ᠡᠵᠡᠨ ᠬᠤᠷᠤᠭ᠎ᠠ ᠬᠤᠰᠢᠭᠤᠨ ᠤ ᠤᠶᠤᠨᠴᠢᠯᠠᠭᠰᠠᠨ ᠠᠭᠤᠷᠬᠠᠢ ᠶᠢᠨ ᠪᠠᠶᠢᠭᠤᠯᠤᠯᠳᠡ ᠨᠢ ᠠᠭᠤᠷᠬᠠᠢ ᠶᠢᠨ ᠤᠢᠢᠯᠡᠳᠪᠤᠷᠢᠯᠡᠯ ᠤᠨ ᠰᠢᠨ᠎ᠠ ᠵᠠᠮ ᠢ ᠨᠡᠬᠡᠬᠡᠵᠤ ᠪᠠᠶᠢᠨ᠎ᠠ
ᠨᠡᠶᠢᠲᠡᠯᠡᠭᠰᠡᠨ ᠴᠠᠭ᠄
2018-07-09
     ᠰᠤᠷᠠᠭ ᠵᠠᠩᠬᠢᠴᠢᠯᠠᠯᠳᠡ ᠶᠢᠨ ᠲᠥᠷᠬᠡᠨ ᠬᠥᠭᠵᠢᠯᠳᠡ ᠶᠢ ᠲᠠᠭᠠᠯᠳᠤᠨ ᠡᠵᠡᠨ ᠬᠤᠷᠤᠭ᠎ᠠ ᠬᠤᠰᠢᠭᠤ ᠤᠶᠤᠨᠴᠢᠯᠠᠭᠰᠠᠨ ᠠᠭᠤᠷᠬᠠᠢ ᠶᠢᠨ ᠪᠠᠶᠢᠭᠤᠯᠤᠯᠳᠡ ᠶᠢ ᠲᠥᠷᠬᠡᠳᠬᠡᠨ᠂ ᠠᠭᠤᠷᠬᠠᠢ ᠶᠢᠨ ᠥᠨᠳᠤᠷ ᠪᠥᠳᠥᠮᠵᠢᠳᠠᠢ᠂ ᠪᠤᠬᠢᠷᠳᠤᠯ ᠥᠬᠡᠢ᠂ ᠲᠤᠭᠠᠴᠠᠯᠠᠭᠰᠠᠨ᠂ ᠰᠤᠷᠠᠭ ᠵᠠᠩᠬᠢᠴᠢᠯᠠᠭᠰᠠᠨ ᠪᠠᠶᠢᠭᠤᠯᠤᠯᠳᠡ ᠪᠠᠷ ᠲᠠᠮᠵᠢᠨ ᠠᠭᠤᠷᠬᠠᠢ ᠶᠢᠨ ᠤᠢᠢᠯᠡᠳᠪᠤᠷᠢᠯᠠᠯ᠂ ᠠᠮᠤᠷ ᠲᠥᠪᠰᠢᠨ᠂ ᠠᠷᠤ ᠲᠠᠯ᠎ᠠ ᠶᠢᠨ ᠪᠠᠳᠤᠯᠠᠭ᠎ᠠ ᠶᠢᠨ ᠠᠵᠢᠯ ᠵᠡᠷᠬᠡ ᠶᠢ ᠰᠠᠶᠢᠵᠢᠷᠠᠭᠤᠯᠵᠤ ᠪᠠᠶᠢᠨ᠎ᠠ᠃      ︽ᠬᠡᠳᠦ᠋ᠢᠪᠡᠷ 4G ᠰᠥᠯᠵᠢᠶᠠᠨ ᠤ ᠮᠡᠷᠬᠡᠵᠢᠯ ᠨᠢ ᠨᠡᠶᠢᠬᠡᠮ ᠳᠤ ᠲᠥᠬᠡᠮᠡᠯᠵᠢᠨ ᠬᠡᠷᠡᠭᠯᠡᠭᠳᠡᠬᠡᠳ ᠨᠡᠯᠢᠶᠠᠳ ᠤᠳᠠᠭᠰᠠᠨ ᠪᠤᠯᠪᠠᠴᠤ ᠨᠡᠬᠦᠷᠡᠰᠤᠨ ᠠᠭᠤᠷᠬᠠᠢ ᠶᠢᠨ ᠠᠰᠢᠭᠯᠠᠯᠳᠡ ᠳᠤ ᠤᠷᠤᠬᠤ ᠴᠠᠭ ᠨᠢ ᠬᠤᠶᠠᠷ ᠭᠤᠷᠪᠠᠨ ᠵᠢᠯ ᠬᠤᠵᠢᠭᠳᠠᠵᠤ ᠪᠤᠢ᠃ ᠤᠴᠢᠷ ᠨᠢ ᠨᠡᠬᠦᠷᠡᠰᠤᠨ ᠠᠭᠤᠷᠬᠠᠢ ᠶᠢᠨ ᠭᠠᠵᠠᠷ ᠲᠤᠤᠷ᠎ᠠ ᠲᠤᠰᠬᠠᠢ ᠲᠤᠤᠷ ᠰᠥᠯᠵᠢᠶᠠᠨ ᠤ ᠰᠤᠷᠠᠭ ᠵᠠᠩᠬᠢ ᠶᠢᠨ ᠲᠥᠬᠦᠬᠡᠷᠤᠮᠵᠢ ᠶᠢ ᠲᠤᠬᠢᠷᠠᠭᠤᠯᠬᠤ ᠠᠴᠠ ᠭᠠᠳᠠᠨ᠎ᠠ ᠭᠠᠷ ᠤᠳᠠᠰᠤᠨ ᠤ ᠲᠡᠯᠪᠡᠷᠡᠬᠦ ᠶᠢ ᠰᠡᠷᠬᠡᠶᠢᠯᠡᠬᠦ᠂ ᠭᠠᠷ ᠤᠳᠠᠰᠤᠨ ᠤ ᠲᠤᠰᠬᠠᠢ ᠴᠠᠬᠢᠯᠭᠠᠠ ᠴᠡᠨᠡᠭ ᠢ ᠬᠡᠷᠡᠭᠯᠡᠪᠡᠯ ᠰᠠᠶ᠋ᠢ ᠠᠭᠤᠷᠬᠠᠢ ᠲᠤᠤᠷᠠᠬᠢ ᠤᠨᠴᠠᠭᠠᠢ ᠤᠷᠴᠢᠨ ᠳᠤ ᠲᠤᠬᠢᠷᠠᠳᠠᠭ᠃ ᠤᠳᠤ ᠮᠠᠨ ᠤ ᠨᠡᠬᠦᠷᠡᠰᠤᠨ ᠠᠭᠤᠷᠬᠠᠢ ᠭᠠᠵᠠᠷ ᠲᠡᠭᠡᠷᠡᠬᠢ ᠪᠠ ᠠᠭᠤᠷᠬᠠᠢ ᠲᠤᠤᠷ᠎ᠠ 4 G ᠷᠠᠳᠢᠣ᠋ ᠴᠢᠮᠡᠭᠡ ᠬᠤᠯᠪᠤᠭᠠᠨ ᠤ ᠰᠢᠰᠲ᠋ᠧᠮ ᠢ ᠤᠭᠰᠠᠷᠠᠭᠰᠠᠨ ᠠᠴᠠ ᠨᠡᠬᠦᠷᠠᠰᠤᠨ ᠠᠭᠤᠷᠬᠠᠢ ᠶᠢᠨ ᠴᠢᠮᠡᠭᠡ ᠬᠤᠯᠪᠤᠭᠠᠨ ᠤ ᠱᠠᠭᠠᠷᠳᠠᠯᠭ᠎ᠠ ᠶᠢ ᠪᠥᠷᠢᠮᠤᠰᠤᠨ ᠬᠠᠨᠭ᠍ᠭᠠᠭᠰᠠᠨ ᠪᠠᠶᠢᠨ᠎ᠠ︾ ᠬᠡᠵᠦ ᠰᠢᠨ᠎ᠠ ᠡᠨᠧᠷᠬᠢ ᠶᠢᠨ ᠠᠭᠤᠷᠬᠠᠢ ᠶᠢᠨ ᠠᠵᠤ ᠤᠢᠢᠯᠡᠳᠪᠤᠷᠢ ᠶᠢᠨ ᠪᠥᠷᠢᠨ ᠪᠤᠰᠤ ᠺᠤᠮᠫᠠᠨᠢ ᠶᠢᠨ ᠸᠠᠩ ᠵᠢᠶᠠ ᠲᠠ ᠨᠡᠬᠦᠷᠡᠰᠤᠨ ᠠᠭᠤᠷᠬᠠᠢ ᠶᠢᠨ ᠰᠤᠷᠠᠭ ᠵᠠᠩᠬᠢ ᠶᠢᠨ ᠠᠯᠪᠠᠨ ᠬᠡᠷ ᠤᠨ ᠡᠷᠬᠢᠯᠡᠭᠴᠢ ᠯᠢ ᠰᠧ ᠵᠢᠶᠧ ᠪᠠᠶᠠᠷᠳᠠᠶᠢᠬᠠᠨ ᠶᠠᠷᠢᠯ ᠎ᠠ᠃      ᠦᠡᠭᠭᠡᠷᠡᠭᠰᠡᠨ ᠳᠤ ᠸᠠᠩ ᠵᠢᠶᠠ ᠲᠠ ᠨᠡᠬᠦᠷᠡᠰᠤᠨ ᠠᠭᠤᠷᠬᠠᠢ ᠵᠥᠪᠬᠡᠨ 2G ᠮᠡᠷᠬᠡᠵᠢᠯ ᠢ ᠬᠡᠷᠡᠭᠯᠡᠵᠦ᠂ ᠰᠥᠯᠵᠢᠶᠠᠨ ᠤ ᠬᠤᠷᠳᠤᠴᠠ ᠪᠠᠷ ᠤᠳᠠᠭᠠᠨ᠂ ᠲᠤᠬᠠᠢ ᠶᠢᠨ ᠲᠠᠯᠠᠪᠤᠷ ᠤᠨ ᠪᠠᠶᠢᠳᠠᠯ ᠢ ᠲᠤᠳᠤᠷᠬᠠᠢ ᠪᠠᠶᠢᠴᠠᠭᠠᠨ ᠲᠤᠳᠤᠯᠠᠵᠦ ᠲᠡᠶᠢᠯᠬᠦ ᠥᠬᠡᠢ᠂ ᠬᠠᠷᠠᠭᠠᠨ ᠲᠠᠪᠳᠠᠮᠵᠢ ᠶᠢᠨ ᠬᠡᠯᠪᠡᠷᠢ ᠪᠠᠷ ᠬᠠᠷᠢᠯᠴᠠᠬᠤ ᠠᠷᠭ᠎ᠠ ᠥᠬᠡᠢ᠂ ᠵᠥᠪᠬᠡᠨ ᠤᠳᠠᠰᠤ ᠪᠠᠷ ᠶᠠᠷᠢᠯᠴᠠᠨ ᠪᠠᠶᠢᠳᠠᠯ ᠢ ᠤᠢᠢᠯᠠᠭᠠᠵᠦ᠂ ᠶᠠᠷᠰᠢᠭ ᠲᠥᠪᠡᠭ ᠶᠡᠬᠡᠳᠠᠢ ᠪᠠᠶᠢᠵᠠᠢ᠃ ᠥᠡᠭᠭᠡᠷᠡᠭᠰᠡᠨ ᠤ ᠪᠠᠶᠢᠳᠠᠯ ᠲᠠᠢ ᠬᠠᠷᠢᠴᠠᠭᠤᠯᠪᠠᠯ 4G ᠴᠢᠮᠡᠭᠡ ᠬᠤᠯᠪᠤᠭᠠᠨ ᠤ ᠮᠡᠷᠬᠡᠵᠢᠯ ᠬᠡᠷᠡᠭᠯᠡᠯᠳᠡ ᠳᠤ ᠤᠷᠤᠭᠰᠠᠨ ᠤ ᠲᠠᠷᠠᠭ᠎ᠠ ᠪᠠᠶᠢᠴᠠᠭᠠᠨ ᠰᠡᠯᠪᠢᠬᠦ ᠳᠤ ᠮᠡᠷᠬᠡᠵᠢᠯᠳᠡᠡ ᠠᠴᠠ ᠠᠭᠤᠷᠬᠠᠢ ᠲᠤᠤᠷᠠᠬᠢ ᠵᠢᠷᠤᠭ ᠲᠥᠷᠰᠤ ᠶᠢ ᠭᠠᠷ ᠤᠳᠠᠰᠤ ᠪᠠᠷ ᠲᠠᠮᠵᠢᠭᠤᠯᠬᠤ ᠪᠤᠯᠵᠦ᠂ ᠠᠵᠢᠯ ᠤᠨ ᠥᠷ᠎ᠡ ᠪᠥᠳᠥᠮᠵᠢ ᠶᠢ ᠶᠡᠭᠡ ᠪᠠᠷ ᠲᠡᠬᠡᠭᠰᠢᠯᠡᠬᠦᠯᠵᠠᠢ᠃ ᠰᠢᠨ᠎ᠠ ᠡᠨᠧᠷᠬᠢ ᠶᠢᠨ ᠠᠭᠤᠷᠬᠠᠢ ᠶᠢᠨ ᠠᠵᠤ ᠤᠢᠢᠯᠡᠳᠪᠤᠷᠢ ᠶᠢᠨ ᠪᠥᠷᠢᠨ ᠪᠤᠰᠤ ᠺᠤᠮᠫᠠᠨᠢ ᠶᠢᠨ ᠸᠠᠩ ᠵᠢᠶᠠ ᠲᠠ ᠨᠡᠬᠦᠷᠡᠰᠤᠨ ᠠᠭᠤᠷᠬᠠᠢ ᠶᠢᠨ ᠴᠠᠬᠢᠯᠭᠠᠠ ᠮᠧᠬᠠᠨᠢᠭ ᠤᠨ ᠲᠡᠳ᠋ ᠶᠡᠷᠤᠩᠬᠡᠢ ᠢᠨᠵᠧᠨᠧᠷ ᠯᠢᠥ ᠶᠤᠤ ᠬᠠᠢ ᠶᠢᠨ ᠶᠠᠷᠢᠬᠤ ᠪᠠᠷ ᠬᠤᠶᠢᠰᠢᠳᠡ ᠰᠤᠷᠠᠭ ᠵᠠᠩᠬᠢᠴᠢᠯᠡᠯᠳᠡ ᠶᠢᠨ ᠪᠠᠶᠢᠭᠤᠯᠤᠯᠳᠡ ᠪᠠᠷ ᠰᠠᠭᠤᠷᠢᠯᠠᠨ᠂ ᠤᠶᠤᠨᠴᠢᠯᠠᠭᠰᠠᠨ ᠠᠭᠤᠷᠬᠠᠢ ᠶᠢᠨ ᠪᠠᠶᠢᠭᠤᠯᠤᠯᠳᠡ ᠶᠢ ᠬᠢᠵᠦ᠂ ᠤᠶᠤᠨᠴᠢ ᠪᠠᠷ ᠲᠡᠬᠦᠬᠦ᠂ ᠤᠶᠤᠨᠴᠢ ᠪᠠᠷ ᠤᠬᠢᠶᠠᠵᠦ ᠰᠢᠯᠢᠬᠦ᠂ ᠤᠶᠤᠨᠴᠢ ᠪᠠᠷ ᠪᠤᠷᠤᠯᠠᠭᠤᠯᠬᠤ ᠪᠠᠷ ᠰᠠᠭᠤᠷᠢ ᠪᠤᠯᠭᠠᠨ᠂ ᠤᠶᠤᠨᠴᠢᠯᠠᠭᠰᠠᠨ ᠵᠥᠬᠡᠬᠡᠪᠤᠷᠢ ᠡᠵᠡᠩᠨᠡᠯᠳᠡ ᠶᠢᠨ ᠲᠠᠪᠴᠡᠩ ᠢ ᠪᠠᠶᠢᠭᠤᠯᠵᠦ᠂ ᠭᠠᠵᠠᠷ ᠤᠷᠤᠨ ᠤ ᠡᠬᠢ ᠪᠠᠶᠠᠯᠢᠭ ᠢ ᠪᠥᠳᠤᠮᠵᠢᠳᠠᠢ ᠨᠢᠬᠡᠳᠬᠡᠬᠦ ᠪᠤᠯᠤᠨ᠎ᠠ ᠭᠡᠯ ᠎ᠡ᠃      ᠤᠢᠢᠷ᠎ᠡ ᠶᠢᠨ ᠵᠢᠯ ᠠᠴᠠ ᠨᠠᠭᠠᠰᠢ ᠡᠵᠡᠨ ᠬᠤᠷᠤᠭ᠎ᠠ ᠬᠤᠰᠢᠭᠤ ᠤᠶᠤᠨᠴᠢ ᠠᠭᠤᠷᠬᠠᠢ ᠶᠢᠨ ᠪᠠᠶᠢᠭᠤᠯᠤᠯᠳᠡ ᠶᠢ ᠢᠳᠡᠪᠬᠢᠳᠠᠢ ᠪᠠᠷ ᠠᠬᠢᠭᠤᠯᠤᠨ᠂ ᠨᠡᠬᠦᠷᠡᠰᠤᠨ ᠠᠷᠠᠯᠵᠢᠶ ᠎ᠠ ᠶᠢᠨ ᠨᠢᠬᠡᠳᠤᠯᠳᠠᠢ ᠲᠤᠭᠠᠴᠠᠯᠠᠭᠰᠠᠨ ᠲᠠᠪᠴᠠᠩ ᠢ ᠪᠠᠶᠢᠭᠤᠯᠵᠦ᠂ ᠰᠥᠯᠵᠢᠶᠠᠨ ᠪᠤᠷᠤᠯᠠᠭᠤᠯᠭ᠎ᠠ ᠪᠠ ᠪᠤᠳᠠᠳᠤ ᠲᠡᠯᠬᠡᠬᠦᠷ ᠤᠨ ᠪᠤᠷᠤᠯᠠᠭᠤᠯᠭ᠎ᠠ ᠶᠢ ᠤᠶᠠᠯᠳᠤᠭᠤᠯᠤᠨ᠂ ᠵᠠᠬ᠎ᠠ ᠲᠡᠯᠬᠡᠬᠦᠷ ᠤᠨ ᠠᠷᠭ᠎ᠠ ᠪᠠᠷᠢᠯ ᠪᠠ ᠵᠠᠰᠠᠭ ᠵᠠᠬᠢᠷᠭᠠᠨ ᠤ ᠠᠷᠭ᠎ᠠ ᠪᠠᠷᠢᠯ ᠢᠶᠠᠷ ᠲᠡᠮᠵᠢᠵᠦ᠂ ᠤᠢᠢᠯᠡᠳᠪᠤᠷᠢᠯᠡᠬᠦ᠂ ᠬᠠᠨᠭ᠍ᠭᠠᠬᠤ᠂ ᠪᠤᠷᠤᠯᠠᠭᠤᠯᠬᠤ ᠠᠵᠤ ᠠᠬᠤᠢᠢᠯᠠᠯ ᠤᠨ ᠰᠥᠯᠵᠢᠶᠠᠨ ᠲᠠᠪᠴᠠᠩ ᠢᠶᠠᠷ ᠰᠤᠯᠢᠯᠴᠠᠭ᠎ᠠ ᠬᠢᠯᠬᠡᠬᠦ ᠶᠢ ᠲᠠᠶᠢᠴᠢᠯᠠᠨ᠂ ᠲᠥᠬᠦᠮ ᠲᠥᠳᠡ ᠮᠥᠡᠭᠬᠦᠨ ᠬᠥᠢᠯᠬᠡᠬᠡᠨ ᠤ ᠵᠢᠬᠡᠯᠡᠯᠬᠡ ᠶᠢᠨ ᠤᠢᠢᠯᠡᠴᠢᠯᠡᠭᠡ ᠶᠢ ᠬᠠᠨᠭ᠍ᠭᠠᠵᠦ᠂ ᠨᠡᠬᠦᠷᠡᠰᠤᠨ ᠤ ᠪᠥᠳᠥᠬᠡᠭᠳᠡᠬᠦᠨ᠂ ᠪᠤᠳᠠᠰ ᠤᠨ ᠡᠬᠢ ᠪᠠᠶᠠᠯᠢᠭ ᠤᠨ ᠬᠠᠨᠭ᠍ᠭᠠᠯᠭ᠎ᠠ ᠶᠢᠨ ᠨᠢᠬᠡᠳᠤᠯᠳᠠᠢ ᠲᠤᠭᠠᠴᠠᠭᠠᠯᠠᠬᠤ ᠶᠢ ᠪᠡᠶᠡᠯᠡᠬᠦᠯᠵᠠᠢ᠃ ᠰᠠᠭᠤᠷᠢ ᠰᠥᠯᠵᠢᠶᠠᠨ ᠤ ᠲᠠᠮᠵᠢᠭᠤᠯᠬᠤ ᠰᠢᠰᠲ᠋ᠧᠮ ᠢ ᠪᠠᠶᠢᠭᠤᠯᠵᠦ᠂ ᠭᠠᠵᠠᠷ ᠲᠡᠬᠡᠷᠡᠬᠢ ᠪᠠ ᠠᠭᠤᠷᠬᠠᠢ ᠲᠤᠤᠷᠠᠬᠢ ᠶᠢᠨ ᠰᠥᠯᠵᠢᠶᠠᠨ ᠤ ᠰᠢᠰᠲ᠋ᠧᠮ ᠢ ᠨᠢᠬᠡ ᠴᠤᠭᠴᠠᠵᠢᠭᠤᠯᠤᠭᠰᠠᠨ ᠬᠠᠮᠢᠶᠠᠷᠤᠯᠳᠡ ᠶᠢ ᠪᠡᠶᠡᠯᠡᠬᠦᠯᠵᠠᠢ᠃ ᠵᠢᠯᠤᠭᠤᠴᠢ ᠥᠬᠡᠢ ᠮᠠᠰᠢᠨ ᠤ ᠬᠡᠷᠡᠭᠯᠡᠯᠳᠡ ᠶᠢ ᠠᠬᠢᠭᠤᠯᠤᠨ᠂ ᠠᠵᠤ ᠤᠢᠢᠯᠡᠳᠪᠤᠷᠢ ᠶᠢᠨ ᠮᠠᠰᠢᠨ ᠬᠥᠮᠤᠨ ᠵᠡᠷᠬᠡ ᠰᠢᠨ᠎ᠠ ᠮᠡᠷᠬᠡᠵᠢᠯ ᠪᠠ ᠲᠤᠨᠤᠭ ᠲᠥᠬᠦᠬᠡᠷᠤᠮᠵᠢ ᠶᠢ ᠠᠭᠤᠷᠬᠠᠢ ᠶᠢᠨ ᠤᠢᠢᠯᠡᠳᠪᠤᠷᠢᠯᠡᠯ ᠲᠤᠮᠳᠠ ᠬᠡᠷᠡᠭᠯᠡᠬᠦ ᠶᠢ ᠲᠥᠷᠬᠡᠳᠬᠡᠵᠠᠢ᠃      ᠤᠳᠤᠬᠠᠨ ᠳᠤ ᠡᠵᠡᠨ ᠬᠤᠷᠤᠭ᠎ᠠ ᠬᠤᠰᠢᠭᠤᠨ ᠤ ᠬᠢᠵᠠᠭᠠᠷ ᠲᠤᠳᠤᠷᠠᠬᠢ ᠤᠢᠢᠯᠡᠳᠪᠤᠷᠢᠯᠡᠨ ᠡᠵᠡᠩᠨᠡᠵᠦ ᠪᠠᠶᠢᠭ᠎ᠠ ᠭᠠᠵᠠᠷ ᠤᠷᠤᠨ ᠤ ᠨᠡᠬᠦᠷᠡᠰᠤᠨ ᠠᠭᠤᠷᠬᠠᠢ ᠶᠢᠨ 28%᠎ ᠨᠢ ᠬᠤᠳᠳᠤᠭ ᠲᠤᠤᠷᠠᠬᠢ 4G ᠰᠥᠯᠵᠢᠶ ᠎ᠡ ᠶᠢ ᠪᠥᠷᠬᠦᠬᠦᠯᠤᠨ᠂ 2018 ᠤᠨ ᠳᠤ ᠡᠵᠡᠨ ᠬᠤᠷᠤᠭ᠎ᠠ ᠬᠤᠰᠢᠭᠤᠨ ᠤ ᠬᠢᠵᠠᠭᠠᠷ ᠲᠤᠳᠤᠷᠠᠬᠢ 50%᠎ ᠤᠨ ᠨᠡᠬᠦᠷᠡᠰᠤᠨ ᠠᠭᠤᠷᠬᠠᠢ ᠳᠤ 4G ᠰᠥᠯᠵᠢᠶ ᠎ᠡ ᠶᠢ ᠪᠥᠷᠬᠦᠬᠦᠯᠬᠦ ᠪᠠᠷ ᠪᠠᠶᠢᠨ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号