| ᠳᠠᠷᠢᠶᠠᠨ ᠥᠷ᠎ᠠ᠂ ᠬᠢᠮᠢ ᠶᠢᠨ ᠪᠤᠷᠳᠤᠭᠤᠷ᠂ ᠳᠠᠷᠢᠶᠠᠨ ᠡᠮ ᠵᠡᠷᠭᠡ ᠳᠠᠷᠢᠶᠠᠯᠠᠩ ᠤᠨ ᠬᠡᠷᠡᠭᠰᠡᠯ ᠬᠤᠳᠠᠯᠳᠤᠨ | ᠠᠪᠬᠤ ᠳᠤ ᠪᠠᠨ ᠥᠢᠯᠡᠳᠪᠤᠷᠢᠯᠡᠯ᠂ ᠡᠵᠡᠩᠨᠡᠯᠳᠡ ᠶᠢᠨ ᠵᠥᠪᠰᠢᠶᠡᠷᠡᠯ ᠤᠨ ᠥᠨᠡᠮᠯᠡᠯ᠂ ᠬᠢᠵᠢᠭ ᠪᠠᠶᠢᠴᠠᠭᠠᠭᠰᠠᠨ | ᠥᠨᠡᠮᠯᠡᠯ ᠤᠨ ᠨᠤᠮᠧᠷ᠂ ᠴᠡᠪᠡᠷ ᠠᠭᠤᠯᠤᠭᠳᠠᠴᠠ᠂ ᠥᠢᠯᠡᠳᠪᠤᠷᠢᠯᠡᠭᠰᠡᠨ ᠡᠳᠤᠷ ᠬᠤᠭᠤᠴᠠᠭ᠎ᠠ᠂ ᠶᠠᠰᠤ ᠴᠢᠨᠠᠷ ᠤᠨ | ᠭᠥᠢᠴᠡᠳᠬᠡᠬᠦ ᠳᠤᠭ᠎ᠠ᠂ ᠥᠢᠯᠡᠳᠪᠥᠷᠢᠯᠡᠭᠰᠡᠨ ᠭᠠᠵᠠᠷ ᠪᠤᠯᠤᠨ ᠬᠠᠷᠢᠯᠴᠠᠬᠤ ᠬᠠᠶ᠋ᠢᠭ ᠵᠡᠷᠭᠡ ᠮᠡᠳᠡᠭᠡ ᠵᠠᠩᠬᠢ ᠶᠢ | ᠳᠤᠳᠤᠷᠬᠠᠢᠢᠯᠠᠭᠰᠠᠨ ᠳᠠᠷᠢᠶᠠᠨ ᠥᠷ᠎ᠠ ᠶᠢ ᠬᠤᠳᠠᠯᠳᠤᠨ ᠠᠪᠬᠤ ᠬᠡᠷᠡᠭᠳᠡᠢ᠃ ᠵᠢᠩᠬᠢᠨᠢ ᠥᠢᠯᠡᠳᠪᠤᠷᠢ ᠶᠢᠨ | ᠥᠢᠯᠡᠥᠡᠪᠤᠷᠢᠯᠡᠭᠰᠡᠨ ᠬᠢᠮᠢ ᠶᠢᠨ ᠪᠤᠷᠳᠤᠭᠤᠷ ᠨᠢ ᠥᠢᠯᠡᠳᠪᠤᠷᠢᠯᠡᠬᠦ ᠶᠢ ᠵᠥᠪᠰᠢᠶᠡᠷᠡᠭᠰᠡᠨ ᠥᠨᠡᠮᠯᠡᠯ᠂ ᠳᠠᠸᠠᠷ ᠤᠨ | ᠳᠡᠮᠳᠡᠭ᠂ ᠬᠡᠷᠡᠭᠵᠢᠭᠦᠯᠬᠦ ᠪᠠᠷᠢᠮᠵᠢᠶ᠎ᠠ᠂ ᠳᠠᠩᠰᠠᠯᠠᠬᠰᠠᠨ ᠵᠥᠪᠰᠢᠶᠡᠷᠡᠯ ᠤᠨ ᠥᠨᠡᠮᠯᠡᠯ᠂ ᠥᠢᠯᠡᠳᠭᠦᠨ ᠤ ᠨᠡᠷᠡᠶᠢᠳᠤᠯ᠂ | ᠰᠢᠮ᠎ᠠ ᠳᠡᠵᠢᠭᠡᠯ ᠤᠨ ᠠᠭᠤᠯᠤᠭᠳᠠᠴᠠ᠂ ᠴᠡᠪᠡᠷ ᠬᠥᠨᠳᠤ᠂ ᠥᠢᠯᠡᠳᠪᠤᠷᠢ ᠶᠢᠨ ᠨᠡᠷ᠎ᠠ᠂ ᠥᠢᠯᠡᠳᠪᠤᠷᠢ ᠶᠢᠨ ᠬᠠᠶ᠋ᠢᠭ | ᠵᠡᠷᠭᠡ ᠠᠭᠤᠯᠭ᠎ᠠ ᠲᠠᠢ ᠪᠠᠶᠢᠳᠠᠭ᠂ ᠬᠤᠳᠠᠯ ᠬᠠᠭᠤᠷᠮᠠᠭ ᠬᠢᠮᠢ ᠶᠢᠨ ᠪᠤᠷᠳᠤᠭᠤᠷ ᠤᠨ ᠪᠤᠭᠤᠳᠠᠯ ᠨᠢ ᠪᠥᠳᠥᠭᠦᠯᠢᠭ | ᠪᠥᠭᠡᠳ ᠮᠡᠳᠡᠭᠡ ᠵᠠᠩᠬᠢ᠂ ᠳᠡᠮᠳᠡᠭ ᠨᠢ ᠭᠥᠢᠴᠡᠳ ᠪᠤᠰᠤ ᠪᠠᠶᠢᠳᠠᠭ᠃ | ᠡᠭᠦᠨ ᠠᠴᠠ ᠭᠠᠳᠠᠨ᠎ᠠ᠂ ᠥᠩᠭᠡ ᠶᠢ ᠨᠢ ᠥᠵᠡᠵᠤ ᠪᠠᠶᠢᠭᠠᠳ ᠬᠢᠮᠢ ᠶᠢᠨ ᠪᠤᠷᠳᠤᠭᠤᠷ ᠤᠨ ᠥᠨᠡᠨ ᠬᠤᠳᠠᠯ ᠢ | ᠢᠯᠭᠠᠵᠤ ᠪᠤᠯᠤᠨ᠎ᠠ᠄ ᠠᠽᠤᠲ ᠪᠤᠷᠳᠤᠭᠤᠷ ᠪᠤᠯᠤᠨ ᠴᠤᠬᠤᠢ ᠶᠢᠨ ᠠᠽᠤᠲ ᠠᠴᠠ ᠭᠠᠳᠠᠨ᠎ᠠ᠂ ᠪᠤᠰᠤᠳ ᠨᠢ ᠪᠥᠷ | ᠴᠠᠭᠠᠨ ᠥᠩᠭᠡ ᠲᠠᠢ ᠪᠠᠶᠢᠳᠠᠭ᠂ ᠵᠠᠷᠢᠮ ᠨᠢ ᠰᠢᠷ᠎ᠠ ᠬᠥᠷᠡᠩ ᠥᠩᠭᠡ ᠲᠠᠢ ᠪᠤᠶᠤ ᠬᠥᠶᠥᠬᠡᠨ ᠥᠩᠭᠡ ᠲᠠᠢ ᠪᠠᠶᠢᠵᠤ᠂ | ᠺᠠᠯᠢᠳᠤ ᠪᠤᠷᠳᠤᠭᠤᠷ ᠨᠢ ᠴᠠᠭᠠᠨ ᠥᠩᠭᠡ ᠲᠠᠢ ᠪᠤᠶᠤ ᠤᠯᠠᠨ ᠥᠩᠭᠡ ᠲᠠᠢ᠂ ᠹᠤᠰᠹᠤᠷ ᠪᠤᠷᠳᠤᠭᠤᠷ ᠤᠨ ᠤᠯᠠᠩᠬᠢ ᠨᠢ | ᠥᠨᠡᠰᠤᠨ ᠥᠩᠭᠡ ᠲᠠᠢ ᠪᠠᠶᠢᠳᠠᠭ᠃ | ᠳᠠᠷᠢᠶᠠᠨ ᠡᠮ ᠬᠤᠳᠠᠯᠳᠤᠨ ᠠᠪᠬᠤ ᠳᠤ ᠪᠠᠨ ᠳᠠᠸᠠᠷ ᠤᠨ ᠳᠡᠮᠳᠡᠭ ᠢ ᠨᠢ ᠥᠵᠡᠬᠦ ᠬᠡᠷᠡᠭᠳᠡᠢ᠃ ᠤᠯᠤᠰ ᠤᠨ | ᠳᠠᠷᠢᠶᠠᠨ ᠡᠮ ᠳᠠᠩᠰᠠᠯᠠᠬᠤ ᠶᠢ ᠬᠠᠮᠢᠶᠠᠷᠬᠤ ᠰᠠᠯᠠᠭ᠎ᠠ ᠮᠥᠴᠢᠷ ᠠᠴᠠ ᠳᠠᠷᠢᠶᠠᠨ ᠡᠮ ᠤᠨ ᠳᠡᠮᠳᠡᠭ ᠲᠤ ᠳᠤᠳᠤᠷᠬᠠᠢ | ᠳᠤᠭᠳᠠᠭᠠᠯ ᠲᠠᠢ ᠪᠠᠶᠢᠳᠠᠭ᠃ ᠳᠠᠷᠢᠶᠠᠨ ᠡᠮ ᠤᠨ ᠪᠥᠷᠢᠨ ᠪᠥᠳᠤᠨ ᠳᠡᠮᠳᠡᠭ ᠪᠤᠯ ᠳᠠᠷᠢᠶᠠᠨ ᠡᠮ ᠤᠨ ᠨᠡᠷᠡᠶᠢᠳᠤᠯ᠂ | ᠪᠠᠷᠢᠮᠵᠢᠶ᠎ᠠ᠂ ︽ᠭᠤᠷᠪᠠᠨ ᠥᠨᠡᠮᠯᠡᠯ︾ ︵ᠳᠠᠷᠢᠶᠠᠨ ᠡᠮ ᠤᠨ ᠳᠠᠩᠰᠠᠯᠠᠭᠰᠠᠨ ᠥᠨᠡᠮᠯᠡᠯ᠂ ᠥᠢᠯᠡᠳᠪᠤᠷᠢᠯᠡᠬᠦ ᠶᠢ | ᠵᠥᠪᠰᠢᠶᠡᠷᠡᠭᠰᠡᠨ ᠥᠨᠡᠮᠯᠡᠯ᠂ ᠥᠢᠯᠡᠳᠭᠦᠨ ᠤ ᠪᠠᠷᠢᠮᠵᠢᠶ᠎ᠠ ᠶᠢᠨ ᠨᠤᠮᠧᠷ ᠵᠡᠷᠭᠡ ᠪᠤᠢ︶᠂ ᠴᠡᠪᠡᠷ ᠬᠥᠨᠳᠤ ᠪᠤᠶᠤ ᠴᠡᠪᠡᠷ | ᠠᠭᠤᠯᠤᠭᠳᠠᠴᠠ᠂ ᠥᠢᠯᠡᠳᠪᠤᠷᠢᠯᠡᠭᠰᠡᠨ ᠥᠢᠯᠡᠳᠪᠤᠷᠢ ᠶᠢᠨ ᠨᠡᠷ᠎ᠠ᠂ ᠬᠠᠶ᠋ᠢᠭ᠂ ᠰᠢᠤᠳᠠᠨ ᠨᠤᠮᠧᠷ ᠪᠤᠯᠤᠨ ᠤᠳᠠᠰᠤ᠂ | ᠬᠡᠷᠡᠭᠯᠡᠬᠦ ᠳᠤᠳᠤᠷᠬᠠᠢᠢᠯᠠᠯᠳᠠ᠂ ᠬᠤᠤᠷ ᠤᠨ ᠳᠡᠮᠳᠡᠭ᠂ ᠠᠩᠬᠠᠷᠬᠤ ᠵᠥᠢᠯᠡᠰ᠂ ᠥᠢᠯᠡᠳᠪᠤᠷᠢᠯᠡᠭᠰᠡᠨ ᠡᠳᠤᠷ | ᠬᠤᠭᠤᠴᠠᠭ᠎ᠠ ᠪᠤᠶᠤ ᠵᠥᠪᠰᠢᠶᠡᠷᠡᠭᠰᠡᠨ ᠳ᠋ᠤᠭᠠᠷ ᠵᠡᠷᠭᠡ ᠠᠭᠤᠯᠭ᠎ᠠ ᠪᠠᠭᠳᠠᠵᠤ ᠪᠠᠶᠢᠳᠠᠭ᠃ | | | | |