ᠮᠠᠨ ᠤ ᠤᠷᠤᠨ ᠮᠡᠷᠬᠡᠵᠢᠯ ᠤᠨ ᠴᠤᠯᠠ ᠡᠷᠡᠮᠡᠯᠵᠡᠯᠡᠨ ᠮᠠᠲᠠᠬᠦᠯᠬᠦ ᠰᠤᠷᠤᠯᠭ᠎ᠠ ᠶᠢᠨ ᠨᠠᠮᠲᠠᠷ ᠤᠨ ᠬᠡᠷᠠᠴᠢᠯᠡᠯ ᠢ  ᠬᠦᠴᠤᠨ ᠦᠬᠡᠢ ᠪᠤᠯᠭᠠᠵᠠᠢ
ᠨᠡᠶᠢᠲᠡᠯᠡᠭᠰᠡᠨ ᠴᠠᠭ᠄
2018-07-09
     ᠰᠤᠷᠪᠤᠯᠵᠢᠯᠠᠭᠴᠢ ᠦᠪᠠᠷᠲᠠᠬᠡᠨ ᠵᠠᠰᠠᠬᠤ ᠤᠷᠤᠨ ᠤ ᠬᠦᠮᠤᠨ ᠤ ᠬᠦᠴᠤᠨ ᠤ ᠡᠬᠢ ᠪᠠᠶᠠᠯᠢᠭ ᠪᠠ ᠨᠠᠶᠢᠬᠡᠮ ᠤᠨ  ᠪᠠᠲᠤᠯᠠᠪᠤᠷᠢ ᠶᠢᠨ ᠲᠢᠩᠬᠢᠮ ᠠᠴᠠ ᠤᠢᠢᠯᠠᠭᠠᠭᠰᠠᠨ ᠢᠶᠠᠷ᠂ ᠤᠢᠢᠷ᠎ᠠ ᠶᠢᠨ ᠬᠤᠭᠤᠴᠠᠭᠠᠨ ᠳᠤ ᠤᠯᠠᠨ ᠲᠦᠮᠠᠨ ᠤ  ᠲᠤᠰᠬᠠᠭᠰᠠᠨ ᠮᠡᠷᠬᠡᠵᠢᠯ ᠤᠨ ᠴᠤᠯᠠ ᠡᠷᠡᠮᠡᠯᠵᠡᠯᠡᠨ ᠮᠠᠲᠠᠬᠦᠯᠬᠦ ᠳᠣᠮᠳᠠ ᠤᠷᠤᠰᠢᠵᠤ ᠪᠠᠶᠢᠭ᠎ᠠ ᠵᠠᠷᠢᠮ ᠠᠰᠠᠭᠤᠲᠠᠯ ᠳᠤ  ᠴᠢᠭᠯᠡᠬᠦᠯᠤᠨ᠂ ᠲᠤᠰ ᠲᠢᠩᠬᠢᠮ ᠢᠲᠠᠪᠬᠢᠲᠠᠢ ᠪᠠᠷ ᠴᠡᠭᠴᠡᠯᠠᠨ ᠰᠠᠶᠢᠵᠢᠷᠠᠭᠤᠯᠵᠤ᠂ ᠮᠡᠷᠬᠡᠵᠢᠯ ᠤᠨ ᠴᠤᠯᠠ ᠶᠢᠨ ᠲᠦᠷᠢᠮ ᠤᠨ ᠦᠬᠡᠷᠠᠴᠢᠯᠠᠯᠲᠠ ᠶᠢ ᠴᠢᠨᠠᠭᠰᠢᠲᠠ ᠬᠦᠨᠵᠡᠬᠡᠶᠢᠷᠠᠬᠦᠯᠵᠦ ᠪᠣᠢ᠃ ᠡᠨᠡ ᠵᠢᠯ ᠠᠴᠠ ᠡᠬᠢᠯᠠᠨ᠂  ᠰᠤᠷᠤᠯᠭ᠎ᠠ ᠶᠢᠨ ᠨᠠᠮᠲᠠᠷ ᠤᠨ ᠬᠡᠷᠠᠴᠢᠯᠡᠯ᠂ ᠬᠤᠭᠤᠴᠠᠭᠠᠲᠤ ᠰᠡᠳᠬᠦᠯ ᠢ ᠪᠠᠶᠢᠴᠠᠭᠠᠨ ᠯᠠᠪᠯᠠᠬᠤ ᠪᠠ ᠦᠬᠦᠯᠠᠯ ᠤᠨ  ᠬᠠᠶᠢᠯᠳᠠ ᠶᠢ ᠪᠦᠬᠦᠨ ᠢ ᠬᠦᠴᠤᠨ ᠦᠬᠡᠢ ᠪᠤᠯᠭᠠᠵᠤ᠂ ᠰᠤᠷᠤᠯᠭ᠎ᠠ ᠶᠢᠨ ᠨᠠᠮᠲᠠᠷ ︵ᠡᠷᠲᠠᠮ ᠤᠨ ᠴᠤᠯᠠ︶᠎ ᠤᠨ ᠦᠨᠠᠮᠯᠠᠯ ᠤᠨ ᠤᠭ ᠡᠬᠡ ᠪᠠ ᠲᠠᠷᠤᠮᠠᠯᠯᠠᠭᠰᠠᠨ ᠮᠠᠲ᠋ᠧᠷᠢᠶᠠᠯ ᠢ ᠳᠣᠰᠢᠶᠠᠬᠤ ᠶᠢ ᠠᠯᠪᠠ ᠪᠠᠷ ᠱᠠᠭᠠᠷᠲᠠᠬᠤ ᠪᠠᠨ ᠪᠣᠯᠢᠪᠠ᠃          ᠡᠬᠦᠨ ᠠᠴᠠ ᠭᠠᠲᠠᠨ᠎ᠠ᠂ ᠦᠪᠠᠷᠲᠠᠬᠡᠨ ᠵᠠᠰᠠᠬᠤ ᠤᠷᠤᠨ ᠤ ᠰᠤᠷᠭᠠᠨ ᠬᠦᠮᠤᠵᠢᠯ ᠵᠡᠷᠬᠡ ᠰᠠᠯᠠᠭ᠎ᠠ ᠮᠦᠴᠢᠷ ᠤᠨ  ᠰᠤᠷᠤᠯᠭ᠎ᠠ ᠶᠢᠨ ᠨᠠᠮᠲᠠᠷ ᠡᠷᠲᠠᠮ ᠤᠨ ᠴᠤᠯᠠ ᠵᠡᠷᠬᠡ ᠮᠠᠲᠡᠭᠡ ᠵᠠᠩᠬᠢ ᠶᠢᠨ ᠲᠤᠭ᠎ᠠ ᠪᠠᠷᠢᠮᠲᠠ ᠶᠢ ᠬᠠᠮᠲᠤᠪᠠᠷ ᠡᠳ᠋ᠯᠡᠬᠦ ᠶᠢ  ᠪᠠᠶᠠᠯᠡᠬᠦᠯᠬᠦ ᠠᠴᠠ ᠡᠮᠤᠨ᠎ᠠ᠂ ᠲᠤᠤᠷᠡᠬᠢ ᠬᠡᠲᠤᠨ ᠵᠦᠢᠯ ᠤᠨ ᠴᠡᠭᠴᠠᠯᠠᠨ ᠰᠠᠶᠢᠵᠢᠷᠠᠭᠤᠯᠬᠤ ᠠᠷᠭ᠎ᠠ ᠬᠡᠮᠵᠢᠶ᠎ᠠ ᠠᠪᠴᠠᠢ  ᠄ ᠡᠩ ᠲᠠᠷᠢᠬᠦᠨ ᠳᠤ᠂ ᠦᠨᠡᠨᠴᠢ ᠢᠲᠠᠬᠡᠯ ᠤᠨ ᠠᠮᠠᠯᠠᠯᠳᠠ᠂ ᠢᠲᠠᠬᠡᠯ ᠠᠯᠲᠠᠭᠰᠠᠳ ᠢ ᠵᠠᠯᠬᠠᠭᠠᠨ ᠴᠡᠬᠡᠷᠯᠡᠬᠦᠯᠬᠦ  ᠲᠤᠭᠲᠠᠴᠠ ᠶᠢ ᠲᠠᠬᠦᠯᠲᠠᠷᠵᠢᠬᠦᠯᠤᠨ᠂ ᠲᠤᠰᠬᠠᠢ ᠮᠡᠷᠬᠡᠵᠢᠯ ᠤᠨ ᠴᠢᠲᠠᠪᠤᠷᠢᠲᠠᠨ ᠤ ᠮᠠᠷᠬᠡᠵᠢᠯ ᠤᠨ ᠴᠤᠯᠠ ᠡᠷᠡᠮᠡᠯᠵᠡᠯᠡᠨ  ᠮᠠᠲᠠᠬᠦᠯᠬᠦ ᠳᠡᠭᠡᠨ ︽ᠡᠷᠡᠮᠡᠯᠵᠡᠯᠡᠭᠴᠢ ᠶᠢᠨ ᠦᠨᠡᠨᠴᠢ ᠢᠲᠠᠬᠡᠯ ᠤᠨ ᠠᠮᠠᠯᠠᠯᠳᠠ ᠶᠢᠨ ᠪᠢᠴᠢᠭ︾᠎ ᠲᠤ ᠭᠠᠷ ᠤᠨ  ᠦᠰᠦᠭ ᠵᠢᠷᠤᠵᠤ᠂ ᠲᠤᠰ ᠬᠦᠮᠤᠨ ᠤ ᠰᠤᠷᠤᠯᠭ᠎ᠠ ᠶᠢᠨ ᠨᠠᠮᠲᠠᠷ ︵ᠡᠷᠲᠠᠮ ᠤᠨ ᠴᠤᠯᠠ︶᠂ ᠦᠬᠦᠯᠠᠯ ᠵᠡᠷᠬᠡ  ᠪᠠᠶᠢᠲᠠᠯ ᠳᠠᠭᠠᠨ ᠦᠨᠡᠨᠴᠢ ᠢᠲᠠᠬᠡᠯ ᠤᠨ ᠠᠮᠠᠯᠠᠯᠳᠠ ᠬᠢᠨ᠎ᠠ᠃ ᠬᠤᠲᠠᠯ ᠬᠡᠯᠡᠵᠦ ᠬᠠᠭᠤᠷᠮᠠᠭᠯᠠᠨ ᠵᠣᠬᠢᠶᠠᠬᠤ ᠪᠠᠷ  ᠲᠠᠮᠵᠢᠨ ᠮᠡᠷᠬᠡᠵᠢᠯ ᠤᠨ ᠴᠤᠯᠠ ᠣᠯᠣᠭᠰᠠᠳ ᠢ ᠢᠲᠠᠬᠡᠯ ᠠᠯᠲᠠᠭᠰᠠᠨ ᠬᠠᠷ᠎ᠠ ᠲᠠᠩᠰᠠᠨ ᠳᠤ ᠤᠷᠤᠭᠤᠯᠬᠤ ᠶᠢᠨ ᠬᠠᠮᠲᠤ  ᠪᠦᠬᠦᠨ ᠢ ᠬᠦᠴᠤᠨ ᠦᠬᠡᠢ ᠪᠤᠯᠭᠠᠨ᠎ᠠ᠃ ᠲᠠᠷᠠᠭ᠎ᠠ ᠳᠤᠨᠢ᠂ ᠡᠷᠡᠮᠡᠯᠵᠡᠯᠡᠭᠰᠡᠨ ᠬᠦᠮᠤᠨ ᠤ ᠪᠠᠶᠢᠭ᠎ᠠ ᠨᠢᠭᠡᠴᠡ ᠠᠴᠠ  ᠡᠷᠡᠮᠡᠯᠵᠡᠯᠡᠭᠰᠡᠨ ᠬᠦᠮᠤᠨ ᠤ ᠪᠠᠶᠢᠲᠠᠯ ᠢ ᠬᠢᠨᠠᠨ ᠬᠠᠷᠭᠤᠭᠤᠯᠬᠤ ᠶᠢᠨ ᠬᠠᠮᠲᠤ ᠢᠯᠡ ᠨᠡᠶᠢᠳᠡᠯᠡᠵᠦ᠂ ᠪᠣᠭᠤᠮᠳᠠ ᠶᠢ  ᠴᠢᠩᠭ᠎ᠠ ᠰᠠᠬᠢᠨ᠎ᠠ᠃ ᠭᠤᠷᠪᠠ ᠳᠤ᠂ ᠦᠪᠠᠷᠲᠠᠬᠡᠨ ᠵᠠᠰᠠᠬᠤ ᠤᠷᠤᠨ ᠤ ᠡᠯ᠎ᠠ ᠲᠦᠷᠦᠯ ᠤᠨ ᠮᠡᠷᠬᠡᠵᠢᠯ ᠤᠨ ᠴᠤᠯᠠ  ᠳᠣᠭᠳᠠᠭᠠᠬᠤ ᠵᠦᠪᠯᠡᠯ ᠤᠨ ᠠᠵᠢᠯ ᠡᠷᠬᠢᠯᠡᠬᠦ ᠪᠠᠶᠢᠭᠤᠯᠤᠯᠭ᠎ᠠ ᠪᠠ ᠬᠤᠯᠪᠤᠭᠲᠠᠯ ᠪᠦᠬᠦᠢ ᠰᠠᠯᠠᠭ᠎ᠠ ᠮᠦᠴᠢᠷ  ᠮᠡᠷᠬᠡᠵᠢᠯ ᠤᠨ ᠴᠤᠯᠠ ᠡᠷᠡᠮᠡᠯᠵᠡᠯᠡᠨ ᠮᠠᠲᠠᠬᠦᠯᠦᠭᠰᠡᠨ ᠮᠠᠲ᠋ᠧᠷᠢᠶᠠᠯ ᠢ ᠬᠢᠨᠠᠨ ᠬᠠᠷᠭᠤᠭᠤᠯᠬᠤ ᠦᠶ᠎ᠡ ᠳᠡᠭᠡᠨ᠂ ᠲᠤᠮᠲᠠᠲᠤ  ᠤᠯᠤᠰ ᠤᠨ ᠶᠡᠭᠡ ᠲᠠᠬᠡᠲᠤ ᠵᠡᠷᠬᠡ ᠶᠢᠨ ᠰᠤᠷᠭᠠᠨ ᠬᠦᠮᠤᠵᠢᠯ ᠤᠨ ᠰᠤᠷᠤᠭᠴᠢ ᠶᠢᠨ ᠮᠠᠲᠡᠭᠡ ᠵᠠᠩᠬᠢ ᠶᠢᠨ  ᠰᠦᠯᠵᠢᠶ᠎ᠠ ᠪᠠᠷ ᠳᠠᠮᠵᠢᠭᠤᠯᠣᠨ ᠰᠤᠩᠭᠤᠨ ᠪᠠᠶᠢᠴᠠᠭᠠᠵᠣ ᠪᠣᠯᠣᠨ᠎ᠠ᠃                                        (ᠰᠣᠷᠪᠤᠯᠵᠢᠯᠠᠭᠴᠢ᠄ ᠪᠤᠣ ᠢᠤᠢ ᠶᠢᠩ︶
 
ᠢᠷᠡᠯᠲᠡ᠄ ᠲᠤᠮᠳᠠᠳᠣ ᠣᠯᠣᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号