ᠤᠷᠲᠤᠰ ᠬᠤᠷᠢᠮ ᠤᠨ ᠡᠭᠦᠳᠡ ᠲᠠᠷᠤᠬᠤ ᠦᠭᠡ
ᠨᠡᠶᠢᠲᠡᠯᠡᠭᠰᠡᠨ ᠴᠠᠭ᠄
2019/11/21
ᠦᠨᠳᠦᠷᠯᠢᠭ      ᠦᠨᠦ ᠵᠢᠯ ᠪᠤᠯᠬᠤ ᠳᠤ᠂ ᠤᠷᠲᠤᠰ ᠨᠤᠲᠤᠭ ᠤᠨ ᠤᠲᠤᠭ ᠤᠨ ᠡᠮᠦᠨᠡᠲᠦ ᠬᠤᠰᠢᠭᠤ ᠪᠤᠯᠤᠨ ᠡᠵᠡᠨ ᠬᠤᠷᠤᠭ᠎ᠠ ᠬᠤᠰᠢᠭᠤᠨ ᠤ ᠵᠠᠷᠢᠮ ᠮᠤᠩᠭᠤᠯ ᠬᠤᠷᠢᠮ ᠨᠢ ᠤᠤᠭᠠᠯ ᠮᠤᠩᠭᠤᠯ ᠬᠤᠷᠢᠮ ᠤᠨ ᠵᠠᠩ ᠦᠢᠯᠡ ᠪᠠᠨ ᠰᠡᠷᠭᠦᠭᠡᠵᠦ᠂ ᠡᠭᠦᠲᠡ ᠲᠠᠷᠤᠬᠤ᠂ ᠨᠡᠷ᠎ᠡ ᠵᠢᠯ ᠠᠰᠠᠭᠤᠬᠤ ᠵᠡᠷᠭᠡ ᠬᠤᠨᠵᠢᠨ ᠦᠭᠡ ᠡᠯᠭᠦᠴᠡᠭᠦ ᠦᠢᠯᠡ ᠲᠡᠯᠭᠡᠷᠡᠵᠦ ᠡᠭᠢᠯᠡᠵᠡᠢ᠃ ᠭᠡᠲᠡᠯ᠎ᠡ ᠡᠭᠢᠯᠡᠨ ᠰᠡᠷᠭᠦᠭᠡᠵᠦ ᠪᠠᠶᠢᠭ᠎ᠠ ᠲᠤᠯᠠ ᠵᠦᠪᠭᠡᠨ ᠬᠠᠭᠠᠰ ᠲᠤᠲᠠᠭᠤ ᠪᠠᠷ ᠲᠡᠭᠦᠰᠭᠡᠵᠦ ᠪᠠᠶᠢᠭ᠎ᠠ ᠪᠠᠶᠢᠲᠠᠯ ᠢᠯᠡᠷᠭᠡᠢ ᠰᠢᠭ ᠬᠠᠷᠠᠬᠳᠠᠵᠤ ᠪᠠᠶᠢᠨ᠎ᠠ᠃ ᠡᠨᠡᠭᠦ ᠳ᠋ᠤᠭᠠᠷ ᠲᠤ ᠤᠷᠲᠤᠰ ᠬᠤᠷᠢᠮ ᠤᠨ ᠶᠤᠰᠤᠯᠠᠯ ᠳᠠᠬᠢ ᠡᠭᠦᠲᠡ ᠲᠠᠷᠤᠬᠤ ᠬᠤᠨᠵᠢᠨ ᠡᠯᠭᠦᠴᠡᠭᠡ ᠠᠴᠠ ᠭᠡᠰᠡᠭᠯᠡᠨ ᠡᠮᠭᠢᠳᠭᠡᠪᠡ᠃ ᠠᠳᠡ ᠤᠨᠴᠠ ᠲᠤᠲᠤᠷᠬᠠᠶᠢᠯᠠᠬᠤ ᠴᠢᠬᠤᠯᠠᠲᠠᠢ ᠨᠢᠭᠡ ᠵᠦᠢᠯ ᠭᠡᠪᠡᠯ᠂ ᠮᠠᠨ ᠤ  ︽ᠲᠦᠷᠦᠯᠭᠢ ᠭᠡᠯᠡ︾ ᠰᠡᠳᠭᠦᠯ ᠳᠡᠭᠡᠷ᠎ᠡ ᠵᠠᠭᠤᠨ ᠤ ᠨᠠᠶᠠᠨ ᠭᠡᠲᠦᠨ ᠤᠨ ᠳᠤ ᠰᠡᠳᠭᠦᠯ ᠤᠨ ᠬᠠᠭᠤᠳᠠᠰᠤ ᠢᠷᠠᠬᠰᠠᠨ ᠠᠩᠬᠠᠨ ᠤ ᠳ᠋ᠤᠭᠠᠷ ᠲᠤ ᠮᠦᠨ ᠤᠷᠲᠤᠰ ᠬᠤᠷᠢᠮ ᠤᠨ ᠵᠠᠩ ᠦᠢᠯᠡ ᠶᠢ ᠨᠡᠯᠢᠶᠡᠳ ᠪᠦᠷᠢᠨ ᠲᠦᠭᠦᠷ ᠡᠮᠭᠢᠳᠭᠡᠭᠰᠡᠨ ᠪᠠᠶᠢᠳᠠᠭ᠂ ᠭᠡᠲᠡᠯ᠎ᠡ ᠤᠨ ᠤᠳᠠᠬᠰᠠᠨ ᠠᠴᠠ ᠪᠤᠯᠵᠤ ᠤᠤᠯ ᠳᠡᠪᠲᠡᠷ ᠤᠯᠲᠠᠬᠤ ᠳᠤ ᠭᠦᠴᠢᠷ ᠪᠤᠯᠤᠬᠰᠠᠨ ᠲᠤᠯᠠ᠂ ᠲᠤᠰ ᠳ᠋ᠤᠭᠠᠷ ᠲᠤ ᠤᠷᠲᠤᠰ ᠬᠤᠷᠢᠮ ᠤᠨ ᠵᠠᠩ ᠦᠢᠯᠡ ᠎ ᠠᠴᠠ ᠡᠲᠦᠢ ᠲᠡᠲᠦᠢ ᠶᠢ ᠡᠮᠭᠢᠳᠭᠡᠨ ᠴᠤᠬᠯᠠᠭᠤᠯᠵᠤ᠂ ᠮᠤᠩᠭᠤᠯ ᠲᠦᠮᠡᠨ ᠤ ᠠᠮᠢᠳᠤᠷᠠᠯ ᠵᠠᠩ ᠦᠢᠯᠡ ᠳᠤ ᠦᠴᠦᠭᠡᠨ ᠴᠤ ᠭᠡᠰᠡᠨ ᠲᠤᠰᠠ ᠨᠡᠮᠡᠷᠢ ᠪᠤᠯᠬᠤ ᠶᠢ ᠭᠢᠴᠢᠶᠡᠪᠡᠢ︕ ᠦᠵᠡᠭᠦ ᠮᠡᠷᠭᠡᠳ ᠭᠡᠭᠡᠨ ᠳᠤ ᠪᠠᠨ ᠲᠤᠯᠢᠯᠠᠬᠤ ᠠᠵᠢᠶᠠᠮᠤ︕      ᠤᠷᠲᠤᠰ ᠨᠤᠲᠤᠭ ᠤᠨ ᠬᠤᠷᠢᠮ ᠳᠤ᠂ ᠭᠦᠷᠭᠡᠨ ᠭᠦᠦ ᠰᠠᠭᠠᠳᠠᠭ ᠨᠤᠮᠤ ᠠᠬᠰᠠᠨ ᠭᠡᠦᠭᠡᠨ ᠲᠠᠯ᠎ᠠ ᠶᠢᠨ ᠡᠷᠦᠭᠡ ᠶᠢᠨ ᠭᠠᠳᠠᠨ᠎ᠠ ᠢᠷᠡᠵᠦ ᠤᠬᠳᠤᠬᠳᠠᠬᠰᠠᠨ ᠤ ᠲᠠᠷᠠᠭ᠎ᠠ᠂ ᠬᠤᠷ ᠤᠨ ᠠᠮᠪᠠᠨ ᠵᠡᠷᠭᠡ ᠰᠠᠭᠠᠳᠠᠭ ᠤᠨ ᠬᠤᠳᠠ ᠨᠠᠷ ᠢ ᠭᠡᠷ ᠲᠤ ᠤᠷᠤᠭᠤᠯᠤᠭᠠᠳ᠂ ᠭᠡᠦᠭᠡᠨ ᠲᠠᠯ᠎ᠠ ᠤᠨ ᠪᠡᠷᠭᠡᠳ ᠭᠡᠭᠦ ᠬᠤᠶᠠᠷ ᠪᠦᠰᠡᠭᠦᠢ ᠠᠴᠠ ᠭᠦᠷᠭᠡᠨ ᠭᠦᠦ ᠪᠤᠯᠤᠨ ᠬᠤᠨᠵᠢᠨ ᠬᠤᠶᠠᠭᠤᠯᠠ ᠶᠢ ᠡᠭᠦᠳᠡᠨ ᠳᠡᠭᠡᠷ᠎ᠡ ᠬᠤᠷᠢᠭᠠᠳ ᠡᠭᠦᠳᠡ ᠳᠠᠷᠤᠨ᠎ᠠ᠃ ᠢᠩᠭᠢᠭᠡᠳ ᠡᠳᠡᠭᠡᠷ ᠪᠡᠷᠭᠡᠳ ᠎ ᠠᠴᠠ ᠭᠦᠷᠭᠡᠨ ᠲᠠᠯ᠎ᠠ ᠶᠢᠨ ᠬᠤᠨᠵᠢᠨ ᠲᠠᠢ ᠤᠶᠤᠨ ᠤᠬᠠᠭᠠᠨ ᠤᠷᠠᠨ ᠦᠭᠡᠨ ᠤ ᠮᠦᠷᠦᠶᠢᠴᠡᠭᠡᠨ ᠶᠠᠪᠤᠭᠤᠯᠵᠤ ᠨᠠᠶᠢᠷ ᠨᠠᠭᠠᠳᠤᠮ ᠭᠦᠭᠵᠢᠶᠡᠨ ᠡᠭᠦᠰᠭᠡᠳᠡᠭ ᠪᠠᠶᠢᠨ᠎ᠠ᠃    ᠪᠡᠷᠭᠡᠳ᠄      ᠤᠮ ᠰᠠᠶᠢᠨ ᠠᠮᠤᠭᠤᠯᠠᠩ ᠲᠠᠨ ᠪᠤᠯᠲᠤᠭᠠᠢ︕      ᠲᠦᠪ ᠰᠠᠶᠢᠬᠠᠨ ᠪᠠᠶᠢᠳᠠᠯ ᠲᠠᠢ      ᠲᠦᠭᠡᠮᠡᠯ ᠰᠠᠶᠢᠬᠠᠨ ᠨᠤᠲᠤᠭ ᠲᠠᠢ      ᠤᠨᠴᠠ ᠰᠠᠶᠢᠬᠠᠨ ᠪᠠᠶᠢᠳᠠᠯ ᠲᠠᠢ      ᠤᠯᠠᠨ ᠰᠠᠶᠢᠬᠠᠨ ᠲᠦᠷᠦᠯ ᠲᠠᠢ      ᠰᠦᠮᠪᠦᠷ ᠠᠭᠤᠯᠠ ᠰᠢᠭ᠋ ᠰᠦᠨᠳᠦᠷᠯᠡᠵᠦ      ᠰᠦᠨ ᠳᠠᠯᠠᠢ ᠰᠢᠭ᠋ ᠬᠠᠯᠭᠢᠯᠠᠵᠤ      ᠭᠠᠯᠪᠠᠷᠠᠬᠽᠠ ᠮᠤᠲᠤ ᠰᠢᠭ᠋ ᠨᠠᠶᠢᠭᠤᠵᠤ      ᠭᠠᠩᠭ᠎ᠠ ᠮᠦᠷᠡᠨ ᠰᠢᠭ ᠳᠠᠪᠠᠯᠭᠠᠯᠠᠵᠤ      ᠭᠠᠳᠠᠨ᠎ᠠ ᠮᠢᠨᠢ ᠭᠠᠶᠢᠬᠠᠮᠰᠢᠬᠲᠠᠢ ᠪᠠᠷ      ᠬᠠᠩᠭᠢᠨᠠᠨ ᠵᠢᠩᠭᠢᠨᠡᠨ ᠮᠤᠷᠢᠯᠠᠨ ᠰᠠᠭᠠᠳᠠᠬᠰᠠᠨ      ᠬᠤᠳᠠ ᠲᠦᠷᠦᠯ ᠪᠦᠭᠦᠳᠡᠭᠡᠷ ᠠᠮᠤᠭᠤᠯᠠᠩ︕  ᠭᠦᠷᠭᠡᠨ ᠲᠠᠯ᠎ᠠ ᠶᠢᠨ ᠬᠤᠨᠵᠢᠨ᠄    ᠠᠮᠤᠭᠤᠯᠠᠩ︕ ᠠᠮᠤᠭᠤᠯᠠᠩ︕  ᠪᠡᠷᠭᠡᠳ᠄      ᠨᠠᠷᠠ ᠮᠡᠳᠦ ᠮᠠᠨᠳᠤᠵᠤ      ᠨᠠᠪᠴᠢ ᠮᠡᠲᠦ ᠳᠡᠯᠭᠡᠷᠡᠵᠦ      ᠰᠠᠷᠠ ᠮᠡᠳᠦ ᠰᠠᠴᠤᠷᠠᠨ      ᠽᠠᠨᠳᠠᠨ ᠮᠡᠳᠦ ᠨᠠᠶᠢᠭᠤᠵᠤ      ᠳᠡᠪᠭᠢᠯᠳᠤᠨ ᠮᠤᠷᠳᠠᠵᠤ ᠢᠷᠡᠭᠡᠳ      ᠶᠤᠰᠤᠯᠠᠨ ᠪᠠᠭᠤᠵᠤ ᠮᠡᠨᠳᠦᠯᠡᠭᠴᠢ      ᠠᠭᠤᠤ ᠬᠤᠳᠠ ᠲᠦᠷᠦᠯ ᠡᠭᠢᠯᠡᠨ      ᠠᠬ᠎ᠠ ᠳᠡᠭᠦᠦ ᠰᠠᠳᠤᠨ ᠲᠠ ᠪᠦᠭᠦᠨ      ᠠᠯᠢ ᠤᠷᠤᠨ ᠠᠴᠠ ᠮᠤᠷᠳᠠᠵᠤ      ᠠᠯᠢ ᠭᠡᠭᠴᠢ ᠨᠤᠲᠤᠭ ᠲᠤ ᠵᠤᠷᠢᠨ᠎ᠠ ᠪᠤᠢ︖      ᠮᠠᠯᠠᠭᠠᠢ ᠲᠠᠢ ᠭᠦᠷᠮ᠎ᠡ ᠲᠠᠢ ᠶᠢ ᠨᠢ ᠦᠵᠡᠭᠦᠯ᠎ᠡ      ᠠᠶᠢᠯᠴᠢᠨ ᠭᠡᠶᠢᠴᠢᠳ ᠤᠨ ᠮᠠᠶ᠋ᠢᠭ ᠲᠠᠢ      ᠨᠤᠮᠤ ᠰᠤᠮᠤ ᠲᠠᠢ ᠶᠢ ᠨᠢ ᠦᠵᠡᠭᠦᠯ᠎ᠡ      ᠠᠩᠴᠢᠨ ᠭᠦᠷᠦᠭᠡᠴᠢᠨ ᠤ ᠶᠠᠩᠵᠤ ᠲᠠᠢ᠂      ᠠᠵᠤ ᠲᠦᠷᠦᠭᠦ ᠪᠠᠷ ᠶᠠᠪᠤᠵᠤ ᠪᠠᠶᠢᠪᠠᠯ      ᠠᠶᠠᠨ ᠵᠠᠮ ᠤᠷᠢᠳᠤᠭᠤᠷ ᠪᠤᠢ᠂      ᠠᠪᠠ ᠭᠦᠷᠦᠭᠡᠨ ᠳᠤ ᠶᠠᠪᠤᠵᠤ ᠪᠠᠶᠢᠪᠠᠯ      ᠠᠬᠯᠠᠭ ᠠᠭᠤᠯᠠ ᠠᠷᠤ ᠳᠤ ᠪᠤᠢ᠂      ᠵᠤᠷᠢᠬᠰᠠᠨ ᠶᠠᠪᠤᠳᠠᠯ ᠴᠢᠨᠢ ᠶᠠᠭᠤ ᠪᠤᠢ︖      ᠵᠤᠯᠭᠠᠬᠤ ᠭᠦᠮᠦᠨ ᠴᠢᠨᠢ ᠭᠡᠨ ᠪᠤᠢ︖      ᠨᠠᠨᠳᠢᠨ ᠰᠢᠲᠦᠭᠡᠨ ᠴᠢᠨᠢ ᠶᠠᠭᠤ ᠪᠤᠯᠪᠠ︖      ᠨᠡᠷ᠎ᠡ ᠠᠯᠳᠠᠷ ᠴᠢᠨᠢ ᠭᠡᠨ ᠪᠤᠯᠪᠠ︖  ᠭᠦᠷᠭᠡᠨ ᠲᠠᠯ᠎ᠠ ᠶᠢᠨ ᠬᠤᠨᠵᠢᠨ᠄      ᠤᠮ ᠰᠠᠶᠢᠨ ᠠᠮᠤᠭᠤᠯᠠᠩ ᠲᠠᠨ ᠪᠤᠯᠳᠤᠭᠠᠢ︕      ᠲᠦᠪᠰᠢᠨ ᠰᠠᠶᠢᠬᠠᠨ ᠲᠦᠯᠦᠪ ᠲᠠᠢ      ᠲᠦᠭᠦᠷᠢᠭ ᠰᠠᠶᠢᠬᠠᠨ ᠤᠷᠲᠤᠨ ᠲᠠᠢ      ᠪᠠᠲᠤ ᠰᠠᠶᠢᠬᠠᠨ ᠪᠠᠶᠢᠳᠠᠯ ᠲᠠᠢ      ᠪᠠᠭ᠋ᠠᠳᠤᠯ ᠤᠯᠠᠨ ᠲᠦᠷᠦᠯ ᠲᠠᠢ      ᠤᠷᠤᠢ ᠳᠡᠭᠡᠷ᠎ᠡ ᠪᠠᠨ ᠵᠡᠷᠭᠡ ᠲᠠᠢ      ᠤᠲᠤᠭ᠎ᠠ ᠳᠤ ᠪᠠᠨ ᠨᠢᠲᠦ ᠲᠠᠢ      ᠤᠯᠠᠨ ᠭᠦᠨᠳᠦᠲᠦ ᠠᠮᠪᠠᠨ ᠡᠭᠢᠯᠡᠨ      ᠤᠲᠤᠮ ᠲᠥᠷᠥᠯ ᠤᠨ ᠲᠠ ᠪᠦᠭᠦᠨ      ᠪᠦᠭᠦᠳᠡᠭᠡᠷ ᠠᠮᠤᠭᠤᠯᠠᠩ︕  ᠪᠡᠷᠭᠡᠳ᠄      ᠠᠮᠤᠭᠤᠯᠠᠩ︕ ᠠᠮᠤᠭᠤᠯᠠᠩ︕  ᠭᠦᠷᠭᠡᠨ ᠲᠠᠯ᠎ᠠ ᠶᠢᠨ ᠬᠤᠨᠵᠢᠨ᠄      ᠮᠠᠨ ᠤ ᠨᠤᠲᠤᠭ ᠭᠡᠭᠴᠢ ᠪᠤᠯ      ᠭᠠᠳᠠᠭᠠᠲᠤ ᠲᠠᠯᠠᠢ ᠶᠢᠨ ᠳᠡᠷᠲᠡᠭᠡ      ᠲᠦᠷᠪᠡᠨ ᠲᠢᠪ ᠶᠢ ᠲᠦᠪᠯᠡᠭᠴᠢ      ᠰᠦᠮᠪᠦᠷ ᠠᠭᠤᠯᠠ ᠶᠢᠨ ᠡᠮᠦᠨ᠎ᠡ      ᠦᠷᠭᠡᠨ ᠶᠡᠭᠡ ᠲᠠᠯ᠎ᠠ ᠲᠠᠢ      ᠤᠷᠲᠤ ᠶᠡᠭᠡ ᠮᠦᠷᠡᠨ ᠲᠠᠢ      ᠭᠠᠯᠪᠠᠷᠠᠬᠽᠠ ᠮᠤᠲᠤ ᠨᠠᠶᠢᠭᠤᠬᠰᠠᠨ      ᠭᠠᠶᠢᠬᠠᠮᠰᠢᠬᠲᠤ ᠰᠢᠪᠠᠭᠤᠳ ᠲᠤᠩᠭᠤᠲᠤᠬᠰᠠᠨ      ᠪᠤᠷᠤ ᠲᠤᠬᠤᠢ ᠭᠡᠳᠡᠭ ᠨᠡᠷ᠎ᠡ ᠲᠠᠢ      ᠪᠤᠬᠳᠠ ᠴᠢᠩᠭᠢᠰ ᠤᠨ ᠰᠢᠲᠦᠭᠡᠨ ᠲᠠᠢ      ᠦᠭᠡᠳᠡᠯᠡᠨ ᠮᠠᠨᠲᠤᠬᠤ ᠰᠢᠨᠵᠢ ᠲᠠᠢ      ᠦᠨᠢᠷ ᠪᠠᠶᠠᠨ ᠭᠠᠵᠠᠷ ᠶᠤᠮ᠃      ᠴᠤᠬᠲᠤ ᠰᠦᠮᠪᠦᠷ ᠠᠭᠤᠯᠠ ᠠᠴᠠ      ᠴᠤᠭ ᠢᠶᠠᠷ ᠨᠠᠰᠢ ᠶᠠᠪᠤᠬᠤ ᠳᠤ      ᠴᠤᠯᠬᠢᠯᠠᠬᠰᠠᠨ ᠤᠰᠤᠨ ᠳᠤ      ᠴᠤᠭ ᠵᠢᠷᠭᠠᠬᠠᠢ ᠲᠤᠲᠤᠷᠠᠪᠠ᠂      ᠦᠨᠳᠦᠷ ᠰᠦᠮᠪᠦᠷ ᠠᠭᠤᠯᠠ ᠠᠴᠠ      ᠦᠨᠦ ᠨᠠᠰᠢ ᠬᠠᠨᠲᠤᠬᠤ ᠳᠤ᠂      ᠦᠶᠡᠷᠯᠡᠭᠰᠡᠨ ᠤᠰᠤᠨ ᠳᠤᠨᠢ      ᠦᠯᠵᠡᠢ ᠵᠠᠩᠭᠢᠶ᠎ᠠ ᠰᠦᠯᠵᠢᠭᠳᠡᠪᠡ᠂      ᠡᠶᠢᠮᠦ ᠰᠠᠶᠢᠬᠠᠨ ᠦᠯᠵᠡᠢ ᠪᠡᠯᠭᠡ      ᠡᠪᠴᠢᠭᠦᠦ ᠴᠡᠭᠡᠵᠢ ᠶᠢ ᠪᠠᠶᠠᠰᠬᠠᠨ      ᠠᠭᠤᠳᠠᠮ ᠰᠠᠶᠢᠬᠠᠨ ᠨᠤᠲᠤᠭ ᠠᠴᠠ ᠪᠠᠨ      ᠤᠷᠤᠬᠰᠢᠯᠠᠨ ᠮᠤᠷᠳᠠᠵᠤ ᠳᠠᠪᠭᠢᠬᠰᠠᠭᠠᠷ      ᠤᠷᠢᠳᠴᠢᠯᠠᠨ ᠢᠷᠡᠵᠦ ᠪᠠᠶᠢᠬᠤ ᠨᠢ ᠡᠨᠡ ᠪᠢᠯᠡ᠃      ᠤᠴᠢᠷ ᠢ ᠨᠢ ᠶᠠᠭᠤ ᠭᠡᠮᠡᠨ      ᠤᠬᠤᠴᠢᠯᠠᠨ ᠠᠰᠠᠭᠤᠪᠠᠯ      ᠤᠬᠰᠠᠭ᠎ᠠ ᠦᠨᠳᠦᠰᠦ ᠶᠢᠨ ᠦᠷᠭᠦᠯᠵᠢᠯᠡᠯ      ᠤᠷᠤᠭ ᠲᠦᠷᠦᠯ ᠤᠨ ᠪᠠᠷᠢᠯᠳᠤᠯᠭ᠎ᠠ ᠭᠡᠮᠡᠨ      ᠤᠷᠤᠨ ᠳᠡᠭᠡᠷ᠎ᠡ ᠴᠢᠨᠢ ᠢᠷᠡᠵᠦ      ᠤᠰᠤᠨ ᠲᠦᠷᠦᠯ ᠪᠤᠯᠵᠤ      ᠬᠤᠳᠲᠤᠭ ᠳᠡᠭᠡᠷ᠎ᠡ ᠴᠢᠨᠢ ᠢᠷᠡᠵᠦ      ᠬᠤᠲᠠ ᠲᠦᠷᠦᠯ ᠪᠤᠯᠵᠤ      ᠤᠷᠢᠲᠤ ᠡᠲᠦᠷ ᠭᠡᠯᠡᠯᠴᠡᠵᠦ      ᠡᠨᠡ ᠡᠲᠦᠷ ᠪᠤᠯᠵᠤᠬᠰᠠᠨ ᠲᠤᠯᠠ      ᠢᠷᠡᠵᠦ ᠪᠠᠶᠢᠭ᠎ᠠ ᠨᠢ ᠡᠨᠡ ᠪᠢᠯᠡ︕      ᠪᠤᠬᠳᠠ ᠴᠢᠩᠭᠢᠰ ᠬᠠᠭᠠᠨ ᠠᠴᠠ      ᠪᠤᠬᠲᠤᠯᠠᠬᠤ ᠶᠢᠨ ᠶᠤᠰᠤ ᠶᠢ      ᠵᠢᠷᠤᠮᠯᠠᠨ ᠢᠷᠡᠭᠰᠡᠨ      ᠬᠤᠲᠠ ᠪᠤᠯᠤᠨ ᠭᠦᠷᠭᠡᠨ ᠴᠢᠨᠢ ᠪᠠᠶᠢᠨ᠎ᠠ︕      ᠭᠦᠨᠲᠦ ᠶᠢᠨ ᠶᠤᠰᠤ ᠶᠢ ᠲᠠᠭᠠᠵᠤ      ᠭᠦᠷᠮ᠎ᠡ ᠲᠡᠪᠡᠯ ᠢᠶᠠᠨ ᠡᠮᠦᠰᠴᠦ      ᠮᠤᠩᠭᠤᠯ ᠤᠨ ᠶᠤᠰᠤᠨ ᠢ ᠳᠠᠭᠠᠵᠤ      ᠮᠤᠷᠢᠨ ᠰᠠᠶᠢᠨ ᠢᠶᠠᠨ ᠤᠨᠤᠵᠤ      ᠬᠤᠶᠠᠭ ᠤᠨ ᠶᠤᠰᠤᠨ ᠢ ᠳᠠᠭᠠᠵᠤ      ᠬᠤᠷ ᠰᠠᠭᠠᠳᠠᠭ ᠢᠶᠠᠨ ᠪᠦᠰᠡᠯᠡᠵᠦ      ᠠᠪᠤ ᠶᠢᠨ ᠦᠭᠭᠦᠭᠰᠡᠨ ᠠᠯᠲᠠᠨ ᠰᠦᠢ      ᠡᠵᠢ ᠶᠢᠨ ᠦᠭᠭᠦᠭᠰᠡᠨ ᠢᠨᠵᠢᠨ ᠰᠦᠢ      ᠠᠳᠡ ᠪᠠᠶᠢᠬᠤ ᠭᠡᠳ ᠢᠷᠡᠭᠰᠡᠨ ᠪᠢᠯᠡ︕      ᠡᠭᠢᠮ ᠪᠡᠷᠭᠡᠳ ᠲᠠ ᠨᠠᠷ      ᠡᠭᠦᠲᠡ ᠪᠠᠨ ᠲᠠᠷᠤᠭᠠᠳ ᠤᠷᠤᠭᠤᠯᠳᠠᠭ ᠦᠭᠡᠢ      ᠡᠭᠦᠰᠦᠯ ᠰᠠᠨᠠᠭ᠎ᠠ ᠶᠠᠭᠤᠨ ᠳᠤ ᠪᠤᠢ︖      ᠤᠯᠠᠨ ᠭᠡᠵᠦ ᠬᠤᠷᠢᠭᠠᠪᠠᠤ︖      ᠤᠷᠤᠶᠢᠲᠤᠯ᠎ᠠ ᠭᠡᠵᠦ ᠵᠢᠮᠢᠯᠡᠪᠡᠦ︖      ᠡᠲᠦᠷ ᠡᠲᠦᠷ ᠳᠠᠷᠤᠲᠠᠭ ᠡᠭᠦᠳᠡ ᠤᠤ︖      ᠡᠨᠡ ᠡᠲᠦᠷ ᠮᠠᠨ ᠢ ᠢᠷᠡᠭᠦ ᠳᠤ ᠳᠠᠷᠤᠳᠠᠭ ᠡᠭᠦᠲᠡ ᠤᠤ︖      ᠰᠠᠷ᠎ᠠ ᠰᠠᠷ᠎ᠠ ᠪᠠᠷ ᠳᠠᠷᠤᠳᠠᠭ ᠡᠭᠦᠲᠡ ᠤᠤ︖      ᠰᠠᠶ᠋ᠢᠬᠠᠨ ᠪᠢᠳᠠᠨ ᠢ ᠦᠵᠡᠭᠡᠳ ᠳᠠᠷᠤᠳᠠᠭ ᠡᠭᠦᠲᠡ ᠤᠤ︖      ᠤᠨ ᠤᠨ ᠳᠠᠷᠤᠳᠠᠭ ᠡᠭᠦᠲᠡ ᠤᠤ︖      ᠤᠳᠤᠬᠠᠨ ᠮᠠᠨ ᠢ ᠦᠵᠡᠭᠡᠳ ᠳᠠᠷᠤᠳᠠᠭ ᠡᠭᠦᠲᠡ ᠤᠤ︖      ᠠᠷᠤ ᠲᠠᠪᠢᠨ ᠲᠤᠯᠤᠭ᠎ᠠ      ᠦᠪᠦᠷ ᠲᠦᠴᠢ ᠶᠢᠰᠦ      ᠭᠠᠵᠠᠷ ᠤᠨ ᠠᠯᠤᠰ      ᠲᠡᠭᠷᠢ ᠶᠢᠨ ᠬᠠᠶᠠᠭ᠎ᠠ      ᠬᠠᠷᠢ ᠴᠢᠭᠤᠯᠭᠠᠨ      ᠬᠠᠷᠠᠴᠤ ᠢᠷᠭᠢᠨ      ᠬᠠᠮᠢᠭ᠎ᠠ ᠶᠠᠪᠤᠪᠠᠴᠤ      ᠬᠠᠭᠠᠯᠭ᠎ᠠ ᠬᠠᠳᠠᠪᠴᠢ ᠪᠠᠨ ᠳᠠᠷᠤᠬᠰᠠᠨ ᠢ      ᠬᠠᠷᠢᠨ ᠶᠡᠷᠦ ᠦᠵᠡᠭᠰᠡᠨ ᠦᠭᠡᠢ ᠪᠢᠯᠡ︕      ᠬᠠᠮᠲᠤ ᠢᠷᠡᠭᠰᠡᠨ ᠵᠠᠷᠢᠮ ᠢ ᠨᠢ      ᠬᠠᠮᠤᠭ ᠲᠦᠷᠦᠭᠦᠨ ᠳᠤ ᠤᠷᠤᠭᠤᠯᠴᠢᠬᠠᠭᠠᠳ      ᠬᠠᠷᠠᠬᠠᠨ ᠭᠦᠷᠭᠡᠨ ᠭᠦᠦ ᠪᠢᠳᠠ ᠬᠤᠶᠠᠭᠤᠯᠠ ᠶᠢ      ᠬᠠᠭᠠᠭᠠᠵᠤ ᠠᠪᠤᠭᠠᠳ ᠶᠠᠭᠠᠬᠢᠬᠤ ᠭᠡᠰᠡᠨ ᠪᠤᠢ︖  ᠪᠡᠷᠭᠡᠳ᠄      ᠤᠮ ᠰᠠᠶᠢᠨ ᠠᠮᠤᠭᠤᠯᠠᠩ ᠲᠠᠨ ᠪᠤᠯᠳᠤᠭᠠᠢ︕      ᠬᠠᠭᠠᠨ ᠲᠡᠭᠷᠢ ᠠᠴᠠ ᠵᠠᠶᠠᠭᠠᠲᠠᠢ      ᠬᠠᠭᠠᠯᠭᠠᠴᠢ ᠪᠡᠷᠭᠡᠳ ᠪᠢᠯᠡ᠂      ᠬᠠᠰᠢ ᠭᠡᠷᠡᠭ ᠭᠦᠮᠦᠨ ᠢ      ᠤᠷᠤᠭᠤᠯᠳᠠᠭ ᠦᠭᠡᠢ ᠪᠡᠷᠭᠡᠳ ᠪᠢᠯᠡ᠂      ᠡᠨᠡ ᠲᠡᠷᠡ ᠭᠦᠮᠦᠨ ᠢ      ᠤᠷᠤᠭᠤᠯᠳᠠᠭ ᠦᠭᠡᠢ ᠪᠡᠷᠭᠡᠳ ᠪᠢᠯᠡ᠂      ᠡᠭᠦᠲᠡ ᠬᠠᠭᠠᠯᠭ᠎ᠠ ᠪᠠᠨ ᠳᠠᠷᠤᠨ᠎ᠠ ᠭᠡᠭᠴᠢ      ᠡᠷᠲᠡ ᠴᠠᠭ ᠤᠨ ᠶᠤᠰᠤᠨ ᠪᠢᠯᠡ᠂      ᠪᠤᠱᠤᠭ᠎ᠠ ᠡᠭᠦᠲᠡ ᠪᠠᠨ ᠳᠠᠷᠤᠨ᠎ᠠ ᠭᠡᠭᠴᠢ      ᠪᠤᠬᠳᠠ ᠴᠢᠩᠭᠢᠰ ᠤᠨ ᠶᠤᠰᠤᠨ ᠪᠢᠯᠡ᠂      ᠮᠠᠨ ᠤ ᠡᠨᠡ ᠤᠷᠤᠨ ᠳᠤ      ᠮᠠᠰᠢ ᠡᠷᠲᠡ ᠴᠠᠭ ᠠᠴᠠ ᠡᠭᠢᠯᠡᠨ      ᠮᠠᠩᠯᠠᠢ ᠲᠡᠭᠡᠲᠦ ᠶᠢᠨ ᠡᠷᠭᠢᠮ ᠶᠤᠰᠤ      ᠮᠤᠩᠭᠤᠯ ᠭᠦᠮᠦᠨ ᠤ ᠵᠠᠩ ᠭᠡᠪᠡᠯ᠄      ᠬᠤᠯᠠ ᠶᠢᠨ ᠵᠤᠴᠢᠨ ᠢᠷᠡᠭᠦ ᠳᠤ ᠪᠠᠨ      ᠬᠤᠨᠤᠭ ᠤᠨ ᠭᠠᠵᠠᠷ ᠠᠴᠠ ᠮᠡᠳᠡᠭᠳᠡᠵᠦ      ᠤᠶᠢᠷ᠎ᠠ ᠶᠢᠨ ᠵᠤᠴᠢᠨ ᠢᠷᠡᠭᠦ ᠳᠤ ᠪᠠᠨ      ᠡᠲᠦᠷ ᠤᠨ ᠭᠠᠵᠠᠷ ᠠᠴᠠ ᠮᠡᠳᠡᠭᠳᠡᠳᠡᠭ᠃      ᠮᠠᠨ ᠤ ᠶᠡᠭᠡ ᠠᠮᠪᠠᠴᠤᠳ      ᠤᠷᠤᠨ ᠨᠤᠲᠤᠭ ᠤᠨ ᠨᠤᠶᠠᠳ ᠤᠳ      ᠮᠠᠨ ᠢ ᠢᠷᠡᠭᠦᠯᠦᠨ ᠤᠬᠲᠤᠭᠤᠯᠵᠤ      ᠮᠠᠭᠠᠳ ᠤᠴᠢᠷ ᠢ ᠨᠢ ᠠᠰᠠᠭᠤᠭᠠᠳ      ᠲᠠᠪᠲᠠᠵᠤ ᠪᠠᠰᠠ ᠠᠰᠠᠭᠤᠭᠠᠳ      ᠲᠤᠲᠤᠷᠬᠠᠢ ᠰᠠᠶᠢᠬᠠᠨ ᠮᠡᠳᠡᠭᠦᠯᠵᠦ ᠢᠷ᠎ᠡ︕ ᠭᠡᠮᠡᠭᠰᠡᠨ ᠪᠢᠯᠡ᠃      ᠡᠭᠦᠨ ᠠᠴᠠ ᠭᠠᠲᠠᠨ᠎ᠠ ᠪᠠᠰᠠ      ᠠ᠊ ᠲᠤᠯᠤᠭᠠᠢ ᠲᠠᠢ ᠠᠷᠪᠠᠨ ᠰᠠᠶᠢᠬᠠᠨ ᠦᠭᠡ      ᠲᠠ᠊ ᠲᠤᠯᠭᠠᠢ ᠲᠠᠢ ᠲᠠᠪᠤᠨ ᠰᠠᠶᠢᠬᠠᠨ ᠦᠭᠡ      ᠴᠢᠳᠠᠪᠠᠯ ᠵᠢᠷᠠᠨ ᠰᠠᠶᠢᠬᠠᠨ ᠦᠭᠡ      ᠶᠠᠳᠠᠪᠠᠯ ᠬᠤᠳᠠ ᠮᠢᠨᠢ ᠶᠠᠭᠠᠵᠤ ᠪᠤᠢ ᠳ᠋ᠠ︖      ᠭᠡᠯᠡᠳᠡᠭ ᠢᠶᠠᠨ ᠭᠡᠯᠡᠪᠡᠯ ᠪᠤᠯᠴᠢᠨ᠎ᠠ      ᠴᠢᠭᠢᠨ ᠳᠤ ᠪᠠᠨ ᠴᠢᠮᠡᠭ ᠪᠤᠯᠭᠠᠵᠤ      ᠵᠢᠷᠦᠭᠡᠨ ᠳᠤ ᠪᠠᠨ ᠴᠡᠴᠡᠭ ᠲᠡᠯᠭᠡᠷᠡᠭᠦᠯᠦᠨ᠎ᠡ᠃  ᠭᠦᠷᠭᠡᠨ ᠲᠠᠯ᠎ᠠ ᠶᠢᠨ ᠬᠤᠨᠵᠢᠨ᠄      — ᠠ᠂ ᠪᠡᠯᠡᠭ ᠪᠠᠳᠠᠷᠠᠲᠤᠭᠠᠢ︕      ᠠᠮᠤᠷ ᠮᠡᠨᠲᠦ ᠠᠰᠤᠷᠤ ᠰᠠᠶᠢᠨ᠂      ᠠᠵᠠ ᠵᠢᠷᠭᠠᠯ ᠲᠡᠭᠦᠰ ᠰᠠᠶᠢᠨ      ᠠᠳᠤᠭᠤ ᠮᠠᠯ ᠲᠠᠷᠭᠤ ᠰᠠᠶᠢᠨ      ᠠᠮᠤ ᠪᠤᠳᠠᠭ᠎ᠠ ᠡᠯᠪᠡᠭ ᠰᠠᠶᠢᠨ      ᠠᠩ ᠭᠦᠷᠦᠭᠡᠨ ᠤ ᠤᠯᠠᠨ ᠰᠠᠶᠢᠨ      ᠠᠯᠢᠪᠠ ᠦᠢᠯᠡᠰ ᠤᠨ ᠪᠦᠲᠦᠮᠵᠢ ᠰᠠᠶᠢᠨ      ᠠᠭᠠᠯᠢ ᠵᠠᠩ ᠤᠨ ᠤᠰᠬᠠᠯ ᠰᠠᠶᠢᠨ      ᠠᠮᠠ ᠭᠡᠯᠡᠨ ᠤ ᠤᠷᠠᠨ ᠰᠠᠶᠢᠨ      ᠠᠬᠠᠢ  ᠪᠡᠷᠭᠡᠳ ᠠᠷᠪᠠᠨ ᠰᠠᠶᠢᠨ ᠢ      ᠠᠬᠤᠯ ᠬᠤᠨᠵᠢᠨ ᠲᠠ ᠪᠢᠳᠠᠨᠠᠷ      ᠠᠷᠪᠠ ᠪᠠᠶᠢᠳᠤᠭᠠᠢ ᠬᠤᠷᠢ ᠴᠤ      ᠭᠡᠯᠡᠯᠴᠡᠵᠦ ᠦᠩᠭᠡᠷᠡᠭᠰᠡᠨ ᠪᠠᠶᠢᠯᠭᠦᠢ ᠳ᠋ᠠ      ᠲᠠᠯ᠎ᠠ ᠶᠢᠨ ᠭᠦᠷᠦᠭᠡᠰᠦᠨ ᠤ ᠲᠠᠷᠭᠤ ᠰᠠᠶᠢᠨ      ᠲᠠᠭᠠᠯᠤᠤᠷ ᠪᠡᠷᠭᠡᠳ ᠤᠨ ᠪᠡᠶ᠎ᠡ ᠰᠠᠶᠢᠨ      ᠲᠠ ᠪᠢᠲᠠ ᠲᠠᠨᠢᠯᠴᠠᠬᠰᠠᠨ ᠰᠠᠶᠢᠨ      ᠲᠠᠨ ᠤ ᠮᠠᠨ ᠤ ᠬᠤᠷᠢᠮ ᠰᠠᠶᠢᠨ      ᠲᠠ ᠪᠢᠲᠠ ᠵᠤᠯᠭᠠᠯᠴᠠᠬᠰᠠᠨ ᠠᠴᠠ ᠬᠤᠶᠢᠰᠢ      ᠲᠠᠪᠤ ᠪᠠᠶᠢᠳᠤᠭᠠᠢ ᠠᠷᠪᠠ ᠴᠤ      ᠶᠠᠷᠢᠯᠴᠠᠵᠤ ᠦᠩᠭᠡᠷᠡᠭᠰᠡᠨ ᠪᠠᠶᠢᠯᠭᠦᠢ ᠳ᠋ᠠ︕      ᠶᠠᠷᠢᠯᠴᠠᠬᠰᠠᠨ ᠲᠠᠪᠤ᠂ ᠭᠡᠯᠡᠯᠴᠡᠭᠰᠡᠨ ᠠᠷᠪᠠ      ᠵᠢᠬᠰᠠᠭᠠᠨ ᠭᠡᠯᠡᠪᠡᠯ ᠡᠨᠡ ᠪᠢᠯᠡ︕      ᠳᠡᠭᠡᠷ᠎ᠡ ᠨᠢ ᠪᠢ ᠪᠠᠰᠠ      ᠵᠢᠷᠭᠤᠭᠠᠨ ᠰᠠᠶᠢᠬᠠᠨ ᠤᠴᠢᠷ ᠢ ᠲᠤᠷᠠᠳᠤᠭᠠᠳ      ᠵᠢᠷᠠᠨ ᠰᠠᠶᠢᠬᠠᠨ ᠦᠭᠡᠰ ᠢ ᠲᠤᠪᠴᠢᠯᠠᠶ᠎ᠠ︕      ᠠᠩᠬᠠᠳᠤᠭᠠᠷ ᠲᠤ ᠠᠬᠠᠢ ᠪᠡᠷᠭᠡᠳ ᠤᠨ      ᠠᠭᠠᠯᠢ ᠵᠠᠩ ᠠᠷᠪᠠᠨ ᠰᠠᠶᠢᠬᠠᠨ      ᠬᠤᠶᠠᠳᠤᠭᠠᠷ ᠲᠤ ᠬᠤᠨᠵᠢᠨ ᠪᠡᠷᠭᠡᠳ      ᠬᠤᠶᠠᠭᠤᠯᠠ ᠪᠠᠨ ᠬᠤᠷᠢᠨ ᠰᠠᠶᠢᠬᠠᠨ      ᠭᠤᠷᠪᠠᠳᠤᠭᠠᠷ ᠲᠤ ᠵᠢᠷᠤᠮ ᠶᠤᠰᠤ ᠪᠠᠷ      ᠨᠠᠶᠢᠷᠠᠯᠳᠤᠬᠰᠠᠨ ᠭᠤᠴᠢᠨ ᠰᠠᠶᠢᠬᠠᠨ      ᠳᠥᠷᠪᠡᠳᠥᠭᠡᠷ ᠲᠤ ᠲᠦᠷᠦᠯ ᠪᠦᠭᠦᠲᠡ ᠴᠤᠬᠯᠠᠷᠠᠨ      ᠪᠦᠷᠢᠲᠦᠭᠰᠡᠨ ᠲᠦᠴᠢᠨ ᠰᠠᠶᠢᠬᠠᠨ      ᠲᠠᠪᠤᠳᠤᠭᠠᠷ ᠲᠤ ᠳᠠᠭᠠᠯᠤᠤᠷ ᠪᠡᠷᠭᠡᠳ ᠲᠠᠢ      ᠲᠠᠨᠢᠯᠴᠠᠨ ᠤᠴᠠᠷᠠᠬᠰᠠᠨ ᠲᠠᠪᠢᠨ ᠰᠠᠶᠢᠬᠠᠨ      ᠵᠢᠷᠭᠤᠳᠤᠭᠠᠷ ᠲᠤ ᠤᠷᠤᠭ ᠬᠤᠷᠢᠮ ᠪᠤᠯᠵᠤ      ᠵᠢᠷᠭᠠᠯ ᠴᠡᠩᠭᠡᠯ ᠪᠢᠯᠬᠠᠬᠰᠠᠨ ᠵᠢᠷᠠᠨ ᠰᠠᠶᠢᠬᠠᠨ ᠢ      ᠡᠷᠭᠢᠮ ᠪᠡᠷᠭᠡᠳ ᠲᠠ ᠨᠠᠷ ᠲᠤ ᠪᠠᠨ      ᠴᠢᠭᠢᠨ ᠤ ᠴᠢᠮᠡᠭ ᠪᠤᠯᠭᠠᠨ      ᠵᠢᠷᠦᠭᠡᠨ ᠤ ᠴᠡᠴᠡᠭ ᠪᠤᠯᠭᠠᠨ ᠪᠠᠷᠢᠶ᠎ᠠ︕  ᠪᠡᠷᠭᠡᠳ᠄     — ᠪᠡᠯᠡᠭ ᠪᠠᠳᠠᠷᠠ︕      ᠠᠷᠪᠠᠨ ᠰᠠᠷ᠎ᠠ ᠭᠡᠳᠡᠰᠦᠨ ᠳᠤ ᠪᠠᠨ ᠲᠡᠭᠡᠭᠡᠵᠦ      ᠠᠩᠭᠢᠷ ᠰᠢᠷ᠎ᠠ ᠤᠭᠤᠷᠠᠭ ᠢᠶᠠᠨ ᠭᠦᠭᠦᠭᠦᠯᠵᠦ ᠦᠰᠭᠡᠭᠰᠡᠨ      ᠬᠤᠷᠢᠨ ᠰᠠᠷ᠎ᠠ ᠬᠤᠷᠮᠤᠢ ᠳᠤ ᠪᠠᠨ ᠴᠤᠬᠯᠠᠵᠤ      ᠬᠤᠶᠠᠷ ᠭᠦᠯ ᠢ ᠨᠢ ᠭᠠᠵᠠᠷ ᠭᠡᠰᠭᠢᠭᠦᠯᠦᠭᠰᠡᠨ      ᠬᠤᠷᠤᠪᠴᠢ ᠪᠠ ᠦᠢᠯᠡ ᠪᠠᠨ ᠵᠢᠭᠠᠨ ᠰᠤᠷᠭᠠᠵᠤ      ᠬᠤᠷᠤᠭᠤ ᠭᠠᠷ ᠢ ᠨᠢ ᠤᠷᠠᠨ ᠡᠷᠳᠡᠮ ᠲᠠᠢ ᠪᠤᠯᠭᠠᠬᠰᠠᠨ      ᠠᠴᠢᠲᠤ ᠠᠪᠤ᠂ ᠡᠨᠡᠷᠢᠯᠲᠦ ᠡᠵᠢ      ᠬᠤᠪᠢᠲᠤ ᠪᠡᠷᠭᠡᠳ ᠤᠨ ᠠᠴᠢ ᠶᠢ ᠬᠠᠷᠢᠭᠤᠯᠬᠤ      ᠵᠠᠭᠤᠨ ᠵᠦᠢᠯ ᠤᠨ ᠢᠳᠡᠭᠡᠨ ᠢ ᠶᠠᠭᠠᠬᠢᠨ ᠪᠡᠯᠡᠳᠭᠡᠵᠦ ᠠᠪᠴᠢᠷᠠᠪᠠ︖  ᠭᠦᠷᠭᠡᠨ ᠲᠠᠯ᠎ᠠ ᠶᠢᠨ ᠬᠤᠨᠵᠢᠨ᠄      ᠵᠠ᠂ ᠪᠡᠯᠡᠭ ᠪᠠᠳᠠᠷᠠ︕      ᠤᠮ ᠰᠠᠶᠢᠨ ᠠᠮᠤᠭᠤᠯᠠᠩ ᠲᠠᠨ ᠪᠤᠯᠲᠤᠭᠠᠢ︕      ᠡᠩ ᠤᠷᠢᠲᠠ ᠡᠷᠲᠡ ᠨᠢᠭᠡᠨ ᠴᠠᠭ ᠲᠤ      ᠡᠵᠡᠨ ᠪᠤᠬᠲᠠ ᠴᠢᠩᠭᠢᠰ ᠬᠠᠭᠠᠨ      ᠪᠦᠷᠲᠡᠭᠡᠯᠵᠢᠨ ᠰᠡᠴᠡᠨ ᠬᠠᠲᠤᠨ ᠢᠶᠠᠨ      ᠪᠡᠶ᠎ᠡ ᠳᠤ ᠪᠠᠨ ᠡᠭᠦᠰᠭᠡᠨ ᠵᠠᠯᠠᠬᠤᠢ ᠲᠡᠷᠡ ᠴᠠᠭ ᠲᠤ      ᠭᠠᠷᠴᠤ ᠪᠤᠯᠤᠰᠢ ᠦᠭᠡᠢ ᠬᠠᠲᠠ ᠶᠢ ᠲᠠᠪᠠᠵᠤ      ᠭᠠᠲᠤᠯᠠᠵᠤ ᠪᠤᠯᠤᠰᠢ ᠦᠭᠡᠢ ᠡᠯᠡᠰᠦ ᠶᠢ ᠲᠤᠭᠤᠯᠤᠨ      ᠲᠠᠪᠤᠨ ᠵᠢᠯ ᠤᠨ ᠲᠠᠩᠰᠤᠭ      ᠶᠢᠰᠦᠨ ᠵᠦᠢᠯ ᠤᠨ ᠵᠢᠮᠰᠡᠭ ᠢᠶᠠᠷ   ᠲᠠᠯ᠎ᠠ ᠪᠡᠯᠡᠩ ᠪᠤᠯᠭᠠᠬᠰᠠᠨ ᠵᠢᠷᠤᠮ ᠢ ᠲᠠᠭᠠᠵᠤ᠄      ᠵᠡᠭᠦᠨ ᠠᠭᠤᠯᠠ ᠶᠢᠨ ᠵᠦᠢᠯ ᠤᠨ ᠵᠢᠮᠢᠰ      ᠪᠠᠷᠠᠭᠤᠨ ᠠᠭᠤᠯᠠ ᠶᠢᠨ ᠪᠠᠯ ᠵᠢᠮᠢᠰ      ᠬᠤᠶᠢᠲᠤ ᠠᠭᠤᠯᠠ ᠶᠢᠨ ᠬᠤᠷᠭᠤᠯ ᠵᠢᠮᠢᠰ      ᠤᠷᠲᠤ ᠠᠭᠤᠯᠠ ᠶᠢᠨ ᠤᠷᠭᠤᠮᠠᠯ ᠵᠢᠮᠢᠰ      ᠬᠤᠶᠢᠲᠤ ᠬᠤᠲᠠ ᠶᠢᠨ ᠪᠤᠭᠤᠷᠰᠤᠭ      ᠬᠤᠶᠠᠷ ᠮᠢᠩᠭᠠᠨ ᠲᠠᠪᠤᠨ ᠵᠠᠭᠤ      ᠬᠠᠭᠤᠷᠤᠬᠰᠠᠨ ᠴᠠᠭᠠᠨ ᠠᠮᠤ      ᠬᠤᠷᠢᠨ ᠲᠠᠪᠤᠨ ᠰᠠᠭᠤᠯᠭ᠎ᠠ      ᠪᠤᠲᠤᠩ ᠪᠤᠲᠤᠩ ᠠᠷᠢᠭᠢ      ᠪᠦᠲᠦᠨ ᠪᠦᠲᠦᠨ ᠰᠢᠭᠦᠰᠦ ᠲᠠᠢ      ᠰᠡᠪᠡᠭ ᠰᠡᠪᠡᠭ ᠴᠠᠢ      ᠵᠢᠩ ᠵᠢᠯ ᠰᠢᠭᠢᠷ ᠲᠠᠢ      ᠴᠢᠪ ᠭᠡᠲᠡᠯ᠎ᠡ ᠲᠦᠭᠦᠷᠭᠡᠭᠡᠳ      ᠴᠢᠩᠭ᠎ᠠ ᠲᠠᠲᠠᠵᠤ ᠪᠤᠭᠤᠭᠠᠳ      ᠲᠡᠩᠨᠡᠵᠦ ᠰᠠᠶᠢᠬᠠᠨ ᠠᠴᠢᠭᠠᠳ      ᠲᠡᠨᠲᠡ ᠠᠴᠠ ᠠᠳᠡ ᠢᠷᠡᠵᠦ      ᠲᠡᠩᠭᠡᠭᠡ ᠮᠡᠲᠡᠨ ᠲᠠᠪᠤᠷᠢᠵᠤ ᠪᠠᠭᠤᠯᠭᠠᠭᠠᠳ      ᠭᠦᠷᠭᠡᠨ ᠭᠦᠦ ᠪᠢᠲᠠ ᠬᠤᠶᠠᠭᠤᠯᠠ ᠪᠠᠨ      ᠭᠦᠴᠦᠨ ᠭᠡᠭᠴᠢ ᠪᠠᠨ ᠭᠠᠷᠭᠠᠵᠤ      ᠭᠦᠯᠦᠰᠦ ᠪᠠᠨ ᠰᠢᠪᠬᠠᠨ ᠠᠪᠴᠢᠷᠠᠯ᠎ᠠ︕      ᠲᠤᠯᠤᠭ ᠲᠡᠭᠡᠷ᠎ᠡ ᠭᠠᠷᠭᠠᠵᠤ      ᠲᠤᠭᠠᠯᠠᠵᠤ ᠠᠪᠤᠨ᠎ᠠ ᠤᠤ︖      ᠲᠤᠯᠤᠮ ᠲᠠᠢ ᠰᠠᠪᠠ ᠲᠠᠢ ᠨᠢ      ᠲᠤᠰᠢᠶᠠᠵᠤ ᠠᠪᠤᠨ᠎ᠠ ᠤᠤ︖  ᠪᠡᠷᠭᠡᠳ᠄ ᠲᠤᠯᠤᠮ ᠲᠠᠢ ᠰᠠᠪᠠ ᠲᠠᠢ ᠨᠢ      ᠲᠤᠰᠢᠶᠠᠵᠤ ᠠᠪᠤᠨ᠎ᠠ︕  ᠨᠦᠭᠦᠭᠡ ᠪᠡᠷᠭᠡᠳ᠄      ᠪᠤᠱᠤᠭ᠎ᠠ ᠮᠢᠨᠢ ᠦᠨᠳᠦᠷ ᠪᠤᠢ︕      ᠪᠤᠷᠬᠠᠨ ᠮᠢᠨᠢ ᠲᠤᠬᠰᠢᠨ ᠪᠤᠢ︕      ᠭᠠᠯ ᠮᠢᠨᠢ ᠬᠤᠪᠴᠢ ᠪᠤᠢ︕      ᠭᠡᠦᠭᠡᠨ ᠮᠢᠨᠢ ᠡᠩᠭᠦᠷᠡᠢ ᠪᠤᠢ︕      ᠨᠤᠬᠠᠢ ᠮᠢᠨᠢ ᠵᠠᠭᠤᠳᠠᠭ ᠪᠤᠢ︕  ᠭᠦᠷᠭᠡᠨ ᠲᠠᠯ᠎ᠠ ᠶᠢᠨ ᠬᠤᠨᠵᠢᠨ᠄      ᠪᠤᠱᠤᠭ᠎ᠠ ᠴᠢᠨᠢ ᠦᠨᠳᠦᠷ ᠪᠤᠯ      ᠠᠯᠬᠤᠵᠤ ᠤᠷᠤᠨ᠎ᠠ︕      ᠪᠤᠷᠬᠠᠨ ᠴᠢᠨᠢ ᠲᠤᠬᠰᠢᠨ ᠪᠤᠯ      ᠵᠤᠯᠠ ᠨᠢᠨᠳᠠᠷ ᠪᠡᠯᠡᠭᠡᠨ︕      ᠭᠡᠦᠭᠡᠨ ᠴᠢᠨᠢ ᠡᠩᠭᠦᠷᠡᠢ ᠪᠤᠯ      ᠭᠦᠷᠭᠡᠨ ᠴᠢᠨᠢ ᠪᠤᠢ︕      ᠨᠤᠬᠠᠢ ᠴᠢᠨᠢ ᠲᠤᠬᠰᠢᠨ ᠪᠤᠯ      ᠪᠤᠭᠤᠷᠰᠤᠭ ᠮᠢᠬ᠎ᠠ ᠪᠡᠯᠡᠭᠡᠨ ᠪᠤᠢ︕ ᠭᠡᠳ ᠭᠦᠷᠭᠡᠨ ᠭᠦᠦ ᠬᠤᠶᠠᠭᠤᠯᠠ ᠭᠡᠷ ᠲᠤ ᠤᠷᠤᠨ᠎ᠠ᠃ ᠠᠰᠢᠬᠯᠠᠮᠵᠢ ᠪᠤᠯᠭᠠᠬᠰᠠᠨ ᠨᠤᠮ᠄ ︽ᠤᠷᠲᠤᠰ ᠤᠨ ᠬᠤᠷᠢᠮ︾  ᠴᠡ᠊· ᠬᠠᠰᠪᠢᠯᠢᠭ᠍ᠲᠦ ︽ᠤᠷᠲᠤᠰ ᠤᠨ ᠵᠠᠩ ᠠᠭᠠᠯᠢ︾ ᠰ᠊· ᠨᠠᠷᠠᠰᠤᠨ ︽ᠬᠤᠨᠵᠢᠨ ᠳᠡᠪᠲᠡᠷ ᠤᠷᠤᠰᠢᠪᠠᠢ︾ ᠮᠦᠩᠭᠡᠳᠠᠯᠠᠢ ︽ᠤᠷᠲᠤᠰ ᠤᠨ ᠬᠠᠩᠭᠢᠨ ᠬᠤᠷᠢᠮ︾ ᠳ᠋᠊· ᠨᠠᠮᠰᠠᠷᠠᠶᠢᠵᠠᠪ ᠪ᠊· ᠠᠮᠤᠷ᠎ᠠ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号