ᠡᠪᠡᠳᠴᠢᠨ ᠦᠵᠡᠭᠦᠯᠬᠦ ᠎ ᠳᠡᠭᠡᠨ ᠶᠢᠰᠦᠨ ᠵᠦᠢᠯ ᠢ ᠴᠡᠭᠡᠷᠯᠡᠬᠦ ᠬᠡᠷᠡᠭᠲᠡᠢ
ᠨᠡᠶᠢᠲᠡᠯᠡᠭᠰᠡᠨ ᠴᠠᠭ᠄
2018-07-09
     1. ᠵᠠᠰᠠᠵᠤ ᠴᠢᠮᠡᠭᠯᠡᠬᠦ ᠦᠭᠡᠢ᠃ ᠰᠢᠡᠵᠢᠭᠡ ᠤᠨᠤᠰᠢᠯᠳᠠ ᠪᠤᠯ ᠡᠮᠴᠢ ᠶᠢᠨ ᠡᠪᠡᠳᠴᠢᠨ ᠤᠨᠤᠰᠢᠯᠠᠬᠤ ᠦᠨᠳᠤᠰᠤᠨ ᠠᠷᠭ᠎ᠠ ᠶᠢᠨ ᠨᠢᠭᠡ ᠮᠦᠨ᠃ ᠡᠪᠡᠳᠴᠢᠨ ᠦᠵᠡᠬᠦᠯᠬᠦ ᠠᠴᠠ ᠡᠮᠤᠨ᠎ᠠ ᠤ ᠲᠦᠷᠬᠢᠬᠦ᠂ ᠤᠷᠤᠭᠤᠯ ᠤᠨ ᠪᠤᠳᠤᠬ ᠲᠦᠷᠬᠢᠬᠦ᠂ ᠠᠨᠢᠰᠬᠠᠨ ᠵᠢᠷᠤᠭᠠᠰᠤ ᠲᠠᠳᠠᠬᠤ᠂ ᠬᠢᠮᠤᠰᠤ ᠪᠤᠳᠤᠬᠤ ᠵᠡᠷᠭᠡ ᠨᠢ ᠡᠪᠡᠳᠴᠢᠨ ᠤ ᠪᠠᠶᠢᠳᠠᠯ ᠢ ᠬᠠᠯᠬᠠᠯᠠᠵᠤ᠂ ᠡᠮᠴᠢ ᠶᠢᠨ  ᠡᠪᠡᠳᠴᠢᠳᠠᠨ ᠤ ᠠᠷᠠᠰᠤ ᠪᠠ ᠦᠡᠭᠭᠡ ᠵᠢᠰᠤ ᠶᠢ ᠰᠢᠨᠵᠢᠬᠦ ᠶᠢ ᠨᠦᠯᠤᠭᠡᠯᠡᠨ᠂ ᠡᠮᠴᠢ ᠳᠤ ᠡᠮᠴᠢᠯᠡᠭᠡᠨ ᠤ ᠤᠨᠤᠪᠴᠢ ᠦᠭᠡᠢ ᠮᠡᠳᠡᠭᠡ ᠵᠠᠩᠬᠢ ᠦᠭᠬᠦ ᠶᠢᠨ ᠤᠯᠠᠮ ᠠᠴᠠ ᠤᠨᠤᠰᠢᠯᠠᠬᠤ ᠶᠢ ᠨᠦᠯᠤᠭᠡᠯᠡᠬᠦ ᠴᠢᠨᠠᠭᠰᠢᠯᠠᠪᠠᠯ ᠪᠤᠷᠤᠭᠤ ᠮᠠᠭᠠᠳᠯᠠᠯᠳᠠ ᠬᠢᠯᠭᠡᠵᠤ ᠮᠡᠳᠡᠬᠦ ᠪᠤᠯᠬᠤᠷ ᠴᠡᠭᠡᠷᠯᠡᠬᠦ ᠬᠡᠷᠡᠭᠳᠠᠢ᠃      2. ᠬᠡᠯᠡᠨ ᠤ ᠦᠡᠭᠬᠦᠷ ᠤᠨ ᠦᠡᠭᠭᠡ ᠶᠢ ᠬᠤᠪᠢᠷᠠᠭᠤᠯᠬᠤ ᠢᠳᠡᠭᠡᠨ ᠪᠤᠶᠤ ᠡᠮ ᠢ ᠢᠳᠡᠬᠦ ᠦᠭᠡᠢ᠃ ᠬᠡᠯᠡ ᠪᠤᠯ ᠬᠢᠳᠡᠳ ᠡᠮᠨᠡᠯᠭᠡ ᠶᠢᠨ ᠲᠠᠪᠤᠨ ᠴᠤᠯᠤ ᠵᠢᠷᠭᠤᠭᠠᠨ ᠰᠡᠪᠡ ᠶᠢ ᠠᠵᠢᠭᠯᠠᠬᠤ ︽ᠲᠤᠯᠢ︾ ᠮᠦᠨ᠃ ᠬᠢᠳᠡᠳ ᠡᠮᠨᠡᠯᠭᠡ ᠳᠤ ᠬᠡᠯᠡ ᠰᠢᠨᠵᠢᠬᠦ ᠳᠡᠭᠡᠨ ᠭᠤᠤᠯᠳᠠᠭᠤ ᠬᠡᠯᠡᠨ ᠤ ᠦᠡᠭᠬᠦᠷ ᠪᠠ ᠭᠡᠯᠡᠨ ᠤ ᠪᠦᠬᠦ ᠪᠠᠶᠢᠳᠠᠯ ᠤᠨ ᠬᠤᠪᠢᠷᠠᠯᠳᠠ ᠶᠢ ᠰᠢᠨᠵᠢᠳᠡᠭ ᠪᠤᠯᠬᠤᠷ ᠢᠳᠡᠭᠡᠨ ᠪᠤᠶᠤ ᠡᠮ ᠤᠨ ᠬᠡᠯᠡᠨ ᠤ ᠦᠡᠭᠬᠦᠷ ᠤᠨ ᠦᠡᠭᠭᠡ ᠶᠢ ᠬᠤᠪᠢᠷᠠᠭᠤᠯᠵᠤ ᠬᠠᠭᠤᠷᠮᠠᠬ ᠦᠵᠡᠭᠳᠡᠯ ᠭᠠᠷᠭᠠᠬᠤ ᠠᠴᠠ ᠰᠡᠷᠭᠡᠶᠢᠯᠡᠬᠦ ᠬᠡᠷᠡᠭᠳᠠᠢ᠃ ᠡᠶᠢᠮᠤ ᠠᠴᠠ ᠡᠪᠡᠳᠴᠢᠨ ᠦᠵᠡᠬᠦᠯᠬᠦ ᠠᠴᠠ ᠡᠮᠤᠨ᠎ᠠ ᠲᠤᠤᠷᠡᠬᠢ ᠬᠡᠳᠤᠨ ᠵᠦᠢᠯ ᠤᠨ ᠢᠳᠡᠭᠡᠨ ᠢ ᠢᠳᠡᠬᠦ ᠦᠭᠡᠢ ᠪᠠᠶᠢᠪᠠᠯ ᠵᠤᠬᠢᠨ᠎ᠠ᠄ ᠬᠡᠯᠡᠨ ᠤ ᠦᠡᠭᠬᠦᠷ ᠢ ᠴᠠᠶᠢᠷᠠᠭᠤᠯᠬᠤ ᠦᠨᠢᠶᠡᠨ ᠰᠦ ᠪᠠ ᠬᠠᠳᠠᠭᠤ ᠵᠢᠮᠢᠰ︔ ᠬᠡᠯᠡᠨ ᠤ ᠦᠡᠭᠬᠦᠷ ᠢ ᠬᠠᠷᠠᠯᠠᠭᠤᠯᠬᠤ ᠶᠠᠨᠵᠤ ᠬᠥᠢᠯᠡᠰᠤ᠂ ᠬᠠᠷ ᠬᠥᠢᠯᠡᠰᠤ᠂ ᠴᠤᠺᠦᠯᠡᠳ᠋᠂ ᠺᠤᠹᠧ ᠵᠡᠷᠭᠡ︔ ᠬᠡᠯᠡᠨ ᠤ ᠦᠡᠭᠬᠦᠷ ᠢ ᠰᠢᠷᠠᠯᠠᠭᠤᠯᠬᠤ ᠵᠦᠷᠵᠢ᠂ ᠠᠮᠳᠠᠳᠤ ᠲᠦᠮᠤᠰᠤ ᠵᠡᠷᠭᠡ᠃ ᠬᠡᠳᠤᠷᠭᠡᠢ ᠬᠠᠯᠠᠭᠤᠨ ᠤᠰᠤ ᠪᠠ ᠭᠤᠱᠤᠭᠤᠨ ᠢᠳᠡᠭᠡᠨ ᠨᠢ ᠬᠡᠯᠡᠨ ᠤ ᠦᠡᠭᠬᠦᠷ ᠢ ᠤᠯᠠᠭᠠᠪᠳᠤᠷ ᠪᠤᠯᠭᠠᠬᠤ ᠲᠤᠯᠠ ᠮᠦᠨ ᠬᠢᠴᠢᠶᠡᠬᠦ ᠬᠡᠷᠡᠭᠳᠠᠢ᠃      3. ᠦᠨᠤᠷᠳᠤ ᠤᠰᠤ ᠲᠦᠷᠬᠢᠬᠦ ᠦᠭᠡᠢ᠃ ᠦᠨᠤᠷᠯᠡᠬᠦ ᠪᠤᠯ ᠬᠢᠳᠡᠳ ᠡᠮᠨᠡᠯᠭᠡ ᠶᠢᠨ ᠦᠨᠤᠷᠯᠡᠨ ᠤᠨᠤᠰᠢᠯᠠᠬᠤ ᠶᠢᠨ ᠴᠢᠬᠤᠯᠠ ᠠᠭᠤᠯᠭ᠎ᠠ ᠮᠦᠨ᠃ ᠬᠥᠮᠤᠨ ᠤ ᠪᠡᠶ᠎ᠠ ᠶᠢᠨ ᠦᠨᠤᠷ ᠪᠤᠯ ᠴᠦᠮ ᠴᠤᠯᠤ ᠰᠠᠪᠠ ᠶᠢᠨ ᠹᠢᠽᠢᠤᠯᠤᠬᠢ ᠶᠢᠨ ᠬᠤᠪᠢᠷᠠᠯᠳᠠ ᠪᠤᠶᠤ ᠡᠪᠡᠳᠴᠢᠨ ᠤ ᠵᠦᠢ ᠶᠢᠨ ᠬᠤᠪᠢᠷᠠᠯᠳᠠ ᠶᠢᠨ ᠶᠠᠪᠤᠴᠠ ᠳᠤ ᠪᠤᠢ ᠪᠤᠯᠤᠭᠰᠠᠨ ᠪᠠᠶᠢᠳᠠᠬ᠂ ᠵᠠᠷᠢᠮ ᠦᠶ᠎ᠠ ᠳᠤ ᠡᠪᠡᠳᠴᠢᠳᠠᠨ ᠤ ᠪᠡᠶ᠎ᠠ ᠠᠴᠠ ᠭᠠᠷᠬᠤ ᠦᠨᠤᠷ ᠢᠶᠠᠷ ᠡᠪᠡᠳᠴᠢᠨ ᠡᠮᠭᠡᠭ ᠢ ᠮᠠᠭᠠᠳᠯᠠᠵᠤ ᠪᠤᠯᠤᠨ᠎ᠠ᠃ ᠦᠨᠤᠷᠳᠤ ᠤᠰᠤ ᠪᠤᠶᠤ ᠦᠳᠭᠡᠨ ᠦᠨᠤᠷ ᠲᠠᠢ ᠠᠷᠠᠰᠤ ᠠᠷᠠᠴᠢᠯᠠᠬᠤ ᠡᠳ᠋ ᠵᠡᠷᠭᠡ ᠶᠢ ᠬᠡᠷᠡᠭᠯᠡᠪᠡᠯ ᠡᠪᠡᠳᠴᠢᠳᠠᠨ ᠤ ᠪᠡᠶ᠎ᠠ ᠶᠢᠨ ᠦᠨᠤᠷ ᠢ ᠲᠠᠷᠤᠵᠤ ᠤᠨᠤᠰᠢᠯᠠᠯᠳᠠ ᠶᠢ ᠨᠦᠯᠤᠭᠡᠯᠡᠳᠡᠭ᠃ ᠡᠬᠦᠨ ᠠᠴᠠ ᠭᠠᠳᠠᠨ᠎ᠠ᠂ ᠡᠪᠡᠳᠴᠢᠳᠠᠨ ᠡᠪᠡᠳᠴᠢᠨ ᠢᠶᠠᠨ ᠦᠵᠡᠬᠦᠯᠬᠦ ᠠᠴᠠ ᠡᠮᠤᠨ᠎ᠠ ᠰᠠᠷᠢᠮᠰᠤᠬ ᠵᠡᠷᠭᠡ ᠦᠳᠭᠡᠨ ᠦᠨᠤᠷ ᠲᠠᠢ ᠢᠳᠡᠭᠡᠨ ᠢ ᠢᠳᠡᠬᠦ ᠦᠭᠡᠢ ᠪᠠᠶᠢᠪᠠᠯ ᠵᠤᠬᠢᠨ᠎ᠠ᠃      4. ᠰᠢᠷᠤᠬᠦᠨ ᠬᠥᠳᠡᠯᠭᠡᠭᠡᠨ ᠬᠢᠬᠦ ᠦᠭᠡᠢ᠃ ᠰᠤᠳᠡᠯ ᠤᠨ ᠤᠨᠤᠰᠢᠯᠠᠯᠳᠠ ᠪᠤᠯ ᠬᠢᠳᠡᠳ ᠡᠮᠨᠡᠯᠭᠡ ᠶᠢᠨ ᠡᠪᠡᠳᠴᠢᠨ ᠤᠨᠤᠰᠢᠯᠠᠬᠤ ᠴᠢᠬᠤᠯᠠ ᠠᠷᠭ᠎ᠠ ᠪᠠᠷᠢᠯ ᠮᠦᠨ᠂ ᠬᠢᠳᠡᠳ ᠡᠮᠨᠡᠯᠭᠡ ᠳᠤ ᠭᠤᠤᠯᠳᠠᠭᠤ ᠰᠤᠳᠡᠯ ᠪᠠᠷᠢᠵᠤ ᠰᠤᠳᠡᠯ ᠤᠨ ᠪᠠᠶᠢᠳᠠᠯ ᠬᠤᠪᠢᠷᠠᠯᠳᠠ ᠶᠢ ᠦᠨᠳᠤᠰᠤᠯᠡᠨ ᠤᠨᠤᠰᠢᠯᠠᠳᠠᠬ᠃ ᠰᠤᠳᠠᠯ ᠤᠨ ᠪᠠᠶᠢᠳᠠᠯ ᠨᠢ ᠴᠤᠯᠤ ᠰᠠᠪᠠ ᠴᠢᠰᠤ ᠬᠡᠢ ᠶᠢᠨ ᠰᠠᠶᠢᠨ ᠮᠠᠭᠤ ᠲᠠᠢ ᠨᠢᠬᠳᠠ ᠬᠤᠯᠪᠤᠭ᠎ᠠ ᠲᠠᠢ᠃ ᠬᠡᠳᠤᠷᠭᠡᠢ ᠬᠦᠭᠰᠡᠬᠦ ᠵᠢᠴᠢ ᠰᠢᠷᠤᠬᠦᠨ ᠬᠥᠳᠡᠯᠭᠡᠭᠡᠨ ᠬᠢᠪᠠᠯ ᠴᠦᠮ ᠰᠤᠳᠡᠯ ᠤᠨ ᠯᠤᠬᠰᠢᠯᠳᠠ ᠶᠢ ᠲᠦᠷᠭᠡᠨ ᠪᠦᠭᠡᠳ ᠬᠦᠴᠤᠳᠠᠢ ᠪᠤᠯᠭᠠᠵᠤ᠂ ᠰᠤᠳᠡᠯ ᠤᠨ ᠦᠨᠡᠨ ᠪᠠᠶᠢᠳᠠᠯ ᠢ ᠠᠮᠠᠷᠬᠠᠨ ᠬᠠᠯᠬᠠᠯᠠᠳᠠᠬ ᠶᠤᠮ᠃ ᠡᠶᠢᠮᠤ ᠠᠴᠠ ᠡᠪᠡᠳᠴᠢᠳᠠᠨ ᠡᠪᠡᠳᠴᠢᠨ ᠦᠵᠡᠬᠦᠯᠬᠦ ᠠᠴᠠ ᠡᠮᠤᠨ᠎ᠠ ᠰᠢᠷᠤᠬᠦᠨ ᠬᠥᠳᠡᠯᠭᠡᠭᠡᠨ ᠬᠢᠬᠦ ᠦᠭᠡᠢ ᠪᠤᠶᠤ ᠬᠡᠳᠤᠷᠭᠡᠢ ᠬᠥᠭᠰᠡᠬᠦ ᠦᠭᠡᠢ ᠪᠠᠶᠢᠪᠠᠯ ᠵᠤᠬᠢᠨ᠎ᠠ᠂ ᠰᠠᠶ᠋ᠢ ᠬᠥᠳᠡᠯᠭᠡᠭᠡᠨ ᠬᠢᠵᠤ ᠪᠠᠷᠠᠭᠰᠠᠨ ᠪᠤᠶᠤ ᠠᠰᠠᠷ ᠤᠨ ᠱᠠᠳᠤ ᠮᠠᠴᠤᠭᠰᠠᠨ ᠪᠠᠶᠢᠪᠠᠯ ᠵᠢᠭᠠᠬᠠᠨ ᠠᠮᠤᠰᠬᠢᠵᠤ ᠠᠪᠤᠭᠠᠳ ᠰᠤᠳᠡᠯ ᠤᠨ ᠯᠤᠬᠰᠢᠯᠳᠠ ᠲᠤᠬᠳᠠᠭᠤᠨ ᠪᠤᠯᠤᠭᠰᠠᠨ ᠤ ᠲᠠᠷᠠᠭ᠎ᠠ ᠡᠮᠴᠢ ᠪᠠᠷ ᠰᠤᠳᠡᠯ ᠪᠠᠷᠢᠭᠤᠯᠪᠠᠯ ᠵᠤᠬᠢᠨ᠎ᠠ᠃      5. ᠪᠡᠶ᠎ᠠ ᠪᠠᠷᠢᠬᠰᠠᠨ ᠬᠤᠪᠴᠡᠰᠤ ᠡᠮᠤᠰᠬᠦ ᠦᠭᠡᠢ᠃ ᠪᠡᠶ᠎ᠠ ᠶᠢᠨ ᠪᠠᠶᠢᠴᠠᠭᠠᠯᠳᠠ ᠬᠢᠬᠦ ᠪᠤᠯ ᠡᠮᠴᠢ ᠶᠢᠨ ᠡᠪᠡᠳᠴᠢᠨ ᠦᠵᠡᠬᠦ ᠦᠶ᠎ᠠ ᠶᠢᠨ ᠮᠠᠰᠢ ᠴᠢᠬᠤᠯᠠ ᠪᠠᠶᠢᠴᠠᠭᠠᠨ ᠤᠨᠤᠰᠢᠯᠠᠬᠤ ᠭᠤᠭᠴᠤᠭ᠎ᠠ ᠮᠦᠨ᠂ ᠪᠡᠶ᠎ᠠ ᠶᠢᠨ ᠨᠠᠷᠢᠨ ᠪᠠᠶᠢᠴᠠᠭᠠᠯᠳᠠ ᠨᠢ ᠡᠮᠴᠢ ᠶᠢᠨ ᠡᠪᠡᠳᠴᠢᠨ ᠤ ᠪᠠᠶᠢᠳᠠᠯ ᠢ ᠤᠨᠤᠪᠴᠢᠳᠠᠢ ᠦᠢᠯᠠᠭᠠᠬᠤ᠂ ᠡᠪᠡᠳᠴᠢᠨ ᠢ ᠵᠦᠪ ᠢᠶᠠᠷ ᠤᠨᠤᠰᠢᠯᠠᠬᠤ ᠳᠤ ᠴᠢᠬᠤᠯᠠ ᠦᠢᠯᠡᠳᠤᠯ ᠦᠵᠡᠬᠦᠯᠳᠡᠭ᠃ ᠬᠡᠷᠪᠡ ᠬᠡᠳᠤᠷᠭᠡᠢ ᠪᠡᠶ᠎ᠠ ᠪᠠᠷᠢᠬᠰᠠᠨ ᠬᠤᠪᠴᠠᠰᠤ ᠡᠮᠤᠰᠪᠠᠯ ᠵᠠᠷᠢᠮ ᠹᠢᠽᠢᠤᠯᠤᠬᠢ ᠶᠢᠨ ᠦᠢᠯᠳᠡ ᠪᠠ ᠡᠪᠡᠳᠴᠢᠨ ᠤ ᠵᠦᠢ ᠶᠢᠨ ᠦᠢᠯᠳᠡ ᠶᠢ ᠬᠠᠯᠬᠠᠯᠠᠵᠤ᠂ ᠡᠮᠴᠢ ᠶᠢᠨ ᠮᠠᠭᠠᠳᠯᠠᠯᠳᠠ ᠭᠠᠷᠭᠠᠬᠤ ᠳᠤ ᠠᠰᠢᠬ ᠦᠭᠡᠢ ᠪᠠᠶᠢᠳᠠᠭ  ᠃ ᠡᠶᠢᠮᠤ ᠠᠴᠠ᠂ ᠡᠮᠴᠢ ᠶᠢᠨ ᠬᠤᠯᠪᠤᠬᠳᠠᠯ ᠪᠦᠬᠦᠢ ᠪᠠᠶᠢᠴᠠᠭᠠᠯᠳᠠ ᠬᠢᠬᠦ ᠳᠤ ᠲᠦᠬᠦᠮ ᠪᠠᠶᠢᠯᠭᠠᠬᠤ ᠶᠢᠨ ᠲᠤᠯᠠᠳᠠ᠂ ᠡᠪᠡᠳᠴᠢᠳᠠᠨ ᠡᠪᠡᠳᠴᠢᠨ ᠦᠵᠡᠬᠦᠯᠬᠦ ᠳᠡᠭᠡᠨ ᠠᠭᠤᠵᠢᠭᠤ ᠡᠯᠪᠡᠭ ᠬᠤᠪᠴᠠᠰᠤ ᠡᠮᠤᠰᠪᠠᠯ ᠵᠤᠬᠢᠨ᠎ᠠ᠃      6. ᠡᠪᠡᠳᠴᠢᠨ ᠤ ᠪᠠᠶᠢᠳᠠᠯ ᠢᠶᠠᠨ ᠨᠢᠭᠤᠬᠤ ᠦᠭᠡᠢ᠃ ᠠᠰᠠᠭᠤᠬᠤ ᠰᠢᠨᠵᠢᠯᠡᠭᠡ ᠪᠤᠯ ᠡᠮᠴᠢ ᠶᠢᠨ ᠡᠪᠡᠳᠴᠢᠨ ᠤᠨᠤᠰᠢᠯᠠᠬᠤ ᠦᠶ᠎ᠠ ᠳᠤ ᠪᠤᠷᠤ ᠮᠠᠲ᠋ᠧᠷᠢᠶᠠᠯ ᠤᠯᠬᠤ ᠴᠢᠬᠤᠯᠠ ᠠᠷᠭ᠎ᠠ ᠮᠦᠨ ᠪᠤᠯᠬᠤᠷ ᠡᠪᠡᠳᠴᠢᠳᠠᠨ ᠵᠠᠪᠠᠯ ᠡᠪᠡᠳᠴᠢᠨ ᠤ ᠪᠠᠶᠢᠳᠠᠯ ᠢᠶᠠᠨ ᠡᠮᠴᠢ ᠳᠤ ᠦᠨᠡᠨ ᠮᠦᠨ ᠢᠶᠠᠷ ᠨᠢ ᠨᠠᠷᠢᠨ ᠨᠢᠮᠪᠠᠢ ᠲᠠᠨᠢᠯᠴᠠᠭᠤᠯᠬᠤ ᠪᠦᠭᠡᠳ ᠡᠮᠴᠢ ᠶᠢᠨ ᠠᠰᠠᠭᠤᠬᠰᠠᠨ ᠵᠦᠢᠯ ᠢ ᠲᠤᠳᠤᠷᠬᠠᠢ ᠬᠠᠷᠢᠭᠤᠯᠬᠤ ᠬᠡᠷᠡᠭᠳᠠᠢ᠂ ᠶᠠᠭᠠᠬᠢᠬᠰᠠᠨ ᠴᠤ ᠡᠪᠡᠳᠴᠢᠨ ᠤ ᠪᠠᠶᠢᠳᠠᠯ ᠢᠶᠠᠨ ᠨᠢᠭᠤᠵᠤ ᠪᠤᠯᠬᠤ ᠦᠭᠡᠢ᠃ ᠡᠮᠴᠢ ᠶᠢᠨ ᠠᠳᠡᠬᠦᠤ ᠤᠨᠤᠰᠢᠯᠠᠵᠤ ᠭᠡᠭᠡᠭᠳᠡᠬᠦᠯᠤᠨ ᠤᠨᠤᠰᠢᠯᠠᠬᠤ ᠶᠢᠨ ᠤᠯᠠᠮ ᠠᠴᠠ ᠡᠪᠡᠳᠴᠢᠨ ᠤ ᠪᠠᠶᠢᠳᠠᠯ ᠢ ᠰᠠᠭᠠᠳᠠᠭᠠᠬᠤ ᠠᠴᠠ ᠵᠠᠶᠢᠯᠠᠰᠬᠢᠬᠦ ᠶᠢᠨ ᠲᠤᠯᠠᠳᠠ᠂ ᠢᠯᠠᠩᠭᠤᠶ᠎ᠠ ᠡᠪᠡᠳᠴᠢᠨ ᠡᠮᠭᠡᠭ ᠤᠨ ᠤᠨᠤᠰᠢᠯᠠᠯᠳᠠ ᠶᠢ ᠨᠦᠯᠤᠭᠡᠯᠡᠵᠤ ᠮᠡᠳᠡᠬᠦ ᠲᠤᠰ ᠡᠪᠡᠳᠴᠢᠨ ᠲᠠᠢ ᠬᠤᠯᠪᠤᠬᠳᠠᠬᠤ ᠠᠰᠠᠭᠤᠳᠠᠯ ᠢ ᠬᠠᠷᠢᠭᠤᠯᠬᠤ ᠳᠠᠭᠠᠨ ᠵᠠᠪᠠᠯ ᠦᠨᠡᠨ ᠦᠭᠡ ᠭᠡᠯᠡᠬᠦ ᠬᠡᠷᠡᠭᠳᠠᠢ᠃      7. ᠡᠮᠴᠢ ᠪᠠᠨ ᠪᠠᠶᠢᠨ ᠲᠠᠬᠢᠨ ᠰᠤᠯᠢᠬᠤ ᠦᠭᠡᠢ᠃ ᠮᠠᠰᠢ ᠤᠯᠠᠨ ᠤᠳᠠᠭᠠᠨ ᠴᠢᠨᠠᠷᠳᠠᠢ ᠡᠪᠡᠳᠴᠢᠨ ᠤ ᠵᠠᠰᠠᠯᠭ᠎ᠠ ᠳᠤ ᠦᠢᠯᠡᠳᠤᠯ ᠨᠢ ᠵᠤᠬᠢᠬᠤ ᠬᠤᠭᠤᠴᠠᠭ᠎ᠠ ᠦᠡᠭᠭᠡᠷᠡᠪᠡᠯ ᠰᠠᠶ᠋ᠢ ᠢᠯᠡᠷᠡᠨ ᠭᠠᠷᠬᠤ ᠪᠦᠭᠡᠳ ᠡᠮᠨᠡᠬᠦ ᠬᠤᠭᠤᠴᠠᠭ᠎ᠠ ᠨᠢ ᠬᠠᠷᠢᠴᠠᠩᠭᠤᠢ ᠪᠠᠷ ᠤᠷᠳᠤ ᠪᠠᠶᠢᠳᠠᠬ᠃ ᠡᠶᠢᠮᠤ ᠠᠴᠠ ᠬᠡᠳᠤᠨ ᠵᠦᠢᠯ ᠤᠨ ᠡᠮ ᠤᠨ ᠦᠢᠯᠡᠳᠤᠯ ᠨᠢ ᠢᠯᠡᠷᠭᠡᠢ ᠪᠢᠰᠢ ᠪᠠᠶᠢᠪᠠᠯ ᠲᠡᠷᠠ ᠲᠠᠷᠤᠢ ᠡᠮᠴᠢ ᠪᠠᠨ ᠰᠤᠯᠢᠵᠤ ᠪᠤᠯᠬᠤ ᠦᠭᠡᠢ᠃ ᠡᠬᠦᠨ ᠠᠴᠠ ᠭᠠᠳᠠᠨ᠎ᠠ᠂ ᠡᠮᠴᠢ ᠠᠴᠠ ᠡᠪᠡᠳᠴᠢᠳᠠᠨ ᠤ ᠡᠪᠡᠳᠴᠢᠨ ᠤ ᠪᠠᠶᠢᠳᠠᠯ ᠢ ᠪᠦᠬᠦ ᠲᠠᠯ᠎ᠠ ᠪᠠᠷ ᠤᠨᠤᠪᠴᠢᠳᠠᠢ ᠦᠢᠯᠠᠭᠠᠬᠤ ᠳᠤ ᠪᠠᠰᠠ ᠵᠤᠬᠢᠬᠤ ᠶᠠᠪᠤᠴᠠ ᠬᠡᠷᠡᠭᠰᠡᠨ᠎ᠠ᠂ ᠬᠠᠷᠢᠨ ᠡᠮᠴᠢ ᠪᠤᠯᠭᠠᠨ ᠡᠪᠡᠳᠴᠢᠳᠠᠨ ᠤ ᠡᠪᠡᠳᠴᠢᠨ ᠤ ᠪᠠᠶᠢᠳᠠᠯ ᠢ 5 — 6 ᠮᠢᠨᠦ᠋ᠲ ᠤᠨ ᠲᠤᠳᠤᠷ᠎ᠠ ᠪᠦᠷᠢᠮᠤᠰᠤᠨ ᠦᠢᠯᠠᠭᠠᠴᠢᠬᠠᠬᠤ ᠪᠢᠰᠢ ᠶᠤᠮ᠃ ᠡᠮᠴᠢ ᠪᠠᠨ ᠪᠠᠶᠢᠨ ᠲᠠᠬᠢᠨ ᠰᠤᠯᠢᠬᠤ ᠨᠢ ᠡᠮᠴᠢᠯᠡᠭᠡᠨ ᠤ ᠲᠠᠪᠬᠤᠷᠳᠠᠯ ᠪᠠ ᠰᠠᠭᠠᠳᠠᠭᠠᠯ ᠢ ᠪᠤᠢ ᠪᠤᠯᠭᠠᠬᠤ ᠯᠡ ᠲᠡᠳᠤᠢ ᠶᠤᠮ᠃      8. ᠲᠤᠷ᠎ᠠ ᠪᠠᠷ ᠢᠶᠠᠨ ᠡᠮ ᠬᠡᠷᠡᠭᠯᠡᠬᠦ ᠦᠭᠡᠢ᠃ ᠡᠪᠡᠳᠴᠢᠨ ᠡᠮᠭᠡᠭ ᠢ ᠤᠨᠤᠰᠢᠯᠠᠨ ᠵᠠᠰᠠᠬᠤ ᠶᠠᠪᠤᠴᠠ ᠳᠤ᠂ ᠡᠮᠴᠢ ᠠᠴᠠ ᠡᠪᠡᠳᠴᠢᠳᠠᠨ ᠤ ᠪᠤᠳᠠᠭᠠᠯᠢ ᠪᠡᠶ᠎ᠠ ᠶᠢᠨ ᠵᠦᠷᠢᠶ᠎ᠠ ᠶᠢ ᠮᠠᠰᠢ ᠴᠢᠬᠤᠯᠠᠴᠢᠯᠠᠳᠠᠭ᠂ ᠡᠪᠡᠳᠴᠢᠯᠡᠭᠰᠡᠨ ᠰᠢᠯᠳᠠᠭᠠᠨ᠂ ᠴᠠᠭ᠂ ᠭᠠᠵᠠᠷ᠂ ᠡᠪᠡᠳᠴᠢᠨ ᠤ ᠢᠯᠡᠷᠡᠯ ᠵᠡᠷᠭᠡ ᠶᠢᠨ ᠠᠳᠠᠯᠢ ᠪᠤᠰᠤ ᠠᠴᠠ ᠪᠤᠯᠵᠤ ᠡᠮᠨᠡᠨ ᠵᠠᠰᠠᠬᠤ ᠠᠷᠭ᠎ᠠ ᠪᠠ ᠡᠮ ᠨᠢ ᠴᠤ ᠠᠳᠠᠯᠢ ᠦᠭᠡᠢ ᠪᠠᠶᠢᠳᠠᠬ᠃ ᠵᠠᠷᠢᠮ ᠬᠥᠮᠤᠨ ᠡᠮ ᠤᠤᠭᠤᠭᠠᠳ ᠡᠪᠡᠳᠴᠢᠨ ᠨᠢ ᠰᠠᠶᠢᠨ ᠪᠤᠯᠪᠠᠯ ᠲᠠᠷᠠᠭ᠎ᠠ ᠤᠳᠠᠭ᠎ᠠ ᠠᠳᠠᠯᠢᠪᠳᠤᠷ ᠡᠪᠡᠳᠴᠢᠨ ᠳᠤ ᠬᠡᠷᠡᠭᠯᠡᠬᠦ ᠶᠢᠨ ᠲᠦᠬᠦᠮ ᠢ ᠪᠤᠳᠤᠵᠤ ᠡᠮ ᠤᠨ ᠨᠠᠷ᠎ᠠ ᠪᠤᠶᠤ ᠵᠤᠷ ᠢ ᠨᠢ ᠲᠡᠮᠳᠡᠭᠯᠡᠨ ᠠᠪᠳᠠᠭ︔ ᠡᠰᠡᠬᠦᠯ᠎ᠠ ᠪᠤᠰᠤᠳ ᠤᠨ ᠡᠪᠡᠳᠴᠢᠨ ᠤ ᠢᠯᠡᠷᠡᠯ ᠨᠢ ᠦᠪᠡᠷ ᠤᠨ ᠡᠪᠡᠳᠴᠢᠨ ᠤ ᠢᠯᠡᠷᠡᠯ ᠲᠠᠢ ᠠᠳᠠᠯᠢᠪᠳᠤᠷ ᠪᠠᠶᠢᠪᠠᠯ᠂ ᠪᠤᠰᠤᠳ ᠤᠨ ᠵᠤᠷ ᠢᠶᠠᠷ ᠡᠮ ᠠᠪᠴᠤ ᠤᠤᠭᠤᠳᠠᠬ᠃ ᠢᠡᠭᠬᠢᠵᠤ ᠬᠢᠬᠦ ᠨᠢ ᠴᠦᠮ ᠪᠤᠷᠤᠭᠤ ᠶᠤᠮ᠂ ᠴᠢᠨᠠᠭᠰᠢᠯᠠᠪᠠᠯ ᠮᠠᠰᠢ ᠠᠶᠤᠯᠳᠠᠢ ᠪᠠᠶᠢᠳᠠᠬ᠃      9. ᠡᠪᠡᠳᠴᠢᠨ ᠤ ᠲᠡᠩᠰᠠ ᠮᠠᠲ᠋ᠧᠷᠢᠶᠠᠯ ᠢᠶᠠᠨ ᠠᠪᠴᠤ ᠤᠴᠢᠬᠤ ᠪᠠᠨ ᠪᠢᠳᠡᠭᠡᠢ ᠮᠠᠷᠳᠠᠭᠠᠷᠠᠢ᠃ ᠡᠪᠡᠳᠴᠢᠨ ᠦᠵᠡᠬᠦᠯᠬᠦ ᠪᠤᠯᠭᠠᠨ ᠡᠮᠴᠢ ᠴᠦᠮ ᠡᠪᠡᠳᠴᠢᠨ ᠡᠮᠭᠡᠭ ᠤᠨ ᠲᠤᠬᠠᠢ ᠤᠨᠤᠰᠢᠯᠠᠬᠰᠠᠨ ᠪᠠ ᠰᠢᠢᠳᠪᠤᠷᠢᠯᠡᠭᠰᠡᠨ ᠰᠠᠨᠠᠯ ᠭᠠᠷᠭᠠᠳᠠᠭ᠂ ᠡᠬᠦᠨ ᠠᠴᠠ ᠭᠠᠳᠠᠨ᠎ᠠ ᠪᠠᠰᠠ ᠪᠠᠶᠢᠴᠠᠭᠠᠯᠳᠠ ᠪᠠ ᠬᠢᠮᠢ ᠶᠢᠨ ᠵᠠᠳᠠᠯᠤᠯᠳᠡ ᠶᠢᠨ ᠦᠷ᠎ᠠ ᠳ᠋ᠦᠩ ᠪᠠᠶᠢᠳᠠᠬ᠃ ᠡᠳᠡᠭᠡᠷ ᠮᠠᠲ᠋ᠧᠷᠢᠶᠠᠯ ᠨᠢ ᠴᠦᠮ ᠮᠠᠰᠢ ᠴᠢᠬᠤᠯᠠ ᠪᠠᠶᠢᠵᠤ᠂ ᠡᠮᠴᠢ ᠶᠢᠨ ᠲᠠᠷᠠᠭ᠎ᠠ ᠤᠳᠠᠭ᠎ᠠ ᠡᠪᠡᠳᠴᠢᠨ ᠦᠵᠡᠬᠦ ᠳᠤᠨᠢ ᠯᠠᠪᠯᠠᠯᠳᠠ ᠪᠤᠯᠳᠠᠬ᠃ ᠡᠶᠢᠮᠤ ᠠᠴᠠ ᠡᠪᠡᠳᠴᠢᠨ ᠦᠵᠡᠬᠦᠯᠬᠦ ᠪᠦᠷᠢ ᠪᠠᠶᠢᠳᠠᠭ ᠡᠪᠡᠳᠴᠢᠨ ᠤ ᠲᠡᠩᠰᠠ ᠮᠠᠲ᠋ᠧᠷᠢᠶᠠᠯ ᠢᠯᠠᠩᠭᠤᠶ᠎ᠠ ᠴᠢᠬᠤᠯᠠ ᠪᠠᠶᠢᠴᠠᠭᠠᠯᠳᠠ ᠶᠢᠨ ᠦᠷ᠎ᠠ ᠳ᠋ᠦᠩ ᠢᠶᠠᠨ ᠠᠪᠴᠤ ᠤᠴᠢᠬᠤ ᠡᠪᠡᠳᠴᠢᠳᠡᠨ ᠳᠤ ᠰᠠᠨᠠᠭᠤᠯᠤᠶ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号