ᠠᠮᠲᠠᠲᠤ ᠢᠲᠡᠭᠡᠨᠲᠦ ᠡᠵᠡᠨ ᠬᠤᠷᠤᠭ᠎ᠠ
ᠨᠡᠶᠢᠲᠡᠯᠡᠭᠰᠡᠨ ᠴᠠᠭ᠄
2018-06-13
    ᠠᠮᠲᠠᠲᠤ ᠢᠲᠡᠭᠡᠨᠲᠦ ᠡᠵᠡᠨ ᠬᠤᠷᠤᠭ᠎ᠠ     ᠠᠯᠲᠠᠨ ᠰᠢᠷᠭᠠᠯ ᠰᠢᠷᠠᠮᠠᠯ ᠦᠳᠭᠡ᠂ ᠰᠡᠷᠢᠭᠦᠨ ᠠᠮᠲᠠᠲᠤ ᠰᠥ ᠶᠢᠨ ᠢᠳᠡᠭᠡᠨ᠂ ᠠᠮᠲᠠ ᠪᠤᠯᠢᠶᠠᠯᠳᠤᠬᠰᠠᠨ ᠡᠯ᠎ᠡ ᠲᠦᠷᠦᠯ ᠤᠨ ᠬᠠᠭᠤᠷᠤᠯᠭ᠎ᠠ ᠬᠠᠭᠠᠷᠢᠯᠭ᠎ᠠ… ᠠᠮᠲᠠᠲᠤ ᠢᠲᠡᠭᠡᠨᠲᠦ ᠡᠵᠡᠨ ᠬᠤᠷᠤᠭ᠎ᠠ ᠭᠡᠵᠦ ᠬᠤᠭᠤᠰᠤᠨ ᠨᠡᠷ᠎ᠡ ᠪᠤᠰᠤ︕ ᠡᠯ᠎ᠡ ᠵᠦᠢᠯ ᠤᠨ ᠠᠮᠲᠠ ᠶᠢ ᠪᠦᠷᠢᠯᠲᠦᠭᠦᠯᠦᠭᠰᠡᠨ ᠠᠮᠲᠠᠲᠤ ᠢᠳᠡᠭᠡᠨ ᠨᠢ ᠢᠷᠡᠭᠰᠡᠨ ᠭᠡᠶᠢᠴᠢᠳ ᠵᠤᠴᠢᠳ ᠎ ᠤᠨ ᠨᠢᠲᠦᠨ ᠤ ᠬᠤᠷᠤᠬᠠᠢ ᠶᠢ ᠨᠢ ᠭᠦᠳᠡᠯᠭᠡᠨ᠂ ᠰᠢᠯᠦᠰᠦ ᠶᠢ ᠨᠢ ᠭᠤᠭᠤᠵᠢᠭᠤᠯᠬᠤ ᠶᠤᠮ᠃ ᠠᠮᠲᠠᠲᠤ ᠢᠳᠡᠭᠡᠨ ᠤ ᠲᠦᠷᠦᠯ ᠵᠦᠢᠯ ᠨᠢ ᠤᠯᠠᠨ᠂ ᠭᠢᠭᠦ ᠠᠷᠭ᠎ᠠ ᠨᠢ ᠤᠨᠴᠠᠭᠠᠢ ᠤᠴᠢᠷ ᠠᠴᠠ ᠢᠷᠡᠭᠰᠡᠨ ᠭᠡᠶᠢᠴᠢᠳ ᠵᠤᠴᠢᠳ ᠤᠨ ᠬᠠᠯᠠᠭᠤᠨ ᠰᠠᠶᠢᠰᠢᠶᠠᠯ ᠢ ᠭᠦᠷᠳᠡᠭᠰᠡᠭᠡᠷ ᠢᠷᠡᠵᠡᠢ︕ ᠤᠷᠲᠤᠰ ᠤᠨ ᠠᠮᠲᠠᠲᠤ ᠢᠳᠡᠭᠡᠨ ᠬᠤᠨᠢ ᠢᠮᠠᠭ᠎ᠠ ᠦᠭᠡᠷ ᠮᠠᠯ ᠎ ᠤᠨ ᠮᠢᠬ᠎ᠠ ᠪᠠᠷ ᠭᠤᠤᠯᠯᠠᠵᠤ᠂ ᠲᠠᠯ᠎ᠠ ᠨᠤᠲᠤᠭ ᠤᠨ ᠤᠨᠴᠠᠯᠢᠬᠲᠤ ᠨᠤᠭᠤᠭ᠎ᠠ ᠵᠢᠮᠢᠰ᠂ ᠢᠰᠭᠡᠭᠰᠡᠨ ᠨᠤᠭᠤᠭ᠎ᠠ ᠵᠡᠷᠭᠡ ᠎ ᠶᠢ ᠳᠠᠭᠠᠯᠲᠤᠭᠤᠯᠤᠨ᠂ ᠮᠤᠩᠭᠤᠯ ᠤᠨᠴᠠᠯᠢᠭ ᠲᠠᠢ ᠰᠥ ᠴᠠᠭᠠᠨ ᠢᠲᠡᠭᠡᠨ ᠢ ᠨᠡᠮᠡᠪᠡᠯ᠂ ᠲᠠ ᠶᠡᠷᠦ ᠨᠢ ᠠᠮᠰᠠᠵᠤ ᠢᠳᠡᠵᠦ ᠦᠵᠡᠭᠡ ᠦᠭᠡᠢ ᠠᠮᠲᠠᠲᠤ ᠢᠲᠡᠭᠡᠨ ᠠᠴᠠ ᠤᠯᠵᠤ ᠭᠦᠷᠳᠡᠭᠦ ᠶᠤᠮ᠃ ᠤᠷᠲᠤᠰ ᠲᠤ ᠢᠷᠡᠭᠡᠷᠡᠢ︕ ᠠᠮᠠᠨ ᠎ ᠤ  ︽ᠪᠤᠶᠠᠨ ᠭᠡᠰᠡᠭ  ︾᠎ ᠢ ᠬᠤᠷᠤᠶᠢᠯᠠᠬᠰᠠᠨ ᠠᠮᠲᠠᠲᠤ ᠢᠲᠡᠭᠡᠨ ᠠᠴᠠ ᠭᠦᠷᠳᠡᠭᠦ ᠶᠤᠮ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号