ᠡᠳᠦᠷ ᠪᠦᠷᠢ4000 ᠠᠯᠬᠤᠮ ᠠᠯᠬᠤᠬᠤ ᠨᠢ ᠴᠡᠭᠡᠵᠢᠯᠡᠬᠦ ᠴᠢᠳᠠᠪᠣᠷᠢ ᠶᠢ ᠳᠡᠭᠡᠭᠰᠢᠯᠡᠬᠦᠯᠦᠨ᠎ᠡ
ᠨᠡᠶᠢᠲᠡᠯᠡᠭᠰᠡᠨ ᠴᠠᠭ᠄
2018-07-10
      ᠠᠮᠧᠷᠢᠺᠡ ᠶᠢᠨ ᠺᠠᠯᠫᠣᠷᠨᠢᠶ᠎ᠠ ᠵᠸᠦ ᠶᠡᠭᠡ ᠰᠣᠷᠭᠠᠭᠤᠯᠢ ᠶᠢᠨ ᠯᠠᠥᠰ ᠠᠩᠵᠣᠯᠣᠰ ᠤᠨ ᠬᠤᠪᠢᠶᠠᠷᠢ ᠰᠣᠷᠭᠠᠭᠤᠯᠢ ᠶᠢᠨ ᠨᠢᠭᠡ ᠲᠥᠷᠦᠯ ᠤᠨ ᠰᠣᠳᠣᠯᠭᠠᠨ ᠳᠤ ᠬᠡᠯᠡᠭᠰᠡᠨ ᠢᠶᠠᠷ᠂60 ᠨᠠᠰᠣᠨ ᠠᠴᠠ ᠳᠡᠭᠡᠭᠰᠢᠬᠢ ᠢᠳᠡᠷ ᠥᠲᠡᠯᠦᠭᠡ ᠨᠠᠰᠣᠨ ᠤ ᠬᠥᠮᠦᠰ ᠡᠳᠦᠷ ᠪᠦᠷᠢ 4000 ᠠᠯᠬᠤᠮ ᠠᠯᠬᠤᠪᠠᠯ ᠠᠩᠬᠠᠷᠣᠯ ᠢᠶᠠᠨ ᠰᠠᠶᠢᠵᠢᠷᠠᠭᠤᠯᠵᠣ ᠴᠡᠭᠡᠵᠢᠯᠡᠬᠦ ᠴᠢᠳᠠᠪᠣᠷᠢ ᠪᠠᠨ ᠳᠡᠭᠡᠭᠰᠢᠯᠡᠬᠦᠯᠵᠦ‌‍ᠪᠣᠯᠣᠨ᠎ᠠ᠃ ᠬᠤᠶᠠᠷ ᠵᠢᠯ ᠤᠨ ᠬᠤᠭᠤᠴᠠᠭᠠᠨ ᠤ ᠰᠣᠳᠣᠯᠭᠠᠨ ᠳᠤ᠂ ᠰᠣᠳᠣᠯᠣᠭᠴᠢ 60 ᠨᠠᠰᠣᠨ ᠠᠴᠠ ᠳᠡᠭᠡᠭᠰᠢᠬᠢ᠂ ᠥᠪᠡᠷ ᠤᠨ ᠴᠡᠭᠡᠵᠢᠯᠡᠬᠦ ᠴᠢᠳᠠᠪᠣᠷᠢ ᠳᠤ ᠪᠠᠨ ᠬᠠᠷᠢᠴᠠᠩᠭᠤᠢ ᠬᠠᠨᠣᠮᠵᠢ ᠦᠭᠡᠢ ᠢᠳᠡᠷ ᠥᠲᠡᠯᠦᠭᠡ ᠨᠠᠰᠣᠨ ᠤ 29 ᠬᠦᠮᠦᠰ ᠢ  ᠡᠯᠰᠡᠵᠦ᠂ ᠬᠤᠷᠳᠣᠳᠬᠠᠯ ᠤᠨ ᠬᠡᠮᠵᠢᠭᠦᠷ ᠢᠶᠠᠷ7 ᠡᠳᠦᠷ ᠤᠨ ᠳᠣᠲᠣᠷᠠᠬᠢ ᠪᠡᠶ᠎ᠡ ᠮᠠᠬᠠᠪᠣᠳ ᠤᠨ ᠠᠵᠢᠯᠯᠠᠭ᠎ᠠ ᠶᠢ ᠮᠦᠷᠳᠡᠭᠰᠡᠨ ᠪᠦᠭᠡᠳ ᠳᠡᠳᠡᠨ ᠤ ᠡᠳᠦᠷ ᠪᠦᠷᠢ ᠶᠢᠨ ᠳᠣᠮᠳᠠᠴᠢ ᠠᠯᠬᠤᠮ ᠤᠨ ᠲᠤᠭ᠎ᠠ ᠶᠢ ᠳᠡᠮᠳᠡᠭᠯᠡᠪᠡ᠃        ᠣᠷᠣᠯᠴᠠᠭᠴᠢ ᠬᠤᠶᠠᠷ ᠳᠣᠭᠤᠶᠢᠯᠠᠩ ᠬᠤᠪᠢᠶᠠᠭᠳᠠᠵᠣ᠂ ᠨᠢᠭᠡ ᠳᠣᠭᠤᠶᠢᠯᠠᠩ ᠨᠢ ᠡᠳᠦᠷ ᠪᠦᠷᠢ 4000 ᠠᠯᠬᠤᠮ ᠠᠴᠠ ᠳᠡᠭᠡᠭᠰᠢ ᠠᠯᠬᠤᠵᠣ᠂ ᠨᠢᠭᠡ ᠳᠣᠭᠤᠶᠢᠯᠠᠩ ᠨᠢ 4000 ᠠᠯᠬᠤᠮ ᠠᠴᠠ ᠳᠣᠷᠣᠭᠰᠢ ᠠᠯᠬᠤᠨ᠂ ᠳᠠᠷᠠᠭ᠎ᠠ ᠨᠢ ᠶᠠᠪᠣᠭᠳᠠᠭᠤᠯᠣᠭᠰᠠᠨ ᠨᠢᠭᠡ ᠰᠢᠷᠢᠰ ᠮᠡᠳᠡᠷᠡᠯ  ᠎ ᠤᠨ ᠰᠡᠳᠬᠢᠴᠡ  ᠎ ᠶᠢᠨ  ᠪᠠᠶᠢᠴᠠᠭᠠᠯᠲᠠ ᠪᠠ ᠰᠣᠷᠢᠨᠵᠢᠨ ᠲᠦᠷᠰᠦ  ᠪᠦᠲᠦᠭᠡᠬᠦ ᠰᠢᠷᠪᠢᠯᠲᠠ ᠪᠠᠷ ᠢᠯᠡᠷᠡᠭᠦᠯᠦᠭᠰᠡᠨ ᠢᠶᠠᠷ᠂ ᠡᠳᠦᠷ ᠪᠦᠷᠢ4000 ᠠᠯᠬᠤᠮ ᠠᠴᠠ ᠢᠯᠡᠬᠦᠦ ᠠᠯᠬᠤᠭᠰᠠᠨ ᠨᠢᠬᠡ  ᠳᠣᠭᠤᠶᠢᠯᠠᠩ ᠬᠦᠮᠦᠰ ᠤᠨ ᠲᠠᠷᠢᠬᠢᠨ ᠬᠦᠩᠬᠦᠷ ᠤᠨ ᠪᠡᠶ᠎ᠡ ᠵᠢᠴᠢ ᠡᠷᠬᠢᠨ ᠲᠣᠭᠤᠷᠢᠨ ᠨᠢ  4000 ᠠᠯᠬᠤᠮ ᠬᠦᠷᠦᠭᠰᠡᠨ ᠦᠭᠡᠢ ᠬᠥᠮᠦᠰ ᠲᠠᠢ ᠬᠠᠷᠢᠴᠠᠭᠤᠯᠪᠠᠯ ᠵᠣᠵᠠᠭᠠᠷᠠᠭᠰᠠᠨ ᠪᠠᠶᠢᠨ᠎ᠠ᠃       ᠰᠣᠳᠣᠯᠣᠭᠴᠢ ᠶᠢᠨ ᠬᠡᠯᠡᠭᠰᠡᠨ ᠢᠶᠠᠷ᠂ ᠡᠳᠡᠭᠡᠷ ᠣᠷᠣᠨ ᠣᠯᠠᠮ ᠵᠣᠵᠠᠭᠠᠷᠠᠵᠣ᠂  ᠬᠥᠮᠦᠰ  ᠎ ᠤᠨ ᠠᠩᠬᠠᠷᠣᠯ ᠤᠨ ᠬᠦᠴᠦᠨ᠂ ᠮᠡᠳᠡᠭᠡ ᠵᠠᠩᠭᠢ ᠶᠢᠨ ᠰᠢᠢᠳᠪᠦᠷᠢᠯᠡᠬᠦ ᠬᠤᠷᠳᠣᠴᠠ ᠪᠠ ᠬᠡᠷᠡᠭᠵᠢᠬᠦᠯᠬᠦ ᠴᠢᠳᠠᠪᠣᠷᠢ ᠶᠢᠨ ᠲᠠᠯ᠎ᠠ ᠳᠤ ᠢᠷᠡᠯ  ᠎ ᠨᠢ  ᠣᠯᠠᠮ ᠰᠠᠶᠢᠵᠢᠷᠠᠨ ᠲᠠᠨᠢᠨ ᠮᠡᠳᠡᠷᠡᠬᠦᠢ ᠶᠢᠨ ᠴᠢᠳᠠᠪᠣᠷᠢ ᠣᠯᠠᠮ ᠴᠢᠩᠭᠠᠷᠠᠵᠠᠢ᠃ ᠰᠢᠨ᠎ᠡ ᠰᠣᠳᠣᠯᠣᠯᠲᠠ ︽Alzheimer ᠡᠪᠡᠳᠴᠢᠨ‌‍ᠣ ᠰᠡᠳᠬᠦᠯ︾ ᠳᠡᠭᠡᠷ᠎ᠡ ᠨᠡᠶᠢᠲᠡᠯᠡᠭᠳᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号