ᠪᠤᠳᠠᠯᠠᠩ ᠤᠨ ᠤᠷᠤᠨ ᠠᠴᠠ ᠭᠡᠶᠢᠵᠤ ᠰᠤᠶᠤᠷᠬᠠᠭᠰᠠᠨᠪᠤᠶᠠᠨ ᠦᠢᠯᠡ ᠶᠢᠨ ᠲᠠᠷᠬᠠᠨ ᠭᠡᠶᠢᠳ— ᠠᠭᠤᠯᠠ ᠶᠢᠨ
ᠨᠡᠶᠢᠲᠡᠯᠡᠭᠰᠡᠨ ᠴᠠᠭ᠄
2019/11/21
ᠭᠠᠯᠳᠠᠳ ᠭᠤᠷᠪᠠ      ᠤᠵᠤᠭᠤᠷ ᠤᠨ ᠤ ᠤᠲᠤᠮᠰᠢᠯᠲᠤ ᠲᠡᠤᠬᠡ ᠲᠠᠢ᠂ ᠤᠴᠢᠷᠯᠠᠵᠤ ᠰᠤᠲᠤᠯᠬᠤ ᠡᠷᠲᠡᠨ ᠤ ᠬᠠᠭᠤᠷᠴᠠᠭ ᠲᠠᠢ ᠤᠷᠳᠤᠰ ᠤᠨ ᠦᠨᠲᠦᠷᠯᠢᠭ ᠤᠨ ᠦᠵᠡᠮᠵᠢ ᠪᠦᠷᠢᠲᠦᠵᠤ ᠦᠯᠢᠭᠡᠷ ᠰᠢᠩᠭᠡᠭᠰᠡᠨ ᠡᠵᠡᠨ ᠬᠤᠷᠤᠭ᠎ᠠ ᠬᠤᠰᠢᠭᠤᠨ ᠤ ᠲᠦᠢᠭ᠋ ᠭᠠᠴᠠᠭᠠᠨ ᠤ ᠠᠭᠤᠯᠠ ᠶᠢᠨ ᠰᠢᠯᠢ ᠭᠡᠮᠡᠭᠴᠢ ᠬᠠᠶᠢᠷᠬᠠᠨ ᠨᠢᠷᠤᠭᠤᠳ ᠬᠡᠮᠡᠷ ᠰᠡᠭᠦᠶᠢᠨ ᠰᠦᠨᠳᠡᠷᠯᠡᠵᠤ᠂ ᠠᠯᠤᠰ ᠤᠨ ᠪᠠᠷ᠎ᠠ ᠪᠠᠨ ᠦᠭᠴᠤ ᠬᠤᠯᠠ ᠦᠢᠷ᠎ᠠ ᠶᠢᠨ ᠰᠦᠵᠦᠭᠲᠡᠨ ᠮᠦᠷᠭᠦᠯᠴᠢᠳ ᠢ ᠰᠤᠷᠢᠨᠵᠢᠳᠠᠨ ᠲᠠᠲᠠᠭᠰᠠᠨ ᠬᠤᠪᠢᠯᠭᠠᠨ ᠤᠷᠤᠨ ᠤ ᠦᠨᠢᠶᠠᠷ ᠰᠢᠩᠭᠡᠭᠰᠡᠨ ᠤᠷᠪᠠᠭᠠᠨ ᠭᠦᠷᠪᠡᠭᠡᠨ ᠲᠠᠢ ᠴᠠᠭ ᠲᠦᠷᠤ ᠲᠠᠢ ᠦᠷᠢᠰᠦᠯᠲᠦᠨ ᠲᠤᠭᠲᠠᠨᠢᠭᠰᠠᠨ᠂ ᠤᠲᠠᠭᠠᠨ ᠤᠨ ᠤ ᠪᠤᠭᠤᠷᠤᠯ ᠲᠡᠤᠭᠡ ᠲᠠᠢ ᠠᠭᠤᠯᠠ ᠶᠢᠨ ᠰᠦᠮ᠎ᠡ ᠪᠤᠯ 1740 ᠤᠨ ᠤ ᠤᠷᠢᠳ ᠬᠤᠵᠢᠳ ᠢᠶᠠᠷ ᠠᠩᠬ᠎ᠠ ᠪᠠᠶᠢᠭᠤᠯᠤᠭᠳᠠᠭᠰᠠᠨ ᠲᠡᠤᠬᠡᠨ ᠤᠯᠠ ᠮᠦᠷ ᠲᠠᠢ᠃ ᠲᠦᠪᠡᠳ ᠢᠶᠠᠷ ᠷᠠᠰᠢᠰᠤᠳᠨᠠᠮᠳᠠᠷᠵᠠᠶᠢᠯᠢᠩ ᠭᠡᠵᠤ᠂ ᠮᠤᠩᠭᠤᠯ ᠢᠶᠠᠷ ᠦᠯᠵᠡᠢ ᠪᠤᠶᠠᠨ ᠦᠷᠨᠢᠨ ᠲᠡᠯᠭᠡᠷᠡᠭᠦᠢ ᠬᠡᠶᠢᠳ᠂ ᠬᠢᠲᠠᠳ ᠢᠶᠠᠷ ᠵᠢᠢ ᠰᠢᠶᠠᠩ ᠹᠦ᠋ ᠬᠤᠢ ᠰᠾᠢ ᠬᠡᠮᠡᠨ ᠤᠯᠤᠰ ᠤᠨ ᠲᠤᠲᠤᠭᠠᠲᠤ ᠳᠤ ᠠᠯᠳᠠᠷ ᠨᠡᠷ᠎ᠡ ᠪᠠᠨ ᠲᠠᠭᠤᠷᠢᠰᠠᠭᠤᠯᠵᠤ ᠠᠯᠳᠠᠷᠰᠢᠭᠰᠠᠨ ᠪᠤᠯᠪᠠᠴᠤ᠂ ᠬᠠᠷ᠎ᠠ ᠰᠢᠷ᠎ᠠ ᠰᠦᠰᠦᠭᠲᠡᠨ ᠤᠯᠠᠨ ᠮᠦᠨ ᠯᠠ ᠤᠤᠯ ᠤᠨ ᠬᠡᠪᠰᠢᠯ ᠶᠤᠰᠤᠭᠠᠷ᠂ ᠤᠷᠢᠳ ᠤᠨ ᠵᠠᠰᠠᠭ ᠬᠤᠰᠢᠭᠤᠨ ᠤ ᠴᠠᠭᠠᠨᠨᠠᠭᠤᠷ ᠪᠤᠯᠤᠨ ᠮᠦᠡᠭᠭᠡᠴᠢ ᠶᠢᠨ ᠠᠭᠤᠯᠵᠠᠷ ᠳᠠᠬᠢ ᠠᠭᠤᠯᠠ ᠬᠡᠮᠡᠭᠦ ᠦᠨᠳᠦᠷᠯᠢᠭ ᠰᠢᠯᠢ ᠲᠠᠭᠡᠷ᠎ᠡ ᠪᠠᠶᠢᠭᠤᠯᠤᠭᠳᠠᠭᠰᠠᠨ ᠢᠶᠠᠷ ᠨᠢ ᠠᠭᠤᠯᠠ ᠶᠢᠨ ᠰᠦᠮ᠎ᠡ ᠭᠡᠮᠡᠨ ᠲᠠᠭᠤᠲᠠᠭᠰᠠᠭᠠᠷ ᠢᠷᠡᠵᠠᠢ᠃      ᠮᠠᠨᠵᠤ ᠴᠢᠩ ᠤᠨ ᠡᠶᠡᠪᠡᠷ ᠵᠠᠰᠠᠭᠴᠢ ᠶᠢᠨ ᠵᠢᠷᠭᠤᠲᠤᠭᠠᠷ ᠤᠨ ︵ᠨᠡᠶᠢᠲᠡ ᠶᠢᠨ ᠤᠨ ᠲᠤᠭᠠᠯᠠᠯ ᠤᠨ 1649 ᠤᠨ︶᠎ ᠳᠤ ᠤᠷᠳᠤᠰ ᠢ ᠠᠩᠬ᠎ᠠ ᠤᠳᠠᠭ᠎ᠠ ᠵᠢᠷᠭᠤᠭᠠᠨ ᠬᠤᠰᠢᠭᠤ  ᠪᠤᠯᠭᠠᠨ ᠬᠤᠪᠢᠶᠠᠷᠢᠯᠠᠨ᠂ ᠡᠩᠬᠡ ᠠᠮᠤᠭᠤᠯᠠᠩ ᠤᠨ ᠭᠤᠷᠪᠠᠳᠤᠭᠠᠷ ᠤᠨ ︵ᠨᠡᠶᠢᠲᠡ ᠶᠢᠨ ᠤᠨ ᠲᠤᠭᠠᠯᠠᠯ ᠤᠨ 1664︶᠎ ᠳᠤ ᠴᠢᠩ ᠤᠨ ᠵᠠᠰᠠᠭ ᠤᠨ ᠭᠠᠵᠠᠷ ᠠᠴᠠ ᠮᠤᠩᠭᠤᠯ ᠠᠶᠢᠮᠠᠭ ᠤᠳ ᠤᠨ ᠬᠤᠭᠤᠷᠤᠨᠲᠤ ᠪᠠᠨ ᠬᠤᠯᠪᠤᠭᠠᠯᠠᠬᠤ ᠡᠷᠬᠡ ᠶᠢ ᠬᠢᠵᠠᠭᠠᠷᠯᠠᠵᠤ᠂ ᠬᠤᠪᠢᠶᠠᠨ ᠵᠠᠰᠠᠬᠤ ᠠᠷᠭ᠎ᠠ ᠪᠤᠲᠤᠯᠭ᠎ᠠ ᠪᠠᠨ ᠤᠯᠠᠮ ᠨᠢᠭᠡ ᠠᠯᠬᠤᠮ ᠴᠢᠩᠭᠠᠳᠬᠠᠬᠤ ᠪᠠᠷ᠂ ᠤᠷᠳᠤᠰ ᠵᠢᠷᠭᠤᠭᠠᠨ ᠬᠤᠰᠢᠭᠤᠨ ᠤ ᠲᠦᠷᠢᠮ ᠲᠤᠭᠲᠠᠭᠠᠯ ᠪᠠ ᠬᠠᠷᠢᠶᠠᠯᠠᠬᠤ ᠭᠠᠵᠠᠷ ᠰᠠᠪᠠ ᠶᠢᠨ ᠵᠠᠭᠠᠭ ᠱᠤᠭᠤᠮ ᠢ ᠲᠤᠲᠤᠷᠬᠠᠢ ᠪᠤᠯᠭᠠᠨ ᠬᠤᠪᠢᠶᠠᠵᠤ᠂ ᠬᠤᠰᠢᠭᠤ ᠪᠦᠷᠢ ᠳᠤ ᠮᠠᠨᠵᠤ ᠬᠦᠷᠦᠨ ᠳᠤ ᠭᠠᠪᠢᠶ᠎ᠠ ᠵᠢᠳᠭᠦᠯ ᠦᠵᠡᠭᠦᠯᠦᠭᠰᠡᠨ ᠸᠠᠩ ᠭᠦᠡᠭ ᠪᠠᠶᠢᠯᠠ᠂ ᠪᠠᠶᠢᠰᠠ ᠶᠢ ᠵᠠᠰᠠᠭ ᠨᠤᠶᠠᠨ ᠪᠤᠯᠭᠠᠨ ᠲᠤᠮᠢᠯᠠᠨ ᠵᠠᠭᠢᠷᠠᠭᠤᠯᠵᠤ᠂ ᠤᠷᠳᠤᠰ ᠵᠢᠷᠭᠤᠭᠠᠨ ᠬᠤᠰᠢᠭᠤ ᠶᠢ ᠶᠡᠭᠡ ᠵᠤᠤ ᠶᠢᠨ ᠴᠢᠭᠤᠯᠭᠠᠨ ᠭᠡᠵᠤ ᠨᠡᠷᠡᠯᠡᠭᠰᠡᠨ ᠪᠠᠶᠢᠨ᠎ᠠ᠃ ᠨᠠᠶᠢᠷᠠᠯᠲᠤ ᠲᠦᠪ ᠤᠨ ᠲᠡᠷᠢᠭᠦᠨ ᠤᠨ ︵ᠨᠡᠶᠢᠲᠡ ᠶᠢᠨ ᠤᠨ ᠲᠤᠭᠠᠯᠠᠯ ᠎ ᠤᠨ 1723 ᠤᠨ︶᠎ ᠳᠤ ᠬᠦᠬᠡᠨᠠᠭᠤᠷ ᠲᠤ ᠴᠢᠩ ᠤᠨ ᠡᠰᠡᠷᠭᠦ ᠯᠤᠪᠰᠠᠩᠳᠠᠨᠵᠢᠨ ᠤ ᠪᠤᠰᠤᠯᠭ᠎ᠠ ᠭᠠᠷᠬᠤ ᠳᠤ᠂ ᠦᠤᠰᠢᠨ ᠬᠤᠰᠢᠭᠤᠨ ᠤ  ᠵᠡᠭᠦᠨ ᠲᠤᠰᠠᠯᠠᠭᠴᠢ ᠲᠢᠽᠠᠨᠷᠠᠰᠢ ᠲᠠᠶᠢᠴᠢᠯᠠᠭᠳᠠᠨ ᠤᠷᠤᠯᠴᠠᠵᠤ᠂ ᠴᠡᠷᠢᠭ ᠤᠨ ᠭᠠᠪᠢᠶ᠎ᠠ ᠪᠠᠶᠢᠭᠤᠯᠤᠨ᠂ ᠮᠦᠨ ᠨᠠᠶᠢᠷᠠᠯᠲᠤ ᠲᠦᠪ ᠤᠨ ᠲᠤᠯᠤᠳᠤᠭᠠᠷ ᠤᠨ ︵ᠨᠡᠶᠢᠲᠡ ᠤᠨ ᠤᠨ ᠲᠤᠭᠠᠯᠠᠯ ᠤᠨ 1729 ᠤᠨ︶᠎ ᠳᠤ ᠴᠢᠩ ᠤᠨ ᠴᠡᠷᠢᠭ ᠦᠢᠷᠠᠳ ᠲᠤ ᠴᠡᠷᠢᠭᠯᠡᠭᠦ ᠳᠤ ᠲᠠᠬᠢᠨᠲᠠ ᠲᠠᠶᠢᠴᠢᠯᠠᠭᠳᠠᠨ ᠲᠡᠭᠡᠷᠡᠮ ᠢ ᠵᠠᠯᠭ᠎ᠠ ᠵᠠᠯᠭ᠎ᠠ ᠎ ᠪᠠᠷ ᠲᠠᠷᠤᠩᠭᠤᠶᠢᠯᠠᠨ ᠬᠦᠨᠲᠤ ᠶᠡᠭᠡ ᠭᠠᠪᠢᠶ᠎ᠠ ᠪᠠᠶᠢᠭᠤᠯᠤᠭᠰᠠᠨ ᠠᠴᠠ ᠨᠠᠶᠢᠷᠠᠯᠲᠤ ᠲᠦᠪ ᠤᠨ ᠨᠠᠢᠮᠠᠳᠤᠭᠠᠷ ᠤᠨ ᠳᠤ ᠲᠢᠨᠽᠠᠨᠷᠠᠰᠢ ᠶᠢ ᠵᠠᠰᠠᠭ ᠲᠡᠷᠢᠭᠦᠨ ᠵᠡᠷᠭᠡ ᠶᠢᠨ ᠲᠠᠶᠢᠵᠢ ᠶᠢᠨ ᠬᠡᠷᠬᠢᠮ ᠱᠠᠩᠨᠠᠵᠤ᠂ ᠠᠯᠲᠠᠨ ᠤᠲᠤᠭ᠎ᠠ᠂ ᠠᠶᠢᠯᠠᠳᠬᠠᠬᠤ ᠪᠢᠴᠢᠭ᠂ ᠰᠢᠷ᠎ᠠ ᠬᠠᠶᠢᠷᠴᠠᠭ ᠢᠶᠠᠷ ᠱᠠᠩᠨᠠᠭᠰᠠᠨ ᠪᠠᠶᠢᠨ᠎ᠠ᠃ ᠲᠡᠭᠷᠢ ᠲᠡᠳᠭᠦᠭᠴᠢ ᠶᠢᠨ ᠲᠡᠷᠢᠭᠦᠨ ᠤᠨ ᠪᠤᠯᠬᠤ ᠳᠤ ᠴᠢᠩ ᠤᠨ ᠵᠠᠰᠠᠭ ᠤᠨ ᠭᠠᠵᠠᠷ ᠠᠴᠠ ᠦᠤᠰᠢᠨ ᠬᠤᠰᠢᠭᠤᠨ ᠤ ᠵᠡᠭᠦᠨ ᠭᠤᠷᠪᠡᠨ ᠬᠠᠷᠢᠶ᠎ᠠ ᠶᠢ ᠰᠠᠯᠭᠠᠨ ᠠᠪᠴᠤ᠂ ᠤᠷᠳᠤᠰ ᠪᠠᠷᠠᠭᠤᠨ ᠭᠠᠷᠤᠨ ᠡᠮᠦᠨᠡᠲᠤ ᠠᠳᠠᠭ ᠬᠤᠰᠢᠭᠤ ᠭᠡᠵᠤ ᠨᠡᠷᠡᠯᠡᠨ ᠲᠤᠭᠲᠠᠭᠠᠵᠤ ᠵᠠᠰᠠᠭ ᠲᠠᠶᠢᠵᠢ ᠲᠢᠨᠽᠠᠨᠷᠠᠰᠢ ᠪᠠᠷ ᠵᠠᠬᠢᠷᠠᠭᠤᠯᠵᠠᠢ᠃ ᠵᠠᠰᠠᠭ ᠲᠠᠶᠢᠵᠢ ᠶᠢᠨ ᠵᠠᠭᠢᠷᠤᠭᠰᠠᠨ ᠬᠤᠰᠢᠭᠤ ᠪᠤᠯᠬᠤᠷ ᠠᠶᠠᠨᠳᠠᠭᠠᠨ ᠵᠠᠰᠠᠭ ᠬᠤᠰᠢᠭᠤ ᠬᠡᠮᠡᠨ ᠲᠤᠪᠴᠢᠯᠠᠭᠳᠠᠨ ᠲᠠᠭᠤᠲᠠᠭᠰᠠᠭᠠᠷ ᠲᠡᠤᠬᠡ ᠶᠢᠨ ᠬᠠᠭᠤᠳᠠᠰᠤᠨ ᠳᠤ ᠦᠨᠦ ᠪᠤᠯᠲᠠᠯ᠎ᠠ ᠲᠤᠷᠠᠶᠢᠨ ᠲᠤᠲᠤᠷᠠᠬᠤ ᠪᠤᠯᠤᠭᠰᠠᠨ ᠪᠠᠶᠢᠨ᠎ᠠ᠃      ᠵᠠᠰᠠᠭ ᠨᠤᠶᠠᠨ ᠲᠢᠨᠽᠠᠨᠷᠠᠰᠢ ᠵᠠᠰᠠᠭ ᠲᠠᠮᠠᠭ᠎ᠠ ᠪᠠᠨ ᠡᠵᠡᠨ ᠮᠡᠳᠡᠨ᠂ ᠬᠤᠰᠢᠭᠤ ᠪᠠᠨ ᠨᠤᠶᠠᠯᠠᠨ ᠰᠠᠭᠤᠵᠤ ᠪᠠᠶᠢᠭ᠎ᠠ ᠦᠶ᠎ᠡ ᠳᠤ᠂ ᠮᠤᠩᠭᠤᠯ ᠤᠷᠤᠨ ᠳᠤ ᠪᠤᠷᠬᠠᠨ ᠱᠠᠰᠢᠨ ᠲᠡᠯᠭᠡᠷᠡᠭᠦᠯᠬᠦ ᠪᠠᠷ ᠢᠷᠡᠭᠰᠡᠨ ᠪᠠᠷᠠᠭᠤᠨ ᠤᠷᠤᠨ ᠤ ᠴᠠᠭᠠᠨ ᠴᠤᠷᠵᠢ ᠲᠠᠢ ᠤᠴᠠᠷᠠᠵᠤ᠂ ᠬᠤᠰᠢᠭᠤ ᠵᠠᠰᠠᠭ ᠢᠶᠠᠨ ᠱᠠᠰᠢᠨ ᠲᠦᠷᠦ ᠶᠢᠨ ᠶᠤᠰᠤᠨ ᠢᠶᠠᠷ ᠬᠤᠤᠰᠯᠠᠭᠤᠯᠤᠨ ᠵᠠᠰᠠᠪᠠᠯ ᠠᠰᠢᠭᠲᠠᠢ ᠭᠡᠭᠦ ᠲᠡᠭᠦᠨ ᠤ ᠢᠳᠬᠠᠯ ᠰᠠᠨᠠᠭᠤᠯᠭ᠎ᠠ  ᠎ ᠶᠢ ᠶᠡᠬᠡᠳᠡ ᠲᠠᠭᠠᠰᠢᠶᠠᠨ ᠬᠦᠯᠢᠶᠠᠨ ᠵᠦᠪᠰᠢᠶᠡᠷᠡᠵᠤ᠂ ᠵᠠᠰᠠᠭ ᠬᠤᠰᠢᠭᠤᠨ ᠤ ᠬᠡᠴᠡᠭᠦᠤ ᠶᠢᠨ ᠭᠤᠤᠯ᠂ ᠬᠦᠨ ᠪᠦᠷᠢᠲᠦ ᠶᠢᠨ ᠭᠤᠤᠯ ᠬᠠᠮᠲᠤᠷᠠᠨ ᠤᠷᠤᠰᠤᠭᠰᠠᠨ ᠨᠤᠷ᠎ᠠ ᠡᠯᠡᠰᠦᠨ ᠳᠠᠬᠢ ᠬᠠᠪᠲᠠᠷᠭᠠᠢ ᠶᠢᠨ ᠠᠭᠤᠢ ᠭᠡᠬᠦ ᠰᠢᠨᠵᠢ ᠪᠡᠯᠭᠡ ᠲᠡᠭᠦᠰ ᠭᠠᠵᠠᠷ ᠢ ᠰᠤᠩᠭᠤᠨ ᠲᠤᠭᠲᠠᠭᠠᠵᠤ᠂ ᠬᠠᠳᠠᠨ ᠠᠭᠤᠢ ᠮᠠᠯᠲᠠᠨ᠂ ᠰᠦᠮ᠎ᠡ ᠭᠡᠮᠡᠨ ᠨᠡᠷᠡᠯᠡᠨ᠂ ᠨᠤᠮ ᠪᠢᠰᠢᠯᠭᠠᠨ ᠬᠤᠷᠠᠯ ᠬᠤᠷᠠᠵᠤ᠂ ᠪᠤᠷᠬᠠᠨ ᠲᠠᠬᠢᠵᠤ ᠮᠦᠷᠭᠦᠯ ᠲᠠᠭᠢᠯ ᠤᠨ ᠦᠢᠯᠡ ᠬᠢᠬᠦ ᠤᠷᠤᠨ ᠢ ᠪᠠᠶᠢᠭᠤᠯᠤᠭᠰᠠᠨ ᠪᠠᠶᠢᠨ᠎ᠠ᠃  ᠬᠠᠪᠲᠠᠷᠭᠠᠢ ᠶᠢᠨ ᠠᠭᠤᠢ ᠳᠤ ᠴᠤᠭᠴᠠᠯᠠᠭᠳᠠᠭᠰᠠᠨ ᠤᠴᠢᠷ ᠠᠴᠠ ᠠᠭᠤᠢ ᠶᠢᠨ ᠰᠦᠮ᠎ᠡ ᠬᠡᠮᠡᠨ ᠠᠯᠳᠠᠷ ᠨᠠᠷ᠎ᠠ ᠪᠠᠨ ᠲᠠᠭᠤᠷᠢᠰᠬᠠᠵᠤ᠂ ᠬᠠᠨ ᠲᠡᠯᠡᠬᠡᠢ ᠎ ᠶᠢᠨ ᠪᠤᠶᠠᠨ ᠢᠷᠦᠭᠡᠯ ᠢ ᠬᠤᠷᠤᠶᠢᠯᠠᠵᠤ ᠡᠬᠢᠯᠡᠭᠦ ᠳᠤ᠂ ᠵᠠᠰᠠᠭ ᠲᠠᠮᠠᠭᠠᠲᠤ ᠬᠤᠰᠢᠭᠤᠨ ᠡᠵᠡᠨ ᠲᠢᠨᠽᠠᠨᠷᠠᠰᠢ ᠪᠠᠷ ᠤᠷᠤᠨ ᠨᠤᠲᠤᠭ ᠠᠮᠤᠭᠤᠯᠠᠩ᠂ ᠬᠤᠰᠢᠭᠤ ᠨᠡᠶᠢᠬᠡᠮ ᠵᠢᠷᠭᠠᠯᠠᠩ᠂ ᠤᠲᠤᠭ᠎ᠠ ᠵᠢᠭᠰᠡ ᠨᠢ ᠡᠳᠦᠷ ᠢᠷᠡᠭᠦᠶ᠎ᠡ ᠨᠡᠮᠡᠭᠳᠡᠭᠦ ᠎ ᠶᠢ ᠴᠠᠭᠠᠨ ᠴᠤᠷᠵᠢ ᠳᠤ ᠰᠢᠪᠰᠢᠨ ᠲᠠᠭᠠᠳᠬᠠᠵᠤ᠂ ᠰᠢᠷ᠎ᠠ ᠶᠢᠨ ᠱᠠᠰᠢᠨ ᠤ ᠲᠡᠯᠭᠡᠷᠡᠯᠲᠡ ᠶᠢ ᠰᠠᠶᠢᠰᠢᠶᠠᠨ ᠲᠡᠳᠭᠦᠵᠤ ᠪᠠᠶᠢᠭᠰᠠᠨ ᠬᠠᠭᠠᠨ ᠲᠦᠷᠦ ᠶᠢᠨ ᠬᠦᠭ ᠠᠶᠠᠰ ᠲᠠᠢ ᠨᠡᠶᠢᠴᠡᠭᠦᠯᠦᠨ᠂ ᠴᠠᠭᠠᠨ ᠴᠤᠷᠵᠢ ᠶᠢ ᠲᠤᠰ ᠬᠡᠶᠢᠳ ᠤᠨ ᠡᠵᠡᠨ ᠯᠠᠮ᠎ᠠ ᠪᠠᠷ ᠵᠠᠯᠠᠵᠤ ᠦᠨᠲᠦᠷ ᠰᠢᠷᠡᠭᠡᠨ ᠳᠤ ᠰᠠᠭᠠᠲᠠᠭᠤᠯᠤᠭᠰᠠᠨ ᠪᠠᠶᠢᠨ᠎ᠠ᠃      ᠲᠡᠭᠷᠢ ᠲᠡᠳᠭᠦᠭᠴᠢ ᠶᠢᠨ ᠲᠦᠴᠢᠨ ᠲᠦᠷᠪᠡᠳᠦᠭᠡᠷ ᠤᠨ ︵ᠨᠡᠶᠢᠲᠡ ᠶᠢᠨ ᠤᠨ ᠲᠤᠭᠠᠯᠠᠯ ᠤᠨ 1779 ᠤᠨ ︶᠎ ᠳᠤ ᠵᠢᠷᠭᠤᠳᠤᠭᠠᠷ ᠲᠦᠷᠢ ᠶᠢᠨ ᠪᠠᠨᠴᠢᠨ ᠡᠷᠳᠡᠨᠢ ᠪᠠᠯᠳᠠᠨᠶᠧᠰᠢ ᠲᠦᠪᠡᠳ ᠤᠨ ᠷᠠᠰᠢᠯᠤᠩᠪᠤ ᠠᠴᠠ ᠪᠡᠭᠡᠵᠢᠩ ᠳᠤ ᠬᠦᠷᠴᠤ ᠬᠠᠭᠠᠨ ᠳᠤ ᠪᠠᠷᠠᠯᠠᠬᠤ ᠵᠠᠮ ᠳᠠᠭᠠᠨ ᠤᠲᠤᠭ ᠬᠤᠰᠢᠭᠤᠨ ᠤ ᠲᠤᠯᠤᠲᠤᠭᠠᠷ ᠵᠠᠰᠠᠭ ᠪᠠᠶᠢᠯᠠ ᠲᠤᠩᠷᠤᠪᠰᠡᠷᠡᠩ ᠎ ᠤᠨ ᠵᠠᠯᠠᠯᠭ᠎ᠠ ᠪᠠᠷ᠂ ᠤᠲᠤᠭ ᠬᠤᠰᠢᠭᠤᠨ ᠤ ᠬᠠᠭᠤᠴᠢᠨ ᠵᠤᠤ ᠲᠡᠭᠡᠷ᠎ᠡ ᠪᠠᠭᠤᠵᠤ ᠬᠠᠷ᠎ᠠ ᠰᠢᠷ᠎ᠠ ᠰᠦᠰᠦᠭᠲᠡᠨ ᠤᠯᠠᠨ ᠎ ᠳᠤ ᠠᠶᠢᠯᠠᠳᠬᠠᠬᠤ ᠰᠤᠷᠠᠭ ᠢ ᠤᠯᠵᠤ ᠰᠤᠨᠤᠰᠤᠭᠠᠳ᠂ ᠵᠠᠰᠠᠭ ᠬᠤᠰᠢᠭᠤᠨ ᠤ ᠨᠤᠶᠠᠳ ᠪᠠ ᠠᠭᠤᠢ ᠶᠢᠨ ᠰᠦᠮ᠎ᠡ ᠎ ᠶᠢᠨ ᠯᠠᠮ᠎ᠠ ᠨᠠᠷ ᠬᠦᠷᠦᠯᠴᠠᠨ ᠤᠴᠢᠵᠤ ᠮᠦᠷᠭᠦᠯ ᠠᠶᠢᠯᠠᠳᠬᠠᠨ᠂ ᠠᠭᠤᠢ ᠶᠢᠨ ᠰᠦᠮ᠎ᠡ ᠳᠡᠭᠡᠨ ᠨᠡᠷ᠎ᠡ ᠬᠠᠶᠢᠷᠠᠯᠠᠭᠤᠯᠬᠤ ᠪᠠᠷ ᠠᠪᠤᠷᠠᠯ ᠠᠰᠠᠭᠤᠭᠰᠠᠨ ᠳᠤ᠂ ᠪᠠᠨᠴᠢᠨ ᠪᠤᠭᠳᠠ ᠶᠡᠭᠡᠳᠡ ᠲᠠᠭᠠᠰᠢᠶᠠᠨ ᠰᠠᠶᠢᠰᠢᠶᠠᠵᠤ᠂ ᠲᠤᠰ ᠰᠦᠮ᠎ᠡ ᠳᠤ ᠷᠡᠰᠢᠰᠤᠳᠨᠠᠮᠳᠠᠷᠵᠠᠶᠢᠯᠢᠩ ᠭᠡᠰᠡᠨ ᠦᠯᠵᠡᠢ ᠬᠤᠲᠤᠭ ᠤᠷᠤᠰᠢᠵᠤ ᠪᠤᠶᠠᠨ ᠮᠦᠷ ᠢ ᠢᠪᠡᠭᠡᠭᠰᠡᠨ ᠰᠠᠶᠢᠬᠠᠨ ᠨᠠᠷ᠎ᠡ ᠰᠤᠶᠤᠷᠬᠠᠭᠰᠠᠨ ᠪᠠᠶᠢᠨ᠎ᠠ᠃ ᠭᠡᠪᠡᠴᠤ ᠪᠠᠶᠢᠷᠰᠢᠵᠤ ᠰᠠᠭᠤᠭᠰᠠᠨ ᠨᠤᠲᠤᠭ ᠤᠰᠤ ᠤ ᠬᠢᠨᠢ ᠨᠡᠷ᠎ᠡ ᠪᠠᠷ ᠨᠡᠷᠡᠯᠡᠭᠦ ᠵᠤᠷᠰᠢᠯ ᠮᠦᠨ ᠬᠡᠪ ᠢᠶᠠᠷ ᠢᠶᠠᠨ ᠦᠷᠭᠦᠯᠵᠢᠯᠡᠵᠤ᠂1 784 ᠤᠨ ᠤ ᠦᠶ᠎ᠡ ᠪᠠᠷ ᠨᠡᠶᠢᠭᠡᠮ ᠤᠨ ᠡᠯ᠎ᠡ ᠵᠦᠢᠯ ᠎ ᠤᠨ ᠰᠢᠯᠲᠠᠭᠠᠨ ᠠᠴᠠ ᠪᠤᠯᠵᠤ ᠠᠭᠤᠢ ᠶᠢᠨ ᠰᠦᠮ᠎ᠡ ᠮᠠᠨᠢ ᠬᠠᠪᠲᠠᠷᠭᠠᠢ ᠶᠢᠨ ᠠᠭᠤᠢ ᠠᠴᠠ ᠪᠠᠨ ᠲᠡᠮᠡᠭᠡᠨ ᠬᠠᠳᠠᠨ ᠴᠠᠭᠠᠨᠨᠠᠭᠤᠷ ᠤᠨ ᠪᠠᠷᠠᠭᠤᠨ ᠳᠠᠬᠢ ᠮᠤᠲᠤᠲᠤ ᠭᠡᠰᠡᠨ ᠭᠠᠵᠠᠷ ᠨᠡᠭᠦᠨ ᠰᠠᠭᠤᠷᠢᠰᠢᠵᠤ ᠮᠤᠲᠤᠲᠤ ᠶᠢᠨ ᠰᠦᠮ᠎ᠡ ᠬᠡᠮᠡᠨ ᠨᠡᠷᠡᠶᠢᠲᠦᠭᠳᠡᠭᠦ ᠪᠤᠯᠤᠭᠰᠠᠨ ᠪᠠᠶᠢᠨ᠎ᠠ᠃1 903 ᠤᠨ ᠪᠤᠶᠤ 1905 ᠤᠨ ᠤ ᠦᠶ᠎ᠡ ᠪᠠᠷ ᠵᠠᠰᠠᠭ ᠬᠤᠰᠢᠭᠤᠨ ᠤ ᠠᠭᠤᠯᠠ ᠶᠢᠨ ᠰᠢᠯᠢ ᠭᠡᠬᠦ ᠦᠢᠷ᠎ᠡ ᠤᠷᠴᠢᠮ ᠳᠠᠭᠠᠨ ᠠᠭᠤᠯᠠ ᠬᠠᠶᠢᠷᠬᠠᠨ ᠰᠢᠭ᠋ ᠠᠯᠤᠰ ᠬᠤᠯᠠ ᠠᠴᠠ ᠰᠡᠭᠦᠶᠢᠨ ᠪᠤᠰᠤᠭᠰᠠᠨ ᠰᠢᠯᠢ ᠭᠠᠵᠠᠷ ᠪᠤᠯᠪᠠᠴᠤ᠂ ᠦᠤᠰᠢᠨ ᠤ ᠲᠤᠭᠤᠨᠤᠲᠤ ᠶᠢᠨ ᠰᠢᠯᠢ᠂ ᠵᠢᠶᠦ᠋ᠨ ᠸᠠᠩ ᠤᠨ ᠬᠤᠰᠢᠭᠤᠨ ᠤ ᠦᠨᠡᠭᠡᠲᠤ ᠮᠠᠨᠵᠠ ᠶᠢᠨ ᠤᠷᠤᠢ᠂ ᠰᠠᠶᠢᠨᠲᠤᠷ᠎ᠠ ᠶᠢᠨ ᠵᠡᠭᠦᠨ ᠪᠠᠷᠠᠭᠤᠨ ᠠᠭᠤᠯᠠ᠂ ᠲᠡᠮᠡᠭᠡᠲᠤ ᠶᠢᠨ ᠪᠠᠨᠴᠢᠨ ᠰᠦᠮ᠎ᠡ ᠎ ᠶᠢᠨ ᠤᠷᠤᠢ ᠠᠴᠠ ᠴᠦᠮ ᠲᠤᠲᠤᠬᠠᠨ ᠬᠠᠷᠠᠭᠳᠠᠬᠤ ᠠᠯᠤᠰ ᠤᠨ ᠪᠠᠷ᠎ᠠ ᠲᠠᠢ ᠦᠨᠲᠦᠷᠯᠢᠭ ᠪᠢᠯᠡ᠂ ᠡᠶᠢᠮᠦᠷᠭᠦᠤ ᠰᠢᠨᠵᠢ ᠪᠡᠯᠭᠡ ᠲᠠᠭᠦᠰ ᠪᠦᠷᠢᠲᠦᠭᠰᠡᠨ ᠰᠢᠯᠢ ᠶᠢᠨ ᠦᠨᠲᠦᠷ ᠲᠡᠭᠡᠷ᠎ᠡ ᠪᠠᠶᠢᠷᠯᠠᠭᠰᠠᠨ ᠠᠭᠤᠯᠠ ᠶᠢᠨ ᠰᠦᠮ᠎ᠡ ᠨᠢ ᠡᠵᠡᠨ ᠭᠡᠭᠡᠨᠲᠡᠨ᠂ ᠦᠭᠯᠢᠭᠡ ᠶᠢᠨ ᠡᠵᠡᠳ᠂ ᠰᠦᠰᠦᠭᠲᠡᠨ ᠤᠯᠠᠨ ᠤ ᠬᠠᠮᠲᠤ ᠶᠢᠨ ᠴᠢᠷᠮᠠᠶᠢᠯᠭ᠎ᠠ ᠪᠠᠷ ᠲᠠᠰᠤᠷᠠᠯᠲᠠ ᠦᠭᠡᠢ ᠪᠦᠲᠦᠭᠡᠨ ᠪᠠᠶᠢᠭᠤᠯᠤᠭᠳᠠᠭᠰᠠᠭᠠᠷ ᠢᠷᠡᠵᠠᠢ᠃ ᠢᠷᠭᠡᠨ ᠣᠯᠣᠰ ᠤᠨ ᠰᠡᠭᠦᠯᠴᠢ ᠪᠠᠷ ᠵᠠᠭᠤ ᠭᠠᠷᠤᠢ ᠯᠠᠮ᠎ᠠ ᠲᠠᠢ ᠲᠤᠮᠤᠬᠠᠨ ᠰᠦᠮ᠎ᠡ ᠪᠠᠶᠢᠭᠰᠠᠨ ᠶᠤᠮ᠃ ︽ᠰᠤᠶᠤᠯ ᠤᠨ ᠬᠤᠪᠢᠰᠬᠠᠯ︾᠎ ᠤᠨ ᠦᠶ᠎ᠡ ᠳᠤ ᠰᠦᠢᠳᠭᠡᠭᠳᠡᠵᠠᠢ᠃      ᠶᠢᠷᠳᠢᠨᠴᠤ ᠶᠢᠨ ᠨᠠᠷᠠ ᠡᠬᠡ ᠲᠡᠯᠡᠬᠡᠢ ᠶᠢ ᠬᠡᠶᠢᠭᠦᠯᠵᠤ᠂ ᠠᠯᠢᠪᠠ ᠬᠢᠯᠢᠰ ᠭᠦᠳᠭᠡᠯ ᠵᠦᠪ ᠢᠶᠠᠨ ᠤᠯᠵᠤ᠂ ᠲᠦᠮᠡᠨ ᠤ ᠰᠡᠳᠭᠡᠯ ᠢ ᠲᠦᠭᠡᠮᠡᠯ ᠭᠡᠶᠢᠬᠦᠯᠵᠤ᠂ ᠱᠠᠰᠢᠨ ᠰᠢᠳᠦᠯᠭᠡ ᠡᠷᠬᠡ ᠴᠢᠯᠦᠭᠡ ᠪᠠᠨ ᠤᠯᠤᠭᠰᠠᠨ ᠡᠩᠬᠡ ᠲᠦᠷᠦ ᠎ ᠶᠢᠨ ᠪᠠᠲᠤ ᠲᠦᠰᠢᠭ ᠲᠤ ᠠᠭᠤᠯᠠ ᠶᠢᠨ ᠰᠦᠮ᠎ᠡ ᠰᠡᠷᠭᠦᠭᠡᠨ ᠪᠠᠶᠢᠭᠤᠯᠤᠭᠳᠠᠬᠤ ᠠᠵᠠ ᠶᠢᠨ ᠴᠡᠩᠬᠡᠷ ᠬᠠᠷᠭᠤᠢ ᠪᠠᠨ ᠤᠯᠵᠤ ᠬᠠᠷᠠᠭᠰᠠᠨ ᠶᠤᠮ᠃ 1987 ᠤᠨ ᠠᠴᠠ ᠡᠬᠢᠯᠡᠨ᠂ ᠠᠷᠪᠠᠨ ᠨᠢᠭᠡᠳᠦᠭᠡᠷ ᠲᠦᠷᠢ ᠶᠢᠨ ᠤᠯᠠᠭᠠᠨ ᠭᠡᠭᠡᠨ ᠭᠠᠯᠰᠠᠩᠺᠡᠶᠢᠷᠦᠪᠳᠠᠮᠪᠢᠨᠢᠮ᠎ᠠ ᠦᠪᠡᠷ ᠪᠡᠶ᠎ᠡ ᠶᠢᠨ ᠨᠦᠭᠡᠴᠡ ᠪᠠᠨ ᠰᠢᠪᠬᠠᠵᠤ᠂ ᠤᠯᠤᠰ ᠤᠷᠤᠨ ᠤ ᠲᠡᠮᠵᠢᠯᠭᠡ᠂ ᠤᠯᠤᠰ ᠤᠨ ᠲᠤᠲᠤᠭᠠᠲᠤ ᠭᠠᠳᠠᠭᠠᠲᠤ ᠶᠢᠨ ᠦᠭᠯᠢᠭᠡ ᠶᠢᠨ ᠡᠵᠡᠳ ᠤᠨ ᠬᠠᠪᠰᠤᠷᠤᠯᠭ᠎ᠠ ᠲᠡᠮᠵᠢᠯᠭᠡ ᠪᠠᠷ ᠠᠭᠤᠯᠠ ᠎ ᠶᠢᠨ ᠰᠦᠮ᠎ᠡ ᠶᠢ ᠲᠠᠭᠢᠨ ᠰᠡᠷᠭᠦᠭᠡᠨ ᠪᠠᠶᠢᠭᠤᠯᠵᠤ ᠡᠬᠢᠯᠡᠭᠰᠡᠨ ᠪᠢᠯᠡ᠂ 1997 ᠤᠨ ᠳᠤ ᠪᠦᠲᠦᠭᠡᠨ ᠪᠠᠶᠢᠭᠤᠯᠤᠯᠲᠠ ᠲᠠᠭᠤᠰᠴᠤ᠂ 1998 ᠤᠨ ᠤ ᠵᠤᠨ ᠤ ᠡᠬᠢᠨ ᠰᠠᠷ᠎ᠠ ᠳᠤ᠂  ᠪᠡᠭᠡᠵᠢᠩ ᠤᠨ ᠨᠠᠶᠢᠷᠠᠯᠲᠤ ᠨᠠᠶᠢᠷᠠᠮᠳᠠᠭᠤ ᠭᠡᠶᠢᠳ ᠤᠨ ᠶᠡᠭᠡ ᠪᠠᠭᠰᠢ ᠵᠠᠮᠢᠶᠠᠨᠲ᠋ᠦ᠋ᠪᠳᠡᠨ ᠲᠦᠷᠦᠭᠦᠤ ᠲᠠᠢ ᠯᠠᠮ᠎ᠠ ᠨᠠᠷ ᠠᠭᠤᠯᠠ ᠶᠢᠨ ᠰᠦᠮ᠎ᠡ ᠳᠤ ᠮᠤᠷᠢᠯᠠᠨ ᠰᠠᠭᠠᠲᠠᠵᠤ᠂ ᠭᠯᠢᠭᠵᠡᠮᠰᠤ ᠷᠠᠪᠠᠨᠢ ᠡᠷᠭᠦᠨ ᠰᠦᠰᠦᠭᠲᠡᠨ ᠣᠯᠠᠨ ᠤ ᠵᠢᠩᠬᠢᠨᠢ ᠱᠠᠰᠢᠨ ᠰᠢᠲᠦᠯᠭᠡ ᠶᠢᠨ ᠠᠵᠢᠯᠠᠯᠭᠠᠨ ᠤ ᠤᠷᠤᠨ ᠪᠤᠯᠭᠠᠨ ᠰᠡᠷᠭᠦᠭᠡᠵᠠᠢ᠃      ᠬᠠᠮᠤᠭ ᠢ ᠠᠶᠢᠯᠠᠳᠣᠭᠴᠢ ᠪᠠᠶᠢᠴᠢᠨ ᠪᠤᠭᠳᠠ ᠪᠠᠯᠳᠠᠨᠶᠧᠰᠢ ᠬᠢᠭᠡᠳ ᠰᠢᠩᠰᠠ ᠪᠠᠨᠳᠢᠳᠠ ᠬᠤᠶᠠᠭᠤᠯᠠ ᠶᠢᠨ ᠵᠠᠷᠯᠢᠭ ᠪᠢᠴᠢᠭᠡᠰᠤ ᠵᠢᠴᠢ ᠬᠦᠮᠪᠤᠮ ᠬᠡᠶᠢᠳ ᠤᠨ ᠡᠷᠳᠡᠮᠲᠤ ᠬᠤᠸᠠᠷᠠᠭ ᠨᠠᠷ ᠤᠨ ᠲᠡᠮᠲᠡᠭᠯᠡᠨ ᠬᠤᠴᠤᠷᠤᠭᠠᠭᠰᠠᠨ ᠰᠤᠲᠤᠷ ᠲᠡᠮᠲᠡᠭᠯᠡᠯ ᠳᠤ ᠦᠨᠲᠤᠰᠦᠯᠡᠪᠠᠯ᠂ ᠤᠯᠠᠭᠠᠨ ᠭᠡᠭᠡᠨ ᠭᠠᠯᠰᠠᠩᠺᠡᠶᠢᠷᠦᠪᠳᠠᠮᠪᠢᠨᠢᠮ᠎ᠠ ᠪᠠᠭᠰᠢᠲᠠᠨ ᠪᠤᠯᠪᠠᠰᠤ ᠠᠷᠪᠠᠨ ᠨᠢᠭᠡᠳᠦᠭᠡᠷ ᠲᠦᠷᠢ ᠶᠢᠨ ᠤᠯᠠᠭᠠᠨ ᠭᠡᠭᠡᠨᠲᠡᠨ ᠪᠤᠯᠠᠢ᠃ ᠶᠡᠷᠦᠨᠢ ᠲᠦᠷᠢ ᠪᠦᠷᠢ ᠶᠢᠨ ᠤᠯᠠᠭᠠᠨ ᠭᠡᠭᠡᠨ ᠴᠦᠮ ᠎ ᠢᠶᠠᠷ ᠢᠶᠠᠨ ᠮᠢᠩᠭᠠᠨ ᠮᠤᠲᠤᠷᠲᠤ ᠠᠷᠢᠶᠠᠪᠠᠯᠤ ᠶᠢᠨ ᠬᠤᠪᠢᠯᠭᠠᠨ ᠭᠡᠭᠡᠭᠳᠡᠳᠡᠭ ᠶᠤᠮ᠃ ᠤᠯᠠᠭᠠᠨ ᠭᠡᠭᠡᠨ ᠤ ᠨᠢᠭᠡᠳᠦᠭᠡᠷ ᠲᠦᠷᠢ  ᠭᠧᠨᠢᠨ ᠳ᠋ᠠᠷᠮᠠᠳᠠᠯᠠ ᠡᠨᠡᠳᠬᠡᠭ ᠲᠤ ᠮᠠᠨᠲᠦᠯᠡᠵᠤ᠂ ᠡᠭᠡᠯ ᠲᠦᠮᠡᠨ ᠢ ᠨᠤᠮᠯᠠᠨ ᠬᠡᠳᠦᠯᠭᠡᠭᠴᠢ ᠪᠦᠭᠡᠳ ᠪᠤᠷᠬᠠᠨ ᠎ ᠤ ᠶᠤᠰᠤᠨ ᠢ ᠠᠪᠤᠷᠠᠨ ᠲᠡᠳᠭᠦᠭᠴᠢ ᠭᠡᠮᠡᠨ ᠴᠤᠯᠠᠯᠠᠭᠳᠠᠭᠰᠠᠨ ᠮᠢᠩᠭᠠᠨ ᠮᠤᠲᠤᠷᠲᠤ ᠠᠷᠢᠶᠠᠪᠠᠯᠤ ᠶᠢᠨ ᠬᠤᠪᠢᠯᠭᠠᠨ ᠪᠤᠯᠬᠤ ᠶᠤᠮ᠃ ᠬᠤᠶᠠᠳᠤᠭᠠᠷ ᠲᠦᠷᠢ ᠶᠢᠨ ᠤᠯᠠᠭᠠᠨ ᠭᠡᠭᠡᠨᠲᠡᠨ ᠪᠠᠨᠳᠢᠳᠠ ᠨᠠᠮᠰᠠᠷᠠᠶᠢᠵᠠᠯᠰᠠᠨ᠂ ᠭᠤᠷᠪᠠᠳᠤᠭᠠᠷ ᠲᠦᠷᠢ ᠶᠢᠨ ᠤᠯᠠᠭᠠᠨ ᠭᠡᠭᠡᠨᠲᠡᠨ ᠷᠤᠮᠢᠤᠤᠳᠠᠨ᠂ ᠲᠦᠷᠪᠡᠳᠦᠭᠡᠷ ᠲᠦᠷᠢ ᠶᠢᠨ ᠤᠯᠠᠭᠠᠨ ᠭᠡᠭᠡᠨᠲᠡᠨ ᠪᠠᠯᠳᠠᠨᠵᠠᠯᠰᠠᠨᠰᠡᠩᠭᠡ᠂ ᠵᠢᠷᠭᠤᠲᠤᠭᠠᠷ ᠲᠦᠷᠢ ᠶᠢᠨ ᠤᠯᠠᠭᠠᠨ ᠭᠡᠭᠡᠨᠲᠡᠨ ᠮᠢᠨᠵᠤᠤᠷᠲᠤᠷᠵᠢᠰᠡᠩᠭᠡ᠂ ᠲᠤᠯᠤᠲᠤᠭᠠᠷ ᠲᠦᠷᠢ ᠶᠢᠨ ᠤᠯᠠᠭᠠᠨ ᠭᠡᠭᠡᠨᠲᠡᠨ ᠠᠭᠸᠠᠩᠶᠧᠰᠢᠪᠠᠯᠳᠠᠨ᠂ ᠨᠠᠢᠮᠠᠳᠤᠭᠠᠷ ᠲᠦᠷᠢ ᠶᠢᠨ ᠤᠯᠠᠭᠠᠨ ᠭᠡᠭᠡᠨᠲᠡᠨ ᠴᠠᠭᠠᠨ ᠴᠤᠷᠵᠢ ᠠᠭᠸᠠᠩᠶᠧᠰᠢᠪᠠᠯᠳᠠᠨ ᠳ᠋ᠠᠮᠪᠢᠷᠤᠮᠢ ᠮᠤᠩᠭᠤᠯ ᠤᠷᠤᠨ ᠳᠤ ᠱᠠᠰᠢᠨ ᠲᠡᠯᠭᠡᠷᠡᠭᠦᠯᠬᠦ ᠪᠠᠷ ᠢᠷᠡᠭᠰᠡᠨ ᠠᠴᠠ ᠬᠤᠶᠢᠰᠢ ᠤᠯᠠᠭᠠᠨ ᠭᠡᠭᠡᠨᠲᠡᠨ ᠤ ᠮᠡᠨᠲᠦᠯᠡᠵᠤ ᠲᠤᠲᠤᠷᠠᠬᠤ ᠨᠢ ᠪᠦᠷ ᠵᠠᠰᠠᠭ ᠬᠤᠰᠢᠭᠤ ᠪᠤᠶᠤ ᠵᠡᠷᠭᠡᠯᠡᠳᠡᠭᠡ ᠬᠤᠰᠢᠭᠤᠨ ᠠᠴᠠ ᠲᠦᠷᠦᠯ ᠠᠷᠠᠯᠵᠢᠨ ᠲᠤᠲᠤᠷᠠᠬᠤ ᠪᠤᠯᠤᠭᠰᠠᠨ ᠪᠠᠶᠢᠨ᠎ᠠ᠃ ᠶᠢᠰᠦᠲᠦᠭᠡᠷ ᠲᠦᠷᠢ ᠶᠢᠨ ᠤᠯᠠᠭᠠᠨ ᠭᠡᠭᠡᠨᠲᠡᠨ ᠠᠭᠸᠠᠩᠯᠤᠪᠰᠠᠩᠪᠠᠯᠳᠠᠨ ᠳ᠋ᠠᠮᠪᠢᠨᠢᠮ᠎ᠠ ᠵᠠᠰᠠᠭ ᠬᠤᠰᠢᠭᠤᠨ ᠳᠤ ᠮᠡᠨᠲᠦᠯᠡᠵᠤ᠂ ᠠᠷᠪᠠᠨ ᠲᠤᠯᠤᠭᠠᠨ ᠨᠠᠰᠤᠨ ᠎ ᠠᠴᠠ ᠪᠠᠨ ᠬᠦᠮᠪᠤᠮ ᠭᠡᠶᠢᠳ ᠲᠤ ᠭᠦᠷᠴᠤ ᠨᠤᠮ ᠵᠤᠭᠤᠭᠯᠠᠭᠠᠳ᠂ ᠴᠤᠶᠢᠷ᠎ᠠ ᠶᠢᠨ ᠲᠠᠪᠤᠨ ᠪᠤᠳᠢ ᠵᠡᠷᠭᠡ ᠰᠤᠲᠤᠷ ᠲᠠᠷᠨᠢ ᠳᠤ ᠨᠡᠪᠲᠡᠷᠡᠨ ᠬᠡᠪᠰᠢ ᠴᠤᠯᠠ ᠬᠠᠮᠠᠭᠠᠯᠠᠵᠤ᠂ ᠬᠦᠮᠪᠤᠮ ᠬᠡᠶᠢᠳ ᠤᠨ ᠵᠦᠳᠪᠠ ᠷᠠᠰᠠᠩ ᠤᠨ ᠰᠢᠷᠡᠭᠡᠨ ᠳᠤ ᠰᠠᠭᠤᠵᠤ᠂ ᠲᠦᠪᠡᠳ ᠢᠶᠠᠷ ᠵᠤᠬᠢᠶᠠᠭᠰᠠᠨ ᠮᠢᠯᠢᠷᠠᠪᠠ ᠶᠢᠨ ᠨᠠᠮᠲᠠᠷ ᠢ ᠤᠷᠴᠢᠭᠤᠯᠤᠨ ᠮᠤᠩᠭᠤᠯᠴᠢᠯᠠᠵᠤ ᠦᠡᠭᠭᠡᠷᠡᠪᠠ᠃ ᠲᠤᠰᠢᠶᠠᠯ ᠢᠶᠠᠨ ᠶᠡᠭᠦᠯᠡᠭᠰᠡᠨ ᠤ ᠲᠠᠷᠠᠭ᠎ᠠ᠂ ᠰᠦᠮ᠎ᠡ ᠭᠡᠶᠢᠳ ᠢᠶᠠᠨ ᠰᠡᠯᠪᠢᠨ ᠵᠠᠰᠠᠵᠤ᠂ ᠱᠠᠪᠢ ᠡᠯᠰᠡᠨ ᠰᠢᠷ᠎ᠠ ᠶᠢᠨ ᠱᠠᠰᠢᠨ ᠢ ᠤᠯᠠᠮᠵᠢᠯᠠᠨ ᠲᠡᠯᠭᠡᠷᠡᠭᠦᠯᠵᠤ᠂ ᠤᠯᠠᠨ ᠪᠤᠷᠬᠠᠨ ᠤ ᠨᠢᠭᠤᠴᠠ ᠡᠷᠳᠡᠮ ᠢ ᠤᠬᠠᠮᠵᠢᠯᠠᠨ ᠰᠡᠷᠡᠵᠤ᠂ ᠬᠤᠭᠤᠰᠤᠨ ᠤ ᠤᠨᠤᠯ ᠤᠨ ᠮᠦᠨ ᠴᠢᠨᠠᠷ ᠢ ᠦᠨᠡᠨ ᠬᠦ᠋ ᠤᠬᠠᠮᠵᠢᠯᠠᠭᠠᠳ᠂ ᠴᠠᠬᠠᠷ᠂ ᠤᠷᠠᠳ᠂ ᠠᠯᠠᠱᠠ ᠵᠢᠴᠢ ᠬᠢᠲᠠᠳ ᠦᠨᠲᠦᠰᠦᠲᠡᠨ ᠲᠦᠪᠯᠡᠷᠡᠨ ᠰᠠᠭᠤᠭᠰᠠᠨ ᠲᠤᠲᠤᠷ᠎ᠠ ᠤᠷᠤᠨ ᠳᠤ ᠵᠠᠯᠠᠭᠳᠠᠨ ᠨᠤᠮ ᠲᠠᠯᠪᠢᠨ᠂ ᠡ᠋ᠪᠰᠢᠭ ᠬᠦᠷᠲᠡᠭᠡᠵᠤ ᠪᠠᠶᠢᠵᠠᠢ᠃ ᠦᠲᠡᠯᠦᠭᠡ ᠨᠠᠰᠤᠨ ᠳᠠᠭᠠᠨ ᠬᠦᠮᠪᠤᠮ ᠭᠡᠶᠢᠳ ᠳᠡᠭᠡᠨ ᠪᠤᠴᠠᠵᠤ ᠲᠠᠭᠠᠯᠠᠯ ᠲᠠᠭᠦᠰᠦᠭᠰᠡᠨ ᠪᠠᠶᠢᠨ᠎ᠠ᠃ ᠴᠢᠩ ᠰᠦᠰᠦᠭᠲᠤ ᠱᠠᠪᠢᠨᠠᠷ ᠨᠢ ᠬᠤᠪᠢᠯᠭᠠᠨ ᠱᠠᠷᠢᠯ  ᠎ ᠢ ᠨᠢ ᠬᠤᠶᠠᠷ ᠠᠩᠭᠢᠯᠠᠨ᠂ ᠨᠢᠭᠡ ᠬᠤᠪᠢ ᠶᠢ ᠨᠢ ᠬᠦᠮᠪᠤᠮ ᠳᠠᠬᠢ ᠬᠤᠪᠢ ᠶᠢᠨ ᠭᠠᠷᠸ᠎ᠠ ᠳᠤᠨᠢ ᠲᠠᠬᠢᠵᠤ᠂ ᠨᠦᠭᠦᠬᠡ ᠨᠢᠭᠡ ᠬᠤᠪᠢ ᠶᠢ ᠨᠢ ᠤᠤᠯ ᠨᠤᠲᠤᠭ ᠠᠭᠤᠯᠠ ᠎ ᠶᠢᠨ ᠰᠦᠮ᠎ᠡ ᠳᠤ ᠠᠪᠠᠴᠢᠨ ᠲᠠᠬᠢᠵᠠᠢ᠃ ᠠᠷᠪᠠᠳᠤᠭᠠᠷ ᠲᠦᠷᠢ ᠶᠢᠨ ᠤᠯᠠᠭᠠᠨ ᠭᠡᠭᠡᠨᠲᠡᠨ ᠠᠭᠸᠠᠩᠯᠤᠪᠰᠠᠩᠺᠡᠶᠢᠷᠦᠪᠨᠢᠮ᠎ᠠ ᠮᠦᠨ ᠵᠠᠰᠠᠭ ᠬᠤᠰᠢᠭᠤᠨ ᠳᠤ ᠮᠡᠨᠳᠦᠯᠡᠨ᠂ ᠭᠤᠷᠪᠠᠨ ᠨᠠᠰᠤᠲᠠᠢ ᠳᠤᠨᠢ ᠰᠠᠷᠳᠠᠭᠪᠠ ᠯᠤᠪᠰᠠᠩᠵᠠᠮᠰᠤ ᠭᠡᠭᠡᠨ ᠲᠡᠬᠦᠨ ᠢ ᠤᠯᠠᠭᠠᠨ ᠭᠡᠭᠡᠨ ᠤ ᠬᠤᠪᠢᠯᠭᠠᠨ ᠲᠦᠷᠢ ᠬᠡᠮᠡᠨ ᠲᠤᠲᠤᠯᠠᠵᠤ᠂ ᠲᠦᠷᠪᠡᠨ ᠨᠠᠰᠤᠲᠠᠢ ᠎ ᠳᠤᠨᠢ ᠪᠠᠨᠳᠢᠳᠠ ᠠᠭᠸᠠᠩᠯᠤᠪᠰᠠᠩᠱᠠᠳᠷᠤᠪ ᠵᠠᠮᠰᠤ ᠬᠢᠭᠡᠳ ᠵᠠᠰᠠᠭ ᠬᠤᠰᠢᠭᠤᠨ ᠤ ᠵᠢᠷᠭᠤᠲᠤᠭᠠᠷ ᠵᠠᠰᠠᠭ ᠡᠩᠬᠡᠪᠠᠶᠠᠷ ᠎ ᠢᠶᠠᠷ ᠲᠦᠷᠦᠭᠦᠯᠡᠭᠦᠯᠦᠭᠰᠡᠨ ᠰᠢᠷ᠎ᠠ ᠶᠢᠨ ᠱᠠᠰᠢᠨ ᠤ ᠰᠦᠰᠦᠭᠲᠡᠨ ᠤᠯᠠᠨ ᠳᠤ ᠡᠷᠭᠦᠭᠳᠡᠨ ᠭᠡᠭᠡᠨ ᠰᠢᠷᠡᠭᠡᠨ᠎ᠡ ᠰᠠᠭᠠᠲᠠᠪᠠ᠃ ᠲᠤᠯᠤᠭᠠᠨ ᠨᠠᠰᠤ ᠳᠠᠭᠠᠨ ᠭᠦᠮᠪᠤᠮ ᠭᠡᠶᠢᠳ ᠲᠤ ᠬᠦᠷᠴᠤ ᠨᠤᠮ ᠵᠤᠭᠤᠭᠯᠠᠨ᠂ ᠠᠷᠪᠠᠨ ᠲᠤᠯᠤᠭᠠᠨ ᠨᠠᠰᠤᠨ ᠠᠴᠠ ᠪᠠᠨ ᠠᠷᠢᠭᠤᠨ ᠰᠡᠯᠡᠭᠦᠨ ᠠᠭᠯᠠᠭ ᠭᠡᠭᠡᠷ᠎ᠡ ᠨᠤᠮ ᠪᠢᠰᠢᠯᠭᠠᠨ ᠪᠤᠲᠢ ᠮᠦᠷ ᠤᠨ ᠦᠨᠡᠨ ᠤ ᠬᠤᠲᠤᠭ ᠢ ᠤᠯᠪᠠ᠃ ᠠᠷᠪᠠᠳᠤᠭᠠᠷ ᠲᠦᠷᠢ ᠶᠢᠨ ᠤᠯᠠᠭᠠᠨ ᠭᠡᠭᠡᠨ ᠪᠠᠰᠠ ᠨᠤᠲᠤᠭ ᠲᠠᠭᠠᠨ ᠪᠡᠯᠡ ᠮᠦᠡᠭᠭᠦ ᠬᠤᠷᠠᠮᠲᠤᠭᠤᠯᠤᠨ ᠵᠠᠰᠠᠭ ᠵᠤᠤ ᠶᠢ ᠰᠡᠯᠪᠢᠨ ᠵᠠᠰᠠᠵᠤ᠂ ᠠᠯᠲᠠ ᠰᠢᠷᠲᠡᠭᠰᠡᠨ ᠱᠠᠭᠵᠠᠮᠤᠨᠢ ᠶᠢᠨ ᠭᠠᠤᠯᠢᠨ ᠬᠦᠷᠦᠭ᠂ ᠨᠠᠢᠮᠠᠨ ᠶᠡᠭᠡ ᠪᠤᠲᠢᠰᠳᠤᠸ᠎ᠠ ᠶᠢᠨ ᠬᠦᠷᠦᠭ᠂  ᠮᠢᠩᠭᠠᠨ ᠡᠷᠭᠦᠮᠵᠢᠯᠡᠯᠲᠤ ᠽᠤᠩᠺᠠᠪᠠ ᠪᠠᠭᠰᠢ ᠱᠠᠪᠢ ᠭᠤᠷᠪᠠᠨ ᠬᠤᠪᠢᠯᠭᠠᠨ ᠤ ᠬᠦᠷᠦᠭ ᠵᠡᠷᠭᠡ ᠶᠢ ᠪᠦᠲᠦᠭᠡᠯᠭᠡᠵᠤ  ᠲᠠᠭᠢᠭᠰᠠᠨ ᠠᠴᠠ ᠵᠠᠰᠠᠭ ᠵᠤᠤ ᠶᠢᠨ ᠦᠡᠭᠭᠡ ᠲᠦᠷᠰᠤ ᠬᠤᠪᠢᠷᠠᠨ ᠰᠢᠨᠡᠳᠴᠤ᠂ ᠪᠤᠷᠬᠠᠨ ᠶᠤᠰᠤᠨ ᠢ ᠲᠡᠯᠭᠡᠨ ᠰᠤᠷᠲᠠᠯᠴᠢᠯᠠᠵᠤ᠂ ᠰᠦᠰᠦᠭᠲᠡᠨ ᠲᠦᠮᠡᠨ ᠤ ᠰᠢᠲᠦᠨ ᠲᠠᠭᠢᠵᠤ ᠪᠤᠶᠠᠨ ᠴᠢᠭᠤᠯᠬᠤ ᠶᠢᠨ ᠦᠯᠵᠡᠶᠢᠲᠤ ᠭᠡᠶᠢᠳ ᠲᠠᠷᠬᠠᠨ ᠤᠷᠤᠨ ᠪᠤᠯᠤᠭᠰᠠᠨ ᠪᠠᠶᠢᠨ᠎ᠠ  ᠃ ᠠᠷᠪᠠᠳᠤᠭᠠᠷ ᠲᠦᠷᠢ ᠶᠢᠨ ᠤᠯᠠᠭᠠᠨ ᠭᠡᠭᠡᠨ ᠦᠲᠡᠯᠦᠭᠡ ᠨᠠᠰᠤᠨ ᠳᠠᠭᠠᠨ ᠪᠤᠷᠬᠠᠨ ᠶᠤᠰᠤᠨ ᠢ ᠬᠦᠨᠵᠡᠬᠡᠶᠢᠷᠡᠨ ᠰᠤᠲᠤᠯᠵᠤ᠂ ᠪᠤᠷᠬᠠᠨ ᠨᠤᠮ ᠢ ᠦᠷᠭᠡᠨ ᠢᠶᠠᠷ ᠲᠡᠯᠭᠡᠨ᠂ ᠪᠠᠰᠠ ᠨᠢᠭᠡᠨ ᠪᠤᠳᠢ ᠨᠢᠭᠤᠴᠠ ᠲᠠᠷᠨᠢ ᠵᠤᠭᠢᠶᠠᠭᠰᠠᠨ ᠪᠠᠶᠢᠨ᠎ᠠ᠃ 1919 ᠤᠨ ᠤ 2 ᠰᠠᠷᠠᠶᠢᠨ17᠎ ᠤ ᠡᠳᠦᠷ ᠵᠠᠰᠠᠭ ᠵᠤᠤ ᠲᠡᠭᠡᠷ᠎ᠡ ᠲᠠᠭᠠᠯᠠᠯ ᠲᠡᠭᠦᠰᠴᠠᠢ᠃ ᠬᠡᠬᠦᠷ ᠪᠡᠶ᠎ᠡ ᠶᠢ ᠨᠢ ᠬᠠᠶᠢᠯᠭᠠᠬᠤ ᠦᠶᠡᠰ ᠮᠠᠩᠨᠠᠢ ᠶᠢᠨ ᠶᠠᠰᠤᠨ ᠳᠡᠭᠡᠷ᠎ᠡ ᠨᠢ ᠡᠨᠡᠳᠭᠡᠭ ᠤᠨ ᠰᠠᠨᠰᠺᠷᠢᠲ ᠬᠡᠯᠡᠨ ᠤ ᠴᠠᠭᠠᠨ ᠲᠤᠯᠤᠭᠠᠢ ᠶᠢᠨ ᠦᠰᠦᠭ ᠲᠤᠲᠤᠷᠬᠠᠢ ᠬᠡᠪᠯᠡᠭᠳᠡᠨ ᠢᠯᠡᠷᠡᠭᠰᠡᠨ ᠢ ᠱᠠᠪᠢᠨᠠᠷ ᠪᠤᠯᠤᠨ ᠲᠤᠬᠠᠢ ᠶᠢᠨ ᠲᠠᠯᠠᠪᠤᠷ ᠲᠤ ᠪᠠᠶᠢᠯᠴᠠᠭᠰᠠᠨ ᠰᠢᠷ᠎ᠠ ᠬᠠᠷ᠎ᠠ ᠤᠯᠠᠨ ᠰᠦᠰᠦᠭᠲᠡᠨ ᠤᠯᠵᠤ ᠦᠵᠡᠴᠢᠭᠡᠭᠡᠳ ᠬᠢᠵᠠᠭᠠᠷ ᠦᠭᠡᠢ ᠰᠦᠰᠦᠭᠯᠡᠨ ᠪᠢᠰᠢᠷᠡᠭᠰᠡᠨ ᠭᠡᠳᠡᠭ᠃      ᠠᠷᠪᠠᠨ ᠨᠢᠭᠡᠳᠦᠭᠡᠷ ᠲᠦᠷᠢ ᠶᠢᠨ ᠤᠯᠠᠭᠠᠨ ᠭᠡᠭᠡᠨᠲᠡᠨ ᠭᠠᠯᠰᠠᠩᠺᠡᠶᠢᠷᠦᠪᠳᠠᠮᠪᠢᠨᠢᠮ᠎ᠠ        1920 ᠤᠨ ᠤ3 ᠰᠠᠷᠠᠶᠢᠨ7᠎ ᠤ ᠡᠳᠦᠷ᠂ ᠵᠢᠶᠦ᠋ᠨ ᠸᠠᠩ ᠤᠨ ᠬᠤᠰᠢᠭᠤᠨ ᠤ ᠠᠷᠪᠠᠨ ᠲᠠᠪᠤᠲᠤᠭᠠᠷ ᠬᠤᠰᠢᠭᠤ ᠵᠠᠰᠠᠭ᠂ ᠴᠢᠩᠭᠢᠰ ᠬᠠᠭᠠᠨ ᠤ ᠠᠯᠲᠠᠨ ᠤᠷᠤᠭ ᠤᠨ ᠬᠤᠷᠢᠨ ᠭᠤᠷᠪᠠᠳᠤᠭᠠᠷ ᠦᠶ᠎ᠡ ᠶᠢᠨ ᠬᠤᠶᠢᠴᠢ ᠲᠦᠪᠰᠢᠨᠵᠢᠷᠭᠠᠯ ᠴᠢᠨ ᠸᠠᠩ ᠵᠢᠴᠢ ᠲᠡᠭᠦᠨ ᠤ ᠬᠠᠲᠤᠨ ᠡᠷᠳᠡᠨᠢᠴᠡᠴᠡᠭ ᠤᠨ ᠬᠦᠪᠡᠭᠦᠨ ᠪᠤᠯᠤᠨ ᠵᠠᠶᠠᠭᠠᠵᠠᠢ᠃ ᠬᠤᠶᠠᠷ ᠨᠠᠰᠤᠲᠠᠢ ᠳᠠᠭᠠᠨ  ᠽᠤᠩᠺᠠᠪᠠ ᠶᠡᠭᠡ ᠪᠠᠭᠰᠢ ᠶᠢᠨ ᠡᠬᠡ ᠶᠢᠨ ᠭᠡᠶᠢᠭᠰᠡᠨ ᠲᠦᠷᠢ ᠰᠢᠩᠰᠠ ᠭᠡᠭᠡᠨ᠂ ᠠᠷᠪᠠᠳᠠᠭᠠᠷ ᠲᠦᠷᠢ ᠶᠢᠨ ᠤᠯᠠᠭᠠᠨ ᠭᠡᠭᠡᠨ ᠤ ᠦᠪᠡᠷ ᠤᠨ ᠪᠡᠶ᠎ᠡ ᠪᠠᠷ ᠰᠤᠭᠠᠭᠰᠠᠨ ᠱᠠᠪᠢ ᠪᠤᠯᠬᠤ ᠭᠠᠨᠵᠤᠤᠷᠪᠠ ᠭᠠᠯᠰᠠᠩᠳᠠᠨᠽᠠᠨᠫᠧᠷᠡᠩᠯᠠᠢ ᠵᠠᠮᠰᠤ ᠬᠤᠶᠠᠭᠤᠯᠠ ᠶᠢᠨ ᠠᠩᠬ᠎ᠠ ᠠᠯᠬᠤᠮ ᠤᠨ ᠰᠤᠩᠭᠤᠨ ᠲᠤᠭᠲᠠᠭᠠᠯᠲᠠ ᠪᠠᠷ ᠲᠠᠮᠵᠢᠨ ᠠᠷᠪᠠᠨ ᠭᠤᠷᠪᠠᠳᠤᠭᠠᠷ ᠲᠦᠷᠢ ᠶᠢᠨ ᠲᠠᠯᠠᠢ ᠯᠠᠮ᠎ᠠ ᠲᠦᠪᠳᠡᠨᠵᠠᠮᠰᠤ ᠳᠤ  ᠠᠷᠪᠠᠳᠤᠭᠠᠷ ᠲᠦᠷᠢ ᠶᠢᠨ ᠤᠯᠠᠭᠠᠨ ᠭᠡᠭᠡᠨ ᠎ ᠤ ᠲᠠᠷᠠᠭ᠎ᠠ ᠲᠦᠷᠢ  ᠎ ᠪᠠᠷ ᠲᠤᠲᠤᠯᠠᠭᠳᠠᠵᠠᠢ᠃  ᠲᠡᠷᠡ ᠵᠢᠷᠭᠤᠭᠠᠨ ᠨᠠᠰᠤᠲᠠᠢ ᠳᠠᠭᠠᠨ ᠭᠡᠭᠡᠨ ᠰᠢᠷᠡᠭᠡᠨ᠎ᠡ  ᠵᠠᠯᠠᠭᠳᠠᠨ ᠰᠠᠭᠠᠲᠠᠵᠤ᠂ ᠶᠢᠰᠦᠲᠡᠢ ᠳᠡᠭᠡᠨ ᠬᠦᠮᠪᠤᠮ ᠳᠤ ᠬᠦᠷᠴᠤ ᠡᠰᠢ ᠤᠨᠤᠯ ᠤᠨ ᠶᠡᠭᠡ ᠡᠷᠳᠡᠮ ᠢ ᠦᠨᠲᠦᠰᠦᠯᠡᠨ ᠠᠪᠬᠤ ᠶᠢ ᠬᠡᠴᠢᠶᠡᠨ ᠰᠤᠷᠴᠤ᠂ ᠠᠷᠪᠠᠨ ᠨᠠᠢᠮᠠ ᠬᠦᠷᠲᠡᠯ᠎ᠡ ᠪᠠᠨ ᠴᠤᠶᠢᠷ᠎ᠠ ᠶᠢᠨ ᠨᠤᠮ ᠵᠢᠭᠠᠯᠭᠠᠨ ᠰᠤᠲᠤᠯᠵᠤ᠂ ᠯᠢᠩᠰᠡᠷᠠᠢ ᠭᠠᠪᠵᠤ ᠶᠢᠨ ᠴᠤᠯᠠ ᠬᠦᠷᠲᠡᠵᠠᠢ᠃ ᠮᠦᠨ ᠴᠦ ᠭᠦᠮᠪᠤᠮ ᠭᠡᠶᠢᠳ ᠤᠨ ᠵᠠᠭᠤᠳᠤᠭᠠᠷ ᠵᠦᠳᠪᠠ ᠷᠠᠰᠠᠩ ᠤᠨ ᠰᠢᠷᠡᠭᠡᠨ ᠯᠠᠮ᠎ᠠ᠂ ᠨᠠᠶᠠᠨ ᠲᠦᠷᠪᠡᠳᠦᠭᠡᠷ ᠬᠠᠮᠪᠤ ᠶᠢᠨ ᠲᠤᠰᠢᠶᠠᠯ ᠢ ᠡᠭᠦᠷᠭᠡᠯᠡᠵᠤ ᠦᠡᠭᠭᠡᠷᠡᠭᠰᠡᠨ ᠪᠢᠯᠡ᠃ 1980 ᠤᠨ ᠠᠴᠠ ᠬᠤᠶᠢᠰᠢ ᠲᠤᠮᠲᠠᠲᠤ ᠣᠯᠣᠰ ᠤᠨ ᠪᠤᠳ᠋ᠳ᠋ᠾᠨ ᠶᠢᠨ ᠱᠠᠰᠢᠨ ᠤ ᠨᠡᠶᠢᠬᠡᠮᠯᠢᠭ ᠤᠨ ᠳᠡᠳ᠋ ᠲᠠᠷᠤᠭ᠎ᠠ᠂ ᠪᠦᠬᠦ ᠤᠯᠤᠰ ᠤᠨ ᠤᠯᠤᠰ ᠲᠦᠷᠤ ᠶᠢᠨ ᠵᠦᠪᠯᠡᠯᠭᠡᠨ ᠤ ᠭᠡᠰᠢᠭᠦᠨ᠂ ᠦᠪᠦᠷ ᠮᠤᠩᠭᠤᠯ ᠤᠨ ᠤᠯᠤᠰ ᠲᠦᠷᠦ ᠶᠢᠨ ᠵᠦᠪᠯᠡᠯᠭᠡᠨ ᠤ ᠳᠡᠳ᠋ ᠲᠡᠷᠢᠭᠦᠯᠡᠭᠴᠢ᠂ ᠦᠪᠦᠷ ᠮᠤᠩᠭᠤᠯ ᠤᠨ ᠪᠤᠳ᠋ᠳ᠋ᠾᠨ ᠶᠢᠨ ᠱᠠᠰᠢᠨ ᠤ ᠨᠡᠶᠢᠬᠡᠮᠯᠢᠭ ᠤᠨ ᠲᠠᠷᠤᠭ᠎ᠠ᠂ ᠵᠡᠷᠭᠡ ᠱᠠᠰᠢᠨ ᠤ ᠪᠠ ᠨᠡᠶᠢᠬᠡᠮ ᠤᠨ ᠡᠭᠦᠷᠭᠡ ᠲᠤᠰᠢᠶᠠᠯ ᠢ ᠡᠭᠦᠷᠭᠡᠯᠠᠵᠤ᠂ ᠱᠠᠰᠢᠨ ᠤ ᠦᠢᠯᠡᠰ ᠲᠤ ᠭᠠᠷᠮᠠᠭᠠᠢ ᠵᠢᠳᠭᠦᠯ ᠦᠵᠡᠭᠦᠯᠵᠤ᠂ ᠨᠠᠮ ᠪᠤᠯᠤᠨ ᠤᠯᠤᠰ ᠲᠤ ᠴᠤ ᠰᠢᠲᠤᠷᠭᠤ ᠭᠠᠪᠢᠶ᠎ᠠ ᠪᠠᠶᠢᠭᠤᠯᠪᠠ᠃ 2004 ᠤᠨ ᠤ 3 ᠰᠠᠷᠠᠶᠢᠨ 30᠎ ᠤ ᠡᠳᠦᠷ ᠨᠠᠶᠠᠨ ᠲᠠᠪᠤᠲᠠᠢ ᠬᠦᠬᠡᠬᠤᠲᠠᠨ᠎ᠠ ᠨᠠᠷᠠ ᠪᠤᠯᠤᠨ ᠡᠭᠡᠪᠡ᠃      ᠠᠷᠪᠠᠨ ᠬᠤᠶᠠᠳᠤᠭᠠᠷ ᠲᠦᠷᠢ ᠶᠢᠨ ᠤᠯᠠᠭᠠᠨ ᠭᠡᠭᠡᠨ ᠯᠤᠪᠰᠠᠩᠵᠠᠮᠢᠶᠠᠩᠰᠡᠩᠭᠡ2005 ᠤᠨ ᠳᠤ ᠤᠲᠤᠭ  ᠎ ᠤᠨ ᠡᠮᠦᠨᠡᠲᠤ ᠬᠤᠰᠢᠭᠤᠨ ᠤ ᠬᠡᠷᠡᠩᠭᠡᠲᠤ ᠨᠣᠲᠤᠭ ᠲᠤ ᠪᠠᠶᠠᠷᠲᠤ ᠪᠤᠯᠤᠨ ᠵᠢᠮᠢᠰ ᠤᠨ ᠬᠦᠪᠡᠭᠦᠨ ᠪᠤᠯᠤᠨ ᠮᠠᠡᠳᠤᠯᠡᠵᠠᠢ᠃ 2008 ᠤᠨ ᠤ 4 ᠰᠠᠷᠠᠶᠢᠨ19᠎ ᠤ ᠡᠳᠦᠷ ᠯᠠᠪᠠᠷᠠᠩ ᠭᠡᠶᠢᠳ ᠤᠨ ᠵᠠᠮᠢᠶᠠᠨᠱᠠᠳᠪᠠ ᠭᠡᠭᠡᠨ ᠠᠴᠠ  ᠯᠤᠪᠰᠠᠩᠵᠠᠮᠢᠶᠠᠩᠰᠡᠩᠭᠡ ᠶᠢ ᠠᠷᠪᠠᠨ ᠬᠤᠶᠠᠳᠤᠭᠠᠷ ᠲᠦᠷᠢ ᠶᠢᠨ ᠤᠯᠠᠭᠠᠨ ᠭᠡᠭᠡᠨ ᠢᠶᠠᠷ ᠲᠤᠲᠤᠯᠠᠭᠰᠠᠨ ᠪᠠᠶᠢᠨ᠎ᠠ᠃ 2008 ᠣᠨ ᠤ 9 ᠰᠠᠷᠠᠶᠢᠨ23᠎ ᠤ ᠡᠳᠦᠷ ᠯᠤᠪᠰᠠᠩᠵᠠᠮᠢᠶᠠᠨᠰᠡᠩᠭᠡ ᠶᠢ ᠠᠭᠤᠯᠠ ᠶᠢᠨ ᠰᠦᠮ᠎ᠡ ᠳᠤ ᠵᠠᠯᠠᠵᠤ ᠰᠤᠭᠴᠢᠨ ᠰᠢᠷᠡᠭᠡᠨ ᠳᠤᠨᠢ ᠰᠠᠭᠠᠲᠠᠭᠤᠯᠤᠭᠰᠠᠨ ᠶᠤᠮ᠃      ᠲᠡᠤᠬᠡ ᠶᠢᠨ ᠤᠯᠠᠨ ᠦᠡᠭᠭᠡ ᠵᠢᠪᠡᠷ ᠢ ᠵᠤᠪᠠᠵᠤ ᠵᠦᠲᠡᠭᠦ ᠶᠢᠨ ᠦᠢᠯᠡ ᠪᠠᠷ ᠲᠤᠭᠤᠯᠵᠤ ᠢᠷᠡᠭᠰᠡᠨ ᠠᠭᠤᠯᠠ ᠎ ᠶᠢᠨ ᠰᠦᠮ᠎ᠡ᠂ ᠲᠠᠶᠢᠪᠤᠡᠭ ᠠᠮᠢᠲᠤᠷᠠᠯ ᠴᠢᠯᠦᠭᠡ ᠲᠠᠢ ᠭᠠᠨᠭ᠍ᠬᠤᠭᠰᠠᠨ ᠡᠩᠬᠡ ᠲᠦᠷᠦ ᠶᠢᠨ ᠢᠶᠠᠨ ᠲᠤᠯᠠᠭᠠᠨ ᠢᠪᠡᠭᠡᠯ ᠎ ᠢᠶᠠᠷ ᠠᠭᠤᠯᠠ ᠶᠢᠨ ᠦᠨᠲᠦᠷ ᠰᠢᠯᠢ ᠲᠡᠭᠡᠷ᠎ᠡ ᠡᠯᠢᠭᠡᠨ ᠬᠠᠶᠢᠷᠠᠲᠤ ᠡᠬᠡ ᠤᠷᠤᠨ ᠤ ᠪᠠᠨ ᠴᠡᠪᠡᠷ ᠠᠭᠠᠷ ᠢ ᠦᠷᠦᠴᠡ ᠲᠦᠭᠦᠷᠡᠩ ᠠᠮᠢᠰᠬᠤᠯᠠᠵᠤ ᠲᠠᠬᠢᠨ ᠪᠤᠰᠬᠤ ᠳᠠᠭᠠᠨ ᠤᠷᠤᠨ ᠵᠠᠢ ᠲᠦᠯᠦᠪ ᠲᠦᠷᠭᠦ ᠨᠢ ᠨᠡᠩ ᠰᠦᠷᠯᠢᠭᠬᠡᠨ᠂ ᠦᠡᠭᠭᠡ ᠪᠠᠶᠢᠳᠠᠯ᠂ ᠴᠤᠭ  ᠵᠢᠪᠬᠤᠭ᠎ᠠ ᠨᠡᠩ ᠭᠤᠶᠢᠳᠠᠬᠠᠨ ᠬᠠᠷᠠᠭᠳᠠᠬᠤ ᠨᠢ ᠪᠤᠶᠠᠨ ᠤ ᠦᠨᠲᠦᠰᠦ ᠴᠠᠭᠯᠠᠰᠢ ᠦᠭᠡᠢ ᠲᠡᠯᠭᠡᠷᠡᠭᠰᠡᠨ ᠤ ᠬᠢ ᠪᠤᠶᠤ᠃ ᠭᠡᠭᠡᠨ ᠪᠠᠭᠰᠢ ᠶᠢᠨ ᠠᠶᠢᠯᠠᠳᠤᠭᠰᠠᠨ ᠤᠯᠤᠰ ᠭᠡᠷ ᠢᠶᠠᠨ ᠬᠠᠶᠢᠷᠠᠯᠠᠵᠤ ᠨᠤᠮ ᠪᠢᠰᠢᠯᠭᠠᠯ ᠎ ᠢᠶᠠᠨ ᠬᠢᠴᠢᠶᠡᠨ᠂ ᠰᠠᠶᠢᠨ ᠤ ᠲᠦᠯᠦᠭᠡ ᠵᠢᠳᠭᠦᠭᠰᠡᠳ ᠪᠦᠭᠦᠨ ᠢ ᠰᠠᠭᠢᠨ ᠢᠪᠡᠭᠡᠵᠤ ᠡᠲᠦᠭᠡ ᠪᠠ ᠢᠷᠡᠭᠡᠳᠦᠢ ᠶᠢᠨ ᠵᠢᠷᠭᠠᠯ ᠴᠡᠩᠬᠡᠯ ᠢ ᠨᠢ ᠠᠷᠪᠢᠵᠢᠭᠤᠯᠤᠨ ᠲᠡᠯᠭᠡᠷᠡᠭᠦᠯᠬᠦ ᠦᠢᠯᠡ ᠲᠡᠷᠡ ᠶᠤᠰᠤᠭᠠᠷ ᠪᠡᠶᠡᠯᠡᠭᠳᠡᠨ᠂ ᠲᠦᠷᠦ ᠶᠢᠨ ᠮᠢᠨᠢ ᠰᠦᠯᠳᠡ ᠮᠦᠡᠭᠬᠡ ᠤᠷᠤᠰᠢᠵᠤ᠂ ᠲᠦᠮᠡᠨ ᠤ ᠮᠢᠨᠢ ᠵᠢᠷᠭᠠᠯ ᠠᠰᠢᠳᠠ ᠶᠢᠨ ᠬᠢ ᠪᠤᠯᠲᠤᠭᠠᠢ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号