ᠲᠤᠮᠳᠠᠳᠤᠴᠤᠳ ᠤᠨ ᠲᠠᠪᠤᠰᠤ ᠡᠳ᠋ᠯᠡᠬᠦ ᠬᠡᠮᠵᠢᠶ᠎ᠡ ᠪᠠᠷᠢᠮᠵᠢᠶ᠎ᠠ ᠠᠴᠠ 75%᠎ ᠪᠠᠷ ᠲᠠᠪᠠᠵᠤ ᠪᠠᠶᠢᠨ᠎ᠠ᠂ ᠲᠠ ᠲᠠᠪᠤᠰᠤ ᠬᠢᠷᠢ ᠵᠡᠷᠭᠡ ᠡᠳ᠋ᠯᠡᠳᠡᠭ ᠪᠤᠢ︖
ᠨᠡᠶᠢᠲᠡᠯᠡᠭᠰᠡᠨ ᠴᠠᠭ᠄
2018-07-09
       ᠲᠤᠮᠳᠠᠳᠤ ᠤᠯᠤᠰ ᠤᠨ ᠰᠤᠨᠢᠨ ᠮᠡᠳᠡᠭᠡᠨ ᠤ ᠰᠦᠯᠵᠢᠶ᠎ᠡ ᠶᠢᠨ ᠪᠡᠭᠡᠵᠢᠩ ᠤᠨ 4 ᠰᠠᠷ᠎ᠠ ᠶᠢᠨ 20  ᠎ ᠤ  ᠡᠳᠤᠷ  ᠎ ᠤᠨ ᠮᠡᠳᠡᠭᠡ ︵ᠰᠤᠷᠪᠤᠯᠵᠢᠯᠠᠬᠴᠢ ᠴᠢᠦ ᠢᠤᠢ︶ ᠮᠠᠲ᠋ᠧᠷᠢᠶᠠᠯ ᠠᠴᠠ ᠦᠵᠡᠪᠡᠯ᠂ ᠲᠤᠮᠳᠠᠳᠤᠴᠤᠳ ᠲᠠᠪᠤᠰᠤ ᠶᠢ ᠬᠡᠳᠤ ᠶᠡᠭᠡ  ᠡᠳ᠋ᠯᠡᠵᠤ ᠪᠠᠶᠢᠨ᠎ᠠ︕ ᠤᠳᠤᠬᠠᠨ ᠳᠤ ᠮᠠᠨ ᠤ ᠤᠯᠤᠰ ᠤᠨ ᠨᠠᠰᠤᠨ ᠳᠤ ᠬᠦᠷᠦᠭᠰᠡᠳ ᠤᠨ ᠡᠳᠤᠷ ᠪᠦᠷᠢ ᠶᠢᠨ ᠲᠠᠪᠤᠰᠤ  ᠡᠳ᠋ᠯᠡᠬᠦ ᠬᠡᠮᠵᠢᠶ᠎ᠡ 10.5 ᠭᠷᠠᠮ ᠬᠦᠷᠴᠦ᠂ ︽ᠲᠤᠮᠳᠠᠳᠤ ᠤᠯᠤᠰ ‍ᠤᠨ‌‍ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ  ᠵᠢᠭᠠᠯᠲᠠ 2016︾᠎ ᠳᠤ ᠰᠠᠨᠠᠭᠤᠯᠤᠭᠰᠠᠨ 6 ᠭᠷᠠᠮ ᠠᠴᠠ ᠪᠠᠭ᠎ᠠ ᠪᠠᠶᠢᠬᠤ ᠪᠠᠷᠢᠮᠵᠢᠶ᠎ᠠ ᠎ ᠠᠴᠠ ᠬᠤᠯᠠ ᠲᠠᠪᠠᠭᠰᠠᠨ ᠪᠠᠶᠢᠨ᠎ᠠ᠃                      ᠲᠠᠪᠤᠰᠤ ᠪᠠᠭ᠎ᠠ ᠢᠳᠡᠬᠦ ᠶᠢ ᠶᠠᠷᠢᠬᠤ ᠠᠴᠠ ᠡᠮᠦᠨ᠎ᠡ ᠬᠦᠮᠦᠨ ᠶᠠᠭᠤᠨ ᠳᠤ ᠵᠠᠪᠠᠯ ᠲᠠᠪᠤᠰᠤ ᠢᠳᠡᠳᠡᠭ ᠲᠤᠬᠠᠢ  ᠤᠶᠢᠯᠠᠭᠠᠶ᠎ᠠ᠃ ᠲᠠᠪᠤᠰᠤ ᠪᠤᠯ ᠠᠮᠳᠠᠲᠠᠨ ᠤ ᠤᠬᠢ ᠲᠠᠪᠤᠰᠤ ᠦᠭᠡᠢ ᠪᠤᠯ ᠬᠤᠭᠤᠯᠠ ᠪᠤᠳᠠᠭ᠎ᠠ ᠴᠦᠮ ᠠᠮᠳᠠ ᠰᠢᠮᠳᠡ ᠎ ᠪᠠᠨ  ᠠᠯᠳᠠᠨ᠎ᠠ᠃ ᠠᠮᠳᠠ ᠤᠷᠤᠭᠤᠯᠬᠤ ᠠᠴᠠ ᠭᠠᠳᠠᠨ᠎ᠠ᠂ ᠡᠰ ᠤᠨ ᠭᠠᠳᠠᠷ ᠰᠢᠩᠭᠡᠨ ᠤ ᠨᠡᠪᠴᠢᠯᠲᠡ ᠶᠢᠨ ᠲᠠᠷᠤᠯᠲᠠ ᠎ ᠶᠢ  ᠪᠠᠲᠤᠯᠠᠬᠤ᠂ ᠪᠡᠶ᠎ᠡ ᠶᠢᠨ ᠲᠤᠳᠤᠭᠠᠳᠤ ᠶᠢᠨ ᠬᠦᠴᠢᠯ  ᠱᠦᠯᠳᠤ  ᠎ ᠶᠢ ᠲᠡᠩᠴᠡᠬᠦᠷᠢᠰᠢᠬᠦᠯᠬᠦ᠂ ᠬᠤᠳᠤᠭᠤᠳᠤᠨ ᠬᠦᠴᠢᠯ ᠢ  ᠨᠡᠮᠡᠭᠳᠡᠬᠦᠯᠦᠨ ᠬᠤᠭᠤᠯᠠᠨ ᠲᠤᠷᠠᠰᠢᠯ ᠢ ᠰᠠᠶᠢᠵᠢᠷᠠᠭᠤᠯᠬᠤ ᠵᠡᠷᠭᠡ ᠦᠢᠯᠡᠳᠦᠯ ᠲᠠᠢ ᠪᠠᠶᠢᠵᠤ᠂ ᠹᠢᠽᠢᠤᠯᠤᠬᠢ ᠶᠢᠨ ᠴᠢᠳᠠᠪᠤᠷᠢ  ᠎ ᠶᠢ ᠪᠠᠲᠤᠯᠠᠬᠤ ᠲᠠᠯ᠎ᠠ ᠪᠠᠷ ᠲᠤᠳᠠᠭᠳᠠᠵᠤ ᠪᠤᠯᠤᠰᠢ ᠦᠭᠡᠢ ᠶᠤᠮ᠃ ᠦᠨᠡᠨ ᠳᠡᠭᠡᠨ᠂ ᠠᠮᠢᠲᠠᠨ ᠴᠦ ᠲᠠᠪᠤᠰᠤ ᠬᠡᠷᠡᠭᠰᠡᠳᠡᠭ᠂  ᠤᠯᠠᠩᠬᠢ ᠠᠮᠢᠲᠠᠨ ᠲᠠᠪᠤᠰᠤ ᠬᠤᠵᠢᠷ ᠲᠤᠯᠢᠶᠠᠵᠤ ᠪᠠᠶᠢᠭᠠᠳ ᠲᠠᠪᠤᠰᠤ ᠨᠦᠬᠦᠪᠤᠷᠢᠯᠡᠳᠡᠭ᠃ ᠬᠡᠪ ᠤᠨ ᠪᠠᠶᠢᠳᠠᠯ ᠲᠤᠤᠷ᠎ᠠ᠂  ᠨᠢᠭᠡ ᠬᠦᠮᠦᠨ ᠨᠢᠭᠡ ᠡᠳᠤᠷ ᠲᠤ ᠬᠡᠳᠤᠢ ᠲᠠᠪᠤᠰᠤ ᠡᠳ᠋ᠯᠡᠪᠡᠯ ᠵᠤᠬᠢᠬᠤ ᠪᠤᠢ︖ ᠡᠬᠦᠨ ᠢ ᠤᠯᠠᠩᠬᠢ ᠬᠦᠮᠦᠨ ᠪᠠᠷᠤᠭ  ᠬᠡᠮᠵᠢᠵᠤ ᠦᠩᠭᠡᠷᠡᠭᠰᠡᠨ ᠦᠭᠡᠢ ᠪᠠᠶᠢᠬ᠎ᠠ᠃ ︽ᠲᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ  ᠵᠢᠭᠠᠯᠲᠠ 2016︾᠎ ᠳᠤ᠂ ᠲᠤᠮᠤᠴᠤᠤᠯ ᠡᠳᠤᠷ ᠪᠦᠷᠢ 6 ᠭᠷᠠᠮ ᠠᠴᠠ ᠢᠯᠡᠬᠦᠦ ᠲᠠᠪᠤᠰᠤ ᠡᠳ᠋ᠯᠡᠬᠦ ᠦᠭᠡᠢ ᠪᠠᠶᠢᠪᠠᠯ ᠰᠠᠶᠢᠨ  ᠂ ᠡᠳᠤᠷ ᠪᠦᠷᠢ ᠲᠠᠪᠤᠰᠤ ᠶᠢ 5 ᠭᠷᠠᠮ ᠎ ᠤᠨ ᠲᠤᠳᠤᠷ᠎ᠠ ᠡᠳ᠋ᠯᠡᠪᠡᠯ ᠪᠡᠶ᠎ᠡ ᠴᠤᠭᠴᠠ ᠶᠢᠨ ᠬᠡᠷᠡᠭᠴᠡᠭᠡ ᠶᠢ ᠬᠦᠢᠴᠡᠳ ᠬᠠᠩᠭᠠᠵᠤ  ᠲᠡᠶᠢᠯᠦᠨ᠎ᠡ ᠭᠡᠵᠤ ᠰᠠᠨᠠᠭᠤᠯᠤᠭᠰᠠᠨ ᠪᠠᠶᠢᠳᠠᠭ᠃                    ᠲᠤᠮᠳᠠᠳᠤ ᠤᠯᠤᠰ ᠤᠨ ᠰᠢᠮ᠎ᠡ ᠲᠡᠵᠢᠭᠡᠯ ᠤᠨ ᠨᠡᠶᠢᠭᠡᠮᠯᠢᠭ ᠠᠴᠠ᠂ ᠤᠳᠤᠬᠠᠨ ᠳᠤ ᠮᠠᠨ ᠤ ᠤᠯᠤᠰ ᠪᠤᠯ ᠲᠡᠯᠡᠭᠡᠢ  ᠲᠡᠭᠡᠷᠡᠬᠢ ᠲᠠᠪᠤᠰᠤ ᠶᠢ ᠬᠠᠮᠤᠭ ᠠᠴᠠ ᠢᠯᠡᠬᠦᠦ ᠡᠳ᠋ᠯᠡᠵᠤ ᠪᠠᠶᠢᠭ᠎ᠠ ᠤᠯᠤᠰ ᠤᠨ ᠨᠢᠭᠡ ᠮᠦᠨ᠂ 2012 ᠤᠨ ᠳᠤ ᠮᠠᠨ ᠤ ᠤᠯᠤᠰ ᠤᠨ 18 ᠨᠠᠰᠤᠨ ᠤ ᠪᠠ 18 ᠨᠠᠰᠤ ᠠᠴᠠ ᠲᠡᠭᠡᠭᠰᠢᠬᠢ ᠰᠠᠭᠤᠭᠠᠯᠢ ᠠᠷᠠᠳ ᠤᠨ ᠡᠳᠤᠷ ᠪᠦᠷᠢ ᠶᠢᠨ ᠲᠠᠪᠤᠰᠤ ᠡᠳ᠋ᠯᠡᠬᠦ ᠲᠤᠮᠳᠠᠴᠢ ᠬᠡᠮᠵᠢᠶ᠎ᠡ ᠨᠢ 10.5 ᠭᠷᠠᠮ ᠳᠤ ᠬᠦᠷᠴᠦ᠂ ᠰᠠᠨᠠᠭᠤᠯᠤᠭᠰᠠᠨ 6 ᠭᠷᠠᠮ ᠠᠴᠠ 75%᠎ ᠪᠠᠷ ᠲᠠᠪᠠᠪᠠ ᠭᠡᠵᠤ   ᠵᠢᠭᠠᠵᠤ ᠭᠠᠷᠭᠠᠵᠠᠢ᠃ ᠢᠯᠠᠩᠭᠤᠶ᠎ᠠ ᠵᠠᠷᠢᠮ ᠨᠠᠰᠤᠲᠠᠶᠢᠴᠤᠳ ᠨᠠᠰᠤ ᠠᠬᠢᠵᠤ᠂ ᠠᠮᠳᠠ ᠎ ᠶᠢᠨ ᠰᠡᠷᠡᠯ ᠨᠢ ᠮᠠᠭᠤᠳᠠᠭᠰᠠᠨ ᠠᠴᠠ   ᠬᠤᠭᠤᠯᠠ ᠪᠤᠳᠠᠭ᠎ᠠ ᠬᠢᠬᠦ ᠳᠡᠭᠡᠨ ᠲᠠᠪᠤᠰᠤ ᠴᠢᠩᠭ᠎ᠠ ᠬᠢᠳᠡᠭ᠃ ᠲᠡᠬᠡᠪᠡᠯ ᠲᠠᠪᠤᠰᠤ ᠶᠢ ᠬᠡᠳᠤ ᠶᠡᠭᠡ ᠡᠳ᠋ᠯᠡᠬᠦ ᠨᠢ ᠶᠠᠮᠠᠷ ᠬᠤᠤᠷ  ᠬᠦᠨᠦᠭᠡᠯ ᠲᠠᠢ ᠪᠤᠢ︖ ᠨᠠᠲᠷᠢ ᠢᠶᠤᠨ ᠪᠤᠯ ᠲᠠᠪᠤᠰᠤᠨ ᠤ ᠭᠤᠤᠯ ᠪᠦᠷᠢᠯᠳᠦᠬᠦᠨ ᠤ ᠨᠢᠭᠡ᠂ ᠲᠤᠮᠳᠠᠳᠤ ᠤᠯᠤᠰ ᠤᠨ  ᠰᠢᠮ᠎ᠡ ᠲᠡᠵᠢᠭᠡᠯ ᠤᠨ ᠨᠡᠶᠢᠭᠡᠮᠯᠢᠭ  ᠎ ᠠᠴᠠ  ᠵᠢᠭᠠᠵᠤ  ᠭᠠᠷᠭᠠᠭᠰᠠᠨ ᠨᠢ᠂ ᠬᠦᠮᠦᠨ ᠤ ᠪᠡᠶ᠎ᠡ ᠳᠠᠬᠢ ᠨᠠᠲᠷᠢ ᠶᠢᠨ ᠬᠡᠮᠵᠢᠶ᠎ᠡ ᠠᠬᠠᠳᠠᠬᠤ ᠨᠢ ᠴᠢᠰᠦᠨ ᠲᠠᠷᠤᠯᠲᠠ ᠦᠨᠳᠤᠷᠵᠢᠬᠦ ᠪᠠ ᠵᠢᠷᠦᠭᠡ  ᠴᠢᠰᠦᠨ ᠰᠤᠳᠠᠯ ᠤᠨ ᠡᠪᠡᠳᠴᠢᠨ᠂ ᠬᠤᠳᠤᠭᠤᠳᠤᠨ  ᠦᠮᠡᠨ ᠵᠡᠷᠭᠡ ᠡᠪᠡᠳᠴᠢᠨ ᠳᠤ ᠨᠡᠷᠪᠡᠭᠳᠡᠬᠦ ᠴᠢᠬᠤᠯᠠ ᠰᠢᠯᠲᠠᠭᠠᠨ ᠪᠤᠯᠵᠤ᠂ ᠨᠢᠭᠡᠨᠲᠡ ᠮᠠᠨ ᠤ ᠤᠯᠤᠰ ᠤᠨ ᠰᠠᠭᠤᠭᠠᠯᠢ ᠠᠷᠠᠳ ᠤᠨ ᠡᠷᠡᠬᠦᠯ ᠮᠡᠨᠳᠤ ᠪᠠ ᠨᠠᠰᠤᠨ ᠬᠤᠳᠤᠭ ᠢ ᠨᠦᠯᠦᠭᠡᠯᠡᠵᠤ  ᠪᠠᠶᠢᠭ᠎ᠠ ᠬᠠᠮᠤᠷᠬᠤ ᠬᠡᠪᠴᠢᠶ᠎ᠡ ᠪᠠᠷ ᠦᠷᠭᠡᠨ ᠡᠷᠡᠬᠦᠯ ᠮᠡᠨᠳᠤ ᠶᠢᠨ ᠲᠠᠯᠳᠠ ᠭᠡᠮ ᠪᠤᠯᠤᠭᠰᠠᠨ ᠪᠠᠶᠢᠨ᠎ᠠ᠃ 2017 ᠤᠨ ᠤ 7 ᠰᠠᠷ᠎ᠠ ᠳᠤ᠂ ᠲᠦᠷᠦ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ᠠᠴᠠ ᠲᠠᠷᠬᠠᠭᠠᠭᠰᠠᠨ ︽ᠤᠯᠤᠰ ᠠᠷᠠᠳ ᠤᠨ ᠰᠢᠮ᠎ᠡ ᠲᠡᠵᠢᠭᠡᠯ ᠤᠨ ᠲᠦᠯᠦᠪᠯᠡᠭᠡ  (2017-2030 ᠤᠨ)︾᠎ ᠳᠤ᠂ 2030 ᠤᠨ ᠪᠤᠯᠬᠤ ᠳᠤ ᠪᠦᠬᠦ ᠤᠯᠤᠰ ᠤᠨ ᠬᠦᠮᠦᠨ ᠲᠤᠮᠳᠠᠴᠢ ᠶᠢᠨ ᠡᠳᠤᠷ ᠪᠦᠷᠢ  ᠡᠳ᠋ᠯᠡᠬᠦ ᠲᠠᠪᠤᠰᠤᠨ ᠤ ᠬᠡᠮᠵᠢᠶ᠎ᠡ ᠶᠢ 20%᠎ ᠪᠠᠷ  ᠪᠠᠭᠤᠷᠠᠭᠤᠯᠬᠤ ᠬᠠᠷᠠᠯᠲᠠ ᠶᠢ ᠪᠡᠶᠡᠯᠡᠬᠦᠯᠦᠨ᠎ᠡ ᠭᠡᠵᠤ ᠲᠤᠷᠠᠳᠤᠨ  ᠭᠠᠷᠭᠠᠵᠠᠢ᠃  ᠲᠦᠷᠦ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ᠤᠨ ᠮᠦᠨ 2017 ᠤᠨ ᠳᠤ ᠲᠠᠷᠬᠠᠭᠠᠭᠰᠠᠨ ︽ᠲᠤᠮᠳᠠᠳᠤ ᠤᠯᠤᠰ ᠤᠨ ᠤᠳᠠᠭᠠᠨ ᠴᠢᠨᠠᠷᠲᠠᠢ ᠡᠪᠡᠳᠴᠢᠨ ᠢ ᠰᠡᠷᠭᠡᠶᠢᠯᠡᠨ ᠵᠠᠰᠠᠬᠤ ᠲᠤᠮᠳᠠ ᠤᠷᠳᠤ ᠬᠤᠭᠤᠴᠠᠭᠠᠨ ᠤ  ᠲᠥᠯᠤᠪᠵᠢᠬᠦᠯᠭᠡ ( 2017—2025 ᠤᠨ )︾᠎ ᠶᠢ ᠦᠨᠳᠦᠰᠦᠯᠡᠪᠡᠯ᠂ ᠮᠠᠨ ᠤ ᠤᠯᠤᠰ ᠎ ᠤᠨ ᠬᠦᠮᠦᠨ ᠲᠤᠮᠳᠠᠴᠢ ᠶᠢᠨ ᠡᠳᠤᠷ ᠪᠦᠷᠢ ᠡᠳ᠋ᠯᠡᠬᠦ ᠲᠠᠪᠤᠰᠤᠨ ᠤ ᠬᠡᠮᠵᠢᠶ᠎ᠡ ᠶᠢ ᠤᠳᠤ ᠶᠢᠨ 10.5g᠎ ᠤᠨ ᠰᠠᠭᠤᠷᠢ ᠲᠦᠪᠰᠢᠨ ᠲᠡᠭᠡᠷ᠎ᠡ 2020 ᠤᠨ  ᠪᠤᠯᠬᠤ ᠳᠤ 10%᠎ ᠪᠠᠷ ᠪᠠᠭᠤᠷᠠᠭᠤᠯᠤᠨ᠂ 2025 ᠤᠨ ᠪᠤᠯᠬᠤ ᠳᠤ 15%᠎ ᠪᠠᠷ ᠪᠠᠭᠤᠷᠠᠭᠤᠯᠬᠤ ᠪᠠᠷ ᠪᠠᠶᠢᠨ᠎ᠠ᠃ ᠦᠨᠡᠨ ᠳᠡᠭᠡᠨ᠂ ᠪᠠᠷᠤᠭ ᠪᠦᠬᠦ ᠲᠡᠯᠡᠭᠡᠢ ᠶᠢᠨ ᠬᠠᠭᠠᠰ ᠢᠯᠡᠬᠦᠦ ᠤᠯᠤᠰ ᠨᠢᠭᠡᠨᠲᠡ ᠪᠦᠬᠦ ᠤᠯᠤᠰ ᠤᠨ ᠴᠢᠨᠠᠷᠲᠠᠢ ᠲᠠᠪᠤᠰᠤ ᠪᠠᠭᠠᠰᠬᠠᠬᠤ ᠵᠢᠭᠠᠯᠲᠠ ᠪᠤᠶᠤ ᠠᠵᠢᠯᠯᠠᠭ᠎ᠠ ᠪᠠᠨ ᠡᠬᠢᠯᠡᠬᠦᠯᠥᠭᠰᠡᠡ ᠪᠠᠶᠢᠨ᠎ᠠ᠃ ᠲᠤᠮᠳᠠᠳᠤ ᠤᠯᠤᠰ ᠤᠨ ᠡᠪᠡᠳᠴᠢᠨ ᠡᠮᠭᠡᠭ  ᠰᠡᠷᠭᠡᠶᠢᠯᠡᠨ ᠡᠵᠡᠮᠳᠡᠬᠦ ᠲᠦᠪ ᠤᠨ ᠰᠢᠮ᠎ᠡ ᠲᠡᠵᠢᠭᠡᠯ ᠪᠠ ᠡᠷᠡᠬᠦᠯ ᠮᠡᠨᠳᠤ ᠶᠢᠨ ᠭᠠᠵᠠᠷ ᠤᠨ ᠢᠳᠡᠭᠡᠨ ᠤ ᠰᠢᠮ᠎ᠡ ᠲᠡᠵᠢᠭᠡᠯ ᠳᠤ  ᠦᠨᠡᠯᠡᠯᠲᠡ ᠬᠢᠬᠦ ᠲᠠᠰᠤᠭ ᠤᠨ ᠡᠷᠬᠢᠯᠡᠭᠴᠢ ᠸᠠᠩ ᠵᠦ ᠶᠢᠨ ᠲᠠᠨᠢᠯᠴᠠᠭᠤᠯᠤᠭᠰᠠᠨ ᠢᠶᠠᠷ᠂ ᠹᠢᠨᠯᠠᠨᠳ᠋᠂ ᠠᠩᠭ᠍ᠯᠢ᠂ ᠠᠦ᠋ᠰᠲᠷᠠᠯᠢᠶ᠎ᠠ ᠵᠡᠷᠭᠡ ᠤᠯᠤᠰ ᠤᠨ ᠲᠠᠪᠤᠰᠤ ᠪᠠᠭᠠᠰᠬᠠᠬᠤ ᠠᠵᠢᠯᠯᠠᠭ᠎ᠠ ᠨᠢ ᠨᠢᠭᠡᠨᠲᠡ ᠠᠩᠬ᠎ᠠ ᠠᠯᠬᠤᠮ ᠦᠷ᠎ᠡ ᠪᠦᠲᠦᠭᠡᠯ ᠤᠯᠵᠠᠢ᠃  ︽ᠲᠠᠪᠤᠰᠤ ᠪᠠᠭᠠᠰᠬᠠᠬᠤ︾᠎ ᠶᠢᠨ ᠡᠪᠡᠳᠴᠢᠨ ᠡᠮᠭᠡᠭ ᠲᠤ ᠨᠡᠷᠪᠡᠭᠳᠡᠬᠦ ᠨᠤᠷᠮ᠎ᠠ᠂ ᠡᠮᠴᠢᠯᠡᠭᠡᠨ ᠤ ᠦᠪᠡᠷ ᠤᠨ  ᠦᠷᠲᠡᠭ ᠪᠠ ᠵᠠᠷᠤᠳᠠᠯ ᠢ ᠪᠠᠭᠠᠰᠬᠠᠬᠤ ᠦᠢᠯᠡᠳᠦᠯ ᠢ ᠴᠢᠬᠤᠯᠠᠴᠢᠯᠠᠨ ᠦᠵᠡᠬᠦ ᠬᠡᠷᠡᠭᠲᠠᠢ᠃ ᠶᠠᠩ ᠶᠤᠸᠠᠢ ᠰᠢᠨ ᠤ ᠬᠡᠯᠡᠬᠦ ᠪᠠᠷ᠂ ᠲᠠᠪᠤᠰᠤ ᠡᠳ᠋ᠯᠡᠬᠦ ᠬᠡᠮᠵᠢᠶ᠎ᠡ  ᠎ ᠶᠢ  ᠪᠠᠭᠠᠰᠬᠠᠬᠤ ᠨᠢ ᠴᠢᠰᠦᠨ ᠲᠠᠷᠤᠯᠲᠠ ᠶᠢ ᠪᠠᠭᠤᠷᠠᠭᠤᠯᠬᠤ ᠦᠢᠯᠡᠳᠦᠯ ᠲᠠᠢ᠂ ᠬᠦᠮᠦᠨ ᠪᠦᠷᠢ ᠡᠳᠤᠷ ᠲᠤ 6 ᠭᠷᠠᠮ ᠲᠠᠪᠤᠰᠤ ᠲᠤᠳᠠᠭᠤ ᠡᠳ᠋ᠯᠡᠪᠡᠯ᠂  ᠴᠢᠰᠦᠨ  ᠲᠠᠷᠤᠯᠲᠠ ᠦᠨᠳᠤᠷᠵᠢᠬᠦ ᠡᠪᠡᠳᠴᠢᠨ ᠎ ᠳᠤ ᠨᠡᠷᠪᠡᠭᠳᠡᠬᠦ  ᠨᠤᠷᠮ᠎ᠠ ᠨᠢ 7 ᠵᠠᠭᠤᠨ ᠤ ᠨᠢᠭᠡᠴᠢ ᠪᠠᠭᠤᠷᠠᠵᠤ᠂ 24%᠎ ᠶᠢᠨ ᠰᠠ ᠡᠪᠡᠳᠴᠢᠨ ᠪᠠ 18%᠎ ᠶᠢᠨ ᠲᠢᠳᠢᠮ ᠵᠢᠷᠤᠭᠡᠨ ᠡᠪᠡᠳᠴᠢᠨ ᠢ ᠪᠠᠭᠠᠰᠬᠠᠵᠤ ᠲᠡᠶᠢᠯᠦᠨ᠎ᠡ᠃ ᠲᠡᠷᠡ ᠬᠡᠯᠡᠬᠦ ᠳᠡᠭᠡᠨ᠄ ︽ᠮᠠᠨ ᠤ ᠤᠯᠤᠰ ᠢᠶᠠᠷ ᠠᠪᠴᠦ ᠬᠡᠯᠡᠪᠡᠯ᠂ ᠵᠢᠯ ᠪᠦᠷᠢ  36 ᠲᠦᠮᠡᠨ ᠬᠦᠮᠦᠨ ᠢ ᠰᠠ ᠡᠪᠡᠳᠴᠢᠨ ᠪᠠ ᠲᠢᠳᠢᠮ ᠵᠢᠷᠦᠭᠡᠨ ᠡᠪᠡᠳᠴᠢᠨ ᠢᠶᠠᠷ ᠦᠬᠦᠬᠦ ᠠᠴᠠ ᠵᠠᠶᠢᠯᠠᠭᠤᠯᠵᠤ᠂ 150 ᠳ᠋ᠦᠩᠰᠢᠭᠤᠷ ᠲᠦᠬᠦᠷᠢᠭ ᠠᠴᠠ ᠲᠡᠭᠡᠭᠰᠢᠬᠢ ᠰᠢᠭᠤᠳ ᠡᠮᠴᠢᠯᠡᠭᠡᠨ ᠤ ᠦᠪᠡᠷ ᠎ ᠤᠨ ᠦᠷᠲᠡᠭ ᠢ ᠪᠠᠭᠠᠰᠬᠠᠵᠤ ᠪᠤᠯᠤᠨ᠎ᠠ᠃ ᠪᠦᠬᠦ ᠤᠯᠤᠰ ᠤᠨ ᠴᠢᠰᠦᠨ ᠲᠠᠷᠤᠯᠲᠠ ᠦᠨᠳᠤᠷᠵᠢᠬᠦ ᠡᠪᠡᠳᠴᠢᠨ ᠳᠤ ᠨᠡᠷᠪᠡᠭᠳᠡᠭᠰᠡᠳ ᠤᠨ ᠲᠤᠭ᠎ᠠ ᠶᠢ 3 ᠮᠢᠩᠭᠠᠨ ᠲᠦᠮᠡ  ᠪᠠᠭᠠᠰᠬᠠᠵᠤ ᠪᠤᠯᠤᠨ᠎ᠠ︾ ᠭᠡᠵᠠᠢ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号