ᠠᠶᠠᠭ᠎ᠠ ᠤᠬᠢᠶᠠᠬᠤ ᠠᠯᠴᠢᠭᠤᠷ ᠳᠡᠭᠡᠷ᠎ᠠ 300 ᠭᠠᠷᠤᠢ ᠵᠦᠢᠯ ᠤᠨ ᠪᠠᠺᠲ᠋ᠧᠷᠢ ᠪᠠᠶᠢᠳᠠᠭ
ᠨᠡᠶᠢᠲᠡᠯᠡᠭᠰᠡᠨ ᠴᠠᠭ᠄
2018-07-09
     ᠬᠧᠷᠮᠠᠨ ᠤ ᠵᠢᠰᠦᠨ ᠶᠡᠭᠡ ᠰᠤᠷᠭᠠᠭᠤᠯᠢ ᠶᠢᠨ ᠨᠢᠬᠡᠨ ᠰᠤᠳᠤᠯᠭᠠᠨ ᠳᠤ ᠬᠠᠷᠠᠭᠤᠯᠤᠭᠰᠠᠨ ᠢᠶᠠᠷ᠂ ᠲᠤᠭᠤᠭᠠᠨ ᠬᠡᠷ ᠲᠤ ᠬᠡᠷᠡᠭᠯᠡᠳᠡᠭ ᠠᠶᠠᠭ᠎ᠠ ᠣᠬᠢᠶᠠᠬᠤ ᠠᠯᠴᠢᠭᠤᠷ ᠳᠡᠭᠡᠷ᠎ᠠ 362 ᠵᠦᠢᠯ ᠤᠨ ᠪᠠᠺᠲ᠋ᠧᠷᠢ ᠰᠠᠭᠤᠳᠠᠬ ᠮᠦᠷᠲᠡᠬᠡᠨ ᠬᠠᠭᠠᠰ ᠲᠤᠭᠠᠨ ᠤ ᠪᠠᠺᠲ᠋ᠧᠷᠢ ᠨᠢ ᠡᠪᠠᠳᠴᠢᠨ ᠡᠭᠦᠰᠭᠡᠳᠡᠭ᠃ ᠰᠤᠳᠤᠯᠭᠠᠳᠠᠳ ᠬᠡᠷᠡᠭᠯᠡᠵᠤ ᠦᠩᠬᠡᠷᠡᠭᠰᠡᠨ 14 ᠠᠶᠠᠭ᠎ᠠ ᠣᠬᠢᠶᠠᠬᠰᠠᠨ ᠠᠯᠴᠢᠭᠤᠷ ᠢ ᠴᠤᠭᠯᠠᠭᠤᠯᠵᠤ ᠬᠤᠮᠠᠬᠢ ᠠᠮᠢᠳᠤ ᠪᠤᠳᠠᠰ ᠤᠨ ᠵᠠᠳᠠᠯᠤᠯᠲᠠ ᠬᠢᠵᠡᠢ᠃ ᠡᠬᠦᠨ ᠳᠤ ᠂ ᠲᠠᠷᠬᠠᠯᠠᠭ᠎ᠠ ᠠᠨᠠᠢ ᠨᠠᠰᠤᠲᠠᠶᠢᠴᠤᠤᠯ ᠪᠠ ᠬᠡᠤᠬᠡᠳ ᠪᠠᠭᠠᠴᠤᠳ ᠲᠤ ᠠᠮᠠᠷᠬᠠᠨ ᠡᠪᠡᠳᠴᠢᠨ ᠬᠠᠯᠳᠠᠪᠤᠷᠢᠯᠠᠳᠠᠭ ᠤᠯᠠᠨ ᠲᠦᠷᠦᠯ ᠤᠨ ᠪᠠᠺᠲ᠋ᠧᠷᠢ ᠦᠷᠡᠵᠢᠭᠰᠡᠨ ᠪᠠᠶᠢᠪᠠ᠃ ᠠᠶᠠᠭ᠎ᠠ ᠣᠬᠢᠶᠠᠬᠤ ᠠᠯᠴᠢᠭᠤᠷ ᠢᠶᠠᠨ ᠦᠷᠭᠦᠯᠵᠢ ᠤᠬᠢᠶᠠᠪᠠᠴᠤ ᠤᠬᠤᠷ ᠬᠤᠭᠤᠴᠠᠭᠠᠨ ᠤ ᠳᠤᠲᠤᠷ᠎ᠠ ᠪᠠᠺᠲ᠋ᠧᠷᠢ ᠦᠷᠡᠵᠢᠴᠢᠬᠡᠳᠡᠭ ᠲᠤᠯᠠ ᠦᠷᠭᠦᠯᠵᠢ  ᠰᠢᠨ᠎ᠠ ᠶᠢ ᠰᠣᠯᠢᠪᠡᠯ ᠰᠠᠶ᠋ᠢ ᠲᠦᠭᠰᠢᠬᠦᠷᠢ ᠠᠴᠠ ᠪᠦᠳᠦᠮᠵᠢᠳᠡᠢ ᠵᠠᠶᠢᠯᠠᠰᠬᠢᠵᠤ ᠳᠡᠶᠢᠯᠤᠨ᠎ᠠ᠃            ᠰᠤᠳᠤᠯᠭᠠᠳᠠᠳ ᠤᠨ ᠬᠡᠯᠡᠬᠦ ᠪᠠᠷ᠂ ᠪᠠᠺᠲ᠋ᠧᠷᠢ ᠬᠦᠮᠦᠨ ᠤ ᠪᠡᠶ᠎ᠠ ᠳᠤ ᠨᠥᠯᠥᠬᠡ ᠪᠤᠯᠬᠤ ᠬᠤᠶᠠᠷ ᠤᠷᠢᠳᠠᠯ ᠨᠦᠬᠦᠴᠡᠯ ᠪᠤᠢ᠂ ᠨᠢᠬᠡ ᠨᠢ ᠬᠦᠮᠦᠨ ᠤ ᠪᠠᠶ᠎ᠠ ᠳᠤ ᠤᠷᠤᠭᠰᠠᠨ ᠪᠠᠺᠲ᠋ᠧᠷᠢ ᠶᠢᠨ ᠲᠤᠭ᠎ᠠ ᠵᠢᠴᠢ ᠡᠪᠡᠳᠴᠢᠨ ᠡᠬᠦᠰᠬᠡᠬᠦ ᠪᠠᠺᠲ᠋ᠧᠷᠢ ᠮᠦᠨ ᠡᠰᠡᠬᠦ ᠶᠢ ᠦᠵᠡᠨ᠎ᠠ᠃ ᠠᠶᠠᠭ᠎ᠠ ᠣᠬᠢᠶᠠᠬᠤ ᠪᠦᠰᠡ ᠨᠢ ᠶᠠᠭ ᠡᠶᠢᠮᠦᠷᠬᠦ ᠪᠠᠺᠲ᠋ᠧᠷᠢᠲᠤ ᠣᠷᠴᠢᠨ ᠮᠦᠨ ᠪᠦᠬᠡᠳ ᠡᠳᠦᠷ ᠪᠦᠷᠢ ᠠᠶᠠᠭ᠎ᠠ ᠰᠠᠪᠬ᠎ᠠ ᠲᠠᠢ ᠰᠢᠭᠤᠳ ᠬᠦᠷᠦᠯᠴᠡᠨ᠂ ᠮᠢᠬ᠎ᠠ᠂ ᠨᠤᠭᠤᠭᠠᠨ ᠤ ᠥᠢᠷᠮᠦᠭ᠂ ᠲᠤᠰᠦ ᠵᠡᠷᠭᠡ ᠨᠢ ᠠᠳᠠᠯᠢ ᠪᠤᠰᠤ ᠬᠡᠮᠵᠢᠶ᠎ᠠ ᠪᠠᠷ ᠪᠦᠰ ᠳᠡᠭᠡᠷ᠎ᠠ ᠨᠠᠭᠠᠯᠳᠤᠳᠠᠭ ᠠᠴᠠ ᠪᠠᠺᠲ᠋ᠧᠷᠢ ᠳᠤ ᠲᠦᠷᠬᠡᠨ ᠦᠷᠡᠵᠢᠬᠦ ᠪᠤᠯᠤᠮᠵᠢ ᠬᠠᠩᠭᠠᠳᠠᠭ᠃ ᠡᠶᠢᠮᠦ ᠠᠴᠠ ᠠᠶᠠᠭ᠎ᠠ ᠣᠬᠢᠶᠠᠬᠤ ᠪᠠᠭᠠᠵᠢ ᠪᠠᠨ ᠦᠷᠭᠦᠯᠵᠢ ᠬᠠᠳᠠᠭᠠᠭᠬᠤ᠂ ᠰᠣᠯᠢᠬᠤ᠂ 10 ᠮᠢᠨᠦ᠋ᠲ ᠴᠢᠨᠠᠵᠤ ᠠᠷᠢᠭᠤᠳᠬᠬᠤ ᠶᠢ ᠪᠠᠷᠢᠮᠳᠠᠯᠠᠨ᠂ ᠪᠠᠰᠡ ᠠᠯᠴᠢᠭᠤᠷ ᠢᠶᠠᠨ ᠲᠤᠰᠬᠠᠢ  ᠬᠡᠷᠡᠭᠯᠡᠬᠦ ᠶᠢ ᠠᠩᠬᠠᠷᠪᠠᠯ ᠵᠣᠬᠢᠨ᠎ᠠ᠃
 
ᠢᠷᠡᠯᠲᠡ᠄ ᠠᠮᠢᠳᠤᠷᠠᠯ ᠭᠠᠷᠠᠭ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号