ᠡᠳᠤᠷ ᠪᠦᠷᠢ ᠭᠤᠷᠪᠠᠨ ᠴᠤᠮᠤ ᠺᠤᠹᠧ ᠤᠤᠭᠤᠪᠠᠯ ᠡᠷᠡᠬᠦᠯ ᠮᠡᠨᠳᠤ ᠳᠤ ᠠᠰᠢᠬᠳᠠᠢ
ᠨᠡᠶᠢᠲᠡᠯᠡᠭᠰᠡᠨ ᠴᠠᠭ᠄
2018-07-02
    ᠺᠤᠹᠧ ᠠᠮᠳᠠᠳᠠᠢ ᠪᠤᠯᠪᠠᠴᠤ ᠴᠤᠬᠤᠮ ᠬᠡᠳᠤᠢ ᠤᠤᠭᠤᠪᠠᠯ ᠡᠷᠡᠬᠦᠯ ᠮᠠᠨᠳᠤ ᠳᠤ ᠠᠰᠢᠬᠳᠠᠢ ᠲᠤᠬᠠᠢ ᠶᠠᠩᠵᠤ ᠪᠦᠷᠢ ᠪᠠᠷ ᠶᠠᠷᠢᠵᠤ ᠪᠠᠶᠢᠨ᠎ᠠ᠃ ᠠᠩᠭ᠍ᠯᠢ ᠶᠢᠨ ᠰᠤᠳᠤᠯᠭᠠᠳᠠᠨ 200 ᠭᠠᠷᠤᠢ ᠵᠦᠢᠯ ᠤᠨ ᠬᠠᠮᠢᠶ᠎ᠠ ᠪᠦᠬᠦᠢ ᠰᠤᠳᠤᠯᠭᠠᠨ ᠢ ᠬᠠᠷᠢᠴᠠᠭᠤᠯᠤᠭᠰᠠᠨ ᠤ ᠲᠠᠷᠠᠭ᠎ᠠ᠂ ᠵᠤᠬᠢᠬᠤ ᠬᠡᠮᠵᠢᠶᠡᠨ ᠤ ᠺᠤᠹᠧ ᠤᠤᠭᠤᠬᠤ ᠨᠢ ᠪᠡᠶ᠎ᠡ ᠳᠤ ᠮᠠᠭᠤ ᠨᠦᠯᠤᠭᠡ ᠪᠤᠯᠬᠤ ᠦᠭᠡᠢ ᠪᠦᠭᠡᠳ ᠡᠳᠤᠷ ᠪᠦᠷᠢ ᠭᠤᠷᠪᠠᠨ ᠴᠤᠮᠤ ᠺᠤᠹᠧ ᠤᠤᠭᠤᠪᠠᠯ ᠡᠷᠡᠬᠦᠯ ᠮᠡᠨᠳᠤ ᠳᠤ ᠠᠰᠢᠬᠳᠠᠢ ᠬᠡᠳᠡᠭ ᠢ ᠤᠯᠵᠤ ᠮᠡᠳᠡᠵᠠᠢ᠃        ᠡᠮᠤᠨᠡᠳᠤ ᠠᠮᠫᠲ᠋ᠤᠨ ᠶᠡᠭᠡ ᠰᠤᠷᠭᠠᠭᠤᠯᠢ ᠶᠢᠨ ᠰᠤᠳᠤᠯᠭᠠᠳᠠᠨ ᠺᠤᠹᠧ ᠤᠨ ᠪᠡᠶ᠎ᠡ ᠮᠠᠬᠠᠪᠤᠳ ᠲᠤ ᠦᠵᠡᠬᠦᠯᠬᠦ ᠡᠯ᠎ᠠ ᠲᠠᠯ᠎ᠠ ᠶᠢᠨ ᠨᠦᠯᠤᠭᠡᠨ ᠤ ᠲᠤᠭ᠎ᠠ ᠪᠠᠷᠢᠮᠳᠠ ᠶᠢ ᠴᠤᠭᠯᠠᠭᠤᠯᠤᠨ᠂ 200 ᠭᠠᠷᠤᠢ ᠵᠦᠢᠯ ᠤᠨ ᠬᠠᠮᠢᠶ᠎ᠠ ᠪᠦᠬᠦᠢ ᠰᠤᠳᠤᠯᠭᠠᠨ ᠢ ᠬᠠᠷᠢᠴᠠᠭᠤᠯᠤᠭᠠᠳ᠂ ᠺᠤᠹᠧ ᠤᠤᠭᠤᠬᠤ ᠦᠭᠡᠢ ᠬᠥᠮᠤᠨ ᠲᠠᠢ ᠠᠳᠠᠯᠢᠳᠬᠠᠪᠠᠯ᠂ ᠡᠳᠤᠷ ᠪᠦᠷᠢ ᠭᠤᠷᠪᠠᠨ ᠴᠤᠮᠤ  ᠺᠤᠹᠧ ᠤᠤᠭᠤᠬᠤ ᠬᠥᠮᠤᠨ ᠤ ᠵᠢᠷᠤᠭᠡᠨ ᠡᠪᠡᠳᠴᠢᠨ ᠤᠯᠬᠤ ᠪᠤᠶᠤ ᠵᠢᠷᠤᠭᠡᠨ ᠡᠪᠡᠳᠴᠢᠨ ᠢᠶᠠᠷ ᠦᠬᠦᠬᠦ ᠲᠦᠭᠰᠢᠬᠦᠷᠢ ᠨᠢ  ᠨᠡᠩ ᠲᠤᠤᠷ᠎ᠠ ᠪᠠᠶᠢᠬᠤ ᠶᠢ ᠤᠯᠵᠤ ᠮᠡᠳᠡᠵᠠᠢ᠃ ᠰᠤᠳᠤᠯᠭᠠᠨ ᠳᠤ ᠪᠠᠰᠠ᠂ ᠺᠤᠹᠧ ᠶᠢᠨ ᠬᠥᠮᠤᠨ ᠤ ᠪᠡᠶ᠎ᠡ ᠳᠤ ᠦᠵᠡᠬᠦᠯᠬᠦ ᠬᠠᠮᠤᠭ ‍ᠤᠨ‌‍ᠶᠡᠭᠡ ᠠᠰᠢᠭᠳᠠᠢ ᠲᠠᠯ᠎ᠠ ᠪᠤᠯ ᠡᠯᠢᠭᠡᠨ ᠤ ᠦᠮᠠᠨ ᠢ ᠪᠠᠭᠳᠠᠭᠠᠭᠰᠠᠨ ᠡᠯᠢᠭᠡᠨ ᠤ ᠡᠪᠡᠳᠴᠢᠨ ᠤᠯᠬᠤ  ᠲᠦᠭᠰᠢᠬᠦᠷᠢ ᠶᠢ ᠪᠠᠭᠠᠰᠬᠠᠭᠰᠠᠨ ᠰᠢᠭ᠋ ᠪᠠᠶᠢᠨ᠎ᠠ ᠬᠡᠳᠡᠭ ᠢ ᠤᠯᠵᠤ ᠮᠡᠳᠡᠵᠠᠢ᠃        ᠡᠨᠡ ᠤᠳᠠᠭᠠᠨ ᠤ ᠰᠤᠳᠤᠯᠭᠠᠨ ᠤ ᠦᠷ᠎ᠠ ᠳ᠋ᠦᠩ ᠨᠢ ᠦᠢᠷ᠎ᠠ ᠶᠢᠨ ᠪᠤᠰᠤᠳ ᠰᠤᠳᠤᠯᠭᠠᠨ ᠳᠤ ᠤᠯᠤᠭᠰᠨ ᠳ᠋ᠦᠩᠨᠡᠯᠳᠡ ᠲᠠᠢ ᠠᠳᠠᠯᠢ ᠪᠠᠶᠢᠨ᠎ᠠ᠂ ᠲᠤᠬᠠᠶᠢᠯᠠᠪᠠᠯ ᠶᠡᠷᠤᠩᠭᠡᠢ ᠳᠤᠨᠢ ᠠᠪᠴᠤ ᠬᠡᠯᠡᠪᠡᠯ᠂ ᠺᠤᠹᠧ ᠤᠤᠭᠤᠬᠤ ᠶᠢᠨ ᠪᠡᠶ᠎ᠡ ᠳᠤ ᠦᠵᠡᠬᠦᠯᠬᠦ ᠰᠠᠶᠢᠨ ᠲᠠᠯ᠎ᠠ ᠨᠢ ᠮᠠᠭᠤ ᠲᠠᠯ᠎ᠠ ᠠᠴᠠ ᠶᠡᠭᠡ ᠪᠠᠶᠢᠳᠠᠭ᠃ ᠬᠡᠪᠡᠴᠤ ᠲᠤᠰ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠵᠢᠷᠮᠤᠰᠤᠨ ᠡᠮᠡᠭᠳᠡᠢ ᠪᠠ ᠠᠮᠠᠷᠬᠠᠨ ᠶᠠᠰᠤ ᠪᠡᠷᠳᠡᠬᠦ ᠡᠮᠡᠭᠳᠡᠢ ᠪᠤᠯ ᠺᠤᠹᠧ ᠪᠠᠭ᠎ᠠ ᠤᠤᠭᠤᠪᠠᠯ ᠵᠤᠬᠢᠨ᠎ᠠ᠃ ᠬᠠᠮᠢᠶ᠎ᠠ  ᠪᠦᠬᠦᠢ ᠰᠤᠳᠤᠯᠭᠠᠨ ᠤ ᠦᠷ᠎ᠡ ᠳ᠋ᠦᠩ ᠢ ︽ᠠᠩᠭ᠍ᠯᠢ ᠶᠢᠨ ᠠᠨᠠᠭᠠᠬᠤ ᠤᠬᠠᠭᠠᠨ ᠤ ᠰᠡᠳᠬᠦᠯ︾᠎ ᠤᠨ ᠭᠠᠷᠠᠭ ᠤᠨ ᠰᠡᠳᠬᠦᠯ ᠳᠤ ᠨᠡᠶᠢᠳᠡᠯᠡᠬᠦᠯᠵᠠᠢ᠃        ᠰᠤᠳᠤᠯᠭᠠᠨ ᠳᠤ ᠤᠷᠤᠯᠴᠠᠭᠴᠢ ᠫᠠᠦ᠋ᠯ·ᠷᠤᠳᠧᠷᠢᠺ ᠫᠷᠤᠹᠧᠰᠰᠤᠷ ᠬᠡᠯᠡᠬᠦ ᠳᠡᠭᠡᠨ᠂ ᠺᠤᠹᠧ ᠤᠤᠭᠤᠬᠤ ᠨᠢ ᠪᠡᠶ᠎ᠡ ᠮᠠᠬᠠᠪᠤᠳ ᠲᠤ ᠲᠡᠭᠡᠷ᠎ᠡ ᠶᠠᠷᠢᠭᠰᠠᠨ ᠨᠦᠯᠤᠭᠡ ᠶᠢ ᠭᠠᠷᠭᠠᠬᠤ ᠰᠢᠯᠳᠠᠭᠠᠨ ᠤ ᠲᠤᠬᠠᠢ ᠰᠤᠳᠤᠯᠭᠠᠨ ᠳᠤ ᠲᠠᠶᠢᠯᠪᠤᠷᠢᠯᠠᠭᠰᠠᠨ ᠦᠭᠡᠢ ᠪᠠᠶᠢᠪᠠ ᠭᠡᠵᠠᠢ᠃ ᠪᠤᠰᠤᠳ ᠰᠤᠳᠤᠯᠭᠠᠨ ᠴᠦ ᠺᠤᠹᠧ ᠤᠤᠭᠤᠪᠠᠯ ᠡᠷᠡᠬᠦᠯ ᠮᠠᠨᠳᠤ ᠳᠤ ᠠᠰᠢᠭᠳᠠᠢ ᠪᠠᠶᠢᠬᠤ ᠶᠢᠨ  ᠰᠢᠯᠳᠠᠭᠠᠨ ᠢ ᠲᠤᠳᠤᠷᠬᠠᠢ ᠭᠠᠷᠭᠠᠭᠰᠠᠨ ᠦᠭᠡᠢ᠃ ᠵᠠᠷᠢᠮ ᠰᠢᠨᠵᠢᠯᠡᠬᠦ ᠤᠬᠠᠭᠠᠨᠳᠠᠨ ᠤ ᠦᠵᠡᠬᠦ ᠪᠠᠷ᠂ ᠡᠨᠡ ᠨᠢ ᠡᠰᠡᠬᠦᠯ᠎ᠠ ᠺᠤᠹᠧ ᠤᠨ ᠢᠰᠤᠯᠳᠤᠬᠦ ᠶᠢ ᠲᠠᠭᠠᠭᠠᠬᠤ ᠪᠠ ᠰᠢᠷᠭᠡᠭᠵᠢᠬᠦ ᠶᠢ ᠲᠠᠭᠠᠭᠠᠬᠤ ᠦᠢᠯᠡᠳᠤᠯ ᠨᠢ ᠬᠥᠮᠤᠨ ᠤ ᠪᠡᠶ᠎ᠡ ᠶᠢᠨ ᠡᠰ ᠤᠨ ᠬᠡᠮᠳᠤᠬᠦ ᠶᠢ ᠤᠳᠠᠭᠠᠰᠢᠷᠠᠭᠤᠯᠤᠭᠰᠠᠨ ᠠᠴᠠ ᠪᠤᠯᠤᠬᠰᠠᠨ ᠪᠠᠶᠢᠵᠤ ᠮᠡᠳᠡᠨ᠎ᠠ᠃        ᠠᠩᠭ᠍ᠯᠢ ᠶᠢᠨ ᠠᠷᠠᠳ ᠢᠷᠭᠡᠨ ᠤ ᠡᠷᠡᠬᠦᠯᠵᠢᠯ ᠤᠨ ᠲᠦᠷᠢᠮ ᠠᠴᠠ ᠰᠠᠨᠠᠭᠤᠯᠬᠤ ᠳᠠᠭᠠᠨ᠂ ᠵᠢᠷᠮᠤᠰᠤᠨ ᠡᠮᠡᠭᠳᠡᠢ  ᠡᠳᠤᠷ ᠪᠦᠷᠢ ᠶᠢᠨ ᠺᠤᠹᠧ ᠤᠤᠭᠤᠬᠤ ᠬᠡᠮᠵᠢᠶ᠎ᠠ ᠪᠠᠨ 200 ᠮᠢᠯᠢᠭᠷᠡᠮ ᠤᠨ ᠲᠤᠳᠤᠷ᠎ᠠ ᠬᠢᠵᠠᠭᠠᠷᠯᠠᠪᠠᠯ ᠵᠤᠬᠢᠨ᠎ᠠ᠂ ᠲᠤᠬᠠᠶᠢᠯᠠᠪᠠᠯ ᠬᠤᠶᠠᠷ ᠴᠤᠮᠤ ᠲᠦᠷᠭᠡᠨ ᠠᠭᠤᠰᠬᠤ ᠺᠤᠹᠧ ᠳᠤ ᠠᠭᠤᠯᠤᠭᠳᠠᠬᠤ ᠺᠤᠹᠧᠶ᠋ᠢᠨ ᠤ ᠬᠡᠮᠵᠢᠶ᠎ᠠ ᠪᠤᠯᠤᠨ᠎ᠠ᠃ ᠪᠤᠰᠤᠳ ᠨᠠᠰᠤᠨ ᠳᠤ ᠬᠥᠷᠦᠭᠰᠡᠳ ᠡᠳᠤᠷ ᠪᠦᠷᠢ ᠶᠢᠨ ᠺᠤᠹᠧ ᠤᠤᠭᠤᠬᠤ ᠬᠡᠮᠵᠢᠶ᠎ᠠ ᠪᠠᠨ 400 ᠮᠢᠯᠢᠭᠷᠡᠮ ᠤᠨ ᠲᠤᠳᠤᠷ᠎ᠠ  ᠬᠢᠵᠠᠭᠠᠷᠯᠠᠪᠠᠯ ᠵᠤᠬᠢᠨ᠎ᠠ ᠭᠡᠵᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号