ᠤᠷᠠᠯᠢᠭ ᠤᠨ ᠲᠡᠭᠷᠢ ᠳᠤ ᠲᠡᠬᠦᠯᠢᠨ ᠲᠤᠪᠳᠤᠯᠭᠠᠬᠤ ︽ᠠᠳᠤᠭᠤᠴᠢᠨ ᠦᠬᠢᠨ︾ — ᠤᠶᠤᠨᠭᠠᠸᠠ
ᠨᠡᠶᠢᠲᠡᠯᠡᠭᠰᠡᠨ ᠴᠠᠭ᠄
2018-07-09
     ᠠᠳᠤᠭᠤᠨ ᠰᠦᠷᠦᠭ ᠤᠨ ᠬᠠᠨᠭ᠍ᠬᠢᠨᠠᠳᠠᠯ᠎ᠠ ᠦᠦᠷᠰᠡᠬᠦ ᠲᠠᠭᠤᠨ ᠲᠣᠭᠤᠯᠳᠠᠵᠤ᠂ ᠠᠬᠲᠠ ᠶᠢᠨ ᠲᠦᠪᠡᠷᠭᠡᠨ ᠤᠷᠢᠬᠠᠨ ᠰᠠᠯᠬᠢ ᠶᠢ ᠠᠷᠭᠠᠳᠠᠨ᠂ ᠴᠡᠴᠡᠭᠲᠦ ᠲᠠᠯ᠎ᠠ ᠪᠠᠷ ᠲᠡᠬᠦᠯᠢᠨ ᠲᠤᠪᠳᠤᠯᠭᠠᠨ᠎ᠠ᠃ ᠰᠠᠯᠬᠢ ᠰᠢᠬ ᠵᠢᠷᠢᠯᠵᠠᠨ ᠦᠡᠭᠭᠡᠷᠡᠬᠦ ᠠᠳᠤᠭᠤᠨ ᠰᠦᠷᠦᠭ ᠤᠨ ᠬᠤᠶᠢᠨ᠎ᠡ ᠠᠴᠠ ᠤᠷᠲᠦ ᠲᠠᠰᠢᠭᠤᠷ ᠡᠷᠬᠢᠬᠦᠯᠦᠭᠰᠡᠨ ᠠᠳᠤᠭᠤᠴᠢᠨ ᠦᠬᠢᠨ ᠰᠤᠮᠤᠳᠠᠨ ᠲᠠᠪᠬᠢᠨ᠎ᠠ ᠁ ᠡᠨᠡ ᠪᠤᠯ ᠤᠶᠤᠨᠭᠠᠸᠠ ᠶᠢᠨ ᠦᠪᠡᠷ ᠢᠶᠠᠨ ᠵᠤᠬᠢᠶᠠᠨ ᠪᠦᠲᠦᠭᠡᠵᠦ ᠪᠦᠵᠢᠭᠯᠡᠭᠰᠡᠨ ︽ᠠᠳᠤᠭᠤᠴᠢᠨ ᠦᠬᠢᠨ︾ ᠪᠦᠵᠢᠭ ᠤᠨ ᠨᠢᠭᠡᠨ ᠦᠵᠡᠭᠳᠡᠯ ᠪᠤᠯᠤᠨ᠎ᠠ᠃ ᠡᠨᠡ ᠪᠦᠵᠢᠭ ᠢᠶᠠᠷ ᠢᠶᠠᠨ ᠤᠶᠤᠨᠭᠠᠸᠠ 2013 ᠤᠨ ᠳᠤ ᠦᠪᠡᠷᠳᠡᠭᠡᠨ ᠵᠠᠰᠠᠬᠤ ᠤᠷᠤᠨ ᠤ ᠠᠷᠪᠠᠳᠤᠭᠠᠷ ᠬᠤᠭᠤᠴᠠᠭᠠᠨ ᠤ ︽ᠰᠠᠷᠠᠨ᠎ᠠ︾ ᠱᠠᠩᠨᠠᠯ ᠢ ᠲᠤᠰᠴᠠᠢ᠃ ᠤᠶᠤᠨᠭᠠᠸᠠ᠄ ︽ᠨᠠᠮ᠎ᠠ ᠶᠢ ᠪᠠᠭ᠎ᠠ ᠪᠠᠶᠢᠬᠤ ᠳᠤ ᠨᠠᠭᠠᠴᠤ ᠡᠵᠢ ᠶᠢᠨ ᠬᠢᠨ ᠤᠯᠠᠨ ᠠᠳᠤᠭᠤ ᠲᠠᠢ ᠠᠶᠢᠯ ᠪᠠᠶᠢᠬᠰᠠᠨ᠃ ᠨᠠᠭᠠᠴᠤ ᠡᠵᠢ ᠮᠢᠨᠢ ᠮᠤᠷᠢ ᠤᠰᠤᠯᠠᠬᠤ ᠳᠤ ᠪᠠᠨ ᠤᠷᠲᠦ ᠲᠠᠰᠢᠭᠤᠷ ᠡᠷᠬᠢᠬᠦᠯᠵᠦ ᠪᠠᠶᠢᠬᠰᠠᠨ ᠪᠠᠶᠢᠳᠠᠯ ᠨᠢ ᠮᠢᠨᠦ ᠰᠡᠳᠬᠢᠯ ᠳᠤ ᠬᠦᠨ ᠰᠠᠭᠤᠭᠳᠠᠵᠠᠢ᠃ ᠢᠡᠭᠬᠢᠬᠡᠳ ᠪᠢ ᠠᠳᠤᠭᠤᠨ ᠰᠦᠷᠦᠭ᠂ ᠤᠷᠳᠦ ᠲᠠᠰᠢᠭᠤᠷ ᠢᠶᠠᠷ ᠰᠡᠳᠦᠪᠯᠡᠭᠰᠡᠨ ︿ᠠᠳᠤᠭᠤᠴᠢᠨ ᠦᠬᠢᠨ﹀ ᠭᠡᠰᠡᠨ ᠪᠦᠵᠢᠭ ᠢᠶᠠᠨ ᠵᠤᠬᠢᠶᠠᠨ ᠪᠦᠲᠦᠭᠡᠵᠦ ᠪᠦᠵᠢᠭᠯᠡᠭᠰᠡᠨ ᠶᠤᠮ ᠡ᠃ ᠶᠡᠷᠦᠨᠢ ᠤᠷᠠᠯᠢᠭ ᠬᠡᠵᠦ ᠠᠮᠢᠳᠤᠷᠠᠯ ᠠᠴᠠ ᠡᠬᠦᠰᠦᠯᠲᠠᠢ ᠲᠤᠯᠠ ᠠᠮᠢᠳᠤᠷᠠᠯ ᠦᠢᠯᠡᠳᠪᠦᠷᠢᠯᠡᠯ ᠲᠠᠢ ᠬᠤᠯᠪᠤᠬᠳᠠᠬᠰᠠᠨ ᠪᠦᠲᠦᠭᠡᠯ ᠯᠡ ᠰᠠᠶ᠋ᠢ ᠬᠦᠮᠦᠰ ᠤᠨ ᠰᠡᠳᠬᠢᠯ ᠳᠤ ᠬᠦᠷᠴᠦ ᠴᠢᠳᠠᠨ᠎ᠠ ᠬᠡᠳᠡᠭ ᠢ ᠪᠢ ᠢᠳᠡᠭᠡᠳᠡᠭ ᠁︾ ᠭᠡᠵᠦ ᠤᠴᠢᠷᠳᠠᠶᠢᠬᠠᠨ ᠶᠠᠷᠢᠵᠦ ᠪᠠᠶᠢᠯ᠎ᠠ᠃
            ᠤᠷᠠᠯᠢᠭ ᠤᠨ ᠵᠠᠮ ᠢᠶᠠᠷ ᠵᠠᠮᠨᠠᠬᠰᠠᠨ ᠨᠢ      1999 ᠤᠨ ᠳᠤ ᠤᠶᠤᠨᠭᠠᠸᠠ ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠲᠤ ᠠᠵᠢᠯ ᠤᠨ ᠭᠠᠷᠤᠭ᠎ᠠ ᠠᠪᠴᠤ᠂ ᠡᠳᠦᠷ ᠤᠨ ᠪᠤᠳᠤᠯ ᠳᠤ ᠪᠠᠨ ᠤᠷᠭᠤᠭᠤᠯᠤᠨ ᠰᠦᠨᠢ ᠶᠢᠨ ᠵᠡᠬᠦᠳᠦᠨ ᠳᠤ ᠪᠠᠨ ᠮᠠᠨᠠᠵᠤ ᠪᠠᠶᠢᠬᠰᠠᠨ ︽ᠪᠦᠵᠢᠭᠴᠢᠨ︾ ᠪᠤᠯᠬᠤ ᠬᠦᠰᠡᠯ ᠢᠶᠠᠨ ᠪᠡᠶᠡᠯᠡᠬᠦᠯᠦᠭᠰᠠᠨ ᠪᠠᠶᠢᠵᠠᠢ᠃ ᠤᠯᠠᠭᠠᠨᠮᠦ᠋ᠴᠢᠷ ᠪᠤᠯ ᠬᠦᠳᠡᠭᠡ ᠲᠤᠰᠬᠤᠨ ᠳᠤ ᠦᠢᠯᠡᠴᠢᠯᠡᠳᠡᠭ ︽ᠲᠠᠯ᠎ᠠ ᠨᠤᠳᠤᠭ ᠤᠨ ᠬᠦᠡᠭᠭᠡᠨ ᠮᠤᠷᠢᠲᠦ ᠴᠡᠷᠢᠭ︾ ᠪᠤᠯᠬᠤᠷ ᠨᠢ ᠤᠯᠠᠭᠠᠨᠮᠦ᠋ᠴᠢᠷ ᠤᠨ ᠲᠤᠬᠯᠠᠬᠴᠢᠳ ᠵᠢᠯ ᠤᠨ ᠲᠦᠷᠪᠡᠨ ᠤᠯᠠᠷᠢᠯ ᠳᠤ ᠬᠦᠳᠡᠭᠡ ᠲᠤᠰᠬᠤᠨ ᠢᠶᠠᠷ ᠲᠤᠬᠯᠠᠯᠲᠠ ᠭᠠᠷᠭᠠᠵᠤ ᠶᠠᠪᠤᠬᠤ ᠤᠴᠢᠷᠲᠠᠢ᠃ ᠲᠡᠭᠡᠭᠡᠳ ᠨᠢᠭᠡ ᠶᠠᠪᠤᠪᠠᠯ ᠰᠠᠷ᠎ᠠ ᠪᠠᠷ ᠶᠠᠪᠤᠨ᠎ᠠ᠂ ᠬᠠᠯᠠᠭᠤᠨ ᠵᠤᠨ ᠬᠠᠬᠢᠷ ᠡᠪᠦᠯ ᠬᠡᠰᠡᠨ ᠦᠭᠡᠢ ᠬᠦᠳᠡᠭᠡ ᠲᠠᠯ᠎ᠠ ᠪᠠᠷ ᠲᠤᠬᠯᠠᠯᠲᠠ ᠭᠠᠷᠭᠠᠨ᠎ᠠ᠃ 2002 ᠤᠨ ᠤ ᠡᠪᠦᠯ ᠪᠠᠶᠢᠵᠤ ᠪᠢᠯᠡ᠃ ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠤᠨ ᠬᠢᠨ ᠰᠤᠪᠤᠷᠭ᠎ᠠ ᠶᠢᠨ ᠲᠠᠯ᠎ᠠ ᠳᠤ ᠲᠤᠬᠯᠠᠯᠲᠠ ᠭᠠᠷᠭᠠᠬᠤ ᠳᠤ ᠮᠠᠰᠢ ᠬᠦᠢᠳᠡᠨ ᠡᠳᠦᠷ ᠲᠤᠬᠢᠶᠠᠯᠳᠤᠬᠰᠠᠨ ᠪᠠᠶᠢᠵᠠᠢ᠃ ᠡᠨᠡ ᠬᠦᠢᠳᠡᠨ ᠡᠳᠦᠷ ᠨᠢᠮᠭᠡᠨ ᠴᠠᠮᠴᠠ ᠲᠠᠢ ᠶᠠᠭᠠᠬᠢᠵᠦ ᠲᠤᠬᠯᠠᠯᠲᠠ ᠭᠠᠷᠭᠠᠳᠠᠬ ᠪᠢᠯᠡ ᠭᠡᠵᠦ ᠤᠶᠤᠨᠭᠠᠸᠠ ᠰᠡᠳᠬᠢᠯ ᠳᠤ ᠪᠠᠨ ᠡᠷᠡᠭᠡᠯᠵᠡᠭᠡ ᠲᠠᠢ ᠲᠠᠶᠢᠰᠠᠨ ᠳᠤ ᠭᠠᠷᠬᠤ ᠳᠤ ᠲᠤᠤᠷ᠎ᠠ ᠲᠤᠬᠯᠠᠯᠲᠠ ᠦᠵᠡᠵᠦ ᠪᠠᠶᠢᠭ᠎ᠠ ᠮᠠᠯᠴᠢᠳ ᠬᠠᠯᠠᠭᠤᠨ ᠠᠯᠠᠭ᠎ᠠ ᠲᠠᠰᠢᠯᠲᠠ ᠪᠤᠯᠤᠨ ᠤᠤᠬᠠᠢᠢᠯᠠᠯ ᠤᠨ ᠲᠠᠭᠤᠨ ᠢᠶᠠᠷ  ᠲᠡᠳᠡᠨ ᠳᠤ ᠤᠷᠮ᠎ᠠ ᠬᠠᠶᠢᠷᠠᠯᠠᠵᠤ ᠪᠠᠶᠢᠭ᠎ᠠ ᠶᠢ ᠬᠠᠷᠠᠭᠠᠳ ᠰᠡᠳᠬᠢᠯ ᠮᠠᠰᠢ ᠶᠡᠭᠡ ᠲᠤᠬᠳᠤᠯᠵᠤ᠂ ᠡᠪᠦᠯ ᠤᠨ ᠬᠦᠢᠳᠡᠨ ᠢ ᠨᠢᠬᠡᠮᠦᠰᠦᠨ ᠤᠮᠠᠷᠳᠠᠵᠤ᠂ ᠢᠷᠠᠭᠤ ᠰᠠᠶᠢᠬᠠᠨ ᠤᠶᠠᠩᠭ᠎ᠠ ᠪᠦᠵᠢᠭ ᠢᠶᠠᠷ ᠢᠶᠠᠨ ᠮᠠᠯᠴᠢᠳ ᠤᠨ ᠬᠠᠷᠠᠭ᠎ᠠ ᠶᠢ ᠮᠢᠯᠢᠶᠠᠵᠤ ᠰᠡᠳᠬᠢᠯ ᠢ ᠨᠢ ᠬᠦᠭᠰᠡᠭᠡᠵᠦ ᠪᠢᠯᠡ᠃ ᠤᠯᠠᠭᠠᠨᠮᠦ᠋ᠴᠢᠷ ᠲᠤ ᠠᠵᠢᠯᠯᠠᠬᠰᠠᠨ ᠬᠤᠷᠢ ᠰᠢᠬᠠᠮ ᠵᠢᠯ ᠤᠨ ᠬᠤᠭᠤᠴᠠᠭᠠᠨ ᠳᠤ ᠤᠶᠤᠨᠭᠠᠸᠠ ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠤᠨ ᠬᠠᠮᠲᠦ ᠬᠤᠶᠠᠷ ᠮᠢᠩᠭ᠎ᠠ ᠭᠠᠷᠤᠢ ᠤᠳᠠᠭ᠎ᠠ ᠶᠢᠨ ᠲᠤᠭᠤᠷᠢᠨ ᠲᠤᠬᠯᠠᠯᠲᠠ ᠳᠤ ᠤᠷᠤᠯᠴᠠᠨ᠂ ᠲᠡᠰᠪᠦᠷᠢ ᠬᠠᠳᠠᠭᠤᠵᠢᠯᠲᠠᠢ ᠵᠠᠩ ᠴᠢᠨᠠᠷ ᠢ ᠲᠠᠪᠳᠠᠨ ᠪᠤᠯᠪᠠᠰᠤᠷᠠᠭᠤᠯᠵᠤ᠂ ᠪᠤᠬᠲᠠ ᠶᠢᠨ ᠰᠢᠳᠦᠬᠡᠨᠲᠦ ᠨᠤᠳᠤᠭ ᠤᠨ ᠬᠦᠷᠦᠰᠦᠨ ᠳᠤ ᠦᠨᠳᠦᠰᠦ ᠬᠠᠳᠬᠤᠨ ᠰᠢᠮ᠎ᠡ ᠠᠪᠴᠦ ᠤᠷᠠᠯᠢᠭ ᠤᠨ ᠲᠠᠶᠢᠰᠠᠨ᠎ᠠ ᠪᠠᠳᠮᠠᠯᠠᠨ ᠲᠡᠯᠭᠡᠷᠡᠭᠰᠡᠨ ᠪᠢᠯᠡ᠃
      ᠤᠷᠠᠯᠢᠭ ᠤᠨ ᠰᠤᠷᠭᠠᠭᠤᠯᠢ ᠳᠤ ᠶᠠᠪᠤᠭᠰᠠᠨ ᠨᠢ        ᠤᠷᠠᠯᠢᠭ ᠤᠨ ᠴᠡᠩᠭᠡᠯᠲᠦ ᠲᠠᠪᠴᠠᠩ ᠲᠡᠭᠡᠷ᠎ᠡ ᠤᠳᠤ ᠨᠢ ᠪᠤᠯᠤᠨ ᠬᠢᠯᠠᠯᠵᠠᠵᠤ᠂ ᠤᠯᠠᠭᠠᠨᠮᠦ᠋ᠴᠢᠷ ᠤᠨ ᠦᠢᠯᠡᠰ ᠲᠤ ᠤᠬᠠᠭᠠᠨ ᠲᠠᠮᠢᠷ ᠢᠶᠠᠨ ᠰᠦᠢᠵᠤ ᠶᠠᠪᠤᠭ᠎ᠠ ᠡᠨᠡ ᠪᠦᠵᠢᠭᠴᠢᠨ ᠢ ᠤᠶᠤᠨᠭᠠᠸᠠ ᠭᠡᠳᠡᠭ᠂ ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠤᠨ ᠪᠦᠵᠢᠭᠴᠢᠨ᠂ ᠤᠯᠤᠰ ᠤᠨ ᠨᠢᠭᠡᠳᠦᠭᠡᠷ ᠲᠡᠰ ᠤᠨ ᠲᠤᠬᠯᠠᠬᠴᠢ᠃ ᠲᠡᠷᠡᠪᠡᠷ 1985 ᠤᠨ ᠳᠤ ᠤᠳᠤᠭ ᠬᠤᠰᠢᠭᠤᠨ ᠳᠤ ᠲᠦᠷᠦᠵᠠᠢ᠃ ᠤᠶᠤᠨᠭᠠᠸᠠ ᠪᠠᠭ᠎ᠠ ᠠᠴᠠ ᠪᠠᠨ ᠪᠦᠵᠢᠭ ᠲᠤ ᠮᠠᠰᠢ ᠶᠡᠭᠡ ᠪᠠᠭ᠋ᠠᠲᠠᠢ ᠪᠠᠶᠢᠵᠤ᠂ ᠬᠡᠵᠢᠶᠡᠳᠡ ᠯᠡ ᠨᠠᠬᠢᠰ ᠨᠤᠬᠤᠰ ᠪᠦᠵᠢᠭᠯᠡᠨ ᠨᠠᠰᠤ ᠬᠤᠷᠠᠭ ᠤᠨ ᠬᠡᠦᠬᠡᠳ ᠤᠳ ᠲᠤ ᠪᠠᠨ ᠪᠦᠵᠢᠭ ᠵᠢᠭᠠᠬᠤ ᠭᠡᠳ ᠰᠦᠢᠳ ᠪᠤᠯᠳᠠᠭ ᠪᠠᠶᠢᠵᠠᠢ᠃ ᠲᠡᠭᠡᠭᠡᠳ ᠦᠨᠳᠦᠷ ᠲᠤᠮᠳᠠᠳᠦ ᠪᠠᠨ ᠲᠡᠬᠦᠰᠥᠮᠡᠭᠴᠡ ᠤᠷᠠᠯᠢᠭ ᠤᠨ ᠰᠤᠷᠭᠠᠭᠤᠯᠢ ᠳᠤ ᠶᠠᠪᠤᠬᠤ ᠪᠠᠷ ᠵᠤᠷᠢᠭ ᠰᠢᠢᠳᠦᠭᠰᠡᠨ ᠪᠤᠯᠪᠠᠴᠤ ᠡᠮᠴᠢ ᠶᠢᠨ ᠠᠯᠪᠠ ᠲᠠᠢ ᠠᠪᠠᠢ ᠨᠢ ᠦᠬᠢᠨ ᠢᠶᠠᠨ ᠪᠦᠵᠢᠭᠴᠢᠨ ᠪᠤᠯᠬᠤ ᠶᠢ ᠵᠦᠪᠰᠢᠶᠡᠷᠡᠬᠦ ᠦᠬᠡᠢ ᠪᠠᠶᠢᠪᠠ᠃ ᠢᠡᠭᠬᠢᠬᠦᠯᠡᠷ ᠨᠢ ᠤᠶᠤᠨᠭᠠᠸᠠ ᠠᠪᠠᠢ ᠳᠤ ᠪᠠᠨ᠄ ︽ᠪᠢ ᠵᠠᠪᠠᠯ ᠪᠦᠵᠢᠭ ᠰᠤᠷᠤᠨ᠎ᠠ᠂ ᠪᠢ ᠵᠠᠪᠠᠯ ᠪᠦᠵᠢᠭᠴᠢᠨ ᠪᠤᠯᠤᠨ᠎ᠠ᠂ ᠬᠡᠷᠪᠡ ᠨᠠᠮ᠎ᠠ ᠶᠢ ᠪᠦᠵᠢᠭᠴᠢᠨ ᠪᠤᠯᠭᠠᠬᠤ ᠦᠬᠡᠢ ᠪᠤᠯ ᠡᠨᠡ ᠨᠠᠰᠤᠨ ᠳᠤ ᠪᠠᠨ ᠲᠠᠨ ᠢ ᠬᠤᠷᠤᠰᠴᠤ ᠶᠠᠪᠤᠨ᠎ᠠ︾ ᠭᠡᠵᠦ ᠬᠠᠶᠢᠷᠠᠲᠠᠢ ᠠᠪᠤ ᠳᠤ ᠪᠠᠨ ᠬᠠᠳᠠᠭᠤ ᠦᠬᠡ ᠬᠠᠶᠠᠴᠢᠬᠠᠭᠠᠳ ᠤᠷᠠᠯᠢᠭ ᠤᠨ ᠰᠤᠷᠭᠠᠭᠤᠯᠢ ᠳᠤ ᠶᠠᠪᠤᠵᠦ᠂ ᠪᠦᠵᠢᠭ ᠲᠠᠢ ᠨᠠᠰᠤᠨ ᠤ ᠪᠠᠷᠢᠯᠳᠤᠯᠭ᠎ᠠ ᠪᠠᠨ ᠡᠬᠢᠯᠡᠬᠦᠯᠦᠭᠰᠡᠨ ᠪᠠᠶᠢᠵᠠᠢ᠃ ᠤᠷᠠᠯᠢᠭ ᠤᠨ ᠰᠤᠷᠭᠠᠭᠤᠯᠢ ᠳᠤ ᠤᠷᠤᠬᠰᠠᠨ ᠤ ᠲᠠᠷᠠᠭ᠎ᠠ ᠤᠶᠤᠨᠭᠠᠸᠠ ᠪᠦᠵᠢᠭ ᠤᠨ ᠲᠤᠰᠬᠠᠢ ᠮᠡᠷᠭᠡᠵᠢᠯ ᠤᠨ ᠬᠢᠴᠢᠶᠡᠯ ᠢᠶᠠᠨ ᠰᠢᠯᠢᠳᠡᠭ ᠠᠮᠵᠢᠯᠲᠠ ᠲᠠᠢ ᠲᠡᠬᠦᠰᠭᠡᠵᠦ᠂ ᠪᠦᠵᠢᠭ ᠤᠨ ᠡᠷᠳᠡᠮ ᠢᠶᠠᠨ ᠬᠠᠳᠠᠭᠤᠵᠢᠯᠲᠠᠢ ᠪᠤᠯᠪᠠᠰᠤᠷᠠᠵᠤ᠂ ᠬᠤᠵᠢᠮ ᠤᠨ ᠤᠷᠠᠯᠢᠭ ᠤᠨ ᠵᠠᠮ ᠳᠤ ᠪᠠᠨ ᠵᠢᠬᠦᠷ ᠤᠷᠭᠤᠭᠤᠯᠬᠤ ᠪᠠᠷ ᠮᠡᠷᠡᠶᠢᠨ ᠴᠢᠷᠮᠠᠶᠢᠵᠠᠢ᠃ ᠤᠶᠤᠨᠭᠠᠸᠠ᠄ ︽ᠪᠢ ᠴᠢᠨᠢ ︿ᠪᠦᠵᠢᠭ ᠤᠨ ᠬᠡᠢ﹀᠎ ᠲᠠᠢ ᠬᠦᠮᠦᠨ᠂ ᠤᠷᠭᠤᠬᠤ ᠨᠠᠷᠠ ᠲᠠᠢ ᠤᠷᠤᠯᠳᠤᠨ ᠪᠠᠶᠢᠵᠤ ᠪᠦᠵᠢᠭ ᠪᠤᠯᠪᠠᠰᠤᠷᠠᠬᠤ ᠬᠡᠷ ᠲᠤ ᠤᠷᠤᠪᠠᠯ ᠦᠳᠡᠰᠢ ᠶᠢᠨ ᠰᠠᠷᠠ ᠲᠠᠢ ᠬᠠᠨᠢᠰᠤᠨ ᠪᠠᠶᠢᠵᠦ ᠪᠠᠶᠢᠷᠢ ᠶᠢᠨ ᠬᠡᠷ ᠲᠤ ᠪᠠᠨ ᠪᠤᠴᠠᠳᠠᠭ ᠪᠠᠶᠢᠬᠰᠠᠨ᠃ ᠪᠦᠵᠢᠭ ᠪᠤᠯᠪᠠᠰᠤᠷᠠᠭᠠᠳ ᠪᠠᠷᠠᠬᠤ ᠳᠤ ᠪᠦᠳᠦᠨ ᠪᠡᠶ᠎ᠡ ᠡᠪᠡᠳᠴᠦ ᠬᠦᠳᠡᠯᠵᠦ ᠲᠡᠶᠢᠯᠬᠦ ᠦᠭᠡᠢ ᠪᠤᠯᠴᠢᠬᠠᠳᠠᠭ᠃ ᠬᠡᠶ᠎ᠡ ᠮᠠᠷᠭᠠᠰᠢ ᠨᠢ ᠪᠦᠵᠢᠭ ᠢᠶᠠᠨ ᠪᠦᠵᠢᠭᠯᠡᠭᠡᠳ ᠡᠬᠢᠯᠡᠬᠦ ᠳᠤ ᠪᠡᠶ᠎ᠡ ᠨᠢᠬᠡᠯᠡ ᠬᠦᠡᠭᠭᠡᠷᠡᠨ ᠡᠪᠡᠳᠬᠦ ᠪᠠᠨ ᠮᠠᠷᠳᠠᠴᠢᠬᠠᠳᠠᠭ᠃ ᠮᠢᠨᠦ ᠵᠡᠬᠦᠨ ᠲᠠᠯ᠎ᠠ ᠶᠢᠨ ᠭᠠᠷ ᠬᠦᠯ ᠤᠨ ᠦᠶ᠎ᠡ ᠪᠦᠷ ᠮᠤᠯᠳᠤᠷᠠᠵᠤ ᠦᠡᠭᠭᠡᠷᠡᠭᠰᠡᠨ ᠯᠡ ᠳ᠋ᠠ ᠁︾ ᠭᠡᠵᠦ ᠶᠠᠮᠠᠷ ᠴᠦ ᠤᠴᠢᠷ ᠪᠤᠯᠤᠭ᠎ᠠ ᠦᠬᠡᠢ ᠶᠤᠮ ᠰᠢᠬ ᠢᠨᠢᠶᠡᠮᠰᠦᠭᠯᠡᠨ ᠶᠠᠷᠢᠨ᠎ᠠ᠃
       ᠤᠷᠠᠯᠢᠭ ᠤᠨ ᠵᠠᠮ ᠢᠶᠠᠷ ᠬᠢᠯᠠᠷᠠᠭᠤᠯᠤᠬᠰᠠᠨ ᠨᠢ        ᠡᠩ ᠤᠨ ᠪᠦᠵᠢᠭᠴᠢᠨ ᠪᠠᠶᠢᠬᠰᠠᠨ ᠠᠴᠠ ᠪᠠᠨ ᠲᠠᠭᠠᠭᠤᠯᠤᠨ ᠪᠦᠵᠢᠭᠯᠡᠭᠴᠢ ᠪᠤᠯᠤᠯ᠎ᠠ᠂ ᠲᠠᠭᠠᠭᠤᠯᠤᠨ ᠪᠦᠵᠢᠭᠯᠡᠭᠴᠢ ᠪᠠᠶᠢᠬᠰᠠᠨ ᠠᠴᠠ ᠪᠠᠨ ᠪᠦᠵᠢᠭ ᠵᠤᠬᠢᠶᠠᠬᠴᠢ ᠪᠤᠯᠤᠯ᠎ᠠ᠃ ᠠᠷᠪᠠᠭᠠᠳ ᠵᠢᠯ ᠤᠨ ᠤᠷᠠᠯᠢᠭ ᠤᠨ ᠵᠠᠮ ᠳᠤ ᠤᠶᠤᠨᠭᠠᠸᠠ ᠶᠢᠨ ᠲᠤᠬᠯᠠᠵᠤ ᠪᠦᠬᠦᠢ ︽ᠲᠦᠷᠢ︾ ᠬᠤᠪᠢᠷᠠᠬᠰᠠᠨ ᠠᠴᠠ ᠪᠢᠰᠢ ︽ᠪᠦᠵᠢᠭ︾᠎ ᠠᠴᠠ ᠰᠠᠯᠵᠦ ᠦᠡᠭᠭᠡᠷᠡᠭᠡ ᠦᠬᠡᠢ᠃ ︽ᠪᠦᠵᠢᠭ ᠪᠦᠵᠢᠭᠯᠡᠬᠦ ᠳᠤ ᠪᠡᠶ᠎ᠡ ᠮᠠᠬᠠᠪᠤᠳ ᠤᠨ ᠬᠡᠪ ᠴᠢᠨᠠᠷ ᠤᠨ ᠱᠠᠭᠠᠷᠳᠠᠯᠭ᠎ᠠ ᠦᠨᠳᠦᠷ᠂ ᠭᠤᠴᠢ ᠦᠡᠭᠭᠡᠷᠡᠴᠢᠭᠡᠪᠡᠯ ᠪᠦᠵᠢᠭ ᠪᠦᠵᠢᠭᠯᠡᠬᠦ ᠳᠤ ᠬᠦᠴᠢᠷᠳᠡᠨ᠎ᠡ᠃ ᠬᠡᠶ᠎ᠡ ᠪᠢ ᠪᠦᠵᠢᠭ ᠲᠤ ᠦᠨᠡᠨ ᠰᠡᠳᠭᠢᠯ ᠠᠴᠠ ᠢᠶᠠᠨ ᠬᠠᠶᠢᠷᠠᠲᠠᠢ᠂ ᠶᠠᠭᠤ ᠴᠤ ᠪᠤᠯᠤᠬᠰᠠᠨ ᠡᠨᠡ ᠨᠠᠰᠤᠨ ᠳᠤ ᠪᠠᠨ ᠪᠦᠵᠢᠭ ᠤᠨ ᠬᠠᠮᠢᠶᠠᠲᠠᠢ ᠠᠵᠢᠯ ᠯᠡ ᠬᠢᠨ᠎ᠡ ᠭᠡᠵᠦ ᠪᠡᠶ᠎ᠡ ᠳᠤ ᠪᠠᠨ ᠠᠮᠠᠯᠳᠠᠬᠰᠠᠨ ᠪᠤᠯᠬᠤᠷ ᠨᠢ ᠤᠢᠢᠷ᠎ᠠ ᠶᠢᠨ ᠵᠢᠯ ᠠᠴᠠ ᠭᠤᠤᠯ ᠨᠢ ᠪᠦᠵᠢᠭ ᠤᠨ ᠵᠤᠬᠢᠶᠠᠨ ᠪᠦᠲᠦᠭᠡᠯᠭᠡ ᠶᠢᠨ ᠠᠵᠢᠯ ᠳᠤ ᠢᠯᠡᠬᠦᠦ ᠬᠦᠴᠦ ᠲᠠᠯᠪᠢᠬᠤ ᠪᠤᠯᠵᠠᠢ ᠁︾ ᠭᠡᠵᠦ ᠤᠶᠤᠨᠭᠠᠸᠠ ᠬᠡᠯᠡᠨ᠎ᠡ       ᠠᠷᠪᠠᠭᠠᠳ ᠵᠢᠯ ᠤᠨ ᠤᠷᠠᠯᠢᠭ ᠤᠨ ᠵᠠᠮ ᠳᠤ ᠪᠠᠨ ᠤᠶᠤᠨᠭᠠᠸᠠ ︽ᠠᠳᠤᠭᠤᠴᠢᠨ ᠬᠡᠦᠬᠡᠨ︾᠂ ︽ᠰᠠᠭᠠᠯᠢᠴᠢᠨ ᠪᠦᠰᠡᠬᠦᠢ︾᠂ ︽ᠰᠠᠯᠬᠢᠨ ᠤ ᠵᠦᠡᠭᠨᠡᠯ︾᠂ ︽ᠠᠮᠢᠨ︾ ᠵᠡᠷᠭᠡ ᠤᠯᠠᠨ ᠤᠯᠠᠨ ᠰᠤᠳᠤᠨ ᠪᠦᠵᠢᠭ ᠢᠶᠠᠨ ᠵᠤᠬᠢᠶᠠᠨ ᠪᠦᠵᠢᠭᠯᠡᠵᠦ᠂ ᠤᠯᠤᠰ᠂ ᠦᠪᠡᠷᠳᠡᠭᠡᠨ ᠵᠠᠰᠠᠬᠤ ᠤᠷᠤᠨ ᠪᠠ ᠬᠤᠲᠠ ᠶᠢᠨ ᠡᠯ᠎ᠡ ᠵᠦᠢᠯ ᠤᠨ ᠪᠦᠵᠢᠭ ᠤᠨ ᠤᠷᠤᠯᠳᠤᠭᠠᠨ ᠤ ᠱᠠᠩᠨᠠᠯ ᠬᠦᠬᠢᠬᠦᠯᠦᠯ ᠢ ᠤᠯᠠᠨᠲᠠ ᠬᠦᠷᠳᠡᠵᠦ ᠶᠠᠪᠤᠵᠠᠢ᠃ ᠡᠬᠦᠨ ᠳᠤ ᠤᠨᠴᠠᠭᠠᠢᠢᠯᠠᠨ ᠲᠤᠷᠠᠳᠤᠭᠤᠰᠢᠲᠠᠢ ᠨᠢ 2006 ᠤᠨ ᠳᠤ ᠲᠡᠬᠦᠨ ᠤ ᠪᠦᠵᠢᠭᠯᠡᠭᠰᠡᠨ ︽ᠤᠷᠳᠤᠰ ᠬᠤᠷᠢᠮ︾᠎ ᠨᠢ ᠪᠦᠬᠦ ᠤᠷᠤᠨ ᠤ ︽ᠲᠠᠪᠤᠨ ᠨᠢᠭᠡ ᠶᠢᠨ ᠢᠨᠵᠧᠨᠧᠷᠢᠩ︾᠎ ᠤᠨ ᠱᠠᠩᠨᠠᠯ ᠢ ᠬᠦᠷᠳᠡᠪᠡ︔ 2013 ᠤᠨ ᠤ 6 ᠰᠠᠷ᠎ᠠ ᠳᠤ ᠤᠶᠤᠨᠭᠠᠸᠠ ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠤᠨ ᠬᠠᠮᠲᠦ ᠬᠠᠨᠭ᠍ᠭᠠᠷᠢ ᠤᠯᠤᠰ ᠲᠤ ᠬᠦᠷᠴᠦ ᠠᠷᠪᠠᠨ ᠨᠠᠢᠮᠠᠳᠤᠭᠠᠷ ᠬᠤᠭᠤᠴᠠᠭᠠᠨ ᠤ ᠤᠯᠠᠨ ᠤᠯᠤᠰ ᠤᠨ ᠠᠷᠠᠳ ᠤᠨ ᠪᠦᠵᠢᠭ ᠤᠨ ᠤᠷᠤᠯᠳᠤᠭᠠᠨ ᠳᠤ ᠤᠷᠤᠭᠠᠳ ᠲᠡᠷᠢᠬᠦᠨ ᠱᠠᠩᠨᠠᠯ ᠢ ᠲᠤᠰᠴᠠᠢ︔ 2015 ᠤᠨ ᠳᠤ ᠤᠶᠤᠨᠭᠠᠸᠠ ︽ᠤᠷᠳᠤᠰ ᠤᠨ ᠰᠤᠳᠤᠨ ᠴᠢᠳᠠᠪᠤᠷᠢᠳᠠᠨ︾᠎ ᠤ ᠢᠷᠠᠭᠤ ᠠᠯᠳᠠᠷ ᠢ ᠬᠦᠷᠳᠡᠪᠡ ᠁       ︽ᠮᠢᠨᠦ ᠪᠦᠵᠢᠭᠯᠡᠭᠰᠡᠨ ᠪᠦᠵᠢᠭ ᠪᠠ ᠵᠤᠬᠢᠶᠠᠬᠰᠠᠨ ᠪᠦᠵᠢᠭ ᠤᠷᠠᠯᠢᠭ ᠤᠨ ᠲᠠᠶᠢᠰᠠᠨ᠎ᠠ ᠲᠤᠬᠯᠠᠬᠳᠠᠵᠤ ᠬᠦᠮᠦᠰ ᠤᠨ ᠰᠡᠳᠬᠢᠯ ᠳᠤ ᠬᠦᠷᠬᠦ ᠪᠤᠯ ᠮᠢᠨᠦ ᠬᠠᠮᠤᠭ ᠤᠨ ᠶᠡᠭᠡ ᠬᠦᠭᠡᠭᠡᠴᠡᠯᠳᠦᠯ ᠪᠤᠯᠤᠨ᠎ᠠ᠃ ᠴᠠᠭ ᠦᠶ᠎ᠡ ᠬᠤᠪᠢᠷᠠᠨ ᠰᠢᠨᠡᠳᠴᠦ ᠪᠠᠶᠢᠨ᠎ᠠ᠂ ᠪᠦᠵᠢᠭ ᠤᠨ ᠵᠤᠬᠢᠶᠠᠨ ᠪᠦᠲᠦᠭᠡᠯᠭᠡ ᠳᠤ ᠰᠢᠨ᠎ᠡ ᠱᠠᠭᠠᠷᠳᠠᠯᠭ᠎ᠠ ᠲᠠᠯᠪᠢᠬᠳᠠᠵᠤ ᠪᠠᠶᠢᠨ᠎ᠠ᠃ ᠬᠤᠶᠢᠰᠢᠲᠠ ᠶᠢᠨ ᠪᠦᠵᠢᠭ ᠤᠨ ᠵᠤᠬᠢᠶᠠᠨ ᠪᠦᠲᠦᠭᠡᠯᠭᠡ ᠳᠤ ᠪᠠᠨ ᠰᠢᠨ᠎ᠡ ᠰᠡᠳᠬᠢᠬᠦᠢ ᠤᠷᠤᠭᠤᠯᠵᠤ᠂ ᠴᠠᠭ ᠦᠶ᠎ᠡ ᠶᠢᠨ ᠬᠡᠪ ᠨᠠᠮᠪᠠ ᠶᠢ ᠢᠯᠡᠷᠡᠬᠦᠯᠦᠨ᠂ ᠦᠨᠳᠦᠰᠦᠲᠡᠨ ᠤ ᠤᠨᠴᠠᠯᠢᠭ ᠢ ᠬᠠᠳᠠᠭᠠᠯᠠᠬᠰᠠᠨ ᠪᠦᠵᠢᠭ ᠢ ᠢᠯᠡᠬᠦᠬᠡᠨ ᠵᠤᠬᠢᠶᠠᠨ ᠪᠦᠲᠦᠭᠡᠵᠦ᠂ ᠨᠤᠳᠤᠭ ᠤᠨ ᠤᠯᠠᠨ ᠲᠦᠮᠡᠨ ᠤ ᠴᠡᠴᠡᠭᠡᠢ ᠬᠠᠷᠠᠭᠠᠨ ᠳᠤ ᠲᠤᠯᠢᠯᠠᠭᠤᠯᠬᠤ ᠪᠠᠷ ᠴᠢᠷᠮᠠᠶᠢᠵᠤ ᠶᠠᠪᠤᠨ᠎ᠠ ᠁︾ ᠭᠡᠵᠦ ᠤᠶᠤᠨᠭᠠᠸᠠ ᠬᠦᠰᠡᠯ ᠪᠤᠳᠤᠯ ᠢᠶᠠᠨ ᠵᠢᠷᠤᠬᠯᠠᠨ᠎ᠠ᠃        ᠪᠦᠵᠢᠭᠴᠢᠨ ᠤᠶᠤᠨᠭᠠᠸᠠ ᠳᠤ ᠪᠠᠨ ᠦᠢᠯᠡᠰ ᠤᠨ ᠦᠨᠳᠦᠷ ᠠᠮᠵᠢᠯᠲᠠ ᠬᠦᠰᠡᠶ᠎ᠡ᠃                 ᠰᠤᠷᠪᠤᠯᠵᠢᠯᠠᠬᠰᠠᠨ ᠤ ᠲᠠᠷᠠᠭ᠎ᠠ        ᠦᠪᠦᠷ ᠮᠤᠩᠭᠤᠯ ᠤᠨ ᠠᠭᠤᠳᠠᠮ ᠲᠠᠯ᠎ᠠ ᠲᠡᠭᠡᠷ᠎ᠡ ᠲᠦᠭ ᠲᠦᠮᠡᠨ ᠤᠷᠠᠯᠢᠬᠴᠢᠨ ᠤᠯᠠᠭᠠᠨᠮᠦ᠋ᠴᠢᠷ — ᠠᠷᠠᠳ ᠲᠦᠮᠡᠨ ᠳᠤ ᠦᠢᠯᠡᠴᠢᠯᠡᠳᠡᠭ ︽ᠲᠠᠯ᠎ᠠ ᠨᠤᠳᠤᠭ ᠤᠨ ᠬᠦᠡᠭᠭᠡᠨ ᠮᠤᠷᠢᠲᠦ ᠴᠡᠷᠢᠭ︾᠎ ᠤᠨ ᠰᠠᠶᠢᠬᠠᠨ ᠠᠯᠳᠠᠷ ᠢ ᠦᠶ᠎ᠡ ᠶᠢᠨ ᠦᠶ᠎ᠡ ᠡᠷᠬᠦᠵᠦ᠂ ᠮᠠᠨᠳᠤᠭᠤᠯᠵᠤ᠂ ᠬᠦᠭᠵᠢᠬᠦᠯᠦᠨ ᠦᠨᠦᠳᠦᠷ ᠲᠤ ᠬᠦᠷᠴᠦ ᠢᠷᠡᠯ᠎ᠠ᠃ ᠲᠡᠰᠪᠦᠷᠢ ᠬᠠᠳᠠᠭᠤᠵᠢᠯᠲᠠᠢ ᠪᠠᠷ ᠤᠯᠠᠨ ᠲᠦᠮᠡᠨ ᠳᠤ ᠦᠢᠯᠡᠴᠢᠯᠡᠨ᠂ ᠦᠨᠳᠦᠰᠦᠲᠡᠨ ᠤ ᠰᠤᠶᠤᠯ ᠤᠨ ᠭᠤᠯᠤᠮᠲᠠ ᠶᠢᠨ ᠭᠠᠯ ᠳᠤ ᠴᠤᠭ ᠨᠡᠮᠡᠷᠢᠯᠡᠬᠦ ᠪᠠᠷ ᠮᠡᠷᠡᠶᠢᠨ ᠴᠢᠷᠮᠠᠶᠢᠬᠤ ᠤᠯᠠᠭᠠᠨᠮᠦ᠋ᠴᠢᠷ ᠤᠨ ᠵᠤᠷᠢᠭ ᠰᠠᠨᠠᠭ᠎ᠠ ᠦᠶ᠎ᠡ ᠶᠢᠨ ᠦᠶ᠎ᠡ ᠤᠯᠠᠮᠵᠢᠯᠠᠬᠳᠠᠨ ᠡᠳᠦᠬᠡ ᠪᠤᠯᠤᠯ᠎ᠠ᠃       ᠤᠶᠤᠨᠭᠠᠸᠠ ᠶᠢ ᠰᠤᠷᠪᠤᠯᠵᠢᠯᠠᠨ᠎ᠠ ᠭᠡᠳ ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠤᠨ ᠠᠯᠪᠠᠯᠠᠬᠤ ᠠᠰᠠᠷ ᠲᠤ ᠤᠴᠢᠭᠠᠳ ᠠᠰᠠᠷ ᠤᠨ ᠭᠤᠳᠤᠮᠵᠢ ᠶᠢᠨ ᠤᠬᠠᠭᠤᠯᠭ᠎ᠠ ᠶᠢᠨ ᠬᠡᠷᠡᠮ ᠲᠡᠭᠡᠷ᠎ᠡ ᠡᠯᠬᠦᠬᠡᠰᠦᠲᠠᠢ ᠪᠠᠶᠢᠭ᠎ᠠ ᠠᠬᠠᠮᠠᠳ ᠨᠢᠭᠡ ᠦᠶ᠎ᠡ ᠶᠢᠨ  ᠤᠯᠠᠭᠠᠨᠮᠦ᠋ᠴᠢᠷ ᠤᠨ ᠤᠷᠠᠯᠢᠭᠴᠢᠳ ᠤᠨ ᠠᠷᠠᠯ ᠤᠨ ᠱᠠᠷ ᠢᠶᠠᠨ ᠬᠦᠯᠯᠡᠵᠦ᠂ ᠬᠤᠭᠤᠷ ᠶᠠᠳᠤᠭ᠎ᠠ ᠪᠠᠨ ᠲᠡᠭᠡᠭᠡᠴᠢᠭᠡᠭᠡᠳ ᠬᠦᠳᠡᠭᠡ ᠲᠤᠰᠬᠤᠨ ᠢᠶᠠᠷ ᠲᠤᠬᠯᠠᠯᠲᠠ ᠭᠠᠷᠭᠠᠬᠤ ᠪᠠᠷ ᠶᠠᠪᠤᠵᠤ ᠪᠠᠶᠢᠭ᠎ᠠ ᠬᠠᠭᠤᠴᠢᠨ ᠰᠡᠬᠦᠳᠡᠷ ᠤᠳ ᠢ ᠬᠠᠷᠠᠭᠠᠳ ᠰᠡᠳᠬᠢᠯ ᠮᠠᠰᠢ ᠶᠡᠭᠡ ᠲᠤᠬᠳᠤᠯᠪᠠ᠃ ᠲᠡᠳᠡᠨ ᠤ ᠨᠢᠭᠤᠷ ᠲᠡᠭᠡᠷ᠎ᠡ ᠲᠤᠳᠤᠷᠠᠬᠰᠨ ᠢᠨᠢᠶᠡᠮᠰᠦᠭᠯᠡᠯ ᠤᠨ ᠴᠠᠭᠠᠨ᠎ᠠ ᠲᠡᠰᠪᠦᠷᠢ ᠬᠠᠳᠠᠭᠤᠵᠢᠯᠲᠠᠢ ᠪᠠᠷ ᠤᠯᠠᠨ ᠲᠦᠮᠡᠨ ᠳᠤ ᠦᠢᠯᠡᠴᠢᠯᠡᠳᠡᠭ ᠤᠯᠠᠭᠠᠨᠮᠦ᠋ᠴᠢᠷ ᠤᠨ ᠵᠤᠷᠢᠭ ᠰᠠᠨᠠᠭ᠎ᠠ ᠬᠠᠷᠠᠬᠳᠠᠨ᠎ᠠ᠃ ᠵᠠᠯᠠᠭᠤ ᠤᠷᠠᠯᠢᠬᠴᠢᠨ ᠤᠶᠤᠨᠭᠠᠸᠠ ᠶᠢᠨ ᠦᠬᠡ ᠶᠠᠷᠢᠶ᠎ᠠ ᠵᠢᠴᠢ ᠲᠡᠬᠦᠨ ᠤ ᠬᠢᠵᠦ ᠪᠦᠲᠦᠭᠡᠭᠰᠡᠨ ᠵᠦᠢᠯ ᠠᠴᠠ ᠴᠦ ᠤᠯᠠᠭᠠᠨᠮᠦ᠋ᠴᠢᠷ ᠤᠨ ᠵᠤᠷᠢᠭ ᠰᠠᠨᠠᠭ᠎ᠠ ᠬᠠᠷᠠᠬᠳᠠᠨ᠎ᠠ᠃ ᠲᠡᠳᠡ ᠪᠦᠬᠦᠨ ︽ᠴᠠᠭ ᠦᠶ᠎ᠡ ᠶᠢᠨ ᠭᠠᠪᠰᠢᠭᠠᠢᠢᠯᠠᠬᠴᠢ︾ ᠮᠦᠨ᠃       ᠶᠡᠷᠦᠩᠬᠡᠢ ᠱᠦᠵᠢ ᠰᠢ ᠶᠢᠨ ᠫᠢᠩ ᠤᠨ ᠰᠦᠨᠢᠳ ᠪᠠᠷᠠᠭᠤᠨ ᠬᠤᠰᠢᠭᠤᠨ ᠤ ᠤᠯᠠᠭᠠᠠᠮᠦ᠋ᠴᠢᠷ ᠲᠤ ᠢᠯᠡᠭᠡᠭᠰᠡᠨ ᠬᠠᠷᠢᠭᠤ ᠵᠠᠬᠢᠳᠠᠯ ᠨᠢ ᠤᠯᠠᠭᠠᠨᠮᠦ᠋ᠴᠢᠷ ᠤᠨ ᠠᠮᠵᠢᠯᠲᠠ ᠪᠦᠲᠦᠮᠵᠢ ᠶᠢ ᠬᠦᠢᠴᠡᠳ ᠨᠤᠳᠠᠯᠠᠨ᠂ ᠤᠯᠠᠭᠠᠨᠮᠦ᠋ᠴᠢᠷ ᠤᠨ ᠦᠢᠯᠡᠰ ᠲᠤ ᠰᠢᠨ᠎ᠡ ᠴᠠᠭ ᠦᠶ᠎ᠠ ᠶᠢᠨ ᠰᠢᠨ᠎ᠡ ᠱᠠᠭᠠᠷᠳᠠᠯᠭ᠎ᠠ ᠶᠢ ᠲᠠᠯᠪᠢᠵᠠᠢ᠃ ᠤᠯᠠᠨ ᠲᠦᠮᠡᠨ ᠤ ᠤᠯᠠᠭᠠᠨᠮᠦ᠋ᠴᠢᠷ ᠤᠨ ᠦᠢᠯᠡᠰ ᠤᠨ ᠭᠦᠭᠵᠢᠯᠲᠡ ᠳᠤ ᠲᠠᠯᠪᠢᠬᠰᠠᠨ ᠬᠦᠰᠡᠯ ᠨᠠᠶᠢᠳᠠᠯᠭ᠎ᠠ ᠪᠤᠯᠤᠨ ᠦᠵᠡᠬᠦᠯᠦᠭᠰᠡᠨ ᠲᠡᠮᠵᠢᠯᠭᠡ ᠴᠦ ᠤᠷᠢᠳ ᠡᠮᠦᠨ᠎ᠡ ᠭᠠᠷᠤᠭ᠎ᠠ ᠦᠬᠡᠢ ᠨᠡᠮᠡᠭᠳᠡᠪᠡ᠃     ᠤᠶᠤᠨᠭᠠᠸᠠ ᠮᠡᠲᠦ ᠶᠢᠨ ᠵᠠᠯᠠᠭᠤ ᠨᠢᠭᠡ ᠦᠶ᠎ᠡ ᠶᠢᠨ ᠤᠯᠠᠭᠠᠨᠮᠦ᠋ᠴᠢᠷ ᠤᠨ ᠤᠷᠠᠯᠢᠭᠴᠢᠳ ᠤᠨ ᠵᠠᠮ ᠬᠤᠯᠠ ᠡᠬᠦᠷᠬᠡ ᠬᠦᠨᠲᠦ ᠪᠠᠶᠢᠬᠰᠠᠭᠠᠷ᠃ ᠡᠳᠦᠬᠡ ᠲᠡᠳᠡ ᠤᠯᠠᠨ ᠲᠦᠮᠡᠨ ᠤ ᠬᠦᠰᠡᠯ ᠨᠠᠶᠢᠳᠠᠯᠭ᠎ᠠ ᠶᠢ ᠡᠬᠦᠷᠭᠡᠯᠡᠨ ︽ᠰᠢᠨ᠎ᠡ ᠴᠠᠭ ᠦᠶ᠎ᠡ ᠶᠢᠨ ᠭᠠᠪᠰᠢᠭᠠᠢᠢᠯᠠᠬᠴᠢ︾ ᠪᠤᠯᠬᠤ ᠪᠠᠷ ᠰᠢᠨ᠎ᠡ ᠠᠶᠠᠨ ᠵᠠᠮ ᠳᠤ ᠪᠠᠨ ᠢᠳᠡᠭᠡᠯ ᠲᠡᠬᠦᠯᠳᠡᠷ ᠢᠶᠠᠷ ᠮᠤᠷᠳᠠᠯ᠎ᠠ᠃      ᠤᠯᠠᠭᠠᠨᠮᠦ᠋ᠴᠢᠷ ᠤᠨ ᠦᠢᠯᠡᠰ ᠦᠨᠢᠲᠡ ᠬᠦᠭᠵᠢᠨ ᠮᠠᠨᠳᠤᠬᠤ ᠪᠤᠯᠳᠤᠭᠠᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号