ᠡᠴᠢᠭᠡ ᠡᠭᠡ ᠨᠢ ᠨᠢᠯᠬ᠎ᠠ ᠬᠡᠤᠭᠡᠳ ᠢᠶᠠᠨ ᠲᠡᠪᠡᠷᠢᠵᠤ ᠲᠡᠮᠳᠡᠷᠢᠪᠡᠯ ᠨᠢᠯᠬ᠎ᠠ ᠬᠡᠤᠭᠡᠳ ᠤᠨ ᠭᠧᠨ ᠤ ᠢᠯᠡᠳᠭᠡᠯᠳᠡ ᠶᠢ ᠨᠦᠯᠤᠭᠡᠯᠠᠨ᠎ᠠ ᠬᠡᠳᠡᠭ ᠢ ᠰᠢᠨ᠎ᠠ ᠰᠤᠳᠤᠯᠭᠠᠨ ᠳᠤ ᠢᠯᠡᠷᠡᠬᠦᠯᠪᠠ
ᠨᠡᠶᠢᠲᠡᠯᠡᠭᠰᠡᠨ ᠴᠠᠭ᠄
2018/8/1
     ᠰᠠᠶ᠋ᠢ ᠲᠦᠷᠤᠵᠤ ᠭᠠᠷᠤᠭᠰᠠᠨ ᠬᠡᠤᠭᠡᠳ ᠤᠨ ᠬᠠᠷᠠᠭ᠎ᠠ ᠨᠢ ᠪᠦᠷᠢᠨ ᠪᠤᠶᠢᠵᠢᠭᠠᠳᠤᠢ ᠪᠤᠯᠬᠤᠷ ᠪᠡᠶ᠎ᠡ ᠪᠠᠷ ᠢᠶᠠᠨ ᠬᠥᠷᠤᠯᠴᠡᠬᠦ ᠨᠢ ᠡᠴᠢᠭᠡ ᠡᠭᠡ ᠲᠠᠢ ᠪᠠᠨ ᠬᠠᠷᠢᠯᠴᠠᠬᠤ ᠪᠦᠳᠤᠮᠵᠢᠳᠠᠢ ᠠᠷᠭ᠎ᠠ ᠵᠠᠮ ᠪᠤᠯᠳᠠᠭ᠃ ᠦᠢᠷ᠎ᠠ ᠶᠢᠨ ᠨᠢᠭᠡ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠬᠡᠤᠭᠡᠳ ᠢ ᠦᠷᠬᠦᠯᠵᠢ ᠲᠡᠪᠡᠷᠢᠵᠤ ᠲᠡᠮᠳᠡᠷᠢᠪᠠᠯ DNA ᠮᠤᠯᠧᠺᠦ᠋ᠯ ᠤᠨ ᠲᠠᠯ᠎ᠠ ᠳᠤ ᠬᠡᠤᠭᠡᠳ ᠤᠨ ᠭᠧᠨ ᠤ ᠢᠯᠡᠳᠭᠡᠯᠳᠡ ᠶᠢ ᠨᠦᠯᠤᠭᠡᠯᠡᠵᠤ ᠪᠤᠯᠤᠨ᠎ᠠ᠃      ᠡᠨᠡ ᠪᠤᠯ ᠲᠦᠷᠤᠬᠦᠤ ᠰᠠᠷ᠎ᠠ ᠺᠠᠨᠠᠳᠠ ᠶᠢᠨ ᠪᠷᠢᠲ᠋ᠠᠨ ᠤ ᠺᠤᠮᠦ᠋ᠮᠪᠢᠶ᠎ᠠ ᠶᠡᠭᠡ ᠰᠤᠷᠭᠠᠭᠤᠯᠢ ᠶᠢᠨ《ᠬᠥᠭᠵᠢᠯᠳᠡ ᠎ ᠶᠢᠨ ᠤᠶᠤᠨ ᠮᠡᠳᠡᠷᠡᠯ ᠤᠨ ᠡᠪᠡᠳᠴᠢᠨ ᠵᠦᠢ ᠶᠢᠨ ᠰᠤᠳᠤᠯᠤᠯ》᠎ ᠳᠤ ᠨᠡᠶᠢᠳᠡᠯᠡᠭᠰᠡᠨ ᠬᠠᠮᠤᠭ ᠤᠨ ᠰᠢᠨ᠎ᠠ ᠰᠤᠳᠤᠯᠭᠠᠨ ᠤ ᠦᠷ᠎ᠠ ᠪᠦᠳᠤᠭᠡᠯ ᠪᠤᠯᠤᠨ᠎ᠠ᠂ ᠰᠤᠳᠤᠯᠭᠠᠨ ᠨᠢ ᠪᠷᠢᠲ᠋ᠠᠨ ᠤ ᠺᠤᠮᠦ᠋ᠮᠪᠢᠶ᠎ᠠ ᠶᠢᠨ 5 ᠭᠠᠷᠠᠭ ᠪᠤᠯᠵᠤ ᠪᠠᠶᠢᠭ᠎ᠠ 94 ᠡᠷᠡᠬᠦᠯ ᠨᠢᠯᠬ᠎ᠠ ᠬᠡᠤᠭᠡᠳ ᠢᠶᠠᠷ ᠦᠯᠢᠭᠡᠷ ᠶᠠᠩᠵᠤ ᠪᠤᠯᠭᠠᠵᠠᠢ᠃ ᠰᠤᠳᠤᠯᠭᠠᠨ ᠤ ᠠᠵᠢᠯᠳᠠᠨ ᠲᠡᠳᠡᠨ ᠤ ᠡᠴᠢᠭᠡ ᠡᠭᠡ ᠳᠤ ᠬᠡᠤᠭᠡᠳ ᠲᠠᠢ ᠪᠠᠨ ᠲᠤᠳᠤᠨᠤ ᠪᠠᠷ ᠬᠥᠷᠤᠯᠴᠡᠬᠦ ᠴᠠᠭ ᠢ ᠲᠡᠮᠳᠡᠭᠯᠡᠬᠦ ᠶᠢ ᠱᠠᠭᠠᠷᠳᠠᠪᠠ᠃ ᠲᠦᠷᠪᠡᠨ ᠵᠢᠯ ᠬᠠᠭᠠᠰ ᠤᠨ ᠲᠠᠷᠠᠭ᠎ᠠ᠂ ᠰᠤᠳᠤᠯᠭᠠᠨ ᠤ ᠠᠵᠢᠯᠳᠠᠨ ᠬᠥᠪᠤᠩᠳᠤ ᠰᠢᠪᠡᠬᠦᠷ ᠢᠶᠠᠷ ᠡᠳᠡᠭᠡᠷ ᠬᠡᠤᠭᠡᠳ ᠤᠨ ᠠᠮᠠᠨ ᠬᠥᠨᠳᠡᠢ ᠳᠠᠬᠢ DNA᠎ ᠶᠢ ᠴᠤᠭᠯᠠᠭᠤᠯᠤᠭᠰᠠᠨ ᠤ ᠳ᠋ᠦᠩ ᠳᠤ ᠨᠢᠯᠬ᠎ᠠ ᠭᠡᠤᠭᠡᠳ ᠪᠤᠯᠤᠨ ᠲᠡᠬᠦᠨ ᠤ ᠬᠠᠷᠠᠵᠤ ᠬᠠᠷᠠᠭᠠᠯᠵᠠᠭᠴᠢ ᠶᠢᠨ ᠬᠤᠭᠤᠷᠤᠨᠳᠤᠬᠢ ᠲᠤᠳᠤᠨᠤ ᠪᠠᠷ ᠬᠥᠷᠤᠯᠴᠡᠭᠰᠡᠨ ᠨᠢ ᠮᠤᠯᠧᠺᠦ᠋ᠯ ᠤᠨ ᠲᠡᠰ ᠲᠡᠭᠡᠷ᠎ᠡ ᠬᠡᠤᠭᠡᠳ ᠎ ᠲᠤ ᠨᠦᠯᠤᠭᠡ ᠦᠵᠡᠬᠦᠯᠦᠭᠰᠡᠨ ᠢ ᠤᠯᠵᠤ ᠮᠡᠳᠡᠵᠠᠢ᠃      ᠰᠤᠳᠤᠯᠭᠠᠨ ᠤ ᠠᠵᠢᠯᠳᠠᠨ ᠭᠤᠤᠯᠳᠠᠭᠤ DNA᠎ ᠶᠢᠨ ᠮᠧᠲ᠋ᠢᠯᠵᠢᠬᠦ ᠬᠡᠮᠵᠢᠶ᠎ᠠ ᠶᠢ ᠠᠩᠬᠠᠷᠳᠠᠭ ᠶᠤᠮ᠂ ᠲᠡᠷᠡ ᠎ ᠨᠢ ᠭᠠᠳᠠᠭᠠᠳᠤ ᠨᠦᠬᠦᠴᠡᠯ ᠤᠨ ᠨᠦᠯᠤᠭᠡ ᠶᠢ ᠠᠮᠠᠷᠬᠠᠨ ᠬᠥᠷᠳᠡᠨ᠎ᠠ᠂ ᠭᠡᠤᠭᠡᠳ ᠦᠶ᠎ᠠ ᠳᠤ ᠨᠡᠩ ᠴᠦ ᠡᠶᠢᠮᠤ ᠪᠠᠶᠢᠳᠠᠭ᠃ ᠡᠨᠡ ᠬᠦ ᠰᠤᠳᠤᠯᠭᠠᠨ ᠳᠤ ᠰᠠᠭᠤᠷᠢᠯᠠᠨ᠂ ᠰᠢᠨᠵᠢᠯᠡᠬᠦ ᠤᠬᠠᠭᠠᠨᠳᠠᠨ ᠲᠤᠤᠷᠡᠬᠢ ᠮᠡᠳᠤ ᠳ᠋ᠦᠩᠨᠡᠯᠳᠡ ᠶᠢ ᠤᠯᠪᠠ᠂ ᠲᠤᠬᠠᠶᠢᠯᠠᠪᠠᠯ ᠨᠢᠯᠬ᠎ᠠ ᠭᠡᠤᠭᠡᠳ ᠪᠠᠶᠢᠬᠤ ᠦᠶ᠎ᠠ ᠳᠤ ᠲᠠᠪᠡᠷᠢᠵᠤ ᠲᠡᠮᠳᠡᠷᠢᠬᠦ ᠪᠠ ᠬᠠᠯᠠᠮᠵᠢᠯᠠᠨ ᠬᠠᠶᠢᠷᠠᠯᠠᠬᠤ ᠎ ᠨᠢ ᠬᠥᠢᠴᠡᠳ ᠪᠢᠰᠢ ᠪᠠᠶᠢᠪᠠᠯ᠂ ᠬᠡᠤᠭᠡᠳ‌‍ᠤᠨ ᠦᠩᠭᠡᠪᠴᠢ ᠤᠳᠤᠮᠰᠢᠯ ᠤᠨ ᠢᠯᠡᠳᠭᠡᠯᠳᠡ ᠨᠢ ᠬᠠᠷᠢᠴᠠᠩᠭᠤᠢ ᠪᠠᠷ ᠤᠳᠠᠭᠠᠨ ᠪᠤᠯᠬᠤ ᠪᠤᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号