᠢ ᠶᠢ ᠲᠠᠨᠢᠵᠤ᠂ ᠳᠡᠮᠡᠴᠡᠯ ᠤᠨ ᠵᠤᠷᠢᠭ ᠢᠶᠠᠨ ᠤᠯᠠᠮ ᠡᠷᠴᠢᠯᠡᠨ ᠲᠤᠮᠳᠠᠳᠤ ᠤᠯᠤᠰ ᠤᠨ ᠡᠪ ᠬᠠᠮᠳᠤ ᠨᠠᠮ ᠤᠨ ᠡᠭᠦᠰᠭᠡᠨ ᠪᠠᠶᠢᠭᠤᠯᠤᠭᠴᠢ ᠶᠢᠨ ᠨᠢᠭᠡᠨ ᠪᠤᠯᠬᠤ ᠯᠢ ᠳ᠋ᠠ ᠵᠤᠤ᠂ ᠵᠤᠤ ᠱᠢ ᠶᠠᠨ ᠵᠢᠴᠢ ᠤᠮᠠᠷᠠᠳᠤ ᠤᠷᠤᠨ ᠤ ᠨᠠᠮ ᠤᠨ ᠵᠤᠬᠢᠶᠠᠨ ᠪᠠᠶᠢᠭᠤᠯᠤᠯᠳᠠ ᠪᠠ ᠵᠥᠪᠯᠡᠯᠳᠤ ᠬᠤᠯᠪᠤᠭᠠᠳᠤ ᠤᠯᠤᠰ ︵ᠲᠤᠬᠠᠢ ᠶᠢᠨ ᠥᠶ᠎ᠡ ᠳᠤ ᠤᠯᠠᠭᠠᠨ ᠤᠷᠤᠰ ᠭᠡᠳᠡᠭ ᠪᠠᠶᠢᠵᠠᠢ ︶᠎ ᠤᠨ ᠪᠡᠭᠡᠵᠢᠩ ᠳᠤ ᠰᠠᠭᠤᠭ᠎ᠠ ᠡᠯᠴᠢᠨ ᠺᠠᠯᠠᠬᠠᠨ ᠲᠠᠢ ᠲᠠᠨᠢᠯᠴᠠᠨ ᠶᠠᠪᠤᠯᠴᠠᠵᠤ᠂ ᠨᠡᠩ ᠤᠯᠠᠨ ᠬᠤᠪᠢᠰᠬᠠᠯ ᠤᠨ ᠶᠤᠰᠤ ᠤᠴᠢᠷ ᠥᠢᠯᠠᠭᠠᠵᠤ ᠲᠠᠨᠢᠪᠠ᠃ ᠬᠤᠷᠢᠭᠠᠳ ᠤᠨ ᠤ ᠡᠬᠢᠨ ᠤ ᠥᠶ᠎ᠡ ᠪᠤᠯ ᠲᠤᠮᠳᠠᠳᠤ ᠤᠯᠤᠰ ᠤᠨ ᠡᠪ ᠬᠠᠮᠳᠤ ᠨᠠᠮ᠂ ᠵᠢᠶᠠᠩ ᠵᠢᠶᠧ ᠱᠢ ᠶᠢᠨ ᠬᠤᠪᠢᠰᠬᠠᠯ ᠤᠨ ᠡᠰᠡᠷᠭᠦ ᠪᠥᠯᠥᠭᠳᠡᠨ ᠤ ᠶᠡᠭᠡ ᠬᠢᠳᠤᠯᠭ᠎ᠠ ᠳᠤ ᠤᠴᠠᠷᠠᠵᠤ᠂ ᠤᠷᠤᠰᠢᠨ ᠲᠤᠭᠳᠠᠨᠢᠵᠤ ᠲᠠᠶᠢᠯᠭᠦ ᠡᠰᠡᠭᠦ ᠶᠢᠨ ᠵᠠᠩᠬᠢᠯᠠᠭ᠎ᠠ ᠶᠢᠨ ᠴᠠᠭ ᠥᠶ᠎ᠡ ᠪᠠᠶᠢᠵᠠᠢ᠃ ᠸᠠᠩᠳᠠᠨᠨᠢᠮ᠎ᠠ ︽ᠲᠤᠮᠳᠠᠳᠤ ᠤᠯᠤᠰ ᠤᠨ ᠡᠪ ᠬᠠᠮᠳᠤ ᠨᠠᠮ ᠪᠤᠯ ᠪᠥᠭᠦ ᠲᠤᠮᠳᠠᠳᠤ ᠤᠯᠤᠰ ᠢ ᠴᠢᠯᠥᠭᠡᠯᠡᠵᠤ᠂ ᠭᠠᠰᠢᠭᠤᠨ ᠵᠥᠳᠡᠭᠦᠷᠢᠲᠠᠢ ᠠᠷᠠᠳ ᠲᠥᠮᠡᠨ ᠢ ᠭᠠᠯ ᠤᠰᠤᠨ ᠠᠴᠠ ᠠᠪᠤᠷᠠᠵᠤ ᠴᠢᠳᠠᠬᠤ ᠴᠤᠷ ᠤᠨ ᠭᠠᠭᠴᠠ ᠨᠠᠮ ᠪᠤᠯᠬᠤ︾ ᠭᠡᠳᠡᠭ ᠲᠤ ᠢᠳᠡᠭᠡᠯ ᠲᠥᠭᠦᠷᠡᠩ ᠪᠠᠶᠢᠵᠤ᠂ ᠲᠤᠤᠷᠠᠭᠢ ᠰᠢᠳᠡᠷ ᠭᠥᠮᠥᠰ ᠢᠶᠠᠨ ᠪᠥᠭᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠪᠠ ᠵᠥᠪᠯᠡᠯᠳᠤ ᠤᠯᠤᠰ ᠲᠤ ᠲᠤᠮᠢᠯᠠᠨ ᠰᠤᠷᠤᠯᠴᠠᠭᠤᠯᠵᠤ᠂ ᠮᠤᠩᠭᠤᠯ ᠥᠨᠳᠤᠰᠤᠳᠡᠨ ᠤ ᠴᠢᠯᠥᠭᠡᠯᠡᠯᠳᠡ ᠵᠢᠴᠢ ︽ᠥᠪᠥᠷ ᠮᠤᠩᠭᠤᠯ ᠤᠨ ᠠᠷᠠᠳ ᠤᠨ ᠬᠤᠪᠢᠰᠬᠠᠯᠳᠤ ᠴᠡᠷᠢᠭ︾᠎ ᠢ ᠵᠤᠬᠢᠶᠠᠨ ᠪᠠᠶᠢᠭᠤᠯᠬᠤ ᠳᠤ ᠨᠡᠩ ᠤᠯᠠᠨ ᠰᠢᠯᠢᠳᠡᠭ ᠭᠥᠮᠥᠰ ᠪᠠ ᠴᠢᠳᠠᠪᠤᠷᠢᠳᠡᠨ ᠢ ᠭᠥᠮᠥᠵᠢᠭᠦᠯᠥᠨ ᠭᠠᠷᠭᠠᠬᠤ ᠪᠠᠷ ᠱᠠᠯᠠᠪᠳᠠᠵᠤ ᠪᠠᠶᠢᠪᠠ᠃ ᠸᠠᠩᠳᠠᠨᠨᠢᠮ᠎ᠠ ᠠᠶᠤᠯ ᠲᠥᠭᠰᠢᠭᠦᠷᠢᠳᠤ ᠤᠷᠴᠢᠨ ᠲᠤᠭᠤᠷᠢᠨ ᠳᠤ ᠠᠮᠢ ᠬᠤᠪᠢ ᠪᠠᠨ ᠪᠤᠳᠤᠬᠤ ᠥᠭᠡᠢ᠂ ᠮᠤᠩᠭᠤᠯ ᠥᠨᠳᠤᠰᠤᠳᠡᠨ ᠤ ᠲᠥᠯᠥᠭᠡ ᠰᠳᠬᠢᠯ ᠎ ᠢᠶᠠᠨ ᠴᠢᠯᠡᠭᠡᠵᠤ᠂ ᠤᠶᠤᠨ ᠢᠶᠠᠨ ᠰᠢᠪᠬᠠᠨ ᠴᠥᠭᠦᠷᠡᠰᠢ ᠥᠭᠡᠢ ᠳᠡᠮᠡᠴᠡᠭᠰᠡᠭᠡᠷ᠃ ᠰᠡᠭᠦᠯᠴᠢ ᠶᠢᠨ ᠥᠶ᠎ᠡ ᠳᠤ᠂ ᠱᠠᠭᠳᠤᠷᠵᠠᠪ ᠨᠤᠶᠠᠨ ᠴᠦ ᠸᠠᠩᠳᠠᠨᠨᠢᠮ᠎ᠠ ᠶᠢᠨ ᠭᠥᠰᠡᠯ ᠵᠤᠷᠢᠯᠳᠡ ᠶᠢ ᠤᠶᠢᠯᠠᠭᠠᠨ ᠳᠡᠮᠵᠢᠵᠤ᠂ ᠬᠤᠰᠢᠭᠤ ᠵᠠᠰᠠᠭ ᠤᠨ ᠳᠠᠮᠠᠭᠠᠳᠤ ᠬᠤᠭᠤᠰᠤᠨ ᠴᠠᠭᠠᠰᠤ ᠶᠢ ᠨᠢᠭᠤᠴᠠ ᠪᠠᠷ ᠬᠠᠩᠭᠠᠨ ᠥᠭᠳᠡᠭ ᠪᠠᠶᠢᠯ᠎ᠠ᠃      1925 ᠤᠨ ᠳᠤ ᠸᠠᠩᠳᠠᠨᠨᠢᠮ᠎ᠠ ᠪᠡᠭᠡᠵᠢᠩ ᠠᠴᠠ ᠳᠤᠳᠠᠭᠠᠨ ᠭᠠᠷᠴᠤ᠂12 ᠵᠢᠯ ᠤᠨ ᠤᠷᠳᠤ ᠰᠤᠯᠡ ᠬᠤᠷᠢᠯᠳᠠ ᠪᠠᠨ ᠡᠴᠤᠰᠯᠡᠭᠦᠯᠵᠠᠢ᠃10 ᠰᠠᠷ᠎ᠠ ᠳᠤ ᠴᠢᠭᠤᠯᠤᠯᠳᠤ ᠬᠠᠭᠠᠯᠭ᠎ᠠ ︵ᠤᠳᠤ ᠶᠢᠨ ᠱᠠᠨ ᠰᠢ ᠮᠤᠵᠢ ᠶᠢᠨ ᠵᠠᠩ ᠵᠢᠶᠠ ᠺᠧᠦ ᠬᠤᠳᠠ︶᠎ ᠳᠤ ᠪᠤᠯᠤᠭᠰᠠᠨ ᠥᠪᠥᠷ ᠮᠤᠩᠭᠤᠯ ᠤᠨ ᠠᠷᠠᠳ ᠤᠨ ᠬᠤᠪᠢᠰᠬᠠᠯᠳᠤ ᠨᠠᠮ ᠤᠨ ᠠᠩᠬᠠᠳᠤᠭᠠᠷ ᠤᠳᠠᠭᠠᠨ ᠤ ᠲᠥᠯᠥᠭᠡᠯᠡᠭᠴᠢ ᠤᠨ ᠬᠤᠷᠠᠯ ᠳᠤ ᠤᠷᠤᠯᠴᠠᠵᠤ᠂ ᠲᠥᠪ ᠤᠨ ᠭᠥᠢᠴᠡᠳᠭᠡᠭᠦ ᠭᠡᠰᠢᠭᠦᠨ ᠪᠠ ᠥᠪᠥᠷ ᠮᠤᠩᠭᠤᠯ ᠤᠨ ᠠᠷᠠᠳ ᠤᠨ ᠬᠤᠪᠢᠰᠬᠠᠯᠳᠤ ᠴᠡᠷᠢᠭ ᠤᠨ ᠶᠠᠷᠥᠩᠭᠡᠢ ᠰᠧᠯᠢᠩ ᠢᠶᠠᠷ ᠰᠤᠩᠭᠤᠭᠳᠠᠪᠠ᠃ ᠲᠤᠰ ᠵᠢᠯ ᠤᠨ ᠡᠪᠤᠯ᠂ ᠸᠠᠩᠳᠠᠨᠨᠢᠮ᠎ᠠ᠂ ᠰᠢᠨᠠᠯᠠᠮ᠎ᠠ ᠥᠯᠵᠡᠶᠢᠵᠢᠷᠭᠠᠯ ᠵᠡᠷᠭᠡ ᠭᠥᠮᠥᠰ ᠢ ᠳᠠᠭᠠᠭᠤᠯᠵᠤ᠂ ᠴᠢᠭᠤᠯᠤᠯᠳᠤ ᠬᠠᠭᠠᠯᠭ᠎ᠠ ᠠᠴᠠ ᠶᠡᠭᠡ ᠵᠤᠤ ᠴᠢᠭᠤᠯᠭᠠᠨ ᠳᠠᠭᠠᠨ ᠪᠤᠴᠠᠵᠤ ᠢᠷᠡᠭᠡᠳ ᠵᠢᠶᠦ᠋ᠨ ᠸᠠᠩ᠂ ᠵᠠᠰᠠᠭ᠂ ᠥᠤᠰᠢᠨ᠂ ᠵᠡᠭᠦᠨᠭᠠᠷ ᠵᠡᠷᠭᠡ ᠬᠤᠰᠢᠭᠤᠨ ᠳᠤ ᠨᠠᠮ ᠪᠠᠶᠢᠭᠤᠯᠬᠤ ᠪᠠ ᠴᠡᠷᠢᠭ ᠪᠠᠶᠢᠭᠤᠯᠬᠤ ᠠᠵᠢᠯᠯᠠᠭ᠎ᠠ ᠶᠢ ᠥᠷᠨᠢᠭᠦᠯᠥᠨ ︽ᠥᠪᠥᠷ ᠠᠷᠠᠳ ᠤᠨ ᠨᠠᠮ︾᠎ ᠤᠨ ︽ᠸᠠᠩ ᠭᠥᠩ ᠤᠨ ᠲᠠᠷᠤᠩᠭᠤᠶᠢᠯᠠᠬᠤ ᠵᠠᠰᠠᠭ ᠢ ᠥᠭᠡᠶᠢᠰᠭᠡᠭᠦ︾ ᠤᠷᠢᠶ᠎ᠡ ᠶᠢ ᠵᠢᠩᠭᠢᠨᠢ ᠪᠠᠷ ᠲᠤᠷᠠᠳᠤᠨ ᠭᠠᠷᠭᠠᠵᠠᠢ᠃      1926 ᠤᠨ ᠤ ᠨᠠᠮᠤᠷ᠂ ᠸᠠᠩᠳᠠᠨᠨᠢᠮ᠎ᠠ ᠶᠡᠭᠡ ᠵᠤᠤ ᠴᠢᠭᠤᠯᠭᠠᠨ ᠳᠤ 300 ᠢᠯᠡᠭᠦᠥ ᠮᠤᠩᠭᠤᠯ ᠵᠠᠯᠠᠭᠤᠴᠤᠳ ᠢ ᠡᠯᠰᠡᠵᠤ᠂ ᠪᠠᠰᠠ ᠪᠤᠰᠤᠳ ᠠᠶᠢᠮᠠᠭ ᠠᠴᠠ ᠨᠢᠭᠡ ᠪᠥᠯᠥᠭ ᠮᠠᠯᠴᠢᠨ ᠲᠠᠷᠢᠶᠠᠴᠢᠨ ᠢ ᠡᠯᠰᠡᠨ ︽ᠥᠪᠥᠷ ᠮᠤᠩᠭᠤᠯ ᠤᠨ ᠠᠷᠠᠳ ᠤᠨ ᠬᠤᠪᠢᠰᠬᠠᠯᠳᠤ ᠴᠡᠷᠢᠭ︾᠎ ᠢ ᠵᠢᠩᠬᠢᠨᠢ ᠪᠠᠷ ᠵᠤᠬᠢᠶᠠᠨ ᠪᠠᠶᠢᠭᠤᠯᠪᠠ᠃ ᠸᠠᠩᠳᠠᠨᠨᠢᠮ᠎ᠠ ᠶᠡᠷᠥᠩᠭᠡᠢ ᠰᠧᠯᠢᠩ ᠤᠨ ᠲᠤᠰᠢᠶᠠᠯ ᠢ ᠬᠠᠷᠢᠭᠤᠴᠠᠵᠤ᠂ ᠯᠢ ᠢᠦᠢ ᡁᠢ ︵ᠡᠪ ᠬᠠᠮᠳᠤ ᠨᠠᠮ ᠤᠨ ᠭᠡᠰᠢᠭᠦᠨ︶ ᠳᠡᠳ᠋ ᠶᠡᠷᠥᠩᠭᠡᠢ ᠰᠧᠯᠢᠩ ᠤᠨ ᠲᠤᠰᠢᠶᠠᠯ ᠢ ᠬᠠᠷᠢᠭᠤᠴᠠᠨ᠂ ᠥᠯᠵᠡᠶᠢᠵᠢᠷᠭᠠᠯ 12 ᠳ᠋ᠤᠭᠠᠷ ᠬᠤᠷᠢᠶᠡᠨ ᠎ ᠤ ᠬᠤᠷᠢᠶᠠᠨ ᠲᠠᠷᠤᠭ᠎ᠠ ᠶᠢᠨ ᠲᠤᠰᠢᠶᠠᠯ ᠢ ᠬᠠᠷᠢᠭᠤᠴᠠᠭᠰᠠᠨ ᠪᠠᠶᠢᠨ᠎ᠠ᠃ ᠡᠨᠡ ᠬᠤᠭᠤᠴᠠᠭᠠᠨ ᠳᠤ ᠸᠠᠩᠳᠠᠨᠨᠢᠮ᠎ᠠ ᠵᠥᠪᠯᠡᠯᠳᠤ ᠬᠤᠯᠪᠤᠭᠠᠳᠤ ᠤᠯᠤᠰ ᠪᠠ ᠪᠥᠭᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠠᠴᠠ ᠨᠢᠭᠡ ᠪᠥᠯᠥᠭ ᠵᠡᠷ ᠵᠡᠪᠰᠡᠭ ᠪᠠ ᠵᠠᠷᠤᠳᠠᠯ ᠮᠥᠩᠭᠦ ᠶᠢᠨ ᠳᠡᠮᠵᠢᠯᠭᠡ ᠶᠢ ᠤᠯᠵᠠᠢ᠃ ᠮᠤᠩᠭᠤᠯ ᠴᠡᠷᠢᠭ ᠤᠨ ᠴᠢᠨᠡᠷ ᠪᠠ ᠴᠢᠳᠠᠪᠤᠷᠢ ᠶᠢ ᠳᠡᠭᠡᠭᠰᠢᠯᠡᠭᠦᠯᠭᠦ ᠪᠠᠷ ᠲᠡᠷᠡ ︽ᠥᠪᠥᠷ ᠮᠤᠩᠭᠤᠯ ᠤᠨ ᠴᠡᠷᠢᠭ ᠤᠨ ᠨᠤᠶᠠᠳ ᠤᠨ ᠰᠤᠷᠭᠠᠭᠤᠯᠢ︾᠎ ᠶᠢ ᠪᠠᠶᠢᠭᠤᠯᠵᠤ᠂ ᠤᠤᠯ ᠤᠨ ᠨᠢᠭᠡ ᠪᠥᠯᠥᠭ ᠴᠡᠷᠢᠭ ᠠᠴᠠ ᠭᠠᠳᠠᠨ᠎ᠠ᠂ ᠶᠡᠭᠡ ᠵᠤᠤ ᠠᠶᠢᠮᠠᠭ ᠤᠨ ᠡᠯ᠎ᠡ ᠬᠤᠰᠢᠭᠤᠨ ᠠᠴᠠ120 ᠭᠠᠷᠤᠢ ᠵᠠᠯᠠᠭᠤᠴᠤᠳ ᠢ ᠡᠯᠰᠡᠨ ᠴᠡᠷᠢᠭ ᠤᠨ ᠰᠤᠷᠭᠠᠭᠤᠯᠢ ᠳᠠᠭᠠᠨ ᠪᠤᠯᠪᠠᠰᠤᠷᠠᠭᠤᠯᠵᠠᠢ᠃ ᠡᠨᠡ ᠥᠶ᠎ᠡ ᠳᠤ᠂ ᠥᠪᠥᠷ ᠮᠤᠩᠭᠤᠯ ᠤᠨ ᠠᠷᠠᠳ ᠤᠨ ᠬᠤᠪᠢᠰᠬᠠᠯᠳᠤ ᠴᠡᠷᠢᠭ ᠨᠢᠭᠡᠨᠳᠡ ᠥᠷᠭᠡᠵᠢᠭᠡᠳ ᠭᠤᠷᠪᠠᠨ ᠪᠠᠷᠢᠭᠠᠳᠠ 2000 ᠭᠠᠷᠤᠢ ᠬᠥᠮᠥᠨ ᠲᠠᠢ ᠲᠤᠮᠤ ᠵᠡᠪᠰᠡᠭᠳᠤ ᠡᠩᠨᠡᠭᠡ ᠪᠤᠯᠵᠤ ᠪᠤᠵᠠᠭᠠᠶᠢᠷᠠᠪᠠ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号