ᠡᠵᠢ ᠴᠡᠴᠡᠷᠯᠢᠭ
ᠨᠡᠶᠢᠲᠡᠯᠡᠭᠰᠡᠨ ᠴᠠᠭ᠄
2018-06-13
      ᠡᠵᠢ ᠴᠡᠴᠡᠷᠯᠢᠭ      ᠡᠵᠢ ᠴᠡᠴᠡᠷᠯᠢᠭ ᠠᠯᠲᠠᠨᠰᠢᠷᠡᠭᠡ ᠪᠠᠯᠭᠠᠰᠤᠨ ᠤ ᠵᠡᠭᠦᠨ ᠠᠭᠤᠯᠠᠨ ᠳᠤ ᠪᠠᠶᠢᠷᠢᠯᠠᠵᠤ᠂ 2000 ᠮᠤ᠋ ᠭᠠᠵᠠᠷ ᠡᠵᠡᠯᠡᠨ᠎ᠡ᠃ ᠮᠤᠩᠭᠤᠯ ᠶᠤᠸᠠᠨ ᠤ ᠰᠤᠶᠤᠯ ᠢᠶᠠᠷ ᠭᠤᠤᠯ ᠪᠤᠯᠭᠠᠨ᠂ ᠡᠭᠡ ᠪᠠᠨ ᠮᠠᠬᠲᠠᠨ ᠳᠠᠭᠤᠯᠠᠬᠤ ᠪᠠᠷ ᠭᠤᠤᠯ ᠰᠡᠲᠦᠪ ᠪᠤᠯᠭᠠᠵᠤ᠂ ᠡᠭᠡ ᠶᠢᠨ ᠭᠤᠤᠯ ᠰᠡᠳᠦᠪᠳᠤ ᠰᠤᠶᠤᠯ ᠤᠨ ᠭᠤᠲᠤᠮ᠂ ᠦᠵᠡᠮᠵᠢ ᠶᠢᠨ ᠴᠢᠳᠠᠪᠭᠢ ᠶᠢᠨ ᠲᠤᠭᠤᠷᠢᠭ᠂ ᠰᠡᠯᠡᠭᠦᠴᠡᠯ ᠭᠦᠳᠡᠯᠭᠡᠭᠡᠨ ᠤ ᠪᠡᠶ᠎ᠡ ᠪᠠᠨ ᠪᠤᠯᠪᠠᠰᠤᠷᠠᠭᠤᠯᠬᠤ ᠲᠤᠭᠤᠷᠢᠭ᠂ ᠲᠠᠲᠠᠮᠠᠯ ᠨᠠᠭᠤᠷ᠂ ᠲᠠᠭᠤᠤ ᠭᠦᠭᠵᠢᠮᠲᠦ ᠤᠷᠭᠢᠯᠤᠮᠠᠯ ᠪᠤᠯᠠᠭ ᠵᠡᠷᠭᠡ ᠪᠠᠷ ᠪᠦᠷᠢᠯᠳᠦᠵᠦ᠂ ᠪᠠᠶᠢᠭᠠᠯᠢ ᠲᠡᠯᠡᠭᠡᠢ ᠪᠠᠨ ᠲᠡᠭᠡᠳᠦᠯᠡᠵᠦ᠂ ᠭᠦᠮᠦᠨ ᠪᠠᠶᠢᠭᠠᠯᠢ ᠲᠠᠢ ᠪᠠᠨ ᠡᠶᠡᠯᠰᠡᠭ ᠤᠷᠤᠰᠢᠬᠤ ᠵᠠᠷᠴᠢᠮ ᠢ ᠢᠯᠡᠷᠡᠭᠦᠯᠵᠡᠢ᠃      ᠡᠭᠡ ᠶᠢᠨ ᠭᠤᠤᠯ ᠰᠡᠲᠦᠪᠲᠦ ᠰᠤᠶᠤᠯ ᠤᠨ ᠭᠤᠲᠤᠮ ᠪᠤᠯ ᠴᠡᠴᠡᠷᠯᠢᠭ ᠤᠨ ᠭᠤᠤᠯ ᠦᠵᠡᠮᠵᠢ ᠪᠤᠯᠤᠨ᠎ᠠ᠃ ᠭᠤᠤᠯ ᠴᠤᠬᠴᠠ ᠨᠢ ᠴᠢᠩᠭᠢᠰ ᠬᠠᠭᠠᠨ ᠤ ᠡᠭᠡ ᠦᠭᠡᠯᠦᠨ ᠦᠵᠢᠨ ᠤ ᠰᠡᠶᠢᠯᠦᠮᠡᠯ ᠭᠦᠷᠦᠭ ᠪᠤᠯᠤᠨ᠎ᠠ᠂ ᠡᠨᠡᠭᠦ ᠭᠦᠷᠦᠭ ᠤᠨ ᠦᠨᠳᠦᠷ ᠨᠢ 36.9 ᠮᠧᠲᠷ ᠦᠨᠳᠦᠷ ᠪᠠᠶᠢᠵᠤ᠂ ᠡᠭᠡ ᠭᠦᠮᠦᠨ ᠤ ᠡᠷᠭᠢᠮ ᠲᠡᠭᠡᠲᠦ ᠭᠡᠪ ᠲᠦᠷᠰᠦ᠂ ᠠᠭᠤᠵᠢᠭᠤ ᠲᠠᠯᠪᠢᠭᠤ ᠦᠷᠦᠴᠡ ᠲᠠᠢ᠂ ᠡᠷᠴᠢ ᠵᠤᠷᠢᠭ ᠤᠨ ᠡᠭᠢ ᠪᠤᠯᠠᠭ ᠪᠤᠯᠤᠨ ᠠᠵᠢᠯᠴᠢ ᠠᠷᠪᠢᠴᠢ ᠵᠠᠩ ᠰᠤᠷᠲᠠᠯ ᠎ ᠲᠠᠢ ᠪᠠᠶᠢᠳᠠᠭ ᠢ ᠢᠯᠡᠷᠡᠭᠦᠯᠵᠡᠢ᠃ ᠲᠤᠤᠷ᠎ᠠ ᠰᠠᠭᠤᠷᠢ ᠶᠢᠨ ᠰᠡᠶᠢᠯᠦᠮᠡᠯ ᠨᠢ ᠦᠵᠢᠨ ᠡᠮᠡᠭᠡ ᠶᠢᠨ ᠦᠷ᠎ᠡ ᠭᠡᠦᠭᠡᠳ ᠎ ᠢᠶᠠᠨ ᠬᠠᠲᠠᠭᠤᠵᠢᠯᠲᠠᠢ ᠪᠠᠷ ᠵᠤᠷᠢᠬᠵᠢᠭᠤᠯᠤᠨ ᠭᠦᠮᠦᠵᠢᠭᠦᠯᠵᠦ᠂ ᠲᠡᠲᠡᠨ ᠢ ᠪᠠᠨ ᠳᠡᠮᠵᠢᠵᠦ ᠠᠭᠤᠤ ᠶᠡᠭᠡ ᠦᠢᠯᠡᠰ ᠪᠦᠲᠦᠭᠡᠭᠰᠡᠨ ᠦᠯᠢᠭᠡᠷ ᠢ ᠰᠡᠶᠢᠯᠵᠡᠢ᠃ ᠴᠡᠴᠡᠷᠯᠢᠭ ᠤᠨ ᠭᠠᠵᠠᠷ ᠪᠤᠯᠭᠠᠨ ᠳᠤ ᠭᠦᠭᠡ ᠨᠠᠷᠠᠰᠤ ᠰᠡᠭᠦᠶᠢᠯᠴᠡᠨ᠂ ᠨᠡᠮᠡᠭᠦᠨ ᠰᠡᠯᠭᠢᠨ ᠳᠤ ᠠᠶᠠᠷᠬᠠᠨ ᠨᠠᠶᠢᠭᠤᠵᠤ᠂ ᠨᠠᠮᠵᠢᠭᠤᠨ ᠲᠦᠪ ᠶᠡᠭᠡᠮᠰᠦᠭ ᠪᠠᠶᠢᠲᠠᠯ ᠢ ᠢᠯᠡᠷᠡᠭᠦᠯᠦᠨ᠎ᠡ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号