ᠵᠢᠶᠦ᠋ᠨ ᠸᠠᠩ ᠤᠨ ᠤᠷᠲᠤᠨ
ᠨᠡᠶᠢᠲᠡᠯᠡᠭᠰᠡᠨ ᠴᠠᠭ᠄
2018-06-13
      ᠵᠢᠶᠦ᠋ᠨ ᠸᠠᠩ ᠤᠨ ᠤᠷᠲᠤᠨ            ᠵᠢᠶᠦ᠋ᠨ ᠸᠠᠩ ᠤᠨ ᠤᠷᠲᠤᠨ ᠪᠤᠯ ᠤᠤᠯ ᠤᠨ ᠵᠢᠶᠦ᠋ᠨ ᠸᠠᠩ ᠤᠨ ᠬᠤᠰᠢᠭᠤᠨ ᠤ ᠸᠠᠩ ᠤᠨ ᠤᠷᠲᠤᠨ ᠬᠠᠷᠰᠢ ᠪᠤᠯᠤᠨ᠎ᠠ᠂ ᠭᠡᠲᠦ ᠤᠲᠠᠭᠠᠨ ᠤ ᠨᠡᠭᠦᠯᠲᠡ ᠪᠠᠷ ᠳᠠᠮᠵᠢᠨ᠂ ᠴᠢᠩ ᠤᠯᠤᠰ ᠤᠨ ᠪᠠᠳᠠᠷᠠᠭᠤᠯᠲᠤ ᠲᠦᠷᠦ ᠶᠢᠨ ᠬᠤᠷᠢᠨ ᠨᠠᠢᠮᠠᠨ ᠤᠨ ︵ᠨᠡᠶᠢᠲᠡ ᠶᠢᠨ ᠤᠨ ᠲᠤᠭᠠᠯᠠᠯ ᠤᠨ 1902 ᠤᠨ︶᠎ ᠳᠤ ᠤᠲᠤ ᠶᠢᠨ ᠤᠷᠤᠨ ᠳᠤ ᠨᠡᠭᠦᠨ ᠢᠷᠡᠵᠡᠢ᠃ ︽ᠶᠡᠭᠡ ᠵᠤᠤ ᠠᠶᠢᠮᠠᠭ ᠤᠨ ᠤᠶᠢᠯᠠᠯᠭ᠎ᠠ︾᠎ ᠶᠢᠨ ᠲᠡᠮᠲᠡᠭᠯᠡᠯ ᠢ ᠦᠨᠳᠦᠰᠦᠯᠡᠪᠡᠯ᠂ ᠵᠢᠶᠦ᠋ᠨ ᠸᠠᠩ ᠤᠨ ᠤᠷᠲᠤᠨ ︽ ᠪᠠᠭᠠᠨ᠎ᠠ ᠭᠡᠷᠡᠰᠭᠡ ᠳᠤᠨᠢ ᠯᠤᠤᠰ ᠭᠠᠷᠤᠳᠢ ᠮᠠᠬᠰᠢᠯᠲᠤᠨ᠂ ᠲᠤᠭᠤᠰᠬ᠎ᠠ ᠤᠷᠠᠯᠠᠯ ᠳᠤᠨᠢ ᠯᠢᠩᠬᠸ᠎ᠠ ᠤᠳᠪᠠᠯ᠎ᠠ ᠮᠢᠷᠠᠯᠵᠠᠬᠰᠠᠨ᠂ ᠬᠠᠷᠠᠭᠠᠨ ᠳᠤ ᠭᠤᠶᠤᠮᠰᠢᠭ ᠶᠡᠭᠡ ᠵᠤᠤ ᠠᠶᠢᠮᠠᠭ ᠤᠨ ᠬᠠᠮᠤᠭ ᠤᠨ ᠰᠢᠨ᠎ᠡ ᠸᠠᠩ ᠤᠨ ᠤᠷᠲᠤᠨ ᠪᠤᠯᠤᠨ᠎ᠠ︾ ᠭᠡᠵᠦ ᠲᠡᠮᠲᠡᠭᠯᠡᠵᠡᠢ᠃      ᠵᠢᠶᠦ᠋ᠨ ᠸᠠᠩ ᠤᠨ ᠤᠷᠲᠤᠨ ᠡᠮᠦᠨ᠎ᠡ ᠬᠤᠶᠢᠨ᠎ᠠ ᠬᠤᠶᠠᠷ ᠭᠦᠷᠢᠶ᠎ᠡ ᠪᠠᠷ ᠪᠦᠷᠢᠯᠳᠦᠵᠡᠢ᠂ 2105.79 ᠳᠡᠭᠰᠢ ᠲᠦᠷᠪᠡᠯᠵᠢᠨ ᠮᠧᠲᠷ ᠭᠠᠵᠠᠷ ᠢ ᠡᠵᠡᠯᠡᠵᠦ᠂ ᠪᠠᠷᠢᠯᠭ᠎ᠠ ᠶᠢᠨ ᠶᠡᠷᠦᠩᠬᠡᠢ ᠲᠠᠯᠠᠪᠠᠢ ᠨᠢ 1040 ᠭᠠᠷᠤᠢ ᠲᠡᠭᠰᠢ ᠲᠦᠷᠪᠡᠯᠵᠢᠨ ᠮᠧᠲᠷ ᠢ ᠡᠵᠡᠯᠡᠨ᠎ᠡ᠃ ᠤᠷᠲᠤᠨ ᠨᠢ ᠭᠠᠳᠠᠷ ᠲᠠᠯ᠎ᠠ ᠳᠤ ᠪᠠᠨ ᠰᠢᠷᠤᠢ ᠶᠢᠨ ᠬᠠᠰᠢᠯᠭ᠎ᠠ ᠭᠡᠷᠡᠮ ᠲᠠᠢ᠂ ᠦᠨᠳᠦᠷ ᠢᠶᠠᠷ ᠢᠶᠠᠨ  ᠵᠠᠩ ᠢᠯᠡᠭᠦᠦ᠂ ᠦᠷᠭᠡᠨ ᠢᠶᠠᠷ ᠢᠶᠠᠨ  ᠲᠠᠪᠤᠨ ᠲᠤᠬᠤᠢ ᠢᠯᠡᠭᠦᠦ᠂ ᠶᠡᠷᠦᠩᠭᠡᠢ ᠡᠵᠡᠯᠡᠭᠦ ᠲᠠᠯᠠᠪᠠᠢ ᠨᠢ 15000 ᠳᠡᠭᠰᠢ ᠲᠦᠷᠪᠡᠯᠵᠢᠨ ᠮᠧᠲᠷ ᠢᠯᠡᠭᠦᠦ ᠪᠠᠶᠢᠵᠠᠢ᠃ ᠪᠠᠷᠢᠯᠭ᠎ᠠ ᠨᠢ ᠶᠡᠷᠦᠩᠭᠡᠢ ᠳᠤ ᠪᠠᠨ ᠲᠤᠭᠤᠰᠬ᠎ᠠ᠂ ᠮᠤᠲᠤ᠂ ᠴᠢᠯᠠᠭᠤ ᠶᠢᠨ ᠪᠦᠲᠦᠴᠡ ᠲᠠᠢ᠂ ᠭᠡᠷ ᠤᠨ ᠤᠷᠤᠢ ᠨᠢ ᠬᠠᠵᠠᠭᠤ ᠨᠢᠷᠤᠭᠤᠲᠤ ᠪᠦᠲᠦᠴᠡ ᠪᠤᠯᠤᠨ ᠳᠡᠭᠰᠢ ᠤᠷᠤᠶᠢᠲᠤ ᠪᠦᠲᠦᠴᠡ ᠬᠤᠶᠠᠷ ᠵᠦᠢᠯ ᠢᠶᠠᠷ ᠪᠦᠲᠦᠵᠦ᠂ ᠮᠤᠩᠭᠤᠯ᠂ ᠲᠦᠪᠡᠳ᠂ ᠭᠢᠲᠠᠳ ᠪᠠᠷᠢᠯᠭ᠎ᠠ ᠎ ᠶᠢᠨ ᠤᠷᠠᠯᠢᠭ ᠢ ᠨᠢᠭᠡ ᠴᠤᠬᠴᠠᠵᠢᠭᠤᠯᠵᠤ᠂ ᠭᠦᠨ ᠵᠤᠵᠠᠭᠠᠨ ᠦᠨᠳᠦᠰᠦᠲᠡᠨ ᠤ ᠤᠨᠴᠠᠯᠢᠭ ᠪᠤᠯᠤᠨ ᠭᠠᠵᠠᠷ ᠤᠷᠤᠨ ᠎ ᠤ ᠤᠨᠴᠠᠯᠢᠭ ᠢ ᠢᠯᠡᠷᠡᠭᠦᠯᠵᠡᠢ᠃ ᠤᠷᠲᠤᠨ ᠤ ᠤᠯᠠᠩᠭᠢ ᠭᠡᠷ ᠨᠢ ᠠᠰᠬ᠎ᠠ ᠬᠠᠨ᠎ᠠ ᠦᠨᠳᠦᠷ ᠲᠤᠯᠭᠤᠭᠤᠷᠢ ᠲᠠᠢ᠂ ᠭᠡᠷ ᠤᠨ ᠤᠷᠤᠢ ᠳᠡᠭᠡᠪᠦᠷ ᠭᠦᠷᠳᠡᠯ᠎ᠡ ᠪᠠᠷᠤᠭ ᠪᠦᠷ ᠯᠤᠤᠰ ᠭᠠᠷᠤᠳᠢ᠂ ᠪᠤᠭᠤ ᠲᠤᠭᠤᠷᠤᠤ᠂ ᠠᠭᠤᠯᠠ ᠤᠰᠤ᠂ ᠬᠤᠸᠠᠷ ᠴᠡᠴᠡᠭ᠂ ᠦᠰᠦᠭ ᠪᠢᠴᠢᠭ ᠤᠨ ᠰᠡᠶᠢᠯᠪᠦᠷᠢᠲᠦ ᠲᠤᠭᠤᠰᠬ᠎ᠠ᠂ ᠮᠤᠲᠤ᠂ ᠴᠢᠯᠠᠭᠤᠨ ᠰᠡᠶᠢᠯᠦᠮᠡᠯ ᠢᠶᠠᠷ ᠪᠦᠷᠢᠯᠳᠦᠵᠡᠢ᠃ ᠭᠡᠷ ᠤᠨ ᠭᠠᠳᠠᠨ᠎ᠠ ᠲᠤᠲᠤᠨ᠎ᠠ ᠶᠢ ᠪᠦᠷ ᠯᠤᠤᠰ ᠭᠠᠷᠤᠳᠢ᠂ ᠡᠭᠦᠯᠡᠨ ᠤᠭᠠᠯᠵᠠ᠂ ᠬᠤᠸᠠᠷ ᠴᠡᠴᠡᠭ… ᠵᠡᠷᠭᠡ ᠤᠯᠠᠨ ᠦᠩᠭᠡ ᠪᠠᠷ ᠰᠢᠷᠳᠡᠵᠦ ᠵᠢᠷᠤᠬᠯᠠᠬᠰᠠᠨ ᠨᠢ ᠮᠡᠷᠭᠡᠵᠢᠯ ᠦᠨᠳᠦᠷ ᠢᠶᠠᠷ ᠪᠠᠷᠠᠬᠤ ᠦᠭᠡᠢ ᠵᠢᠷᠤᠬᠰᠠᠨ ᠵᠢᠷᠤᠭ ᠨᠢ ᠴᠤ ᠠᠮᠢᠳᠤ ᠴᠤᠪᠤᠭᠤᠯᠢᠭ ᠪᠠᠶᠢᠳᠠᠭ᠃ ᠵᠢᠶᠦ᠋ᠨ ᠸᠠᠩ ᠤᠨ ᠤᠷᠲᠤᠨ ᠪᠤᠯ ᠤᠷᠲᠤᠰ ᠲᠤᠯᠤᠭᠠᠨ ᠬᠤᠰᠢᠭᠤᠨ ᠳᠤ ᠪᠠᠨ ᠤᠲᠤ ᠪᠤᠯᠲᠠᠯ᠎ᠠ ᠪᠦᠷᠢᠨ ᠭᠦᠢᠴᠡᠳ ᠬᠠᠲᠠᠭᠠᠯᠠᠬᠳᠠᠵᠤ ᠪᠠᠶᠢᠭ᠎ᠠ ᠴᠤᠷᠢ ᠶᠢᠨ ᠭᠠᠭᠴᠠ ᠸᠠᠩ ᠎ ᠤᠨ ᠤᠷᠲᠤᠨ ᠪᠤᠯᠤᠨ᠎ᠠ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号