ᠤᠳᠤ ᠶᠢᠨ ᠬᠦᠮᠦᠰ ᠶᠠᠭᠤᠮ᠎ᠠ ᠢᠳᠡᠬᠦ ᠳᠡᠭᠡᠨ ᠮᠠᠰᠢ ᠪᠤᠯᠭᠤᠮᠵᠢᠯᠠᠵᠤ᠂ ᠠᠮᠤᠷ ᠲᠦᠪᠰᠢᠨ ᠢ ᠤᠯᠠᠮ | ᠢᠯᠡᠬᠦᠦ ᠠᠩᠬᠠᠷᠬᠤ ᠪᠤᠯᠵᠤ ᠪᠠᠶᠢᠨ᠎ᠠ᠃ ᠵᠢᠮᠢᠰ ᠢᠶᠠᠷ ᠠᠪᠴᠦ ᠬᠡᠯᠡᠬᠦ ᠳᠤ᠂ ᠤᠯᠠᠩᠬᠢ ᠬᠦᠮᠦᠨ ᠵᠢᠮᠢᠰ ᠤᠬᠢᠶᠠᠬᠤ | ᠳᠠᠭᠠᠨ ᠵᠢᠮᠢᠰᠦᠨ ᠬᠠᠯᠢᠰᠦᠨ ᠲᠡᠭᠡᠷᠡᠬᠢ ᠭᠬᠢᠷ ᠪᠤᠷᠳᠠᠭ ᠢ ᠬᠦᠢᠴᠡᠳ ᠠᠷᠢᠯᠭᠠᠬᠤ ᠶᠢᠨ ᠲᠦᠯᠦᠭᠡ ᠵᠢᠮᠢᠰ ᠢᠶᠠᠨ | ᠤᠷᠢᠳ ᠢᠶᠠᠷ ᠤᠰᠤᠨ ᠳᠤ ᠵᠢᠭᠠᠬᠠᠨᠲ᠋ᠡᠪᠳᠦᠭᠡᠳᠡᠭ᠂ ᠬᠡᠳᠡᠯ᠎ᠡ ᠵᠠᠷᠢᠮ ᠵᠢᠮᠢᠰ ᠢ ᠤᠰᠤᠨ ᠳᠤ ᠲᠡᠪᠳᠦᠭᠡᠭᠰᠡᠭᠡᠷ | ︽ᠦᠩᠭᠡ ᠤᠨᠠᠳᠠᠭ︾᠂ ᠡᠨᠡ ᠨᠢ ᠴᠤᠬᠤᠮᠶᠠᠭᠤᠨ ᠤ ᠤᠴᠢᠷ ᠪᠤᠢ︖ | ᠵᠢᠮᠢᠰᠤᠨ ᠤ ︽ᠦᠩᠭᠡ ᠤᠨᠠᠵᠤ︾ ᠪᠠᠶᠢᠬᠤ ᠨᠢ ︽ᠬᠠᠷ᠎ᠠ ᠰᠠᠨᠠᠭᠠᠳᠤ ᠬᠤᠳᠠᠯᠳᠤᠭᠠᠴᠢᠳ︾ ᠵᠢᠮᠢᠰᠦᠨ ᠳᠤ | ᠪᠤᠳᠤᠭ ᠤᠷᠤᠭᠤᠯᠤᠭᠰᠠᠨ ᠠᠴᠠ ᠪᠤᠯᠪᠠ ᠭᠡᠵᠤ ᠦᠵᠡᠬᠦ ᠬᠦᠮᠦᠨ ᠮᠤᠩ ᠦᠭᠡᠢ ᠤᠯᠠᠨ ᠪᠤᠢ᠃ ᠡᠨᠡ ᠦᠵᠡᠯᠲᠡ ᠨᠢ | ᠲᠠᠭᠠᠷᠠᠨ᠎ᠠ ᠤᠤ ᠦᠭᠡᠢ ᠤᠤ︖ ᠬᠡᠷᠡᠭ ᠲᠡᠭᠡᠷ᠎ᠡ ᠪᠠᠨ ︽ᠵᠢᠮᠢᠰᠦᠨ ᠳᠤ ᠪᠤᠳᠤᠭ ᠤᠷᠤᠭᠤᠯᠵᠤ ᠬᠤᠳᠠᠯᠳᠤᠬᠤ ᠨᠢ | ᠰᠠᠶᠢᠨ ᠠᠷᠭ᠎ᠠ ᠪᠢᠰᠢ︾ ᠭᠡᠵᠤᠤᠯᠠᠩᠬᠢ ᠬᠤᠳᠠᠯᠳᠤᠭᠠᠴᠢᠨ ᠬᠡᠯᠡᠵᠤ ᠪᠠᠶᠢᠨ᠎ᠠ᠃ ︽ᠱᠧᠨᠶᠠᠩ ᠤᠨ ᠡᠳᠤᠷ ᠤᠨ | ᠰᠤᠨᠢᠨ︾ ᠳᠤ ᠲᠠᠶᠢᠯᠪᠤᠷᠢᠯᠠᠭᠰᠠᠨ ᠢᠶᠠᠷ᠂ᠵᠢᠮᠦᠰᠦᠨ ᠳᠤ ᠪᠤᠳᠤᠭ ᠤᠷᠤᠭᠤᠯᠵᠤ ᠪᠠᠶᠢᠬᠤ ᠨᠢ ᠨᠡᠩ ᠦᠩᠭᠡᠯᠢᠭ | ᠰᠠᠶᠢᠬᠠᠨ ᠪᠤᠯᠭᠠᠵᠤ ᠢᠯᠡᠬᠦᠭᠡᠨ ᠬᠤᠳᠠᠯᠳᠤᠬᠤ ᠶᠢᠨ ᠯᠡᠲ᠋ᠦ᠋ᠯᠦᠭᠡ ᠶᠤᠮ᠂ ᠬᠡᠪᠡᠴᠦ ᠪᠤᠳᠤᠭ ᠤᠷᠤᠭᠤᠯᠤᠭᠰᠠᠨ ᠤ | ᠰᠡᠬᠦᠯᠡᠷ ᠵᠢᠮᠢᠰᠤᠨ ᠤ ᠴᠢᠨᠠᠷ ᠨᠡᠩ ᠲᠦᠷᠭᠡᠨ ᠮᠠᠭᠤᠳᠠᠳᠠᠭ ᠲᠤᠯᠠ ᠵᠢᠮᠢᠰᠦᠨ ᠲᠠᠷᠢᠶᠠᠴᠢᠨ ᠪᠠ ᠵᠢᠮᠢᠰᠦᠨ | ᠬᠤᠳᠠᠯᠳᠤᠭᠠᠴᠢᠳ ᠲᠤ ᠠᠪᠴᠦ ᠬᠡᠯᠡᠪᠡᠯ ᠪᠤᠳᠤᠭ ᠤᠷᠤᠭᠤᠯᠬᠤ ᠨᠢ ᠰᠠᠶᠢᠨ ᠠᠷᠭ᠎ᠠ ᠪᠢᠰᠢ ᠶᠤᠮ᠃ ᠵᠢᠱᠢᠶᠡᠯᠡᠪᠡᠯ᠂ | ᠶᠠᠨᠵᠤ ᠬᠦᠢᠯᠡᠰᠦ᠂ ᠵᠢᠮᠢᠰᠭᠡᠨ᠎ᠡ᠂ ᠢᠯᠡᠮᠠ ᠮᠡᠳᠤ ᠶᠢᠨ ᠵᠢᠮᠢᠰ ᠨᠢ ᠲᠤᠩ ᠠᠮᠠᠷᠬᠠᠨ ᠢᠯᠵᠠᠷᠠᠵᠤ᠂ ᠴᠢᠨᠠᠷ | ᠬᠤᠪᠢᠷᠠᠳᠠᠭ᠂ ᠬᠦᠢᠲᠡᠨ ᠭᠠᠵᠠᠷ ᠲᠤ ᠴᠦ ᠤᠳᠠᠭᠠᠨ ᠬᠠᠳᠠᠭᠠᠯᠠᠵᠤ ᠲᠡᠶᠢᠯᠳᠡᠭ ᠦᠭᠡᠢ ᠤᠴᠢᠷ ᠠᠴᠠ ᠲᠡᠬᠦᠨ ᠢ | ᠪᠤᠳᠤᠪᠠᠯ ᠨᠡᠩ ᠠᠮᠠᠷᠬᠠᠨ ᠢᠯᠵᠠᠷᠠᠬᠤ ᠪᠤᠯᠤᠨ᠎ᠠ᠃ ᠲᠡᠷᠡ ᠮᠦᠷᠲᠡᠭᠡᠨ ᠤᠳᠤᠬᠠᠨ ᠳᠤ ᠤᠯᠠᠩᠬᠢ ᠵᠢᠮᠢᠰᠦᠨ ᠤ | ᠲᠠᠷᠢᠮᠠᠯ ᠤᠨ ᠪᠠᠶᠢᠳᠠᠯ ᠮᠠᠰᠢ ᠰᠠᠶᠢᠨ᠂ ᠬᠡᠯᠪᠡᠷᠢ ᠪᠠᠶᠢᠳᠠᠯ ᠨᠢ ᠬᠡᠪ ᠤᠨ ᠪᠠᠶᠢᠬᠤ ᠤᠴᠢᠷ ᠠᠴᠠ ᠪᠤᠳᠤᠭ ᠤᠷᠤᠭᠤᠯᠵᠤ | ᠶᠠᠩᠵᠤᠯᠠᠬᠤ ᠴᠢᠬᠤᠯᠠ ᠤᠭᠳᠤ ᠦᠭᠡᠢ ᠶᠤᠮ᠃ | ᠲᠡᠬᠡᠪᠡᠯ᠂ ᠵᠢᠮᠢᠰ ᠢ ᠪᠤᠳᠤᠭᠰᠠᠨ ᠦᠭᠡᠢ ᠪᠠᠶᠢᠳᠠᠯ᠎ᠠ ᠶᠠᠭᠠᠬᠢᠭᠠᠳ ︽ᠦᠩᠭᠡ ᠤᠨᠠᠳᠠᠭ︾ ᠪᠤᠢ︖ | ᠦᠢᠯᠡᠳᠬᠦᠨ ᠣᠶᠠᠰᠤ ᠴᠢᠨᠠᠷ ᠲᠤ ᠬᠢᠨᠠᠯᠲᠠ ᠲᠠᠯᠪᠢᠵᠤ ᠰᠢᠯᠭᠠᠨ ᠪᠠᠶᠢᠴᠠᠭᠠᠬᠤ ᠬᠦᠷᠢᠶᠡᠯᠡᠩ ᠤᠨ ᠢᠳᠡᠭᠡᠨ ᠤ ᠵᠦᠢᠯ | ᠤᠨ ᠲᠤᠰᠬᠠᠢ ᠮᠡᠷᠭᠡᠵᠢᠯᠲᠡᠨ ︽ᠱᠠᠨ ᠰᠢ ᠶᠢᠨ ᠡᠳᠤᠷ ᠤᠨ ᠰᠤᠨᠢᠨ︾ ᠤ ᠰᠤᠷᠪᠤᠯᠵᠢᠯᠠᠭ᠎ᠠ ᠶᠢ ᠬᠦᠯᠢᠶᠡᠬᠦ ᠳᠡᠭᠡᠨ | ᠲᠠᠶᠢᠯᠪᠤᠷᠢᠯᠠᠭᠰᠠᠨ ᠨᠢ᠂ ᠦᠩᠭᠡ ᠤᠨᠠᠬᠤ ᠪᠤᠯ ᠵᠢᠮᠢᠰ ᠪᠤᠶᠤ ᠲᠠᠷᠢᠮᠠᠯ ᠤᠨ ᠲᠤᠰ ᠪᠡᠶ᠎ᠡ ᠶᠢᠨ ᠬᠢᠨᠢ ᠤᠨᠴᠠᠯᠢᠭ | ᠮᠦᠨ᠂ ᠤᠴᠢᠷ ᠨᠢ ᠲᠡᠳᠡᠭᠡᠷ ᠤᠨ ᠲᠤᠳᠤᠷ᠎ᠠ ᠶᠡᠭᠡ ᠬᠡᠮᠵᠢᠶᠡᠨ ᠤ ᠪᠠᠶᠢᠭᠠᠯᠢᠯᠢᠭ ᠦᠩᠭᠡ ᠶᠢᠨ ᠡᠳ᠋ ᠠᠭᠤᠯᠤᠭᠳᠠᠳᠠᠭ᠃ | ᠤᠰᠤ ᠪᠠᠷ ᠤᠬᠢᠶᠠᠬᠤ ᠳᠤ ᠤᠨᠠᠵᠤ ᠪᠠᠶᠢᠭ᠎ᠠ ︽ᠦᠩᠭᠡ︾ ᠪᠤᠯ ᠤᠰᠤᠨ ᠳᠤ ᠠᠭᠤᠰᠬᠤ ᠴᠢᠨᠠᠷᠲᠠᠢ ᠼᠢᠶᠠᠨᠢᠳᠢᠨ | ᠪᠤᠯᠤᠨ᠎ᠠ᠂ ᠦᠵᠤᠮ᠂ ᠬᠦᠵᠡᠭᠡᠯᠵᠡᠭᠡᠨᠡ᠂ ᠬᠠᠷ᠎ᠠ ᠲᠤᠳᠤᠷᠭ᠎ᠠ᠂ ᠮᠠᠭᠠᠵᠢ᠂ ᠬᠤᠸᠠᠱᠧᠩ ᠵᠡᠷᠭᠡ ᠳᠤ ᠴᠦᠮ ᠡᠶᠢᠮᠦ | ᠡᠳ᠋ ᠠᠭᠤᠯᠤᠭᠳᠠᠳᠠᠭ᠃ ᠤᠷᠭᠤᠮᠠᠯ ᠤᠨ ᠡᠰ ᠡᠪᠳᠡᠭᠳᠡᠬᠦ ᠦᠶ᠎ᠡ ᠳᠤ ᠤᠷᠭᠤᠮᠠᠯ ᠤᠨᠡᠰ ᠤᠨ ᠴᠦᠪᠤᠷᠢᠬᠦᠦ ᠳᠤ | ᠬᠠᠳᠠᠭᠠᠯᠠᠭᠳᠠᠵᠤ ᠪᠠᠶᠢᠳᠠᠭ ᠼᠢᠶᠠᠨᠢᠳᠢᠨ ᠤᠰᠤᠨ ᠳᠤ ᠠᠭᠤᠰᠴᠦ ᠤᠰᠤᠨ ᠳᠤ ᠪᠤᠳᠤᠭ ᠤᠷᠤᠭᠤᠯᠳᠠᠭ ᠨᠢ ᠰᠤᠨᠢᠨ | ᠦᠵᠡᠭᠳᠡᠯ ᠪᠢᠰᠢ ᠶᠤᠮ᠃ ᠬᠡᠪᠡᠴᠦ ᠲᠦᠪᠡᠳ ᠬᠠᠰᠢ ᠮᠡᠳᠤ ᠶᠢᠨ ᠵᠠᠷᠢᠮ ᠵᠢᠮᠢᠰ ᠨᠢ ᠤᠬᠢᠶᠠᠭᠰᠠᠨᠴᠦ ᠦᠩᠭᠡ | ᠤᠨᠠᠳᠠᠭ ᠦᠭᠡᠢ᠃ ᠲᠤᠰᠬᠠᠢ ᠮᠡᠷᠭᠡᠵᠢᠯᠲᠡᠨ ᠤ ᠲᠠᠶᠢᠯᠪᠤᠷᠢᠯᠠᠭᠰᠠᠨ ᠢᠶᠠᠷ᠂ ᠤᠷᠭᠤᠮᠠᠯ ᠤᠨ ᠪᠠᠶᠢᠭᠠᠯᠢᠯᠢᠭ ᠦᠩᠭᠡ ᠶᠢᠨ | ᠡᠳ᠋ ᠲᠤ ᠤᠰᠤᠨ ᠳᠤ ᠠᠭᠤᠰᠬᠤ ᠴᠢᠨᠠᠷᠲᠠᠢ ᠦᠩᠭᠡ ᠶᠢᠨ ᠡᠳ᠋ ᠪᠠᠶᠢᠳᠠᠭ ᠢᠶᠠᠷ ᠪᠠᠷᠠᠬᠤ ᠦᠭᠡᠢ ᠪᠠᠰᠠ ᠦᠭᠡᠬᠦᠨ | ᠳᠤ ᠠᠭᠤᠰᠬᠤ ᠴᠢᠨᠠᠷᠲᠠᠢ ᠦᠩᠭᠡ ᠶᠢᠨ ᠡᠳ᠋ ᠭᠡᠵᠤ ᠪᠠᠶᠢᠳᠠᠭ᠃ ᠲᠦᠪᠡᠳ ᠬᠠᠰᠢ ᠳᠤ ᠠᠭᠤᠯᠤᠭᠳᠠᠬᠤ ᠲᠦᠪᠡᠳ | ᠬᠠᠰᠢ ᠵᠢᠨᠤᠯᠠᠭᠠᠨ ᠡᠳ᠋ ᠪᠤᠯ ᠨᠢᠭᠡ ᠵᠦᠢᠯ ᠤᠨ ᠦᠭᠡᠬᠦᠨ ᠳᠤ ᠠᠭᠤᠰᠬᠤ ᠴᠢᠨᠠᠷᠲᠠᠢ ᠦᠩᠭᠡ ᠶᠢᠨ ᠡᠳ᠋ ᠪᠤᠯᠬᠤ | ᠤᠴᠢᠷ ᠠᠴᠠ ᠤᠰᠤᠨᠳᠥ ᠠᠮᠠᠷᠬᠠᠨ ᠠᠭᠤᠰᠳᠠᠭ ᠦᠭᠡᠢ᠂ ᠲᠦᠪᠡᠳ ᠬᠠᠰᠢ ᠶᠢ ᠤᠰᠤᠨ ᠳᠤ ᠤᠬᠢᠶᠠᠬᠤ ᠳᠤ | ︽ᠦᠩᠭᠡ ᠤᠨᠠᠳᠠᠭ︾ ᠦᠭᠡᠢ ᠨᠢ ᠲᠡᠷᠡ ᠶᠤᠮ᠃ | | | | | | | | | | |