ᠬᠤᠶᠠᠳᠠᠬᠢ ᠤᠳᠠᠭ᠎ᠠ ᠬᠤᠰᠢᠭᠤ ᠨᠤᠲᠤᠭ ᠠᠴᠠ ᠪᠠᠨ ᠰᠠᠯᠤᠭᠰᠠᠨ ᠨᠢ | | ᠲᠡᠷᠡ ᠬᠠᠪᠤᠷ᠂ ᠸᠠᠩᠳᠠᠨᠨᠢᠮ᠎ᠠ᠂ ᠱᠠᠭᠳᠤᠷᠵᠠᠪ ᠨᠤᠶᠠᠨ ᠤ᠄ ︽ᠴᠢᠬᠢ ᠬᠤᠯᠠ ᠨᠢᠳᠤ ᠳᠠᠯᠳᠠ ᠶᠡᠭᠤ ᠬᠢᠬᠦ ᠶᠢ | ᠴᠢᠨᠢ ᠪᠢ ᠬᠠᠮᠢᠶᠠᠷᠴᠤ ᠡᠰᠡ ᠳᠡᠶᠢᠯᠥᠨ᠎ᠡ︾ ᠭᠡᠳᠡᠭ ᠥᠭᠡ ᠪᠠᠷ ᠬᠤᠶᠠᠳᠠᠬᠢ ᠤᠳᠠᠭ᠎ᠠ ᠬᠤᠰᠢᠭᠤ ᠨᠤᠲᠤᠭ ᠠᠴᠠ | ᠪᠠᠨ ᠰᠠᠯᠵᠤ ᠶᠠᠪᠤᠵᠠᠢ᠃ ᠲᠡᠭᠡᠵᠤ ᠨᠢᠭᠡ ᠶᠠᠪᠤᠭᠠᠳ ᠸᠠᠩᠳᠠᠨᠨᠢᠮ᠎ᠠ ᠵᠠᠰᠠᠭ ᠬᠤᠰᠢᠭᠤᠨ ᠳᠠᠭᠠᠨ ᠳᠠᠬᠢᠵᠤ ᠬᠠᠷᠢᠵᠤ | ᠢᠷᠡᠵᠤ ᠴᠢᠳᠠᠭ᠎ᠠ ᠥᠬᠡᠢ ᠪᠢᠯᠡ᠃1908 ᠤᠨ ᠳᠤ ᠸᠠᠩᠳᠠᠨᠨᠢᠮ᠎ᠠ ᠬᠠᠩᠬᠢᠨ ᠬᠤᠰᠢᠭᠤᠨ ᠤ ︽ᠳᠤᠭᠤᠶᠢᠯᠠᠩ︾ | ᠤᠨ ᠲᠥᠷᠥᠭᠦᠥ ᠴᠠᠭᠠᠨᠪᠤᠯᠤᠳ ︵ᠪᠠᠰᠠ ᠴᠠᠭᠠᠨᠪᠤᠯᠤ ᠭᠡᠵᠤ ᠴᠦ ᠬᠡᠯᠡᠳᠡᠭ︶᠂ ᠥᠤᠰᠢᠨ ᠬᠤᠰᠢᠭᠤᠨ ᠤ ᠰᠤᠮᠢᠶ᠎ᠠ ︵ | ᠪᠡᠭᠡᠵᠢᠩ ᠯᠠᠮᠠ᠂ ᠴᠠᠭᠠᠷ ᠭᠠᠷᠤᠯ ᠲᠠᠢ︶᠂ ᠥᠯᠵᠡᠶᠢᠵᠢᠷᠭᠠᠯ ︵ᠰᠢᠨ᠎ᠡ ᠯᠠᠮᠠ︶ ᠪᠤᠯᠤᠨ ᠳᠠᠯᠠᠳ ᠬᠤᠰᠢᠭᠤ᠂ | ᠠᠯᠠᠱᠠ ᠬᠤᠰᠢᠭᠤᠨ ᠤ ᠵᠡᠭᠦᠨ ᠪᠡᠶ᠎ᠡ ᠶᠢᠨ ᠭᠡᠰᠡᠭ ᠭᠠᠵᠠᠷ ᠤᠷᠤᠨ ᠤ ᠮᠠᠯᠴᠢᠳ ᠢ ᠤᠷᠢᠶᠠᠯᠠᠨ ᠳᠠᠶᠢᠴᠢᠯᠠᠵᠤ᠂ ᠨᠡᠩ | ᠰᠥᠷ ᠳᠠᠯᠠᠶᠢᠴᠠᠲᠠᠢ ︽ᠳᠤᠭᠤᠶᠢᠯᠠᠩ︾ ᠤᠨ ᠬᠥᠳᠡᠯᠭᠡᠭᠡᠨ ᠢ ᠥᠷᠨᠢᠭᠦᠯᠥᠨ ᠸᠠᠩ ᠭᠥᠩ ᠢᠵᠠᠭᠤᠷᠲᠠᠨ᠂ ᠨᠤᠲᠤᠭ | ᠤᠨ ᠬᠠᠷᠭᠢᠰᠴᠤᠳ ᠲᠠᠢ ᠡᠪᠯᠡᠷᠡᠰᠢ ᠥᠬᠡᠢ ᠰᠢᠷᠥᠭᠦᠨ ᠲᠡᠮᠡᠴᠡᠯ ᠶᠠᠪᠤᠭᠤᠯᠵᠠᠢ᠃ ᠰᠢᠷᠭᠠᠭᠤ ᠬᠠᠲᠠᠭᠤᠵᠢᠯᠲᠠᠢ | ᠲᠡᠮᠡᠴᠡᠯ ᠤᠨ ᠶᠠᠪᠤᠴᠠ ᠳᠤᠮᠳᠠ ᠸᠠᠩᠳᠠᠨᠨᠢᠮ᠎ᠠ ᠥᠩᠭᠡᠷᠡᠭᠰᠡᠨ ᠤ ᠳᠤᠷᠰᠢᠯᠭ᠎ᠠ ᠰᠤᠷᠭᠠᠮᠵᠢ ᠪᠠᠨ ᠰᠠᠶᠢᠲᠤᠷ ᠳ᠋ᠥᠩᠨᠡᠵᠤ᠂ | ︽ᠳᠤᠭᠤᠶᠢᠯᠠᠩ︾ ᠤᠨ ᠬᠥᠳᠡᠯᠭᠡᠭᠡᠨ ᠤ ᠥᠷ᠎ᠡ ᠪᠥᠲᠥᠮᠵᠢ ᠶᠢ ᠪᠠᠲᠤᠳᠬᠠᠵᠤ᠂ ᠳᠠᠶᠢᠰᠤᠨ ᠳᠤ ᠴᠢᠩᠭ᠎ᠠ | ᠴᠤᠬᠢᠯᠲᠠ ᠥᠭᠬᠦ ᠭᠡᠪᠡᠯ ᠵᠠᠪᠠᠯ ᠵᠡᠪᠰᠡᠭᠲᠤ ᠬᠥᠴᠥᠨ ᠢ ᠵᠤᠬᠢᠶᠠᠨ ᠪᠠᠶᠢᠭᠤᠯᠬᠤ ᠬᠡᠷᠡᠭᠲᠠᠢ ᠭᠡᠳᠡᠭ ᠶᠤᠰᠤ ᠤᠴᠢᠷ ᠢ | ᠵᠢᠩᠬᠢᠨᠢ ᠤᠶᠢᠯᠠᠭᠠᠵᠤ ᠲᠠᠨᠢᠪᠠ᠃ ᠲᠡᠷᠡ ᠡᠳᠡᠭᠡᠷ ᠭᠠᠵᠠᠷ ᠤᠷᠤᠨ ᠳᠤ ︽ᠳᠤᠭᠤᠶᠢᠯᠠᠩ︾ ᠤᠨ ᠬᠥᠳᠡᠯᠭᠡᠭᠡᠨ ᠤ | ᠵᠡᠪᠰᠡᠭᠲᠤ ᠬᠥᠴᠥᠨ ᠢ ᠵᠤᠬᠢᠶᠠᠨ ᠪᠠᠶᠢᠭᠤᠯᠵᠤ᠂ ᠮᠠᠰᠢ ᠲᠥᠷᠬᠡᠨ ᠢᠶᠠᠷ 100 ᠭᠠᠷᠤᠢ ᠫᠤᠤ ᠵᠡᠪᠰᠡᠭ ᠴᠤᠭᠯᠠᠭᠤᠯᠤᠨ | ᠤᠯᠵᠤ᠂ 200 ᠭᠠᠷᠤᠢ ᠬᠥᠮᠥᠨ ᠢᠶᠠᠷ ᠪᠥᠷᠢᠯᠳᠥᠭᠰᠡᠨ ᠰᠢᠯᠢᠳᠡᠭ ᠠᠷᠠᠳ ᠤᠨ ᠵᠡᠪᠰᠡᠭᠲᠤ ᠬᠥᠴᠥᠨ ᠲᠠᠢ ᠪᠤᠯᠵᠤ | ᠪᠤᠵᠠᠭᠠᠶᠢᠷᠠᠪᠠ᠃ 1912 ᠤᠨ ᠳᠤ ᠸᠠᠩᠳᠠᠨᠨᠢᠮ᠎ᠠ ᠠᠷᠠᠳ ᠤᠨ ᠵᠡᠪᠰᠡᠭᠲᠤ ᠬᠥᠴᠥᠨ ᠢᠶᠠᠨ ᠵᠢᠯᠤᠭᠤᠳᠴᠤ᠂ | ᠮᠤᠩᠭᠤᠯᠴᠤᠳ ᠤᠨ ᠪᠡᠯᠴᠢᠭᠡᠷ ᠨᠤᠲᠤᠭ ᠢ ᠪᠤᠯᠢᠶᠠᠵᠤ᠂ ᠮᠠᠯ ᠰᠥᠷᠥᠭ ᠢ ᠳᠡᠭᠡᠷᠡᠮᠳᠡᠭᠰᠡᠨ ᠨᠤᠶᠠᠨᠴᠢ ᠥᠵᠡᠯᠲᠡᠨ᠂ | ᠭᠠᠵᠠᠷ ᠤᠨ ᠡᠵᠡᠨ᠂ ᠨᠤᠲᠤᠭ ᠤᠨ ᠬᠠᠷᠭᠢᠰᠴᠤᠳ ᠵᠢᠴᠢ ᠰᠢᠨᠤᠬᠠᠢ ᠬᠤᠳᠠᠯᠳᠤᠭᠠᠴᠢᠳ ᠲᠠᠢ ᠶᠡᠭᠡ ᠬᠡᠮᠵᠢᠶᠠᠨ ᠤ | ᠵᠡᠪᠰᠡᠭᠲᠤ ᠲᠡᠮᠡᠴᠡᠯ ᠶᠠᠪᠤᠭᠤᠯᠵᠤ᠂ ᠹᠸᠤᠳᠠᠯ ᠤᠨ ᠸᠠᠩ ᠬᠥᠩ ᠤᠨ ᠬᠤᠪᠢᠰᠬᠠᠯ ᠤᠨ ᠡᠰᠡᠷᠭᠦ ᠨᠤᠶᠠᠷᠬᠠᠯ ᠳᠤ ᠬᠥᠨᠳᠥ | ᠨᠤᠴᠢᠲᠠᠢ ᠴᠤᠬᠢᠯᠲᠠ ᠥᠭᠭᠦᠭᠰᠡᠨ ᠪᠠᠶᠢᠨ᠎ᠠ᠃ ᠸᠠᠩᠳᠠᠨᠨᠢᠮ᠎ᠠ ᠶᠢᠨ ᠤᠳᠤᠷᠢᠳᠤᠭᠰᠠᠨ ︽ᠳᠤᠭᠤᠶᠢᠯᠠᠩ︾ ᠤᠨ | ᠬᠥᠳᠡᠯᠭᠡᠭᠡᠨ ᠬᠤᠷ᠎ᠠ ᠶᠢᠨ ᠳᠠᠷᠠᠭᠠᠬᠢ ᠬᠤᠯᠤᠰᠤᠨ ᠰᠥᠶᠡ ᠮᠡᠲᠤ ᠡᠳᠥᠷ ᠢᠷᠡᠬᠦᠶ᠎ᠡ ᠬᠥᠴᠥᠷᠬᠡᠭᠵᠢᠨ ᠴᠢᠩ ᠤᠨ | ᠵᠠᠰᠠᠭ ᠲᠥᠷᠥ ᠳᠤ ᠴᠠᠭ ᠢᠮᠠᠭᠲᠠ ᠠᠶᠤᠯ ᠳᠥᠭᠰᠢᠭᠦᠷᠢ ᠤᠴᠠᠷᠠᠭᠤᠯᠵᠤ ᠪᠠᠶᠢᠯ᠎ᠠ᠃ ᠡᠳᠥᠷ ᠠᠴᠠ ᠡᠳᠥᠷ | ᠪᠤᠵᠠᠭᠠᠶᠢᠷᠠᠵᠤ ᠬᠥᠴᠥᠷᠬᠡᠭᠵᠢᠬᠦ ︽ᠳᠤᠭᠤᠶᠢᠯᠠᠩ︾ ᠤᠨ ᠬᠥᠳᠡᠯᠭᠡᠭᠡᠨ ᠨᠢ ᠴᠢᠩ ᠭᠥᠴᠥᠨ ᠤ ᠵᠢᠷᠥᠬᠡ ᠤᠷᠤᠭᠤ | ᠰᠢᠭᠠᠭᠰᠠᠨ ᠢᠷᠲᠤ ᠮᠡᠰᠡ ᠪᠤᠯᠵᠤ᠂ ᠬᠠᠭᠠᠨ ᠳᠥᠰᠢᠮᠡᠳ ᠢ ᠶᠤᠰᠤᠲᠠᠢ ᠯᠠ ᠬᠠᠯᠠᠭᠤᠨ ᠪᠤᠷᠮᠠᠨ ᠳᠡᠭᠡᠷ᠎ᠡ | ᠵᠤᠭᠰᠤᠭᠠᠵᠠᠢ︕ ᠸᠠᠩᠳᠠᠨᠨᠢᠮ᠎ᠠ ᠶᠢᠨ ᠲᠤᠰ ᠪᠡᠶ᠎ᠡ ᠨᠢ ᠨᠡᠩ ᠴᠤ ᠴᠢᠩ ᠤᠨ ᠵᠠᠰᠠᠭ ᠤᠨ ᠭᠠᠵᠠᠷ ᠤᠨ ᠨᠢᠳᠥᠨ ᠤ | ᠥᠷᠭᠡᠰᠤ ᠪᠤᠯᠵᠤ᠂ ᠢᠯᠪᠢᠨ ᠳᠠᠭᠠᠭᠤᠯᠬᠤ᠂ ᠤᠰᠠᠳᠬᠠᠵᠤ ᠳᠠᠷᠤᠩᠭᠤᠶᠢᠯᠠᠬᠤ ᠶᠢᠨ ᠭᠤᠤᠯᠳᠠᠯᠭ᠎ᠠ ᠪᠤᠯᠵᠠᠢ᠃ ᠴᠢᠩ | ᠤᠨ ᠵᠠᠰᠠᠭ ᠤᠨ ᠭᠠᠵᠠᠷ ᠠᠴᠠ ᠡᠨᠡᠬᠦ ᠲᠡᠷᠢᠭᠦᠨ ᠴᠢᠬᠤᠯᠠ ᠡᠭᠦᠷᠭᠡ ᠶᠢ ᠨᠢᠩᠰᠢᠶᠠ ᠶᠢᠨ ᠴᠡᠷᠢᠭ ᠤᠨ ᠡᠷᠬᠡᠲᠡᠨ ᠮᠠ | ᠪᠥ᠋ ᠰᠢᠶᠠᠩ ᠪᠤᠯᠤᠨ ᠠᠯᠠᠱᠠ ᠸᠠᠩ ᠬᠤᠶᠠᠭᠤᠯᠠ ᠳᠤ ᠵᠠᠷᠯᠢᠭ ᠢᠶᠠᠷ ᠲᠤᠯᠭᠠᠪᠠ᠃ ᠮᠠ ᠪᠥ᠋ ᠰᠢᠶᠠᠩ ᠲᠠᠷᠢᠬᠢ ᠪᠠᠨ | ᠰᠢᠪᠬᠠᠨ ᠬᠡᠳᠥᠢ ᠪᠤᠳᠤᠭᠰᠠᠨ ᠴᠤ ᠡᠪ ᠲᠠᠢ ᠰᠠᠶᠢᠬᠠᠨ ᠠᠷᠭ᠎ᠠ ᠤᠯᠳᠠᠭᠰᠠᠨ ᠥᠭᠡᠢ ᠪᠤᠯᠬᠤᠷ ᠠᠯᠠᠱᠠ ᠸᠠᠩ ᠳᠤ | ᠪᠠᠷᠠᠭᠠᠳᠠᠨ ᠵᠤᠯᠭᠠᠵᠤ᠄ ︽ᠲᠠᠨᠤᠰ ᠪᠥᠷ ᠮᠤᠩᠭᠤᠯ ᠬᠥᠮᠥᠨ᠂ ᠥᠬᠡ ᠬᠡᠯᠡ ᠨᠡᠪᠲᠡᠷᠡᠳᠡᠭ ᠢᠶᠠᠷ ᠲᠠ ᠨᠢᠭᠡ ᠤᠬᠠᠭᠠᠨ | ᠬᠢ᠂ ᠪᠢ ᠠᠷᠤ ᠳᠤ ᠴᠢᠨᠢ ᠳᠥᠰᠢᠭ ᠪᠤᠯᠵᠤ ᠴᠡᠷᠢᠭ ᠮᠤᠷᠢ᠂ ᠮᠥᠩᠭᠦᠨ ᠵᠤᠭᠤᠰᠤᠨ ᠤ ᠳᠡᠮᠵᠢᠪᠤᠷᠢ ᠥᠭᠭᠦᠶ᠎ᠡ︕︾ | ᠭᠡᠵᠤ ᠭᠤᠶᠤᠬᠤ ᠲᠠᠢ ᠠᠯᠪᠠᠳᠠᠬᠤ ᠲᠠᠢ ᠪᠤᠯᠵᠠᠢ᠃ | ︽ᠪᠠᠨᠳᠢᠳᠠ ᠭᠡᠭᠡᠨ︾ ᠤ ᠰᠥᠷ ᠲᠤ ᠬᠠᠯᠳᠠᠬᠤ ᠭᠡᠰᠡᠨ ᠥᠬᠡ ᠶᠢ ᠰᠤᠨᠤᠰᠤᠭᠠᠳ ᠠᠯᠠᠱᠠ ᠸᠠᠩ ᠤᠨ | ᠬᠤᠶᠢᠬ᠎ᠠ ᠶᠢᠨ ᠥᠰᠥ ᠠᠷᠵᠠᠰᠬᠢᠨ ᠪᠤᠰᠪᠠ᠃ ᠲᠡᠷᠡ ᠠᠶᠤᠵᠤ ᠳᠠᠭᠵᠢᠬᠤ ᠶᠢᠨ ᠬᠤᠭᠤᠷᠤᠨᠳᠤ ᠬᠥᠮᠥᠰᠭᠡ | ᠠᠲᠤᠷᠢᠭᠤᠯᠤᠨ ᠤᠳᠠᠭᠠᠨ ᠬᠡᠭᠴᠢ ᠪᠤᠳᠤᠵᠤ ᠲᠤᠩᠭᠠᠭᠠᠳ ︽ᠬᠥᠮᠥᠨ ᠤ ᠭᠠᠷ ᠢᠶᠠᠷ ᠮᠤᠭᠠᠢ ᠠᠳᠬᠤᠭᠤᠯᠬᠤ︾ | ᠬᠤᠤᠷᠲᠤ ᠠᠷᠭ᠎ᠠ ᠶᠢ ᠰᠡᠳᠤᠨ ᠬᠡᠷᠡᠭᠯᠡᠵᠤ᠂ ᠡᠨᠡᠬᠦ ᠬᠥᠨᠳᠥ ᠪᠠᠴᠢᠮ ᠡᠭᠦᠷᠭᠡ ᠶᠢ ᠳᠤᠤᠷᠠᠬᠢ ᠴᠡᠷᠢᠭ ᠤᠨ ᠡᠷᠲᠡᠮᠲᠡᠨ | ᠠᠮᠤᠷᠵᠢᠷᠭᠠᠯ ᠭᠥᠩ ᠳᠤ ᠬᠠᠷ᠎ᠠ ᠠᠯᠪᠠ ᠪᠠᠷ ᠳᠤᠬᠤᠪᠠ᠃ ᠠᠮᠤᠷᠵᠢᠷᠭᠠᠯ ᠭᠥᠩ ᠠᠷᠭ᠎ᠠ ᠪᠤᠰᠤ ᠱᠠᠭᠠᠷᠲᠠᠯᠭ᠎ᠠ | ᠳᠤᠷᠠᠳᠤᠨ ᠵᠥᠪᠰᠢᠶᠡᠷᠡᠵᠤ ᠪᠢᠯᠡ᠃ ᠠᠯᠢᠪᠠ ᠥᠢᠯᠡ ᠤᠷᠤᠭᠰᠢᠲᠠᠢ ᠪᠤᠯᠤᠭᠰᠠᠨ ᠮᠠ ᠪᠥ᠋ ᠰᠢᠶᠠᠩ ᠠᠯᠠᠰᠬᠢᠨ | ᠪᠠᠶᠠᠷᠯᠠᠵᠤ᠄ ︽ᠬᠤᠶᠠᠷ ᠠᠷᠭ᠎ᠠ ᠶᠢᠨ ᠠᠯᠢᠨ ᠴᠤ ᠪᠤᠯᠤᠭ᠂ ᠬᠡᠷᠡᠭ ᠪᠥᠲᠥᠭᠰᠡᠨ ᠤ ᠬᠤᠶᠢᠨ᠎ᠠ ᠬᠤᠶᠠᠷ ᠮᠢᠩᠭᠠᠨ | ᠴᠠᠭᠠᠨ ᠵᠤᠭᠤᠰ ᠢᠶᠠᠷ ᠱᠠᠩᠨᠠᠨ᠎ᠠ︕︾ ᠬᠡᠵᠤ ᠠᠮᠤᠷᠵᠢᠷᠭᠠᠯ ᠳᠤ ᠨᠢᠭᠡ ᠠᠮᠠᠨ ᠳᠡᠭᠡᠷ᠎ᠡ ᠵᠥᠪᠰᠢᠶᠡᠷᠡᠵᠠᠢ᠃ | ᠠᠮᠤᠷᠵᠢᠷᠭᠠᠯ᠂ ᠸᠠᠩᠳᠠᠨᠨᠢᠮ᠎ᠠ ᠬᠡᠭᠴᠢ ᠱᠠᠰᠢᠨ ᠤ ᠲᠠᠯ᠎ᠠ ᠪᠠᠷ ᠨᠢᠭᠡ ᠨᠢᠭᠡᠨ ᠢ ᠪᠠᠨ ᠪᠢᠰᠢᠷᠡᠨ ᠰᠢᠳᠥᠳᠥᠭ | ᠰᠠᠶᠢᠨ ᠨᠠᠶᠢᠵᠠ ᠪᠤᠯᠪᠠᠴᠤ ︽ᠳᠤᠭᠤᠶᠢᠯᠠᠩ︾ ᠤᠨ ᠬᠥᠳᠡᠯᠭᠡᠭᠡᠨ ᠡᠨᠡᠬᠦ ᠤᠯᠤᠰ ᠲᠥᠷᠥ ᠶᠢᠨ ᠴᠢᠨᠠᠷᠲᠠᠢ ᠲᠤᠮᠤ | ᠠᠰᠠᠭᠤᠳᠠᠯ ᠳᠡᠭᠡᠷ᠎ᠡ ᠰᠡᠳᠬᠢᠯ ᠰᠠᠨᠠᠭ᠎ᠠ ᠶᠡᠷᠥ ᠠᠴᠠ ᠨᠢᠭᠡᠳᠴᠤ ᠥᠵᠡᠭᠡᠭᠦᠢ ᠠᠰ ᠠᠰ ᠤᠨ ᠪᠤᠳᠤᠯ ᠲᠠᠢ ᠬᠤᠶᠠᠷ | ᠪᠠᠶᠢᠯ᠎ᠠ᠃ | | | | | | |