2018 ᠤᠨ ᠤ ᠵᠠᠰᠠᠭ ᠤᠨ ᠣᠷᠳᠣᠨ ᠤ ᠠᠵᠢᠯ ᠤᠨ ᠢᠯᠡᠳᠭᠡᠯ
ᠨᠡᠶᠢᠲᠡᠯᠡᠭᠰᠡᠨ ᠴᠠᠭ᠄
2018/5/9
                 ᠵᠠᠰᠠᠭ ᠤᠨ ᠣᠷᠳᠣᠨ ᠤ ᠠᠵᠢᠯ ᠤᠨ ᠢᠯᠡᠳᠭᠡᠯ       — 2018 ᠣᠨ ᠤ 2 ᠰᠠᠷ᠎ᠠ ᠶᠢᠨ 27᠎ ᠤ ᠡᠳᠦᠷ ᠡᠵᠡᠨ ᠬᠤᠷᠤᠭ᠎ᠠ ᠬᠤᠰᠢᠭᠤᠨ ᠤ ᠠᠷᠪᠠᠨ ᠳᠣᠯᠣᠳᠣᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠤᠶᠠᠳᠤᠭᠠᠷ ᠣᠳᠠᠭᠠᠨ ᠤ  ᠬᠤᠷᠠᠯᠳᠣᠭᠠᠨ ᠳᠡᠭᠡᠷ᠎ᠡ   ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠬᠤᠰᠢᠭᠤ ᠳᠠᠷᠤᠭ᠎ᠠ                                              ᠬᠤᠧᠠ ᠷᠦᠢ ᠹᠧᠩᠲᠦᠯᠦᠭᠡᠯᠡᠭᠴᠢᠳ ᠡ᠄      ᠣᠳᠣ᠂ ᠪᠢ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠢ ᠲᠦᠯᠦᠭᠡᠯᠡᠨ ᠶᠡᠭᠡ ᠬᠤᠷᠠᠯ ᠳᠤ ᠠᠵᠢᠯ ᠤᠨ ᠢᠯᠡᠳᠭᠡᠯ ᠬᠢᠶ᠎ᠠ᠂ ᠬᠢᠨᠠᠨ ᠵᠦᠪᠰᠢᠶᠡᠷᠡᠬᠦ ᠪᠣᠯᠪᠠᠣ᠂ ᠮᠥᠨᠴᠣ ᠣᠯᠣᠰ ᠲᠦᠷᠣ ᠶᠢᠨ ᠵᠦᠪᠯᠡᠯᠭᠡᠨ ᠤ ᠬᠡᠰᠢᠭᠦᠨ ᠪᠠ ᠬᠤᠷᠠᠯ ᠳᠤ ᠰᠣᠯᠠ ᠣᠷᠤᠯᠴᠠᠭᠰᠠᠳ ᠠᠴᠠ ᠰᠠᠨᠠᠯ ᠵᠦᠪᠯᠡᠯ ᠢᠶᠠᠨ ᠳᠡᠪᠰᠢᠭᠦᠯᠬᠦ ᠪᠤᠯᠪᠠᠤ᠃      ᠨᠢᠭᠡ᠂ ᠦᠩᠭᠡᠷᠡᠭᠰᠡᠨ ᠨᠢᠭᠡ ᠵᠢᠯ ᠤᠨ ᠠᠵᠢᠯ ᠤᠨ ᠡᠷᠭᠢᠴᠡᠭᠦᠯᠦᠯ      2017ᠣᠨ ᠳᠤ᠂ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠨᠢ ᠬᠤᠰᠢᠭᠤᠨ ᠤ ᠨᠠᠮ ᠤᠨ ᠬᠤᠷᠢᠶ᠎ᠡ ᠶᠢᠨ ᠴᠢᠩᠭ᠎ᠠ ᠵᠢᠯᠣᠭᠤᠳᠣᠯᠭ᠎ᠠ ᠳᠣᠣᠷ᠎ᠠ᠂ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ  ᠬᠢᠭᠡᠳ ᠣᠯᠣᠰ ᠲᠦᠷᠣ ᠤᠨ ᠵᠦᠪᠯᠡᠯᠭᠡᠨ ᠤ ᠬᠢᠨᠠᠯᠳᠠ ᠪᠣᠯᠣᠨ ᠳᠡᠮᠵᠢᠯᠭᠡ ᠳᠣᠣᠷ᠎ᠡ᠂ ᠪᠦᠬᠦ ᠬᠤᠰᠢᠭᠤᠨ ᠤ ᠡᠯ᠎ᠡ ᠦᠨᠳᠦᠰᠦᠳᠡᠨ ᠤ ᠠᠷᠠᠳ ᠲᠦᠮᠡᠨ ᠢ ᠪᠦᠯᠬᠦᠮᠳᠡᠭᠦᠯᠦᠨ‌‍ᠲ᠋ᠠᠶᠢᠴᠢᠯᠠᠵᠤ᠂ ᠳᠣᠭᠳᠠᠭᠤᠨ ᠢᠶᠠᠷ ᠨᠡᠮᠡᠭᠳᠡᠭᠦᠯᠦᠨ᠂ ᠦᠭᠡᠷᠡᠴᠢᠯᠡᠯᠳᠡ ᠶᠢ ᠠᠬᠢᠭᠤᠯᠤᠨ᠂ ᠪᠦᠳᠦᠴᠡ ᠶᠢ ᠳᠣᠬᠢᠷᠠᠭᠤᠯᠤᠨ᠂ ᠠᠷᠠᠳ ᠲᠤ ᠠᠰᠢᠭ ᠬᠦᠷᠳᠡᠭᠡᠨ᠂ ᠠᠶᠤᠯ ᠲᠦᠭᠰᠢᠭᠦᠷᠢ ᠶᠢ ᠰᠡᠷᠭᠡᠶᠢᠯᠡᠵᠤ ᠡᠯ᠎ᠡ ᠲᠦᠷᠦᠯ ᠤᠨ ᠠᠵᠢᠯ ᠢ ᠨᠢᠭᠡᠳᠦᠯᠳᠠᠢ ᠲᠦᠯᠦᠪᠯᠡᠨ ᠠᠬᠢᠭᠤᠯᠵᠤ᠂ ᠠᠵᠤ ᠠᠬᠤᠢ  ᠨᠡᠶᠢᠬᠡᠮ ᠤᠨ ᠳᠤᠭᠲᠠᠭᠤᠨ ᠢᠶᠠᠷ ᠤᠷᠤᠭᠰᠢᠯᠠᠬᠤ ᠶᠢ ᠪᠠᠳᠤᠯᠠᠨ᠂ ᠳᠤᠭᠲᠠᠭᠤᠨ ᠠᠴᠠ ᠰᠠᠶᠢᠨ ᠪᠠᠶᠢᠳᠠᠯ ᠲᠡᠰᠢ ᠬᠦᠭᠵᠢᠪᠡ᠃ ᠪᠦᠳᠦᠭᠰᠡᠨ ᠰᠢᠯᠲᠠᠭᠠᠨ ᠨᠢ ᠨᠠᠷᠢᠨ ᠪᠣᠳᠤᠯᠢᠶᠠᠨᠳᠠᠢ᠂ ᠣᠯᠠᠨ ᠵᠢᠯ ᠢᠶᠠᠷ ᠬᠤᠷᠠᠮᠳᠤᠭᠰᠠᠨ ᠭᠡᠰᠡᠭ ᠪᠦᠯᠦᠭ ᠠᠵᠤ ᠠᠬᠤᠢ ᠶᠢᠨ ᠲᠤᠭ᠎ᠠ ᠪᠠᠷᠢᠮᠳᠠ ᠶᠢᠨ ᠬᠡᠶᠢᠰᠪᠦᠷᠢ ᠨᠡᠮᠡᠭᠳᠡᠯ ᠤᠨ ᠠᠰᠠᠭᠤᠳᠠᠯ ᠳᠤ ᠬᠠᠨᠳᠤᠭᠤᠯᠵᠤ᠂ ᠵᠣᠷᠢᠭ ᠰᠢᠭᠤᠳᠤᠨ ᠬᠤᠯᠢᠴᠠ ᠶᠢ ᠨᠢ ᠰᠢᠬᠠᠵᠤ᠂ ᠠᠵᠤ ᠠᠬᠤᠢ ᠶᠢᠨ ᠶᠡᠷᠦᠩᠬᠡᠢ ᠬᠡᠮᠵᠢᠶ᠎ᠡ ᠶᠢ ᠪᠠᠬᠢᠵᠢᠭᠦᠯᠵᠤ᠂ ᠡᠳ᠋ ᠤᠨ ᠵᠠᠰᠠᠭ ᠤᠨ ᠣᠷᠣᠯᠭ᠎ᠠ ᠶᠢ ᠪᠠᠲᠤᠤᠬᠠᠵᠤ᠂ ᠬᠦᠭᠵᠢᠯᠳᠡ ᠶᠢᠨ ᠳᠠᠷᠤᠭᠠᠰᠤ ᠪᠠᠨ ᠬᠦᠩᠭᠡᠯᠡᠨ᠂ ᠪᠡᠶ᠎ᠡ ᠬᠦᠩᠭᠡᠨ ᠯᠠᠪᠳᠠᠭᠤᠨ ᠪᠠᠳᠤᠳᠠᠢ ᠪᠠᠷ ᠣᠷᠣᠭᠰᠢᠯᠠᠬᠤ ᠳᠤ ᠰᠢᠯᠢᠳᠡᠭ ᠰᠠᠶᠢᠨ ᠨᠦᠬᠦᠴᠡᠯ ᠪᠦᠷᠢᠯᠳᠦᠭᠦᠯᠦᠨ ᠦᠭᠭᠦᠭᠰᠡᠨ ᠪᠠᠶᠢᠨ᠎ᠠ᠃ ᠲᠣᠬᠢᠷᠠᠭᠤᠯᠤᠨ ᠬᠠᠰᠤᠭᠰᠠᠨ ᠤ ᠳᠠᠷᠠᠭ᠎ᠠ᠂ ᠭᠠᠵᠠᠷ ᠣᠷᠣᠨ ᠤ ᠦᠢᠯᠡᠳᠪᠦᠷᠢᠯᠡᠯ ᠤᠨ ᠶᠡᠷᠦᠩᠬᠡᠢ ᠥᠷᠳᠡᠭ ᠨᠢ 6.9%᠎ ᠎ ᠪᠠᠷ ᠨᠡᠮᠡᠭᠳᠡᠵᠦ᠂ ᠳᠣᠭᠲᠠᠮᠠᠯ ᠬᠦᠷᠦᠩᠭᠡ ᠶᠢᠨ ᠪᠡᠯᠡ ᠣᠷᠤᠭᠤᠯᠤᠯᠳᠠ ᠨᠢ7%᠎ ᠪᠠᠷ ᠨᠡᠮᠡᠭᠳᠡᠨ᠂ ᠨᠡᠶᠢᠬᠡᠮ ᠤᠨ ᠬᠡᠷᠡᠭᠯᠡᠭᠡᠨ ᠤ ᠵᠦᠢᠯᠡᠰ ᠤᠨ ᠵᠢᠵᠢᠭᠯᠡᠨ ᠬᠤᠳᠠᠯᠳᠤᠭᠰᠠᠨ ᠶᠡᠷᠦᠩᠬᠡᠢ ᠲᠤᠭ᠎ᠠ ᠨᠢ7%᠎ ᠪᠠᠷ ᠨᠡᠮᠡᠭᠳᠡᠪᠡ᠃ ᠡᠳ᠋ ᠤᠨ ᠵᠠᠰᠠᠭ ᠤᠨ ᠣᠷᠤᠯᠭ᠎ᠠ ᠶᠢ 242 ᠳ᠋ᠦᠩᠰᠢᠭᠤᠷ ᠲᠦᠭᠦᠷᠢᠭ ᠪᠡᠶᠡᠯᠡᠭᠦᠯᠵᠤ᠂ ᠪᠦᠬᠦ ᠣᠷᠣᠨ ᠤ103 ᠬᠤᠰᠢᠭᠤ ᠰᠢᠶᠠᠨ ᠤ ᠲᠡᠷᠢᠭᠦᠨ ᠨᠡᠷ᠎ᠡ ᠳᠤ ᠳᠠᠪᠰᠢᠨ ᠣᠷᠣᠵᠣ᠂ ᠡᠭᠦᠨ ᠳᠤ ᠡᠩ ᠤᠨ ᠣᠯᠠᠨ ᠨᠡᠶᠢᠳᠡ ᠶᠢᠨ ᠲᠦᠰᠦᠪ ᠤᠨ ᠣᠷᠣᠯᠭ᠎ᠠ ᠨᠢ 63 ᠳ᠋ᠦᠩᠰᠢᠭᠤᠷ ᠲᠦᠭᠦᠷᠢᠭ ᠲᠤ ᠬᠦᠷᠴᠦ᠂12% ᠎ ᠢᠶᠠᠷ ᠨᠡᠮᠡᠭᠳᠡᠨ᠂ ᠭᠠᠶᠢᠯᠢ ᠶᠢᠨ ᠪᠤᠰᠤ ᠣᠷᠤᠯᠭ᠎ᠠ ᠶᠢᠨ ᠬᠤᠪᠢ ᠶᠢᠨ ᠵᠢᠩ ᠨᠢ ᠳᠡᠭᠡᠷ᠎ᠡ ᠵᠢᠯ ᠤᠨ44%᠎ ᠠᠴᠠ ᠪᠠᠭᠤᠷᠠᠭᠠᠳ19% ᠪᠣᠯᠪᠠ᠂ ᠣᠷᠣᠯᠭ᠎ᠠ ᠶᠢᠨ ᠴᠢᠨᠠᠷ ᠨᠢ ᠢᠯᠡᠳᠳᠡ ᠳᠡᠭᠡᠭᠰᠢᠯᠡᠪᠡ; ᠬᠤᠲᠠ ᠪᠠᠯᠭᠠᠰᠣᠨ ᠤ ᠰᠠᠭᠤᠭᠠᠯᠢ ᠠᠷᠠᠳ ᠤᠨ ᠬᠦᠮᠦᠨ ᠪᠦᠷᠢ ᠶᠢᠨ ᠡᠵᠡᠮᠰᠢᠵᠤ ᠪᠣᠯᠬᠤᠶᠢᠴᠠ ᠣᠷᠤᠯᠭ᠎ᠠ ᠨᠢ ᠲᠤᠰ ᠪᠦᠷᠢ 44960 ᠲᠦᠭᠦᠷᠢᠭ ᠪᠣᠯᠣᠨ16774 ᠲᠦᠭᠦᠷᠢᠭ ᠳᠤ ᠬᠦᠷᠴᠦ᠂ ᠳᠤᠮᠳᠠᠴᠢ ᠪᠠᠷ8.3%᠎ ᠪᠠᠷ ᠨᠡᠮᠡᠭᠳᠡᠪᠡ᠃ 500 ᠲᠦᠮᠡᠨ ᠲᠦᠭᠦᠷᠢᠭ ᠠᠴᠠ ᠳᠡᠭᠡᠭᠰᠢ ᠭᠤᠣᠯᠳᠠᠯᠭᠠᠳᠣ ᠲᠦᠷᠦᠯ ᠵᠦᠢᠯ ᠢ109 ᠲᠦᠷᠦᠯ ᠬᠡᠷᠡᠭᠵᠢᠭᠦᠯᠵᠦ᠂ ᠳ᠋ᠦᠩᠰᠢᠭᠤᠷ ᠲᠥᠭᠦᠷᠢᠭ ᠠᠴᠠ ᠳᠡᠭᠡᠭᠰᠢ ᠴᠢᠬᠤᠯᠠ ᠶᠡᠭᠡ ᠲᠦᠷᠦᠯ ᠵᠦᠢᠯ ᠢ 95 ᠲᠦᠷᠦᠯ ᠬᠡᠷᠡᠭᠵᠢᠭᠦᠯᠦᠨ᠂ ᠪᠡᠶᠡᠯᠡᠭᠦᠯᠦᠭᠰᠡᠨ ᠪᠡᠯᠡ ᠣᠷᠤᠭᠤᠯᠤᠯᠳᠠ ᠨᠢ 170 ᠳ᠋ᠦᠩᠰᠢᠭᠤᠷ ᠲᠦᠭᠦᠷᠢᠭ ᠬᠦᠷᠴᠦ᠂ ᠶᠡᠷᠦᠩᠬᠡᠢ ᠦᠷᠢᠰᠦᠯᠳᠦᠭᠡᠨ ᠤ ᠬᠦᠴᠦᠨ ᠨᠢ ᠪᠦᠬᠦ ᠤᠯᠤᠰ ᠤᠨ ᠵᠠᠭᠤᠨ ᠬᠦᠴᠦᠷᠬᠡᠭ ᠰᠢᠶᠠᠨ ᠤ19 ᠳ᠋ᠦ᠋ᠭᠡᠷ ᠲᠤ ᠳᠠᠪᠰᠢᠨ ᠣᠷᠣᠵᠤ᠂ ᠴᠢᠨᠡᠭᠡᠯᠢᠭ ᠨᠡᠶᠢᠬᠡᠮ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠰᠢᠢᠳᠪᠦᠷᠢᠲᠦ ᠢᠯᠠᠯᠳᠠ ᠶᠢ ᠣᠯᠬᠤ ᠳᠤ ᠯᠠᠪᠳᠠᠭᠤᠨ ᠪᠠᠳᠤᠳᠠᠢ ᠠᠯᠬᠤᠮ ᠢᠶᠠᠨ ᠠᠯᠬᠤᠭᠰᠠᠨ ᠪᠠᠶᠢᠨ᠎ᠠ᠃      ᠨᠢᠭᠡ ᠳᠤ ᠠᠵᠤ ᠦᠢᠯᠡᠰ ᠤᠨ ᠬᠡᠯᠪᠡᠷᠢ ᠪᠠᠨ ᠬᠤᠪᠢᠷᠠᠭᠤᠯᠬᠤ ᠠᠯᠬᠤᠮ ᠢᠶᠠᠨ ᠲᠦᠷᠭᠡᠳᠬᠡᠪᠡ᠃ ᠠᠵᠤ ᠦᠢᠯᠡᠳᠪᠦᠷᠢ ᠶᠢᠨ ᠠᠵᠤ ᠠᠬᠤᠢ ᠶᠢᠨ ᠶᠠᠰᠤ ᠴᠢᠨᠠᠷ ᠢ ᠳᠡᠭᠡᠭᠰᠢᠯᠡᠭᠦᠯᠦᠨ ᠦᠷ᠎ᠡ ᠪᠦᠳᠦᠮᠵᠢ ᠶᠢ ᠨᠠᠮᠡᠭᠳᠡᠭᠦᠯᠪᠡ᠃ ᠨᠡᠭᠦᠷᠡᠰᠦᠨ ᠤ ᠭᠠᠷᠤᠯᠳᠠ ᠶᠢ ᠪᠠᠭᠠᠰᠬᠠᠬᠤ ᠶᠢ ᠢᠳᠡᠪᠬᠢᠳᠠᠢ ᠲᠦᠯᠬᠢᠨ ᠠᠬᠢᠭᠤᠯᠤᠭᠰᠠᠨ ᠠᠴᠠ᠂ 2 ᠰᠠᠭᠤᠷᠢ ᠵᠢᠯ ᠪᠦᠷᠢ 60 ᠲᠦᠮᠡᠨ ᠲᠤᠨ ᠠᠴᠠ ᠳᠣᠷᠤᠭᠰᠢ ᠨᠡᠭᠦᠷᠡᠰᠦᠨ ᠠᠭᠤᠷᠬᠠᠢ ᠡᠮᠬᠢ ᠲᠢᠭᠯᠢᠮ ᠲᠠᠢ ᠤᠬᠤᠷᠢᠨ ᠭᠠᠷᠪᠠ᠃ ᠰᠢᠨ᠎ᠡ ᠵᠡᠭᠡᠯᠢ ᠶᠢᠨ ᠲᠣᠶᠢᠭ ᠰᠦᠮ᠎ᠡ ᠶᠢᠨ ᠠᠭᠤᠷᠬᠠᠢ ᠶᠢᠨ ᠣᠷᠣᠨ ᠤ ᠶᠡᠷᠦᠩᠬᠡᠢ ᠲᠦᠯᠦᠪᠵᠢᠭᠦᠯᠭᠡ ᠬᠢᠭᠡᠳ ᠮᠠ ᠲᠠᠢ ᠬᠤᠭᠤᠯᠠᠢ᠂ ᠡᠷᠬᠢᠬᠦᠯᠬᠡᠨ ᠲᠤᠬᠤᠢ᠂ ᠬᠤᠨᠢᠴᠢᠨᠭᠤᠤᠯ ᠵᠡᠷᠭᠡ 3 ᠰᠠᠭᠤᠷᠢ ᠲᠣᠮᠣ ᠬᠡᠯᠪᠡᠷᠢ ᠶᠢᠨ ᠨᠡᠭᠦᠷᠡᠰᠦᠨ ᠠᠭᠤᠷᠬᠠᠢ ᠶᠢᠨ ᠠᠭᠤᠷᠬᠠᠢ ᠮᠠᠯᠲᠠᠬᠤ ᠶᠢ ᠵᠦᠪᠰᠢᠶᠡᠷᠡᠬᠦ ᠦᠨᠡᠮᠯᠡᠯ ᠢᠶᠠᠨ ᠣᠯᠵᠣ᠂ ᠦᠢᠯᠡᠳᠭᠦᠨ ᠤ ᠡᠨᠧᠷᠭᠢ ᠶᠢᠨ ᠬᠦᠢᠴᠡᠳᠭᠡᠬᠦ ᠲᠤᠭ᠎ᠠ ᠶᠢ1852 ᠲᠦᠮᠡᠨ ᠲᠤᠨ ᠪᠡᠶᠡᠯᠡᠭᠦᠯᠵᠤ᠂ ᠣᠬᠢ ᠰᠢᠯᠢᠳᠡᠭ ᠦᠢᠯᠡᠳᠭᠦᠨ ᠤ ᠡᠨᠧᠷᠭᠢ ᠢ 5260 ᠲᠦᠮᠡᠨ ᠲᠤᠨ ᠢᠯᠭᠠᠷᠠᠭᠤᠯᠤᠨ ᠭᠠᠷᠭᠠᠭᠰᠠᠨ ᠪᠠᠶᠢᠨ᠎ᠠ᠃ ᠰᠢᠯᠢᠳᠡᠭ ᠨᠡᠭᠦᠷᠡᠰᠦᠨ ︽ᠬᠡᠮᠵᠢᠶ᠎ᠡ᠂ ᠦᠨ᠎ᠡ᠂ ᠠᠰᠢᠭ᠂ ᠭᠠᠶᠢᠯᠢ︾ ᠪᠦᠬᠦ ᠲᠠᠯ᠎ᠠ ᠪᠠᠷ ᠳᠡᠭᠡᠭᠰᠢᠯᠡᠵᠦ᠂ ᠨᠡᠬᠦᠷᠡᠰᠦᠨ ᠠᠭᠤᠷᠬᠠᠢ ᠶᠢᠨ ᠠᠮᠠᠰᠠᠷ ᠤᠨ ᠳᠤᠮᠳᠠᠴᠢ ᠥᠷᠳᠡᠭ ᠨᠢ ᠲᠤᠨ ᠪᠦᠷᠢ ᠳᠡᠭᠡᠨ ᠳᠡᠭᠡᠷ᠎ᠡ ᠵᠢᠯ ᠤᠨ ᠬᠢ ᠠᠴᠠ140 ᠲᠥᠭᠦᠷᠢᠭ ᠨᠡᠮᠡᠭᠳᠡᠨ᠂ ᠵᠢᠯ ᠤᠨ ᠪᠣᠷᠤᠭᠤᠯᠤᠯᠳᠠ ᠶᠢᠨ ᠬᠡᠮᠵᠢᠶ᠎ᠡ ᠨᠢ 2 ᠳ᠋ᠦᠩᠰᠢᠭᠤᠷ ᠲᠤᠨ ᠢ ᠳᠠᠪᠠᠵᠤ᠂ ᠪᠦᠬᠦ ᠬᠤᠲᠠ ᠶᠢᠨ ᠪᠤᠷᠤᠭᠤᠯᠤᠯᠳᠠ ᠶᠢᠨ ᠬᠡᠮᠵᠢᠶᠡᠨ ᠤ 34%᠎ ᠶᠢ ᠡᠵᠡᠯᠡᠨ᠂ ᠬᠤᠪᠢ ᠶᠢᠨ ᠵᠢᠩ ᠨᠢ ᠳᠡᠭᠡᠷ᠎ᠡ ᠵᠢᠯ ᠠᠴᠠ ᠵᠠᠭᠤᠨ ᠤ 3᠎ ᠶᠢᠨ ᠬᠠᠷᠢᠴᠠᠯ ᠢᠶᠠᠷ ᠳᠡᠭᠡᠭᠰᠢᠯᠡᠪᠡ᠃ ᠱᠧᠩ ᠬᠤᠸᠠ ᠨᠡᠭᠦᠷᠡᠰᠦ ᠪᠠᠷ ᠴᠢᠯᠠᠭᠤᠨ ᠲᠤᠰᠤ ᠦᠢᠯᠡᠳᠪᠦᠷᠢᠯᠡᠬᠦ᠂ ᠬᠤᠢ ᠨᠧᠩ ᠨᠡᠭᠦᠷᠡᠰᠦ ᠪᠠᠷ ᠰᠢᠳᠠᠮᠠᠬᠠᠢ ᠬᠡᠢ ᠦᠢᠯᠡᠳᠪᠦᠷᠢᠯᠡᠬᠦ᠂ ᠤᠯᠤᠰ ᠤᠨ ᠴᠠᠬᠢᠯᠭᠠᠨ ᠤ ᠴᠠᠬᠢᠯᠭᠠᠨ ᠢ ᠨᠢᠭᠡ ᠴᠣᠭᠴᠠᠵᠢᠭᠤᠯᠬᠤ ᠵᠡᠷᠭᠡ ᠨᠡᠭᠦᠷᠡᠰᠦ ᠶᠢ ᠬᠤᠪᠢᠷᠠᠭᠤᠯᠬᠤ ᠲᠦᠷᠦᠯ ᠵᠦᠢᠯ ᠤᠨ ᠠᠵᠢᠯᠯᠠᠭ᠎ᠠ ᠨᠢ ᠲᠣᠭᠳᠠᠭᠤᠨ ᠪᠠᠶᠢᠵᠤ᠂ ᠦᠢᠯᠡᠳᠪᠦᠷᠢᠯᠡᠭᠰᠡᠨ ᠲᠣᠰᠤ ᠨᠢ 83.8 ᠲᠦᠮᠡᠨ ᠲᠤᠨ᠂ ᠪᠠᠶᠢᠭᠠᠯᠢ ᠶᠢᠨ ᠰᠢᠩᠭᠡᠨ ᠬᠡᠢ 28 ᠲᠦᠮᠡᠨ ᠲᠤᠨ ᠬᠦᠷᠴᠦ᠂ ᠭᠠᠷᠭᠠᠭᠰᠠᠨ ᠴᠠᠬᠢᠯᠭᠠᠨ ᠨᠢ 96 ᠳ᠋ᠦᠩᠰᠢᠭᠤᠷ ᠺᠢᠯᠤᠸᠠᠲ ᠴᠠᠭ ᠬᠦᠷᠦᠭᠰᠡᠨ ᠪᠠᠶᠢᠨ᠎ᠠ᠃ ᠪᠤᠷᠭᠠᠰᠤ ᠶᠢ ᠲᠠᠬᠢᠨ ᠪᠦᠯᠦᠭᠯᠡᠭᠦᠯᠵᠦ ᠮᠣᠳᠤ ᠪᠣᠯᠭᠠᠬᠤ ᠲᠦᠷᠦᠯ ᠵᠦᠢᠯ ᠨᠢ ᠲᠤᠷᠰᠢᠨ ᠦᠢᠯᠡᠳᠪᠦᠷᠢᠯᠡᠬᠦ ᠶᠢ ᠪᠡᠶᠡᠯᠡᠭᠦᠯᠦᠨ᠂ ᠵᠧᠩ ᠲᠠᠢ ᠢ ᠳ᠋ᠠ ᠪᠠᠶᠢᠭᠠᠯᠢ ᠶᠢᠨ ᠰᠢᠲᠠᠮᠠᠬᠠᠢ ᠬᠡᠢ ᠶᠢᠨ ᠨᠢᠭᠡᠳᠦᠭᠡᠷ ᠬᠤᠭᠤᠴᠠᠭ᠎ᠠ ᠬᠢᠭᠡᠳ ᠮᠧᠩ ᠰᠢᠨ ᠳᠤᠤᠷ᠎ᠡ ᠦᠨ᠎ᠡ ᠶᠢᠨ ᠨᠡᠭᠦᠷᠡᠰᠦ ᠶᠢ ᠴᠢᠨᠠᠷ ᠢᠯᠭᠠᠨ ᠠᠰᠢᠭᠯᠠᠬᠤ ᠲᠦᠷᠦᠯ ᠵᠦᠢᠯ ᠨᠢ ᠲᠣᠨᠤᠭ ᠲᠦᠬᠦᠭᠡᠷᠦᠮᠵᠢ ᠪᠠᠨ ᠤᠭᠰᠠᠷᠠᠵᠤ ᠪᠠᠷᠠᠭᠠᠪᠠ᠃ ᠮᠠᠯ ᠲᠠᠷᠢᠶᠠᠯᠠᠩ ᠤᠨ ᠠᠵᠤ ᠦᠢᠯᠡᠰᠵᠢᠭᠦᠯᠦᠯᠳᠡ ᠶᠢᠨ ᠬᠢᠷᠢ ᠲᠦᠪᠰᠢᠨ ᠳᠠᠰᠤᠷᠠᠯᠳᠠ ᠦᠭᠡᠢ ᠳᠡᠭᠡᠭᠰᠢᠯᠡᠪᠡ᠃ ᠰᠢᠨ᠎ᠡ ᠪᠠᠷ ᠨᠡᠮᠡᠵᠤ ᠪᠠᠶᠢᠭᠤᠯᠤᠭᠰᠠᠨ ᠲᠦᠬᠦᠭᠡᠷᠦᠮᠵᠢᠲᠦ ᠲᠠᠷᠢᠶᠠᠯᠠᠩ ᠤᠨ ᠰᠠᠭᠤᠷᠢᠨ ᠭᠠᠵᠠᠷ18 ᠡᠷᠦᠬᠡ᠂ ︽ᠭᠤᠷᠪᠠᠯᠠᠭᠰᠠᠨ ᠪᠦᠲᠦᠭᠡᠭᠳᠡᠭᠦᠨ ᠨᠢᠭᠡ ᠲᠡᠮᠳᠡᠭ︾᠎ ᠢᠶᠠᠷ ᠦᠨᠡᠯᠡᠭᠳᠡᠭᠰᠡᠨ ᠮᠠᠯ ᠲᠠᠷᠢᠶᠠᠯᠠᠩ ᠤᠨ ᠪᠦᠳᠦᠭᠡᠭᠳᠡᠭᠦᠨ ᠨᠢ17 ᠪᠠᠶᠢᠵᠤ᠂ ᠬᠤᠳᠠ ᠶᠢᠨ ᠲᠡᠰ ᠠᠴᠠ ᠳᠡᠭᠡᠭᠰᠢ ᠮᠠᠯ ᠲᠠᠷᠢᠶᠠᠯᠠᠩ ᠤᠨ ᠲᠣᠯᠤᠭᠠᠶᠢᠯᠠᠭᠴᠢ ᠠᠵᠤ ᠠᠬᠤᠶᠢᠯᠠᠯ ᠰᠢᠨ᠎ᠡ ᠪᠠᠷ 6 ᠡᠷᠦᠬᠡ ᠨᠡᠮᠡᠭᠳᠡᠵᠦ᠂ 34 ᠡᠷᠦᠬᠡ ᠳᠤ ᠬᠦᠷᠴᠦ᠂ 53%᠎ ᠠᠴᠠ ᠳᠡᠭᠡᠭᠰᠢ ᠮᠠᠯ ᠲᠠᠷᠢᠶᠠᠯᠠᠩ ᠤᠨ ᠲᠣᠯᠤᠭᠠᠶᠢᠯᠠᠭᠴᠢ ᠠᠵᠤ ᠠᠬᠤᠶᠢᠯᠠᠯ ᠨᠢ ᠮᠠᠯᠴᠢᠨ ᠲᠠᠷᠢᠶᠠᠴᠢᠨ ᠲᠠᠢ ᠨᠢᠭᠳᠠ ᠬᠠᠷᠢᠴᠠᠭ᠎ᠠ ᠲᠠᠢ ᠠᠰᠢᠭ ᠬᠤᠨᠵᠢᠪᠤᠷᠢ ᠶᠢᠨ ᠬᠤᠯᠪᠤᠯᠳᠤᠬᠤ ᠪᠠᠶᠢᠭᠤᠯᠤᠮᠵᠢ ᠶᠢ ᠪᠠᠶᠢᠭᠤᠯᠵᠤ᠂   ᠪᠤᠷᠤᠯᠠᠭᠤᠯᠤᠯᠳᠠ ᠶᠢᠨ ᠣᠷᠤᠯᠭ᠎ᠠ ᠨᠢ 8.7 ᠳ᠋ᠦᠩᠰᠢᠭᠤᠷ ᠲᠦᠭᠦᠷᠢᠭ ᠢ ᠪᠡᠶᠡᠯᠡᠭᠦᠯᠦᠨ᠂ 17.5%᠎ ᠪᠠᠷ ᠨᠡᠮᠡᠭᠳᠡᠪᠡ᠃ ︽ᠨᠠᠮ ᠤᠨ ᠪᠠᠶᠢᠭᠤᠯᠤᠯᠳᠠ ᠪᠠᠷ ᠵᠠᠮᠴᠢᠯᠠᠬᠤ ᠦᠢᠯᠡ ᠠᠵᠢᠯᠯᠠᠭ᠎ᠠ︾᠎ ᠶᠢ ᠡᠬᠢᠯᠡᠭᠦᠯᠵᠤ᠂ ᠬᠠᠮᠳᠤ ᠶᠢᠨ ᠠᠵᠤ ᠠᠬᠤᠢ ᠶᠢᠨ ︽ᠬᠤᠭᠤᠰᠤᠨ ᠲᠣᠰᠬᠤᠨ︾᠎ ᠢ ᠪᠦᠬᠦᠨ ᠢ ᠴᠡᠪᠡᠷᠯᠡᠵᠠᠢ᠃ ᠯᠣᠩᠬᠤ ᠶᠢᠨ ᠵᠠᠪᠠ ᠪᠣᠯᠤᠨ ᠤᠯᠠᠭᠠᠨᠮᠥ᠋ᠷᠡᠨ ᠲᠣᠰᠬᠤᠨ ︽ᠳᠤᠮᠳᠠᠳᠤ ᠤᠯᠤᠰ ᠤᠨ ᠦᠵᠡᠰᠬᠦᠯᠡᠩᠳᠦ ᠰᠡᠯᠡᠭᠦᠴᠡᠯ ᠤᠨ ᠬᠦᠳᠡᠭᠡ ᠲᠣᠰᠬᠤᠨ︾᠎ ᠢᠶᠠᠷ ᠦᠨᠡᠯᠡᠭᠳᠡᠨ᠂ ᠡᠵᠡᠨ ᠬᠤᠷᠤᠭᠠᠨ ᠤ ᠮᠠᠯ ᠲᠠᠷᠢᠶᠠᠯᠠᠩ ᠤᠨ ᠠᠵᠤ ᠦᠢᠯᠡᠳᠪᠦᠷᠢᠯᠡᠯ ᠤᠨ ᠰᠢᠰᠲ᠋ᠧᠮ ᠨᠢ ︽ᠳᠣᠮᠳᠠᠳᠤ ᠤᠯᠤᠰ ᠤᠨ ᠴᠢᠬᠤᠯᠠ ᠮᠠᠯ ᠲᠠᠷᠢᠶᠠᠯᠠᠩ ᠤᠨ ᠠᠵᠤ ᠠᠬᠤᠶᠢᠯᠠᠯ ᠤᠨ ᠰᠤᠶᠤᠯ ᠤᠨ ᠥᠪ︾᠎ ᠢᠶᠠᠷ ᠪᠠᠳᠤᠯᠠᠭᠳᠠᠵᠤ᠂ ᠮᠠᠨ ᠤ ᠬᠤᠰᠢᠭᠤ ᠬᠤᠲᠠ ᠶᠢᠨ ᠲᠡᠰ ‍ᠦᠨ‌‍ᠲ᠋ᠠᠷᠢᠶᠠᠯᠠᠩ ᠤᠨ ᠬᠦᠷᠢᠶᠡᠯᠡᠩ ᠤᠨ ᠶᠡᠷᠦᠩᠬᠡᠢ ᠴᠣᠭᠴᠠ ᠶᠢᠨ ᠪᠦᠳᠦᠭᠡᠨ ᠪᠠᠶᠢᠭᠤᠯᠤᠯᠳᠠ ᠶᠢᠨ ᠳᠤᠷᠰᠢᠯᠳᠠ ᠶᠢᠨ ᠴᠡᠭ ᠢᠶᠠᠷ ᠳᠣᠭᠳᠠᠭᠠᠭᠳᠠᠵᠤ᠂ ᠤᠯᠤᠰ ᠤᠨ ᠲᠡᠰ ᠤᠨ ︽ᠰᠡᠯᠡᠭᠦᠴᠡᠯ ᠮᠠᠯ ᠲᠠᠷᠢᠶᠠᠯᠠᠩ ᠤᠨ ᠠᠵᠤ ᠠᠬᠤᠶᠢᠯᠠᠯ ᠬᠢᠭᠡᠳ ᠬᠦᠳᠡᠭᠡ ᠲᠣᠰᠬᠤᠨ ᠤ ᠵᠢᠭᠤᠯᠴᠢᠯᠠᠯ ᠤᠨ ᠵᠢᠱᠢᠶᠡᠴᠢ ᠬᠤᠰᠢᠭᠤ︾᠎ ᠪᠠᠷ ᠦᠨᠡᠯᠡᠭᠳᠡᠪᠡ᠃ ᠣᠳᠣ ᠦᠶ᠎ᠡ ᠶᠢᠨ ᠦᠢᠯᠡᠴᠢᠯᠡᠭᠡᠨ ᠤ ᠦᠢᠯᠡᠰ ᠨᠢ ᠲᠦᠷᠭᠡᠨ ᠢᠶᠠᠷ ᠬᠦᠭᠵᠢᠪᠡ᠃ ︽ᠪᠦᠬᠦ ᠬᠡᠪᠴᠢᠶᠡᠵᠢᠯ ᠤᠨ ᠵᠢᠭᠤᠯᠴᠢᠯᠠᠯ ᠤᠨ ᠠᠵᠤ ᠦᠢᠯᠡᠰ ᠤᠨ ᠪᠠᠶᠢᠷᠢᠯᠠᠭᠤᠯᠤᠯᠳᠠ ᠪᠠ ᠭᠤᠣᠯᠳᠠᠯᠭᠠᠳᠣ ᠵᠢᠭᠤᠯᠴᠢᠯᠠᠯ ᠤᠨ ᠲᠦᠷᠦᠯ ᠵᠦᠢᠯ ᠤᠨ ᠲᠦᠯᠦᠪᠵᠢᠭᠦᠯᠭᠡ︾᠎ ᠶᠢ ᠨᠠᠶᠢᠷᠠᠭᠤᠯᠤᠨ ᠪᠠᠷᠠᠭᠠᠵᠤ᠂ ᠡᠷᠳᠡᠨᠢ ᠶᠢᠨ ᠲᠣᠪᠴᠢ ᠰᠤᠶᠤᠯ ᠤᠨ ᠠᠵᠤ ᠦᠢᠯᠡᠰ ᠤᠨ ᠬᠦᠷᠢᠶᠡᠯᠡᠩ ᠤᠨ ᠶᠤᠸᠠᠨ ᠤᠯᠤᠰ ᠤᠨ ᠶᠡᠭᠡ ᠨᠡᠶᠢᠰᠯᠡᠯ᠂ ᠬᠠᠷᠠᠬᠤᠷᠠᠮ ᠤᠨ ᠭᠤᠣᠯ ᠪᠠᠷᠢᠯᠭ᠎ᠠ ᠨᠢ ᠳᠠᠭᠤᠰᠴᠤ᠂ ︽ᠪᠦᠬᠦ ᠤᠯᠤᠰ ᠤᠨ ᠬᠡᠪᠯᠡᠯ ‍ᠦᠨ‌ᠡᠷᠬᠡ ᠶᠢᠨ ᠵᠢᠱᠢᠶᠡᠴᠢ ᠬᠦᠷᠢᠶᠡᠯᠡᠩ ᠲᠣᠭᠤᠷᠢᠭ︾᠎ ᠢᠶᠠᠷ ᠦᠨᠡᠯᠡᠭᠳᠡᠪᠡ᠃ ᠰᠢᠨ᠎ᠡ ᠪᠠᠷ ᠪᠠᠶᠢᠭᠤᠯᠤᠭᠰᠠᠨ ᠦᠭᠡᠷᠡᠴᠢᠯᠡᠨ ᠦᠷᠭᠡᠳᠬᠡᠨ ᠪᠠᠶᠢᠭᠤᠯᠤᠭᠰᠠᠨ ᠵᠢᠭᠤᠯᠴᠢᠯᠠᠯ ᠤᠨ ᠵᠣᠷᠯᠤᠩ 88 ᠰᠠᠭᠤᠷᠢ ᠪᠠᠶᠢᠭᠤᠯᠵᠤ᠂ 10 ᠵᠢᠭᠤᠯᠴᠢᠯᠠᠯ ᠤᠨ ᠦᠵᠡᠮᠵᠢ ᠶᠢᠨ ᠣᠷᠣᠨ ᠬᠢᠭᠡᠳ ᠨᠢᠰᠭᠡᠯ ᠤᠨ ᠪᠠᠭᠤᠳᠠᠯ᠂ ᠭᠠᠯᠳᠤ ᠲᠡᠷᠭᠡᠨ ᠥᠷᠳᠡᠭᠡ ᠵᠡᠷᠭᠡ ᠣᠯᠠᠨ ᠨᠡᠶᠢᠳᠡ ᠶᠢᠨ ᠣᠷᠣᠨ ᠲᠣᠭᠤᠷᠢᠭ ᠲᠤ WiFi᠎ ᠶᠢ ᠪᠦᠬᠦᠨ ᠢ ᠪᠦᠷᠬᠦᠭᠦᠯᠦᠨ᠂ ᠵᠢᠭᠤᠯᠴᠢᠯᠠᠯ ᠤᠨ ᠶᠡᠷᠦᠩᠬᠡᠢ ᠦᠢᠯᠡᠴᠢᠯᠡᠭᠡ ᠶᠢᠨ ᠬᠢᠷᠢ ᠲᠦᠪᠰᠢᠨ ᠢᠯᠡᠳᠳᠡ ᠳᠡᠭᠡᠭᠰᠢᠯᠡᠪᠡ᠃ ᠰᠢᠷᠭᠤᠯᠵᠢ ᠶᠢᠨ ᠲᠦᠷ ᠲᠦᠷᠢᠶᠡᠰᠦᠯᠡᠬᠦ᠂ ᠮᠧᠢ ᠲᠤᠸᠠᠨ ᠰᠦᠯᠵᠢᠶ᠎ᠡ ᠲᠠᠢ ᠬᠤᠷᠰᠢᠵᠤ ᠠᠷᠠᠳ ᠤᠨ ᠬᠤᠨᠣᠭᠯᠠᠯ ᠢ 60 ᠢᠯᠡᠭᠦᠦ ᠡᠷᠦᠬᠡ ᠨᠡᠭᠡᠭᠡᠨ᠂ ᠬᠠᠰᠢᠶᠠᠲᠤ ᠲᠣᠰᠬᠤᠨ ᠨᠢ ᠪᠦᠬᠦ ᠣᠷᠣᠨ ᠤ ᠠᠩᠬᠠᠳᠤᠭᠴᠢ ︽ᠳᠤᠮᠳᠠᠳᠤ ᠤᠯᠤᠰ ᠤᠨ ᠬᠦᠳᠡᠭᠡ ᠲᠤᠰᠬᠤᠨ ᠤ ᠵᠢᠭᠤᠯᠴᠢᠯᠠᠯ ᠤᠨ ᠪᠦᠳᠦᠭᠡᠭᠴᠢ ᠶᠢᠨ ᠵᠢᠱᠢᠶᠡᠴᠢ ᠰᠠᠭᠤᠷᠢᠨ ᠭᠠᠵᠠᠷ︾᠎ ᠢᠶᠠᠷ ᠦᠨᠡᠯᠡᠭᠳᠡᠪᠡ᠃ ᠣᠷᠳᠣᠰ ᠤᠨ ᠣᠯᠠᠨ ᠤᠯᠤᠰ ᠤᠨ ᠠᠷᠭᠤᠮᠠᠭ ᠬᠥᠯᠦᠭ ᠤᠨ ᠨᠠᠶᠢᠷ᠂ ᠠᠩᠬᠠᠳᠤᠭᠠᠷ ᠤᠳᠠᠭᠠᠨ ᠤ ᠳᠤᠮᠳᠠᠳᠤ ᠤᠯᠤᠰ ᠤᠨ ᠮᠢᠭᠮᠡᠨ ᠰᠢᠲᠠᠷ᠎ᠠ ᠶᠢᠨ ᠶᠡᠭᠡ ᠬᠤᠷᠠᠯ ᠵᠡᠷᠭᠡ ᠲᠣᠮᠤ ᠬᠡᠯᠪᠡᠷᠢ ᠶᠢᠨ ᠤᠷᠤᠯᠳᠤᠭᠠᠨ ᠢ ᠠᠮᠵᠢᠯᠳᠠ ᠲᠠᠢ ᠵᠣᠬᠢᠶᠠᠨ ᠪᠠᠶᠢᠭᠤᠯᠤᠨ᠂ 12 ᠲᠣᠮᠣ ᠲᠦᠷᠦᠯ ᠤᠨ ᠪᠠᠶᠠᠷ ᠳᠤᠷᠠᠰᠬᠠᠯ ᠤᠨ ᠤᠷᠤᠯᠳᠤᠭᠠᠨ ᠤ ᠨᠡᠷ᠎ᠡ ᠲᠡᠮᠳᠡᠭ ᠢ ᠪᠣᠢ ᠪᠣᠯᠭᠠᠭᠰᠠᠨ ᠪᠠᠶᠢᠨ᠎ᠠ᠃ ᠪᠦᠬᠦ ᠵᠢᠯ ᠳᠤ ᠵᠢᠭᠤᠯᠴᠢᠯᠠᠯ ᠤᠨ ᠵᠤᠴᠢᠳ ᠢ 360.4 ᠲᠦᠮᠡᠨ ᠬᠦᠮᠦᠨ ᠤᠳᠠᠭ᠎ᠠ ᠬᠦᠯᠢᠶᠡᠨ ᠠᠪᠴᠤ᠂ ᠵᠢᠭᠤᠯᠴᠢᠯᠠᠯ ᠤᠨ ᠣᠷᠣᠯᠭ᠎ᠠ ᠶᠢ 40 ᠳ᠋ᠦᠩᠰᠢᠭᠤᠷ ᠲᠦᠭᠦᠷᠢᠭ ᠪᠡᠶᠡᠯᠡᠭᠦᠯᠦᠨ᠂ ᠲᠤᠰ ᠪᠦᠷᠢ 28.5% ᠪᠣᠯᠣᠨ23.2% ᠨᠡᠮᠡᠭᠳᠡᠪᠡ᠃ ᠡᠵᠡᠨ ᠬᠤᠷᠤᠭ᠎ᠠ ᠡᠨᠧᠷᠭᠢ ᠶᠢᠨ ᠲᠣᠨᠤᠭ ᠲᠦᠬᠦᠭᠡᠷᠦᠮᠵᠢ ᠶᠢᠨ ᠮᠡᠷᠭᠡᠵᠢᠯ ᠤᠨ ᠰᠣᠯᠢᠯᠴᠠᠭᠠᠨ ᠤ ᠲᠦᠪ ᠨᠢ ᠠᠵᠤ ᠦᠢᠯᠡᠳᠪᠦᠷᠢ ᠮᠡᠳᠡᠭᠡ ᠵᠠᠩᠭᠢᠵᠢᠯᠳᠠ ᠶᠢᠨ ᠬᠡᠯᠲᠡᠰ ᠠᠴᠠ ︽ᠦᠢᠯᠡᠳᠬᠦ ᠠᠵᠤ ᠦᠢᠯᠡᠰ ᠨᠢ ᠢᠨᠲ᠋ᠧᠷᠨᠧᠲ ᠰᠦᠯᠵᠢᠶ᠎ᠡ ᠲᠠᠢ ᠠᠭᠤᠰᠤᠯᠴᠠᠨ ᠬᠦᠭᠵᠢᠭᠰᠡᠨ ᠠᠵᠤ ᠦᠢᠯᠡᠳᠪᠦᠷᠢ ᠶᠢᠨ ᠴᠠᠬᠢᠮ ᠬᠤᠳᠠᠯᠳᠤᠭᠠᠨ ᠤ ᠶᠠᠪᠤᠳᠠᠯ ᠤᠨ ᠳᠠᠪᠴᠠᠩ ᠤᠨ ᠳᠤᠷᠰᠢᠯᠳᠠ ᠶᠢᠨ ᠴᠡᠭ ᠤᠨ ᠵᠢᠱᠢᠶ᠎ᠡ ᠦᠵᠡᠭᠦᠯᠬᠦ ᠠᠵᠤ ᠦᠢᠯᠡᠰ︾᠎ ᠢᠶᠠᠷ ᠦᠨᠡᠯᠡᠭᠳᠡᠪᠡ᠃ ᠠᠭᠠᠷ ᠤᠨ ᠭᠠᠷᠠᠮ ᠤᠨ ᠪᠤᠳᠠᠰ ᠤᠨ ᠬᠦᠢᠯᠭᠡᠭᠡᠨ ᠤ ᠬᠦᠷᠢᠶᠡᠯᠡᠩ ᠲᠤᠭᠤᠷᠢᠭ ᠤᠨ ᠶᠡᠷᠦᠩᠬᠡᠢ ᠭᠠᠶᠢᠯᠢ ᠪᠠᠳᠤᠯᠠᠬᠤ ᠣᠷᠣᠨ ᠎ ᠨᠢ ᠵᠢᠩᠬᠢᠨᠢ ᠪᠠᠷ ᠵᠦᠪᠰᠢᠶᠡᠷᠡᠭᠳᠡᠪᠡ᠃ ᠱᠧᠩ ᠳ᠋ᠦᠩ ᠱᠧᠩ ᠶᠤᠸᠠᠨ ᠬᠠᠶᠢᠯᠠᠰᠤ ᠶᠢᠨ ᠬᠤᠭᠤᠯᠠᠢ ᠶᠢᠨ ᠲᠦᠪᠯᠡᠷᠡᠭᠦᠯᠦᠨ ᠵᠦᠭᠡᠭᠡᠪᠦᠷᠢᠯᠡᠬᠦ ᠥᠷᠳᠡᠭᠡ ᠨᠢ ᠪᠠᠶᠢᠭᠤᠯᠤᠭᠳᠠᠭᠠᠳ ᠬᠡᠷᠡᠭᠯᠡᠯᠳᠡ ᠳᠤ ᠣᠷᠤᠵᠤ᠂ ᠡᠵᠡᠨ ᠬᠤᠷᠤᠭ᠎ᠠ ᠬᠤᠰᠢᠭᠤᠨ ᠤ ᠨᠡᠭᠦᠷᠡᠰᠦᠨ ᠤ ᠪᠤᠳᠠᠰ ᠤᠨ ᠭᠦᠢᠯᠭᠡᠭᠡᠨ ᠤ ᠬᠦᠷᠢᠶᠡᠯᠡᠩ ᠲᠤᠭᠤᠷᠢᠭ ᠤᠨ ᠵᠢᠯ ᠤᠨ ᠭᠠᠳᠠᠨᠠᠬᠢ ᠵᠦᠭᠡᠭᠡᠪᠦᠷᠢᠯᠡᠬᠦ ᠴᠢᠳᠠᠴᠠ ᠨᠢ8400 ᠲᠦᠮᠡᠨ ᠲᠤᠨ ᠳᠤ ᠬᠦᠷᠦᠭᠰᠡᠨ ᠪᠠᠶᠢᠨ᠎ᠠ᠃      ᠬᠤᠶᠠᠷ ᠲᠤ ᠴᠢᠨᠠᠷᠯᠢᠭ ᠬᠤᠲᠠ ᠶᠢᠨ ᠪᠦᠳᠦᠭᠡᠨ ᠪᠠᠶᠢᠭᠤᠯᠤᠯᠳᠠ ᠶᠢ ᠯᠠᠪᠳᠠᠭᠤᠨ ᠪᠠᠳᠤᠳᠠᠢ ᠲᠦᠯᠬᠢᠨ ᠠᠬᠢᠭᠤᠯᠤᠨ᠎ᠠ᠃ ᠰᠠᠭᠤᠷᠢ ᠲᠥᠬᠦᠭᠡᠷᠦᠮᠵᠢ ᠶᠢᠨ ᠳᠤᠲᠠᠭᠤᠳᠠᠯ ᠢ ᠬᠦᠴᠦᠯᠡᠨ ᠨᠥᠬᠦᠪᠦᠷᠢᠯᠡᠵᠤ᠂ ᠴᠡᠴᠡᠷᠯᠢᠭ ᠤᠨ ᠵᠠᠮ᠂ ᠯᠢᠦ ᠭᠧᠦ ᠭᠤᠣᠯ ᠤᠨ ᠡᠮᠦᠨ᠎ᠡ ᠵᠡᠭᠡᠯᠢ ᠵᠡᠷᠭᠡ 5 ᠵᠤᠷᠪᠤᠰ ᠬᠤᠲᠠ ᠶᠢᠨ ᠭᠤᠣᠯ ᠵᠠᠮ ᠤᠨ ᠲᠡᠷᠭᠡ ᠨᠡᠪᠲᠡᠷᠡᠬᠦ ᠶᠢ ᠪᠡᠶᠡᠯᠡᠭᠦᠯᠦᠨ᠂ ᠵᠠᠮ ᠬᠠᠷᠢᠯᠴᠠᠭ᠎ᠠ ᠬᠤᠭᠤᠯᠠᠢ ᠭᠤᠤᠷᠰᠤ ᠶᠢ114.5 ᠺᠢᠯᠤᠮᠧᠲᠷ ᠰᠢᠨ᠎ᠡ ᠪᠠᠷ ᠨᠡᠮᠡᠭᠳᠡᠭᠦᠯᠪᠡ᠃ ᠤᠯᠠᠭᠠᠨ ᠣᠯᠠᠨ ᠤᠯᠤᠰ ᠤᠨ ᠪᠠᠭᠤᠳᠠᠯ᠂ ᠣᠷᠳᠣᠰ ᠭᠠᠯᠳᠤ ᠲᠡᠷᠭᠡᠨ ᠥᠷᠳᠡᠭᠡ ᠵᠡᠷᠭᠡ 5 ᠶᠡᠭᠡ ᠬᠦᠷᠢᠶ᠎ᠡ ᠬᠡᠪᠴᠢᠶ᠎ᠡ᠂ 10 ᠵᠤᠷᠪᠤᠰ ᠭᠤᠣᠯ ᠵᠠᠮ ᠬᠢᠭᠡᠳ78 ᠭᠤᠣᠯ ᠪᠣᠯᠬᠤ ᠦᠵᠡᠮᠵᠢ ᠶᠢᠨ ᠴᠡᠭ ᠢ ᠦᠭᠡᠷᠡᠴᠢᠯᠡᠨ ᠳᠡᠭᠡᠭᠰᠢᠯᠡᠭᠦᠯᠵᠦ᠂ ᠬᠤᠲᠠ ᠶᠢᠨ ᠲᠣᠭᠤᠷᠢᠭ ᠤᠨ ᠴᠡᠴᠡᠷᠯᠢᠭ ᠬᠢᠭᠡᠳ ᠭᠤᠣᠯ ᠵᠡᠭᠡᠯᠢ ᠶᠢᠨ ᠨᠣᠭᠤᠭᠠᠷᠠᠭᠤᠯᠤᠯᠳᠠ ᠶᠢᠨ ᠪᠦᠰᠡ ᠨᠢ ᠳᠤᠰᠤᠯᠠᠭᠤᠯᠤᠨ ᠤᠰᠤᠯᠠᠬᠤ ᠶᠢ ᠪᠦᠬᠦᠨ ᠢ ᠪᠦᠷᠬᠦᠨ᠂ ᠨᠣᠭᠤᠭᠠᠷᠠᠭᠤᠯᠤᠯᠳᠠ ᠶᠢᠨ ᠬᠡᠪᠴᠢᠶ᠎ᠡ ᠨᠢ 103 ᠲᠦᠮᠡᠨ ᠳᠡᠭᠰᠢ ᠳᠦᠷᠪᠡᠯᠵᠢᠨ ᠮᠧᠲᠷ ᠰᠢᠨ᠎ᠡ ᠪᠠᠷ ᠨᠡᠮᠡᠭᠳᠡᠵᠦ᠂ ᠭᠤᠣᠯ ᠬᠦᠷᠢᠶ᠎ᠡ ᠬᠡᠪᠴᠢᠶ᠎ᠡ᠂ ᠭᠤᠣᠯ ᠵᠠᠮ ᠨᠢ ᠦᠨᠳᠦᠰᠦᠨ ᠳᠡᠭᠡᠨ ᠳᠡᠷᠢ ᠲᠡᠭᠰᠢ ᠪᠣᠯᠵᠤ᠂ ᠲᠡᠰ ᠳᠠᠷᠠᠭ᠎ᠠ ᠨᠢ ᠳᠣᠲᠤᠷᠬᠠᠢ ᠦᠵᠡᠮᠵᠢ ᠶᠢᠨ ᠪᠠᠶᠢᠳᠠᠯ ᠎ ᠲᠠᠢ ᠪᠣᠯᠵᠤ ᠪᠦᠷᠢᠯᠳᠦᠭᠰᠡᠨ ᠪᠠᠶᠢᠨ᠎ᠠ᠃ ᠬᠤᠲᠠ ᠶᠢᠨ ᠲᠦᠪ ᠤᠨ 53 ᠵᠣᠷᠪᠤᠰ ᠵᠡᠭᠡᠯᠢ ᠭᠤᠳᠤᠮᠵᠢ᠂ 418 ᠭᠤᠣᠯ ᠪᠣᠯᠬᠤ ᠬᠡᠷᠡᠯᠳᠦᠬᠦᠯᠬᠡ ᠶᠢᠨ ᠴᠡᠭ ᠢ ᠥᠭᠡᠷᠡᠴᠢᠯᠡᠨ ᠳᠡᠭᠡᠭᠰᠢᠯᠡᠭᠦᠯᠵᠦ ᠪᠠᠷᠠᠭᠠᠨ᠂ ᠴᠠᠭ ᠦᠶ᠎ᠡ ᠶᠢᠨ ᠤᠷᠤᠰᠬᠠᠯ ᠤᠨ ᠰᠢᠨᠵᠢ ᠪᠠᠷ ᠲᠦᠭᠦᠷᠡᠩ ᠪᠦᠳᠦᠭᠡᠯᠴᠢ ᠣᠨᠴᠠᠯᠢᠭ ᠲᠠᠢ ᠬᠤᠲᠠ ᠶᠢᠨ ᠳ᠋ᠧᠩ ᠤᠨ ᠦᠵᠡᠮᠵᠢ ᠶᠢ ᠵᠤᠬᠢᠶᠠᠨ ᠪᠦᠳᠦᠭᠡᠵᠤ᠂ ᠬᠤᠲᠠ ᠶᠢᠨ ᠬᠦᠭᠵᠢᠯᠳᠡ ᠪᠣᠯᠤᠨ ᠪᠦᠬᠦ ᠬᠡᠪᠴᠢᠶᠡᠵᠢᠯ ᠤᠨ ᠵᠢᠭᠤᠯᠴᠢᠯᠠᠯ ᠤᠨ ᠴᠣ ᠰᠢᠨ᠎ᠡ ᠨᠡᠷ᠎ᠡ ᠶᠢᠨ ᠬᠠᠭᠤᠳᠠᠰᠤ ᠪᠣᠯᠤᠭᠰᠠᠨ ᠪᠠᠶᠢᠨ᠎ᠠ᠃ ᠪᠦᠷᠭᠡ ᠭᠡᠷ ᠣᠷᠤᠨ ᠤ ᠰᠢᠨᠡᠳᠭᠡᠨ ᠵᠠᠰᠠᠬᠤ ᠶᠢ ᠯᠠᠪᠳᠠᠭᠤᠨ ᠢᠶᠠᠷ ᠲᠦᠯᠬᠢᠨ ᠠᠬᠢᠭᠤᠯᠵᠤ᠂ 2958 ᠡᠷᠦᠬᠡ ᠪᠦᠷᠭᠡ ᠭᠡᠷ ᠣᠷᠣᠨ ᠲᠠᠢ ᠰᠠᠭᠤᠭᠠᠯᠢ ᠠᠷᠠᠳ ᠰᠢᠨ᠎ᠡ ᠭᠡᠷ ᠲᠡᠭᠡᠨ ᠨᠡᠭᠦᠨ ᠣᠷᠤᠵᠤ᠂ ᠬᠠᠮᠲᠤᠷᠠᠨ ᠬᠦᠳᠡᠯᠦᠯᠴᠡᠵᠦ ᠨᠦᠬᠡᠴᠡᠯᠡᠭᠰᠡᠨ ᠣᠷᠣᠨ ᠰᠠᠭᠤᠴᠠ ᠶᠢ ᠨᠡᠶᠢᠳᠡ184 ᠲᠦᠮᠡᠨ ᠲᠡᠭᠰᠢ ᠳᠦᠷᠪᠡᠯᠵᠢᠨ ᠮᠧᠲᠷ ᠰᠢᠩᠭᠡᠭᠡᠨ᠂ ᠨᠦᠬᠡᠴᠡᠯᠡᠭᠰᠡᠨ ᠬᠤᠳᠠᠯᠳᠤᠭᠠᠨ ᠤ ᠭᠡᠷ ᠪᠠᠶᠢᠰᠢᠩ ᠢ ᠨᠡᠶᠢᠳᠡ56 ᠲᠦᠮᠡᠨ ᠲᠡᠭᠰᠢ ᠳᠦᠷᠪᠡᠯᠵᠢᠨ ᠮᠧᠲᠷ ᠰᠢᠩᠭᠡᠭᠡᠵᠤ᠂ ᠠᠯᠳᠠᠨᠰᠢᠷᠡᠭᠡ ᠪᠠᠯᠭᠠᠰᠤᠨ ᠤ ᠬᠠᠭᠤᠴᠢᠨ ᠬᠤᠲᠠ ᠣᠷᠤᠨ ᠤ ᠨᠦᠬᠡᠴᠡᠯᠡᠭᠰᠡᠨ ᠣᠷᠣᠨ ᠰᠠᠭᠤᠴᠠ ᠶᠢ ᠦᠨᠳᠦᠰᠦᠨ ᠳᠡᠭᠡᠨ ᠰᠢᠩᠭᠡᠭᠡᠵᠤ ᠪᠠᠷᠠᠭᠠᠪᠠ᠃ ︽ᠭᠡᠷ ᠤᠨ ᠪᠢᠯᠧᠲ ᠦᠭᠬᠦ᠂ ᠳᠠᠩᠰᠠ ᠡᠷᠦᠬᠡ ᠶᠢ ᠬᠠᠮᠳᠤ ᠪᠠᠷ ᠬᠠᠮᠢᠶᠠᠷᠬᠤ︾ ᠬᠡᠯᠪᠡᠷᠢ ᠶᠢ ᠳᠦᠰᠢᠭᠯᠡᠨ᠂ 17 ︽ᠬᠠᠭᠠᠰ ᠳᠤᠲᠠᠭᠤ︾ ᠠᠰᠠᠷ ᠪᠠᠷᠢᠯᠭ᠎ᠠ ᠶᠢᠨ ᠠᠵᠢᠯ ᠢ ᠰᠡᠷᠭᠦᠭᠡᠬᠦ ᠶᠢ ᠲᠦᠯᠬᠢᠨ ᠠᠬᠢᠭᠤᠯᠤᠨ᠂ 2487 ᠡᠷᠦᠬᠡ ᠣᠯᠠᠨ ᠵᠢᠯ ᠤᠨ ᠳᠤᠷᠰᠢ ᠪᠦᠷᠭᠡ ᠭᠡᠷ ᠣᠷᠣᠨ ᠤ ᠦᠯᠡᠳᠡᠭᠳᠡᠯ ᠠᠰᠠᠭᠤᠳᠠᠯ ᠢ ᠲᠦᠪᠬᠢᠨᠡᠬᠦᠯᠬᠦ ᠬᠢᠭᠡᠳ ᠲᠠᠸᠠᠷ ᠤᠨ ᠭᠡᠷ ᠪᠠᠶᠢᠰᠢᠩ ᠤᠨ ᠬᠤᠭᠤᠴᠠᠭ᠎ᠠ ᠭᠡᠲᠦᠷᠡᠭᠰᠡᠨ ᠠᠰᠠᠭᠤᠳᠠᠯ ᠢ ᠰᠢᠢᠳᠪᠦᠷᠢᠯᠡᠵᠦ᠂ ᠬᠠᠭᠤᠴᠢᠨ ᠬᠤᠲᠠ ᠶᠢᠨ ᠦᠭᠡᠷᠡᠴᠢᠯᠡᠯᠳᠡ ᠵᠠᠰᠠᠯᠳᠠ ᠪᠤᠴᠠᠵᠤ ᠨᠡᠭᠦᠬᠦ ᠶᠢ ᠲᠦᠪᠬᠢᠨᠡᠬᠦᠯᠬᠦ ᠶᠡᠷᠦᠩᠬᠡᠢ ᠡᠭᠦᠷᠭᠡ ᠶᠢᠨ99.2%᠎ ᠢ ᠪᠠᠷᠠᠭᠠᠨ᠂ ᠠᠯᠳᠠᠨᠰᠢᠷᠡᠭᠡ ᠪᠠᠯᠭᠠᠰᠤᠨ ᠤ ᠬᠠᠭᠤᠴᠢᠨ ᠬᠤᠲᠠ ᠶᠢᠨ ᠨᠦᠬᠡᠴᠡᠯᠡᠭᠰᠡᠨ ᠣᠷᠣᠨ ᠰᠠᠭᠤᠴᠠ ᠶᠢ ᠪᠦᠬᠦᠨ ᠢ ᠰᠢᠩᠭᠡᠭᠡᠪᠡ᠃ ᠪᠣᠯᠪᠠᠰᠤᠨ ᠬᠤᠲᠠ ᠶᠢᠨ ᠡᠭᠦᠳᠦᠨ ᠪᠦᠳᠦᠭᠡᠯᠳᠡ ᠶᠢᠨ ᠦᠷ᠎ᠡ ᠪᠦᠳᠦᠮᠵᠢ ᠶᠢ ᠳᠡᠭᠡᠭᠰᠢᠯᠡᠭᠦᠯᠦᠨ ᠪᠠᠲᠤᠳᠬᠠᠵᠤ᠂ ᠪᠦᠬᠦ ᠣᠷᠣᠨ ᠤ ᠬᠤᠰᠢᠭᠤ ᠰᠢᠶᠠᠨ ᠤ ᠬᠤᠳᠠ ᠶᠢᠨ ᠲᠣᠭᠤᠷᠢᠭ ᠤᠨ ᠪᠤᠯᠪᠠᠰᠤᠨ ᠬᠤᠲᠠ ᠶᠢᠨ ᠡᠭᠦᠳᠦᠨ ᠪᠦᠳᠦᠭᠡᠯᠳᠡ ᠶᠢᠨ ᠰᠢᠯᠭᠠᠨ ᠦᠨᠡᠯᠡᠯᠳᠡ ᠳᠤ ᠨᠢᠭᠡᠳᠦᠭᠡᠷ ᠨᠡᠷ᠎ᠡ ᠪᠠᠷ ᠦᠨᠡᠯᠡᠭᠳᠡᠪᠡ᠃      ᠭᠤᠷᠪᠠ ᠳᠤ᠂ ᠬᠦᠭᠵᠢᠯᠳᠡ ᠶᠢᠨ ᠤᠷᠴᠢᠨ ᠲᠤᠭᠤᠷᠢᠨ ᠢ ᠲᠠᠰᠤᠷᠠᠯᠳᠠ ᠦᠬᠡᠢ ᠰᠢᠯᠢᠳᠡᠭᠵᠢᠬᠦᠯᠪᠡ᠃ ᠰᠠᠭᠤᠷᠢ ᠲᠦᠬᠦᠬᠡᠷᠤᠮᠵᠢ ᠶᠢ ᠡᠳᠦᠷ ᠢᠷᠡᠬᠦᠶ᠎ᠡ ᠲᠡᠬᠦᠯᠳᠡᠷᠵᠢᠬᠦᠯᠪᠡ᠃ 210 ᠤᠯᠤᠰ ᠤᠨ ᠵᠠᠮ ᠤᠨ ᠨᠢᠬᠡᠳᠦᠬᠡᠷ ᠬᠤᠭᠤᠴᠠᠭᠠᠨ ᠤ ᠦᠬᠡᠷᠡᠴᠢᠯᠡᠨ ᠵᠠᠰᠠᠬᠤ ᠢᠨᠵᠧᠨᠧᠷᠢᠩ ᠢ ᠪᠦᠬᠦ ᠲᠠᠯ᠎ᠠ ᠪᠠᠷ ᠲᠠᠭᠤᠰᠬᠠᠵᠤ᠂ ᠴᠢᠩᠭᠢᠰ ᠬᠠᠭᠠᠨ ᠤ ᠤᠩᠭᠤᠨ᠂ ᠴᠡᠬᠡᠨ ᠨᠠᠭᠤᠷ ᠵᠡᠷᠬᠡ 4 ᠵᠤᠷᠪᠤᠰ ᠵᠢᠭᠤᠯᠴᠢᠯᠠᠯ ᠤᠨ ᠲᠤᠰᠬᠠᠢ ᠱᠤᠭᠤᠮ ᠦᠨᠳᠦᠰᠦᠨ ᠳᠡᠭᠡᠨ ᠪᠠᠷᠢᠯᠭ᠎ᠠ ᠲᠠᠭᠤᠰᠪᠠ᠃ ᠬᠦᠬᠡᠬᠤᠳᠠ ᠵᠡᠬᠦᠨᠭᠠᠷ ᠤᠷᠳᠤᠰ ᠤᠨ ᠲᠡᠮᠦᠷ ᠵᠠᠮ ᠢ ᠬᠡᠷᠡᠭᠯᠡᠯᠳᠡ ᠳᠤ ᠤᠷᠤᠭᠤᠯᠵᠤ᠂ ᠤᠷᠳᠤᠰ ᠨᠢᠰᠬᠡᠯ ᠤᠨ ᠪᠠᠭᠤᠳᠠᠯ ᠪᠠ ᠤᠷᠳᠤᠰ ᠭᠠᠯᠳᠤ ᠲᠡᠷᠬᠡᠨ ᠦᠷᠳᠡᠭᠡ ᠵᠢᠭᠤᠯᠴᠢᠯᠠᠭᠰᠠᠳ ᠢ 210 ᠲᠦᠮᠡᠨ ᠬᠦᠮᠦᠨ ᠪᠠ 40 ᠲᠦᠮᠡᠨ ᠬᠦᠮᠦᠨ ᠬᠦᠯᠢᠶᠡᠨ ᠠᠪᠤᠭᠰᠠᠨ ᠪᠠᠶᠢᠨ᠎ᠠ᠃ ᠲᠠᠷᠢᠶᠠᠯᠠᠩ ᠤᠨ ᠴᠠᠬᠢᠯᠭᠠᠨ ᠲᠤᠤᠷ ᠢ 819 ᠺᠢᠯᠤᠮᠧᠲᠷ ᠦᠬᠡᠷᠡᠴᠢᠯᠡᠵᠦ᠂ ᠬᠤᠨᠢᠴᠢᠨᠭᠤᠤᠯ ᠤᠨ 500 ᠺᠢᠯᠤᠸᠠᠲ ᠪᠠ ᠱᠧᠩ ᠶᠤᠸᠠᠨ ᠤ 220 ᠺᠢᠯᠤᠸᠠᠲ ᠤᠨ ᠬᠦᠴᠦᠳᠡᠯ ᠦᠬᠡᠷᠡᠴᠢᠯᠡᠬᠦ ᠢᠨᠵᠧᠨᠧᠷᠢᠩ ᠤᠨ ᠪᠠᠶᠢᠭᠤᠯᠤᠯᠳᠠ ᠶᠢᠨ ᠪᠠᠷᠢᠯᠭ᠎ᠠ ᠶᠢ ᠡᠬᠢᠯᠡᠬᠦᠯᠪᠡ᠃ ᠡᠵᠡᠨ ᠬᠤᠷᠤᠭ᠎ᠠ ᠶᠢᠨ ᠲᠤᠮᠤ ᠳ᠋ᠠᠶᠢᠲ᠋ᠠ ᠶᠢᠨ ᠲᠦᠪ ᠢ ᠬᠡᠷᠡᠭᠯᠡᠯᠳᠡ ᠳᠤ ᠤᠷᠤᠭᠤᠯᠪᠠ᠃ ︽ᠬᠦᠳᠡᠭᠡ ᠲᠤᠰᠬᠤᠨ ᠎ ᠤ ᠬᠡᠷᠡᠯ ᠤᠨ ᠰᠦᠯᠵᠢᠶᠡᠵᠢᠬᠦᠯᠦᠯᠳᠡ︾᠎ ᠶᠢᠨ ᠢᠨᠵᠧᠨᠧᠷᠢᠩ ᠢ ᠯᠠᠪᠳᠠᠭᠤᠨ ᠠᠬᠢᠭᠤᠯᠤᠨ᠂ 72 ᠵᠠᠰᠠᠭ ᠵᠠᠬᠢᠷᠭᠠᠨ ᠤ ᠲᠤᠰᠬᠤᠨ ᠳᠤ ᠢᠨᠲ᠋ᠧᠷᠨᠧᠲ ᠰᠦᠯᠵᠢᠶ᠎ᠡ ᠶᠢ ᠪᠦᠷᠬᠦᠬᠦᠯᠪᠡ᠃ ᠠᠮᠢ ᠠᠬᠤᠢ ᠶᠢᠨ ᠤᠷᠴᠢᠨ ᠲᠤᠭᠤᠷᠢᠨ ᠦᠷᠬᠦᠯᠵᠢᠯᠡᠨ ᠰᠠᠶᠢᠵᠢᠷᠠᠪᠠ᠃ ᠠᠮᠢ ᠠᠬᠤᠢ ᠶᠢᠨ ᠬᠠᠮᠠᠭᠠᠯᠠᠯᠳᠠ ᠶᠢᠨ ᠵᠠᠭᠠᠭ ᠱᠤᠭᠤᠮ ᠢ ᠲᠤᠭᠳᠠᠭᠠᠪᠠ᠃ ᠤᠢ ᠰᠢᠭᠤᠢ ᠶᠢᠨ ᠨᠤᠭᠤᠭᠠᠷᠠᠭᠤᠯᠤᠯᠳᠠ 11.8 ᠲᠦᠮᠡᠨ ᠮᠤ᠋ ᠶᠢ ᠪᠡᠶᠡᠯᠡᠬᠦᠯᠵᠤ᠂ ᠤᠰᠤ ᠬᠦᠷᠦᠰᠦᠨ ᠤ ᠤᠷᠤᠰᠬᠠᠭᠳᠠᠯ 6.5 ᠲᠦᠮᠡᠨ ᠮᠤ᠋ ᠶᠢ ᠵᠠᠰᠠᠵᠤ᠂ ᠮᠠᠯᠴᠢᠨ ᠲᠠᠷᠢᠶᠠᠴᠢᠨ ᠤ 292 ᠲᠦᠮᠡᠨ ᠴᠢᠬᠢ ᠮᠤᠳᠤ ᠶᠢ ᠬᠠᠮᠳᠤ ᠳᠤᠨᠢ ᠰᠢᠢᠳᠪᠦᠷᠢᠯᠡᠪᠡ᠃ ᠭᠤᠤᠯ ᠤᠨ ᠲᠠᠷᠤᠭ᠎ᠠ ᠶᠢᠨ ᠲᠦᠷᠢᠮ ᠢ ᠪᠦᠬᠦ ᠲᠠᠯ᠎ᠠ ᠪᠠᠷ ᠬᠡᠷᠡᠭᠵᠢᠬᠦᠯᠪᠡ᠃ ᠠᠭᠠᠷ ᠮᠠᠨᠳᠠᠯ᠂ ᠤᠰᠤ᠂ ᠬᠦᠷᠦᠰᠦ ᠰᠢᠷᠤᠢ ᠶᠢᠨ ᠪᠤᠬᠢᠷᠳᠤᠯ ᠢ ᠰᠡᠷᠬᠡᠶᠢᠯᠡᠨ ᠵᠠᠰᠠᠬᠤ ᠲᠤᠰᠬᠠᠢ ᠲᠦᠷᠦᠯ ᠤᠨ ᠠᠵᠢᠯᠯᠠᠭ᠎ᠠ ᠶᠢ ᠡᠬᠢᠯᠡᠬᠦᠯᠦᠨ ᠬᠡᠷᠡᠭᠵᠢᠬᠦᠯᠪᠡ᠃ ᠲᠦᠪ ᠤᠨ ᠤᠷᠴᠢᠨ ᠲᠤᠭᠤᠷᠢᠨ ᠤ ᠬᠠᠮᠠᠭᠠᠯᠠᠯᠳᠠ ᠶᠢᠨ ᠬᠢᠨᠠᠨ ᠪᠠᠶᠢᠴᠠᠭᠠᠬᠤ ᠬᠠᠷᠢᠭᠤ ᠲᠤᠰᠬᠠᠯ ᠤᠨ ᠠᠰᠠᠭᠤᠳᠠᠯ ᠢ ᠪᠦᠬᠦ ᠲᠠᠯ᠎ᠠ ᠪᠠᠷ  ᠴᠡᠭᠴᠡᠯᠡᠪᠡ᠃ ᠠᠭᠤᠷᠬᠠᠢ ᠎ ᠶᠢᠨ ᠤᠷᠤᠨ ᠤ 919 ᠡᠷᠦᠬᠡ ᠶᠢᠨ 2359 ᠬᠦᠮᠦᠨ᠂ ᠠᠮᠢ ᠠᠬᠤᠢ ᠶᠢᠨ ᠨᠡᠬᠦᠯᠬᠡᠭᠰᠡᠨ ᠠᠷᠠᠳ ᠤᠨ 633 ᠡᠷᠦᠬᠡ ᠶᠢᠨ 2094 ᠬᠦᠮᠦᠨ ᠢ ᠨᠡᠬᠦᠯᠬᠡᠪᠡ᠃ ︽ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠲᠠᠴᠢᠷᠰᠢᠯ ᠢ ᠰᠡᠷᠬᠡᠶᠢᠯᠡᠨ ᠵᠠᠰᠠᠬᠤ ᠨᠡᠶᠢᠳᠡ ᠶᠢᠨ ᠬᠡᠷ᠎ᠡ︾᠎ ᠶᠢᠨ ᠠᠷᠪᠠᠨ ᠭᠤᠷᠪᠠᠳᠤᠭᠠᠷ ᠤᠳᠠᠭᠠᠨ ᠤ ᠬᠡᠷ᠎ᠡ ᠪᠠᠶᠢᠭᠤᠯᠬᠤ ᠡᠳᠡᠬᠡᠳ ᠤᠨ ᠬᠢᠨ ᠤ ᠶᠡᠭᠡ ᠬᠤᠷᠠᠯ ᠤᠨ ᠬᠤᠭᠤᠴᠠᠭᠠᠨ ᠳᠤ᠂ 196 ᠬᠡᠷ᠎ᠡ ᠪᠠᠶᠢᠭᠤᠯᠬᠤ ᠡᠳᠡᠬᠡᠳ᠂ 20 ᠭᠠᠷᠤᠢ ᠤᠯᠠᠨ ᠤᠯᠤᠰ ᠤᠨ ᠵᠤᠬᠢᠶᠠᠨ ᠪᠠᠶᠢᠭᠤᠯᠤᠯᠳᠠ ᠳᠤ ᠮᠠᠨ ᠤ ᠬᠤᠰᠢᠭᠤᠨ ᠤ ᠠᠮᠢ ᠠᠬᠤᠢ ᠶᠢᠨ ᠪᠦᠳᠦᠬᠡᠨ ᠪᠠᠶᠢᠭᠤᠯᠤᠯᠳᠠ ᠪᠠ ᠲᠠᠴᠢᠷᠰᠢᠯ ᠢ ᠰᠡᠷᠬᠡᠶᠢᠯᠡᠨ ᠵᠡᠰᠡᠭ᠌ᠰᠠᠨ ᠦᠷ᠎ᠡ ᠪᠦᠳᠦᠮᠵᠢ ᠶᠢ ᠪᠦᠬᠦ ᠲᠠᠯ᠎ᠠ ᠪᠠᠷ ᠢᠯᠡᠷᠡᠬᠦᠯᠵᠦ᠂ ᠲᠡᠯᠡᠬᠡᠢ ᠨᠡᠶᠢᠳᠡ ᠶᠢᠨ ᠦᠨᠳᠦᠷ ᠦᠨᠡᠯᠡᠯᠳᠡ ᠶᠢ ᠬᠦᠷᠳᠡᠪᠡ᠃ ᠦᠬᠡᠷᠡᠴᠢᠯᠡᠯᠳᠡ ᠰᠢᠨᠡᠴᠢᠯᠡᠯᠳᠡ ᠶᠢ ᠲᠠᠰᠤᠷᠠᠯᠳᠠ ᠦᠬᠡᠢ ᠠᠬᠢᠭᠤᠯᠪᠠ᠃ ︽ᠲᠠᠯᠪᠢᠬᠤ ᠬᠠᠮᠢᠶᠠᠷᠬᠤ ᠦᠢᠯᠡᠴᠢᠯᠡᠬᠦ︾ ᠦᠬᠡᠷᠡᠴᠢᠯᠡᠯᠳᠡ ᠶᠢ ᠬᠦᠨᠵᠡᠬᠡᠶᠢᠷᠡᠬᠦᠯᠦᠨ᠂ ᠡᠯ᠎ᠡ ᠪᠠᠯᠭᠠᠰᠤ ᠪᠠ ᠲᠠᠷᠢᠶᠠᠯᠠᠩ ᠮᠠᠯ ᠠᠬᠤᠢ ᠤᠢ ᠰᠢᠭᠤᠢ ᠤᠰᠤᠨ ᠠᠰᠢᠭᠯᠠᠯᠳᠠ᠂ ᠰᠤᠶᠤᠯ ᠵᠢᠭᠤᠯᠴᠢᠯᠠᠯ ᠵᠡᠷᠬᠡ ᠬᠦᠷᠢᠶ᠎ᠡ ᠬᠡᠪᠴᠢᠶᠡᠨ ᠳᠤ ᠶᠡᠷᠦᠩᠬᠡᠶᠢᠯᠡᠭᠰᠡᠨ ᠬᠠᠤᠯᠢ ᠬᠡᠷᠡᠭᠵᠢᠬᠦᠯᠦᠯᠳᠡ ᠶᠢᠨ ᠲᠤᠪᠴᠢᠶ᠎ᠠ ᠶᠢ ᠪᠠᠶᠢᠭᠤᠯᠵᠤ᠂ ᠪᠦᠬᠦ ᠬᠤᠰᠢᠭᠤᠨ ᠤ 7 ᠪᠠᠯᠭᠠᠰᠤᠨ ᠳᠤ ᠠᠷᠠᠳ ᠲᠤ ᠲᠦᠬᠦᠮ ᠦᠵᠡᠬᠦᠯᠬᠦ ᠦᠢᠯᠡᠴᠢᠯᠡᠬᠡᠨ ᠤ ᠲᠦᠪ ᠢ ᠪᠦᠬᠦᠨ ᠢ ᠪᠠᠶᠢᠭᠤᠯᠪᠠ᠃ ᠠᠵᠤ ᠠᠬᠤᠶᠢᠯᠠᠯ ᠤᠨ ᠲᠠᠩᠰᠠᠯᠠᠯᠳᠠ ᠲᠡᠮᠳᠡᠭᠯᠡᠯᠳᠡ ᠶᠢᠨ ︽ᠣᠯᠠᠨ ᠥᠨᠡᠮᠯᠡᠯ ᠢ ᠨᠢᠭᠡ ᠥᠨᠡᠮᠯᠡᠯ ᠪᠤᠯᠭᠠᠨ ᠨᠡᠶᠢᠯᠡᠬᠦᠯᠵᠦ᠂ ᠨᠢᠭᠡ ᠥᠨᠡᠮᠯᠡᠯ ᠨᠢᠭᠡ ᠨᠤᠮᠧᠷ︾᠎ ᠤᠨ ᠦᠬᠡᠷᠡᠴᠢᠯᠡᠯᠳᠡ ᠶᠢ ᠬᠡᠷᠡᠭᠵᠢᠬᠦᠯᠵᠦ᠂ ᠡᠯ᠎ᠡ ᠲᠦᠷᠦᠯ ᠤᠨ ᠵᠠᠬ᠎ᠠ ᠲᠡᠯᠬᠡᠬᠦᠷ ᠤᠨ ᠭᠤᠤᠯᠯᠠᠭᠴᠢ ᠡᠳᠡᠬᠡᠳ 4583 ᠡᠷᠦᠬᠡ ᠰᠢᠨ᠎ᠡ ᠪᠠᠷ ᠨᠡᠮᠡᠭᠳᠡᠵᠦ᠂ 26%᠎ ᠪᠠᠷ ᠨᠡᠮᠡᠭᠳᠡᠪᠡ᠃ ᠦᠯᠦ ᠬᠦᠳᠡᠯᠬᠦ ᠬᠦᠷᠦᠩᠬᠡ ᠶᠢᠨ ᠨᠢᠬᠡᠳᠦᠯᠳᠠᠢ ᠲᠠᠩᠰᠠᠯᠠᠯᠳᠠ ᠶᠢ ᠪᠦᠬᠦ ᠲᠠᠯ᠎ᠠ ᠪᠠᠷ ᠬᠡᠷᠡᠭᠵᠢᠬᠦᠯᠪᠡ᠃ ᠭᠠᠵᠠᠷ ᠰᠢᠷᠤᠢ ᠨᠤᠲᠤᠭ ᠪᠡᠯᠴᠢᠭᠡᠷ ᠤᠨ ᠡᠷᠬᠡ ᠶᠢ ᠵᠦᠪᠰᠢᠶᠡᠷᠡᠬᠦ ᠲᠠᠩᠰᠠᠯᠠᠯᠳᠠ ᠶᠢ ᠥᠨᠳᠦᠰᠦᠨ ᠳᠡᠭᠡᠨ ᠪᠡᠶᠡᠯᠡᠭᠦᠯᠪᠡ᠃ ᠠᠯᠳᠠᠨᠰᠢᠷᠡᠭᠡ ᠠᠴᠠ ᠲᠦᠴᠢᠨ ᠭᠠᠵᠠᠷ ᠤᠨ ᠰᠢᠯᠢ ᠬᠦᠷᠬᠦ ᠱᠤᠭᠤᠮ᠂ ᠠᠯᠳᠠᠨᠰᠢᠷᠡᠭᠡ ᠠᠴᠠ ᠲᠤᠬᠤᠢ ᠶᠢᠨ ᠵᠤᠤ ᠬᠦᠷᠬᠦ ᠱᠤᠭᠤᠮ᠂ ᠪᠠᠭ᠎ᠠ ᠬᠤᠷᠤᠭ᠎ᠠ ᠠᠴᠠ ᠳ᠋ᠠ ᠯᠢᠦ ᠲᠠ ᠬᠦᠷᠬᠦ ᠱᠤᠭᠤᠮ ᠵᠡᠷᠬᠡ 3 ᠵᠤᠷᠪᠤᠰ ᠵᠠᠰᠠᠭ ᠤᠨ ᠤᠷᠳᠤᠨ ᠠᠴᠠ ᠵᠢᠬᠡᠯᠡᠯᠬᠡ ᠶᠢ ᠲᠦᠯᠦᠬᠦ ᠬᠡᠯᠪᠡᠷᠢ ᠎ ᠶᠢᠨ ᠬᠤᠶᠠᠳᠤᠭᠠᠷ ᠲᠡᠰ ᠤᠨ ᠵᠠᠰᠠᠮᠠᠯ ᠵᠠᠮ ᠤᠨ ᠰᠦᠢᠳᠬᠡᠯ ᠬᠤᠷᠢᠶᠠᠯᠳᠠ ᠶᠢ ᠪᠦᠬᠦᠨ ᠢ ᠵᠤᠭᠰᠤᠭᠠᠪᠠ᠃ ︽ᠤᠯᠠᠨ ᠲᠠᠶᠠᠭᠠᠷ ᠦᠢᠯᠡᠰ ᠪᠤᠰᠬᠠᠵᠤ᠂ ᠲᠦᠮᠡᠨ ᠢᠷᠬᠡᠳ ᠰᠢᠨ᠎ᠡ ᠶᠢ ᠡᠬᠦᠳᠬᠦ︾ ᠠᠮᠢᠵᠢᠷᠠᠯ ᠤᠨ ᠬᠦᠴᠦᠨ ᠢ ᠬᠦᠭᠵᠢᠬᠦᠯᠦᠨ᠂ ᠲᠡᠭᠷᠢᠯᠢᠭ ᠤᠷᠤᠨ ᠤ ᠤᠯᠠᠨ ᠲᠠᠶᠠᠭᠠᠷ ᠢᠶᠠᠷ ᠢᠶᠠᠨ ᠦᠢᠯᠡᠰ ᠪᠦᠳᠦᠬᠡᠬᠦ ᠬᠦᠷᠢᠶᠡᠯᠡᠩ ᠎ ᠤᠨ ᠤᠯᠤᠰ ᠤᠨ ᠲᠡᠰ ᠤᠨ ᠦᠢᠯᠡᠰ ᠪᠦᠳᠦᠬᠡᠬᠦ ᠤᠷᠤᠨ ᠵᠠᠢ ᠪᠠ ᠦᠪᠡᠷᠳᠡᠬᠡᠨ ᠵᠠᠰᠠᠬᠤ ᠤᠷᠤᠨ ᠤ ᠠᠩᠬᠠᠳᠠᠭᠴᠢ ︽ᠬᠤᠶᠠᠷ ᠢ ᠬᠦᠮᠦᠵᠢᠬᠦᠯᠬᠦ︾ ᠵᠢᠱᠢᠶᠡᠴᠢ ᠰᠠᠭᠤᠷᠢᠨ ᠭᠠᠵᠠᠷ ᠢᠶᠠᠷ ᠦᠨᠡᠯᠡᠭᠳᠡᠵᠦ᠂ ᠲᠡᠭᠷᠢᠯᠢᠭ ᠤᠷᠤᠨ ᠤ ᠦᠢᠯᠡᠰ ᠪᠦᠳᠦᠬᠡᠬᠦ ᠪᠡᠯᠡ ᠤᠷᠤᠭᠤᠯᠤᠯᠳᠠ ᠶᠢᠨ ᠲᠤᠮᠤ ᠠᠰᠠᠷ ᠨᠢ ︽ᠦᠪᠡᠷᠳᠡᠬᠡᠨ ᠵᠠᠰᠠᠬᠤ ᠤᠷᠤᠨ ᠎ ᠤ ᠲᠡᠰ ᠤᠨ ᠵᠠᠯᠠᠭᠤᠴᠤᠳ ᠤᠨ ᠦᠢᠯᠡᠰ ᠪᠦᠳᠦᠬᠡᠬᠦ ᠬᠦᠮᠦᠵᠢᠯ ᠤᠨ ᠤᠷᠤᠨ︾᠎ ᠢᠶᠠᠷ ᠦᠨᠡᠯᠡᠭᠳᠡᠵᠤ᠂ ᠠᠵᠤ ᠠᠬᠤᠶᠢᠯᠠᠯ ᠪᠠ ᠨᠡᠶᠢᠬᠡᠮ ᠤᠨ ᠵᠤᠬᠢᠶᠠᠨ ᠪᠠᠶᠢᠭᠤᠯᠤᠯᠳᠠ ᠶᠢ 354 ᠡᠷᠦᠬᠡ ᠪᠤᠶᠢᠵᠢᠭᠤᠯᠵᠤ᠂ ᠤᠯᠤᠰ ᠤᠨ ᠲᠤᠰᠠᠬᠠᠢ ᠠᠰᠢᠭ ᠤᠨ ᠮᠡᠷᠭᠡᠵᠢᠯ ᠢ 144 ᠲᠦᠷᠦᠯ ᠢ ᠤᠷᠤᠭᠤᠯᠵᠤ᠂ ᠰᠢᠨ᠎ᠡ ᠭᠤᠷᠪᠠᠨ ᠠᠵᠤ ᠠᠬᠤᠶᠢᠯᠠᠯ ᠤᠨ ᠫᠠᠶᠢᠰᠠ ᠡᠯᠬᠦᠭᠰᠡᠨ 2 ᠡᠷᠦᠬᠡ᠂ ᠦᠪᠦᠷ ᠮᠤᠩᠭᠤᠯ ᠤᠨ ᠰᠲ᠋ᠤᠺ ᠤᠨ ᠡᠷᠬᠡ ᠶᠢᠨ ᠰᠤᠯᠢᠯᠴᠠᠭᠠᠨ ᠤ ᠲᠦᠪ ᠤᠨ ᠫᠠᠶᠢᠰᠠ ᠤᠯᠤᠭᠰᠠᠨ 15 ᠡᠷᠦᠬᠡ᠂ 3000 ᠬᠦᠮᠦᠨ ᠢ ᠲᠠᠶᠢᠴᠢᠯᠠᠨ ᠯᠠᠪᠳᠠᠭᠤᠨ ᠢᠶᠠᠷ ᠠᠵᠢᠯ ᠤᠯᠭᠤᠵᠤ᠂ ᠰᠢᠨ᠎ᠡ ᠶᠢ ᠡᠭᠦᠳᠦᠨ ᠥᠢᠯᠡᠰ ᠪᠦᠳᠦᠭᠡᠬᠦ ᠳᠠᠶᠢᠴᠢᠯᠠᠯᠳᠠ ᠶᠢᠨ ᠦᠢᠯᠡᠳᠦᠯ ᠠᠯᠬᠤᠮ ᠠᠯᠬᠤᠮ ᠢᠯᠡᠷᠬᠡᠢ ᠪᠤᠯᠪᠠ᠃      ᠲᠦᠷᠪᠡ ᠳᠤ᠂ ᠠᠷᠠᠳ ᠤᠨ ᠠᠮᠢᠳᠤᠷᠠᠯ ᠤᠨ ᠪᠠᠲᠤᠯᠠᠭ᠎ᠠ ᠦᠷᠬᠦᠯᠵᠢᠯᠡᠨ ᠲᠡᠭᠡᠭᠰᠢᠯᠡᠪᠡ᠃ ᠡᠳ᠋ ᠤᠨ ᠵᠠᠰᠠᠭ ᠤᠨ ᠤᠷᠤᠯᠭ᠎ᠠ ᠭᠠᠷᠤᠯᠭ᠎ᠠ ᠶᠢᠨ ᠮᠦᠷᠬᠦᠯᠳᠦᠬᠡᠨ ᠲᠤᠪᠤᠶᠢᠮ᠎ᠠ ᠪᠠᠶᠢᠳᠠᠯ ᠳᠤ᠂ ᠪᠦᠬᠦ ᠵᠢᠯ ᠠᠷᠠᠳ ᠤᠨ ᠠᠮᠢᠳᠤᠷᠠᠯ ᠤᠨ  ᠵᠠᠷᠤᠯᠭ᠎ᠠ ᠳᠤ ᠡᠩ ᠤᠨ ᠤᠯᠠᠨ ᠨᠡᠶᠢᠳᠡ ᠶᠢᠨ ᠲᠦᠰᠤᠪ ᠤᠨ ᠵᠠᠷᠤᠯᠭ᠎ᠠ ᠶᠢᠨ 77.5%᠎ ᠶᠢ ᠡᠵᠡᠯᠡᠪᠡ᠃ ᠶᠡᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠣᠯᠬᠤ ᠠᠵᠢᠯ ᠨᠢ ᠢᠯᠡᠷᠬᠡᠢ ᠦᠷ᠎ᠡ ᠪᠦᠳᠦᠮᠵᠢᠳᠠᠢ ᠪᠣᠯᠪᠠ᠃ ᠡᠯ᠎ᠡ ᠲᠦᠷᠦᠯ ᠤᠨ ᠶᠠᠳᠠᠭᠤ ᠶᠢ ᠲᠡᠳᠬᠦᠬᠦ ᠳᠤ 1.4 ᠳ᠋ᠦᠩᠰᠢᠭᠤᠷ ᠲᠦᠬᠦᠷᠢᠭ ᠤᠨ ᠪᠡᠯᠡ ᠮᠦᠩᠭᠦ ᠶᠢ ᠤᠷᠤᠭᠤᠯᠵᠤ᠂ ᠠᠵᠤ ᠦᠢᠯᠡᠰ ᠢᠶᠠᠷ ᠳᠡᠮᠵᠢᠬᠦ᠂ ᠰᠣᠷᠭᠠᠨ ᠬᠦᠮᠦᠵᠢᠯ ᠢᠶᠠᠷ ᠲᠣᠰᠠᠯᠠᠬᠤ᠂ ᠦᠭᠡᠷ᠎ᠡ ᠭᠠᠵᠠᠷ ᠨᠡᠭᠦᠯᠭᠡᠬᠦ᠂ ᠡᠮ ᠡᠮᠨᠡᠯᠭᠡ ᠪᠠᠷ ᠠᠪᠤᠷᠠᠨ ᠲᠤᠰᠠᠯᠠᠬᠤ ᠵᠡᠷᠭᠡ ᠲᠦᠷᠦ ᠶᠢᠨ ᠪᠣᠳᠣᠯᠭ᠎ᠠ ᠬᠢᠭᠡᠳ ︽ᠵᠠᠬᠢᠶᠠᠯᠠᠭ᠎ᠠ ᠶᠢᠨ ᠬᠡᠯᠪᠡᠷᠢᠳᠤ︾ ᠣᠨᠢᠨ ᠳᠡᠭᠡᠷ᠎ᠡ ᠎ ᠨᠢ ᠶᠠᠳᠠᠭᠤ ᠶᠢ ᠲᠡᠳᠬᠦᠬᠦ ᠶᠢ ᠭᠦᠨᠵᠡᠭᠡᠢ ᠬᠡᠷᠡᠭᠵᠢᠭᠦᠯᠦᠨ᠂ 2017 ᠤᠨ ᠤ ᠣᠯᠣᠰ ᠤᠨ ᠪᠠᠷᠢᠮᠵᠢᠶ᠎ᠠ ᠱᠤᠭᠤᠮ ᠠᠴᠠ ᠲᠤᠭᠤᠭᠰᠢᠬᠢ 52 ᠡᠷᠦᠬᠡ 112 ᠨᠡᠷ᠎ᠡ ᠶᠠᠳᠠᠭᠤ ᠬᠦᠴᠢᠷᠳᠡᠯᠳᠠᠢ ᠬᠦᠮᠦᠨ ᠠᠮᠠ ᠶᠢ ᠶᠠᠳᠠᠭᠤ ᠠᠴᠠ ᠠᠩᠭᠢᠵᠢᠷᠠᠭᠤᠯᠬᠤ ᠶᠢ ᠳᠤᠭᠳᠠᠭᠤᠨ ᠢᠶᠠᠷ ᠪᠡᠶᠡᠯᠡᠭᠦᠯᠵᠤ᠂ 1524 ᠡᠷᠦᠬᠡ ᠶᠢᠨ 3623 ᠨᠡᠷᠡᠰ ᠬᠤᠳᠠ ᠎ ᠶᠢᠨ ᠨᠠᠭᠠᠳᠤ ᠵᠠᠬ᠎ᠠ ᠶᠢᠨ ᠪᠠᠷᠢᠮᠵᠢᠶᠠᠨ ᠠᠴᠠ ᠲᠤᠤᠷ᠎ᠠ ᠣᠷᠣᠯᠭ᠎ᠠ ᠲᠠᠢ ᠬᠦᠮᠦᠨ ᠠᠮᠠ ᠶᠢᠨ ᠵᠢᠯ ᠤᠨ ᠳᠤᠮᠳᠠᠴᠢ ᠣᠷᠣᠯᠭ᠎ᠠ ᠶᠢ 20%᠎ ᠠᠴᠠ ᠲᠡᠬᠡᠭᠰᠢ ᠨᠡᠮᠡᠭᠳᠡᠬᠦᠯᠪᠠ᠃ ᠨᠡᠶᠢᠳᠠ ᠶᠢᠨ ᠦᠢᠯᠡᠴᠢᠯᠡᠭᠡᠨ ᠤ ᠬᠢᠷᠢ ᠲᠦᠪᠰᠢᠨ ᠦᠷᠭᠦᠯᠵᠢᠯᠡᠨ ᠲᠡᠭᠡᠭᠰᠢᠯᠡᠪᠡ᠃ ᠲᠠᠪᠤᠳᠤᠭᠠᠷ ᠪᠠᠭ᠎ᠠ ᠰᠤᠷᠭᠠᠭᠤᠯᠢ᠂ ᠶᠢᠰᠦᠳᠦᠬᠡᠷ ᠬᠡᠤᠬᠡᠳ ᠤᠨ ᠴᠡᠴᠡᠷᠯᠢᠭ ᠵᠡᠷᠬᠡ 6 ᠰᠤᠷᠭᠠᠭᠤᠯᠢ ᠶᠢ ᠬᠡᠷᠡᠭᠯᠡᠯᠳᠡ ᠳᠤ ᠤᠷᠤᠭᠤᠯᠪᠡ᠃ ᠦᠨᠳᠦᠰᠦᠨ ᠱᠠᠳᠤᠨ ᠤ ᠨᠢᠬᠡᠳᠦᠬᠡᠷ ᠹᠷᠤᠨᠲ ᠲᠤ 211 ᠨᠡᠷᠡᠰ ᠰᠢᠯᠢᠳᠡᠭ ᠪᠠᠭᠰᠢ ᠶᠢ ᠡᠯᠰᠡᠪᠡ᠃ ᠶᠡᠭᠡ ᠰᠤᠷᠭᠠᠭᠤᠯᠢ ᠶᠢᠨ ᠵᠢᠩᠭᠢᠨᠢ ᠠᠩᠭᠢ ᠳᠤ 451 ᠰᠤᠷᠤᠭᠴᠢ ᠰᠢᠯᠭᠠᠨ ᠤᠷᠤᠵᠤ᠂ ᠵᠢᠩᠭᠢᠨᠢ ᠠᠩᠭᠢ ᠶᠢᠨ ᠪᠠᠷᠢᠮᠵᠢᠶ᠎ᠠ ᠳᠤ ᠬᠦᠷᠦᠭᠰᠡᠨ ᠨᠤᠷᠮ᠎ᠠ ᠶᠢ ᠭᠤᠷᠪᠠᠨ ᠵᠢᠯ ᠲᠠᠷᠠᠭᠠᠯᠠᠨ 75%᠎ ᠠᠴᠠ ᠲᠡᠭᠡᠭᠰᠢ ᠪᠠᠶᠢᠬᠤ ᠶᠢ ᠪᠠᠳᠤᠯᠠᠪᠠ᠃ ᠵᠠᠬ᠎ᠠ ᠲᠡᠯᠬᠡᠬᠦᠷᠵᠢᠯᠳᠡ ᠶᠢᠨ ᠬᠡᠯᠪᠡᠷᠢ ᠶᠢ ᠠᠰᠢᠭᠯᠠᠨ ᠰᠢᠯᠢᠳᠡᠭ ᠢ ᠰᠤᠩᠭᠤᠨ ᠰᠤᠷᠭᠠᠭᠤᠯᠢ ᠶᠢᠨ ᠲᠡᠷᠬᠡ ᠶᠢᠨ ᠡᠵᠡᠩᠨᠡᠯᠳᠡ ᠶᠢᠨ ᠠᠵᠤ ᠠᠬᠤᠶᠢᠯᠠᠯ ᠢᠶᠠᠷ ᠵᠠᠷᠢᠮ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢ ᠳᠤ ᠦᠨᠳᠦᠷ ᠪᠦᠳᠦᠮᠵᠢᠳᠠᠢ᠂ ᠠᠶᠤᠯᠬᠦᠢ ᠰᠤᠷᠭᠠᠭᠤᠯᠢ ᠶᠢᠨ ᠲᠡᠷᠬᠡᠨ ᠦᠢᠯᠡᠴᠢᠯᠡᠭᠡ ᠶᠢ ᠬᠠᠩᠭᠠᠪᠠ᠃ ︽ᠡᠮ ᠡᠮᠨᠡᠯᠬᠡ ᠠᠰᠠᠷᠠᠮᠵᠢ ᠶᠢ ᠨᠢᠬᠡᠳᠬᠡᠬᠦ︾ ᠮᠠᠶ᠋ᠢᠭ ᠢ ᠡᠷᠢᠯᠬᠢᠯᠡᠨ ᠬᠦᠭᠵᠢᠬᠦᠯᠵᠦ᠂ ᠱᠸᠦ ᠺᠠᠩ ᠠᠰᠠᠷᠠᠮᠵᠢ ᠶᠢᠨ ᠠᠵᠤ ᠦᠢᠯᠡᠰ ᠤᠨ ᠺᠤᠮᠫᠠᠨᠢ᠂ ᠺᠠᠩ ᠶᠠᠩ ᠡᠮᠨᠡᠯᠬᠡ ᠶᠢᠨ ᠬᠤᠷᠢᠶ᠎ᠠ ᠶᠢ ᠤᠷᠤᠭᠤᠯᠤᠨ᠂ ᠠᠰᠠᠷᠠᠮᠵᠢ ᠰᠤᠪᠢᠯᠠᠯᠳᠠ ᠶᠢᠨ ᠦᠢᠯᠡᠴᠢᠯᠡᠭᠡ ᠶᠢ ᠦᠷᠨᠢᠬᠦᠯᠪᠡ᠃ ᠮᠤᠩᠭᠤᠯ ᠬᠢᠳᠠᠳ ᠶᠡᠷᠦᠩᠬᠡᠶᠢᠯᠡᠭᠰᠡᠨ ᠡᠮᠨᠡᠯᠬᠡ ᠶᠢᠨ ᠬᠤᠷᠢᠶ᠎ᠠ ᠶᠢ ᠤᠳᠠᠯ ᠦᠬᠡᠢ ᠬᠡᠷᠡᠭᠯᠡᠯᠳᠡ ᠳᠤ ᠤᠷᠤᠭᠤᠯᠤᠨ᠎ᠠ᠃ ᠬᠤᠳᠠ ᠪᠠᠯᠭᠠᠰᠤᠨ ᠤ 3318 ᠬᠦᠮᠦᠨ ᠳᠤ ᠰᠢᠨ᠎ᠡ ᠪᠠᠷ ᠠᠵᠢᠯ ᠤᠯᠭᠤᠵᠤ᠂ ᠡᠬᠦᠨ ᠳᠤ ᠰᠤᠷᠭᠠᠨ ᠬᠦᠮᠦᠵᠢᠯ᠂ ᠡᠷᠡᠬᠦᠯ ᠬᠠᠮᠠᠭᠠᠯᠠᠯ᠂ ᠮᠦᠩᠭᠦᠨ ᠬᠦᠢᠯᠬᠡᠬᠡᠨ ᠤ ᠪᠠᠶᠢᠭᠤᠯᠤᠮᠵᠢ ᠵᠡᠷᠬᠡ ᠨᠢᠬᠡᠴᠢ ᠳᠤ ᠬᠤᠰᠢᠭᠤᠨ ᠤ ᠬᠠᠷᠢᠶ᠎ᠠ ᠲᠠᠢ 435 ᠤᠶᠤᠳᠠᠨ ᠢ ᠲᠤᠬᠢᠷᠠᠭᠤᠯᠵᠤ᠂ 234 ᠨᠡᠷᠡᠰ ᠬᠤᠰᠢᠭᠤᠨ ᠤ ᠲᠡᠰ ᠤᠨ ᠴᠢᠳᠠᠪᠤᠷᠢᠳᠠᠨ ᠢ ᠨᠡᠶᠢᠬᠡᠮ ᠤᠨ ᠠᠵᠢᠯᠳᠠᠨ ᠢᠶᠠᠷ ᠪᠠᠶᠢᠷᠢᠯᠠᠭᠤᠯᠵᠤ᠂ ᠬᠠᠯᠠᠭᠳᠠᠭᠰᠠᠨ ᠴᠡᠷᠢᠭ᠂ ᠴᠡᠷᠢᠭ ᠠᠴᠠ ᠬᠠᠯᠠᠭᠳᠠᠭᠰᠠᠨ ᠠᠬᠠᠯᠠᠭᠴᠢ ᠶᠢ 59 ᠬᠦᠮᠦᠨ ᠢ ᠲᠤᠬᠢᠷᠠᠭᠤᠯᠪᠠ᠃ ᠦᠪᠡᠷᠳᠡᠬᠡᠨ ᠵᠠᠰᠠᠬᠤ ᠤᠷᠤᠨ ᠤ ᠪᠠᠶᠢᠭᠤᠯᠤᠭᠳᠠᠭᠰᠠᠨ 70 ᠵᠢᠯ ᠤᠨ ᠤᠢ ᠶᠢ ᠤᠭᠳᠤᠬᠤ ᠰᠢᠷᠢᠰ ᠠᠵᠢᠯᠯᠠᠭ᠎ᠠ ᠶᠢ ᠠᠮᠵᠢᠯᠳᠠ ᠲᠠᠢ ᠦᠷᠨᠢᠬᠦᠯᠪᠡ᠃ ᠨᠠᠢᠮᠠᠳᠤᠭᠠᠷ ᠬᠤᠭᠤᠴᠠᠭᠠᠨ ᠎ ᠤ ᠪᠦᠬᠦ ᠬᠤᠰᠢᠭᠤᠨ ᠤ ᠠᠵᠢᠯᠳᠠᠨ ᠤ ᠪᠡᠶ᠎ᠡ ᠶᠢᠨ ᠲᠠᠮᠢᠷ ᠤᠨ ᠴᠤᠭᠯᠠᠭᠠᠨ᠂ ᠲᠦᠮᠡᠨ ᠬᠦᠮᠦᠨ ᠤ ᠠᠭᠤᠳᠠᠮ ᠲᠠᠯᠠᠪᠠᠢ ᠶᠢᠨ ᠪᠦᠵᠢᠭ ᠵᠡᠷᠬᠡ ᠤᠯᠠᠨ ᠲᠦᠮᠡᠨᠴᠢ ᠴᠢᠨᠠᠷᠳᠠᠢ ᠰᠤᠶᠤᠯ ᠪᠡᠶ᠎ᠡ ᠲᠠᠮᠢᠷ ᠤᠨ ᠠᠵᠢᠯᠯᠠᠭ᠎ᠠ ᠶᠢ ᠦᠨᠳᠦᠷ ᠪᠠᠷᠢᠮᠵᠢᠶ᠎ᠠ ᠲᠠᠢ ᠪᠠᠷ ᠡᠷᠬᠢᠯᠡᠵᠦ᠂ ᠪᠦᠬᠦ ᠠᠷᠠᠳ ᠤᠨ ᠪᠡᠶ᠎ᠡ ᠴᠢᠬᠢᠷᠠᠭᠵᠢᠭᠤᠯᠬᠤ ᠠᠵᠢᠯᠯᠠᠭ᠎ᠠ ᠶᠢ ᠳᠠᠰᠣᠷᠠᠯᠳᠠ ᠥᠭᠡᠢ ᠪᠠᠶᠠᠯᠢᠭᠵᠢᠭᠤᠯᠪᠡ᠃ ᠨᠡᠶᠢᠬᠡᠮ ᠤᠨ ᠪᠠᠳᠤᠯᠠᠭ᠎ᠠ ᠶᠢᠨ ᠬᠢᠷᠢ ᠲᠦᠪᠰᠢᠨ ᠲᠠᠰᠤᠷᠠᠯᠳᠠ ᠦᠬᠡᠢ ᠲᠡᠬᠡᠭᠰᠢᠯᠡᠪᠡ᠃ ᠬᠤᠳᠠ ᠪᠠᠯᠭᠠᠰᠣᠨ ᠤ ᠰᠠᠭᠤᠭᠠᠯᠢ ᠠᠷᠠᠳ ᠪᠤᠯᠤᠨ ᠮᠠᠯᠴᠢᠨ ᠲᠠᠷᠢᠶᠠᠴᠢᠨ ᠤ ᠡᠮ ᠡᠮᠨᠡᠯᠭᠡ ᠶᠢᠨ ᠳᠠᠭᠠᠳᠬᠠᠯ ᠢ ᠨᠢᠭᠡᠳᠦᠭᠦᠯᠬᠦ ᠶᠢ ᠪᠡᠶᠡᠯᠡᠭᠦᠯᠵᠦ᠂ ᠪᠤᠰᠤᠳ ᠭᠠᠵᠠᠷ ᠲᠤ ᠡᠮᠨᠡᠬᠦᠯᠦᠭᠰᠡᠨ ᠰᠦᠢᠳᠬᠡᠯ ᠢ ᠰᠢᠭᠤᠳ ᠲᠤᠭᠠᠴᠠᠬᠤ ᠶᠢ ᠪᠡᠶᠡᠯᠡᠬᠦᠯᠪᠡ᠃ ᠠᠵᠤ ᠠᠬᠤᠶᠢᠯᠠᠯ ᠤᠨ ᠠᠵᠢᠯ ᠤᠨ ᠠᠮᠠᠷᠠᠯᠳᠠ ᠪᠠᠨ ᠠᠪᠤᠭᠰᠠᠳ ᠤᠨ ᠰᠠᠭᠤᠷᠢ ᠠᠰᠠᠷᠠᠮᠵᠢ ᠶᠢᠨ ᠮᠦᠩᠭᠦ ᠶᠢ ᠬᠦᠮᠦᠨ ᠪᠦᠷᠢ ᠳᠤ ᠰᠠᠷ᠎ᠠ ᠪᠤᠯᠭᠠᠨ 134 ᠲᠦᠬᠦᠷᠢᠭ ᠨᠡᠮᠡᠭᠳᠡᠬᠦᠯᠵᠦ᠂ ︽ᠠᠷᠪᠠᠨ ᠭᠤᠷᠪᠠᠨ ᠵᠢᠯ ᠲᠠᠷᠠᠭᠠᠯᠠᠨ ᠦᠰᠬᠦ︾᠎ ᠶᠢ ᠪᠠᠶᠠᠯᠡᠬᠦᠯᠪᠡ᠃ ︽ᠰᠢᠨ᠎ᠡ ᠪᠠᠶᠢᠳᠠᠯ ᠲᠤᠤᠷᠠᠬᠢ ᠦᠨᠳᠦᠰᠦᠳᠡᠨ ᠤ ᠠᠵᠢᠯ ᠢ ᠤᠯᠠᠮ ᠨᠢᠬᠡ ᠠᠯᠬᠤᠮ ᠴᠢᠩᠭᠠᠳᠬᠠᠬᠤ ᠪᠠ ᠰᠠᠶᠢᠵᠢᠷᠠᠭᠤᠯᠬᠤ ᠬᠡᠷᠡᠭᠵᠢᠬᠦᠯᠦᠯᠳᠡ ᠶᠢᠨ ᠰᠠᠨᠠᠯ︾᠎ ᠢ ᠲᠤᠭᠳᠠᠭᠠᠨ ᠭᠠᠷᠭᠠᠵᠤ᠂ ᠪᠦᠬᠦ ᠵᠢᠯ 1500 ᠢᠯᠡᠬᠦᠦ ᠲᠦᠮᠡᠨ ᠲᠦᠬᠦᠷᠢᠭ ᠢ ᠴᠦᠬᠡᠨ ᠲᠤᠭᠠᠳᠤ ᠦᠨᠳᠦᠰᠦᠳᠡᠨ ᠤ ᠠᠵᠤ ᠦᠢᠯᠡᠰ ᠤᠨ ᠬᠦᠭᠵᠢᠯᠳᠡ᠂ ᠠᠵᠢᠯ ᠤᠯᠭᠤᠯᠳᠠ ᠦᠢᠯᠡᠰ ᠪᠤᠰᠬᠠᠬᠤ ᠵᠢᠴᠢ ᠱᠠᠰᠢᠨ ᠰᠤᠷᠳᠠᠬᠤᠨ ᠤ ᠬᠡᠷᠡᠭ ᠶᠠᠪᠤᠳᠠᠯ ᠵᠡᠷᠬᠡ ᠠᠵᠢᠯ ᠳᠤ ᠵᠠᠷᠤᠴᠠᠭᠤᠯᠪᠠ᠃ ᠬᠦᠳᠡᠭᠡ ᠲᠤᠰᠬᠤᠨ ᠮᠠᠯᠵᠢᠬᠤ ᠤᠷᠤᠨ ᠤ ᠲᠠᠪᠤᠨ ᠪᠠᠳᠤᠯᠠᠭ᠎ᠠ ᠶᠢᠨ ᠲᠠᠷᠬᠠᠭᠠᠨ ᠠᠰᠠᠷᠠᠬᠤ ᠪᠠᠷᠢᠮᠵᠢᠶ᠎ᠠ ᠶᠢ 1908 ᠲᠦᠬᠦᠷᠢᠭ ᠨᠡᠮᠡᠭᠳᠡᠬᠦᠯᠵᠦ᠂ 2.6 ᠲᠦᠮᠡᠨ ᠨᠡᠷᠡᠰ ᠡᠯ᠎ᠡ ᠲᠦᠷᠦᠯ ᠤᠨ ᠲᠤᠤᠷ᠎ᠠ ᠪᠠᠳᠤᠯᠠᠭᠠᠳᠤ ᠡᠳᠡᠬᠡᠳ ᠲᠤ 8217 ᠲᠦᠮᠡᠨ ᠲᠦᠬᠦᠷᠢᠭ ᠪᠡᠯᠡ ᠮᠦᠩᠭᠦ ᠲᠠᠷᠬᠠᠭᠠᠵᠤ᠂ 5.4 ᠲᠦᠮᠡ ᠭᠠᠷᠦᠢ ᠪᠠᠶᠢᠩᠭᠤ ᠰᠠᠭᠤᠭ᠎ᠠ ᠮᠠᠯᠴᠢᠨ ᠲᠠᠷᠢᠶᠠᠴᠢᠨ ᠡᠷᠦᠬᠡ ᠪᠤᠯᠭᠠᠨ ᠳᠤ 600 ᠲᠦᠭᠦᠷᠢᠭ ᠤᠨ ︽ᠲᠤᠯᠠᠭᠠᠯᠠᠮᠵᠢ ᠶᠢᠨ ᠨᠡᠭᠦᠷᠡᠰᠦ︾᠎ ᠶᠢᠨ ᠨᠦᠭᠦᠪᠦᠷᠢ ᠮᠦᠩᠭᠦ ᠶᠢ ᠲᠠᠷᠬᠠᠭᠠᠪᠠ᠃ ᠮᠠᠨ ᠤ ᠬᠤᠰᠢᠭᠤ ᠨᠢ ᠪᠦᠬᠦ ᠬᠤᠳᠠ ᠳᠤ ᠴᠤᠷ ᠤᠨ ᠭᠠᠭᠴᠠ ︽ᠪᠦᠬᠦ ᠤᠯᠤᠰ ᠤᠨ ᠬᠦᠳᠡᠭᠡ ᠲᠤᠰᠬᠤᠨ ᠤ ᠠᠩᠬᠠᠳᠠᠭᠴᠢ ᠵᠤᠯ ᠵᠢᠷᠭᠠᠯᠳᠤ ᠨᠡᠶᠢᠬᠡᠮ ᠲᠤᠭᠤᠷᠢᠭ ᠤᠨ ᠪᠠᠶᠢᠭᠤᠯᠤᠯᠳᠠ ᠶᠢᠨ ᠵᠢᠱᠢᠶᠡᠴᠢ ᠨᠢᠬᠡᠴᠢ︾᠎ ᠪᠠᠷ ᠦᠨᠡᠯᠡᠭᠳᠡᠪᠡ᠃ ᠨᠡᠶᠢᠬᠡᠮ ᠤᠨ ᠶᠡᠷᠦᠩᠬᠡᠢ ᠪᠠᠶᠢᠳᠠᠯ ᠤᠨ ᠯᠠᠪᠳᠠᠭᠤᠨ ᠢ ᠪᠠᠳᠤᠯᠠᠪᠠ᠃ ᠵᠠᠰᠠᠭ ᠤᠨ ᠤᠷᠳᠤᠨ ᠤ ᠴᠢᠨᠠᠷᠳᠠᠢ ᠦᠷᠢ ᠦᠭᠴᠡᠭᠡ ᠶᠢ ᠰᠢᠢᠳᠪᠦᠷᠢᠯᠡᠵᠦ᠂ ᠦᠷᠢ ᠦᠭᠴᠡᠭᠡ ᠶᠢ ᠰᠢᠢᠳᠪᠦᠷᠢᠯᠡᠬᠦ ᠭᠤᠷᠪᠠᠨ ᠵᠢᠯ ᠤᠨ ᠲᠦᠯᠦᠪᠯᠡᠭᠡ ᠶᠢ ᠲᠤᠭᠳᠠᠭᠠᠵᠤ᠂ ᠪᠦᠬᠦ ᠵᠢᠯ ᠳᠤ ᠵᠠᠰᠠᠭ ᠤᠨ ᠤᠷᠳᠤᠨ ᠤ ᠴᠢᠨᠠᠷᠳᠠᠢ ᠦᠷᠢ ᠦᠭᠴᠡᠭᠡ ᠶᠢ 50.3 ᠳ᠋ᠦᠩᠰᠢᠭᠤᠷ ᠲᠦᠬᠦᠷᠢᠭ ᠰᠢᠢᠳᠪᠦᠷᠢᠯᠡᠪᠠ᠃ ᠬᠦᠯᠦᠰᠦᠨ ᠠᠵᠢᠯᠴᠢᠨ ᠤ ᠴᠠᠯᠢᠩ ᠢ ᠦᠷᠢᠳᠦᠭᠰᠡᠨ 1.6 ᠳ᠋ᠦᠩᠰᠢᠭᠤᠷ ᠲᠦᠬᠦᠷᠢᠭ ᠢ ᠰᠢᠢᠳᠪᠦᠷᠢᠯᠡᠵᠦ᠂ ᠡᠬᠦᠨ ᠳᠤ ᠡᠳ᠋ ᠤᠨ ᠵᠠᠰᠠᠭ ᠠᠴᠠ 1 ᠳ᠋ᠦᠩᠰᠢᠭᠤᠷ ᠲᠦᠬᠦᠷᠢᠭ ᠢ ᠲᠤᠰᠬᠠᠶᠢᠯᠠᠨ ︽ᠠᠷᠪᠠ ᠶᠢ ᠪᠦᠷᠬᠦᠬᠦᠯᠬᠦ︾ ᠢᠨᠵᠧᠨᠧᠷᠢᠩ ᠤᠨ ᠬᠡᠪᠴᠢᠶᠡᠨ ᠳᠠᠬᠢ ᠬᠦᠯᠦᠰᠦᠨ ᠠᠵᠢᠯᠴᠢᠨ ᠤ ᠴᠠᠯᠢᠩ ᠎ ᠢ ᠦᠭᠬᠦ ᠳᠤ ᠲᠤᠬᠢᠷᠠᠭᠤᠯᠪᠠ᠃ ᠮᠦᠩᠭᠦᠨ ᠬᠦᠢᠯᠬᠡᠬᠡᠨ ᠤ ᠪᠠᠶᠢᠭᠤᠯᠤᠮᠵᠢ ᠲᠠᠢ ᠵᠤᠬᠢᠴᠠᠨ ᠭᠤᠤᠯᠳᠠᠯᠭᠠᠳᠤ ᠠᠵᠤ ᠠᠬᠤᠶᠢᠯᠠᠯ ᠳᠤ 25.8 ᠳ᠋ᠦᠩᠰᠢᠭᠤᠷ ᠲᠦᠬᠦᠷᠢᠭ ᠎ ᠢ ᠵᠢᠬᠡᠯᠡᠯᠬᠡ᠂ ᠦᠷᠬᠦᠯᠵᠢᠯᠡᠯ ᠵᠢᠬᠡᠯᠡᠯᠬᠡ᠂ ᠵᠢᠬᠡᠯᠡᠯᠬᠡ ᠶᠢᠨ ᠬᠤᠭᠤᠴᠠᠭ᠎ᠠ ᠶᠢ ᠤᠷᠳᠤᠳᠬᠠᠵᠤ᠂ ᠪᠠᠩᠭᠢ ᠶᠢᠨ ᠵᠢᠬᠡᠯᠡᠯᠬᠡ ᠶᠢᠨ ᠨᠤᠷᠮ᠎ᠠ ᠶᠢ ᠪᠦᠬᠦ ᠬᠤᠳᠠ ᠶᠢᠨ 2.5 ᠵᠠᠭᠤᠨ ᠤ ᠬᠠᠷᠢᠴᠠᠯ ᠢᠶᠠᠷ ᠲᠤᠤᠷ᠎ᠠ ᠪᠠᠶᠢᠯᠭᠠᠵᠤ᠂ ᠰᠢᠰᠲ᠋ᠧᠮ ᠤᠨ ᠴᠢᠨᠠᠷᠳᠠᠢ ᠮᠦᠩᠭᠦᠨ ᠬᠦᠢᠯᠬᠡᠬᠡᠨ ᠤ ᠠᠶᠤᠯ ᠲᠦᠭᠰᠢᠬᠦᠷᠢ ᠡᠬᠦᠰᠬᠡᠬᠦ ᠦᠬᠡᠢ ᠶᠢ ᠪᠠᠳᠤᠯᠠᠪᠠ᠃ ᠪᠦᠬᠦ ᠶᠠᠪᠤᠴᠠ ᠪᠦᠬᠦ ᠬᠡᠪᠴᠢᠶᠡᠨ ᠳᠤ ᠠᠶᠤᠯᠬᠦᠢ ᠦᠢᠯᠡᠳᠪᠦᠷᠢᠯᠡᠯ ᠤᠨ ᠪᠠᠶᠢᠴᠠᠭᠠᠯᠳᠠ ᠶᠢ ᠦᠷᠬᠦᠯᠵᠢᠯᠡᠨ ᠦᠷᠨᠢᠬᠦᠯᠵᠦ᠂ ᠠᠶᠤᠯᠬᠦᠢ ᠦᠢᠯᠡᠳᠪᠦᠷᠢᠯᠡᠯ ᠤᠨ ᠪᠠᠶᠢᠳᠠᠯ ᠶᠡᠷᠦᠩᠬᠡᠢ ᠳᠡᠭᠡᠨ ᠯᠠᠪᠳᠠᠭᠤᠨ ᠢ ᠪᠠᠳᠤᠯᠠᠪᠠ᠃ ᠢᠳᠡᠬᠡᠨ ᠡᠮ ᠤᠨ ᠵᠦᠢᠯ ᠤᠨ ᠰᠤᠭᠤᠯᠤᠨ ᠪᠠᠶᠢᠴᠠᠭᠠᠯᠳᠠ ᠶᠢᠨ ᠬᠢᠷᠢ ᠲᠡᠩᠴᠡᠭᠰᠡᠨ ᠨᠤᠷᠮ᠎ᠠ 99%᠎ ᠳᠤ ᠬᠦᠷᠴᠦ᠂ ᠢᠳᠡᠬᠡᠨ ᠡᠮ ᠤᠨ ᠵᠦᠢᠯ ᠤᠨ ᠠᠶᠤᠯᠬᠦᠢ ᠶᠢᠨ ᠤᠴᠢᠷ ᠡᠬᠦᠰᠦᠭᠰᠡᠨ ᠦᠬᠡᠢ᠃ ᠨᠡᠶᠢᠬᠡᠮ ᠤᠨ ᠵᠦᠷᠢᠴᠡᠯ ᠢ ᠰᠢᠢᠳᠪᠦᠷᠢᠯᠡᠬᠦ ︽ᠵᠠᠭᠤᠨ ᠡᠳᠦᠷ ᠤᠨ ᠰᠢᠪᠳᠤᠯᠤᠯᠳᠠ︾᠎ ᠶᠢᠨ ᠠᠵᠢᠯᠯᠠᠭ᠎ᠠ ᠶᠢ ᠬᠦᠨᠵᠡᠬᠡᠢ ᠦᠷᠨᠢᠬᠦᠯᠦᠨ᠂ ᠭᠦ᠋ ᠴᠧᠩ ᠬᠤᠤ ᠶᠢᠨ ᠨᠡᠬᠦᠯᠬᠡᠨ ᠰᠢᠯᠵᠢᠬᠦᠯᠬᠦ᠂ ᠪᠤᠤ ᠾᠧᠩ ᠴᠠᠬᠢᠯᠭᠠᠨ ᠭᠠᠷᠭᠠᠬᠤ ᠦᠢᠯᠡᠳᠪᠦᠷᠢ ᠶᠢᠨ ᠠᠵᠢᠯᠳᠠᠨ ᠤ ᠴᠠᠯᠢᠩ ᠢ ᠦᠷᠢᠳᠦᠭᠰᠡᠨ ᠵᠡᠷᠬᠡ ᠦᠷᠢ ᠶᠢ ᠰᠢᠢᠳᠪᠦᠷᠢᠯᠡᠭᠰᠡᠨ ᠦᠬᠡᠢ 59 ᠵᠤᠷᠪᠤᠰ ᠵᠠᠬᠢᠳᠠᠯ ᠰᠤᠷᠪᠤᠯᠵᠢᠯᠠᠭ᠎ᠠ ᠶᠢᠨ ᠬᠡᠷᠡᠭ ᠤᠴᠢᠷ ᠢ ᠲᠦᠪᠯᠡᠷᠡᠬᠦᠯᠦᠨ ᠰᠢᠢᠳᠪᠦᠷᠢᠯᠡᠵᠦ᠂ ᠵᠠᠬᠢᠳᠠᠯ ᠰᠤᠷᠪᠤᠯᠵᠢᠯᠠᠭ᠎ᠠ ᠶᠢᠨ ᠴᠤᠬᠤᠯᠠᠪᠤᠷᠢᠯᠠᠭᠰᠠᠨ ᠲᠤᠭ᠎ᠠ ᠪᠠ ᠬᠦᠮᠦᠨ ᠤ ᠲᠤᠭ᠎ᠠ ᠲᠤᠰᠪᠦᠷᠢ 29.7% ᠪᠠ 30%᠎ ᠪᠠᠷ ᠲᠤᠷᠤᠭᠰᠢᠯᠠᠵᠤ᠂ ᠡᠷᠡᠬᠦᠦ ᠶᠢᠨ ᠬᠡᠷᠡᠭ᠂ ᠠᠮᠦᠷ ᠢ ᠬᠠᠮᠠᠭᠠᠯᠠᠬᠤ ᠬᠡᠷᠡᠭ᠂ ᠵᠠᠮ ᠬᠠᠷᠢᠯᠴᠠᠭᠠᠨ ᠤ ᠬᠠᠤᠯᠢ ᠶᠢ ᠵᠦᠷᠢᠴᠡᠭᠰᠡᠨ ᠶᠡᠷᠦᠩᠬᠡᠢ ᠬᠡᠮᠵᠢᠶ᠎ᠡ ᠶᠢ 17.3%᠂ 7% ᠪᠠ 17.2%᠎ ᠢᠶᠠᠷ ᠲᠤᠷᠤᠭᠰᠢᠯᠠᠵᠤ᠂ ᠨᠡᠶᠢᠳᠡ ᠶᠢᠨ ᠠᠮᠦᠷ ᠲᠦᠪᠰᠢᠨ ᠤ ᠪᠠᠶᠢᠳᠠᠯ ᠦᠷᠬᠦᠯᠵᠢᠯᠡᠨ ᠰᠠᠶᠢᠵᠢᠷᠠᠪᠠ᠃      ᠲᠠᠪᠤ ᠳᠤ᠂ ᠵᠠᠰᠠᠭ ᠤᠨ ᠣᠷᠳᠣᠨ ᠤ ᠪᠦᠳᠦᠭᠡᠨ ᠪᠠᠶᠢᠭᠤᠯᠤᠯᠳᠠ ᠶᠢ ᠪᠦᠬᠦ ᠲᠠᠯ᠎ᠠ ᠪᠠᠷ ᠴᠢᠩᠭᠠᠳᠬᠠᠪᠠ᠃ ᠵᠠᠰᠠᠭ ᠤᠨ ᠣᠷᠳᠣᠨ ᠤ ᠰᠢᠰᠲ᠋ᠧᠮ ᠤᠨ ᠨᠠᠮ ᠢᠶᠠᠨ ᠴᠢᠩᠭ᠎ᠠ ᠵᠠᠰᠠᠬᠤ᠂ ᠵᠠᠰᠠᠭ ᠢ ᠴᠢᠩᠭ᠎ᠠ ᠪᠠᠷᠢᠬᠤ ᠭᠤᠤᠯ ᠴᠣᠭᠴᠠ ᠶᠢᠨ ᠬᠠᠷᠢᠭᠤᠴᠠᠯᠭ᠎ᠠ ᠪᠠ ︽ᠨᠢᠭᠡ ᠪᠠᠶᠢᠷᠢ ᠬᠤᠤᠰ ᠬᠠᠷᠢᠭᠤᠴᠠᠯᠭ᠎ᠠ︾᠎ ᠶᠢᠨ ᠬᠠᠷᠢᠭᠤᠴᠠᠯᠭ᠎ᠠ ᠶᠢᠨ ᠳᠦᠷᠢᠮ ᠢ ᠬᠦᠨᠵᠡᠬᠡᠶᠢᠷᠡᠬᠦᠯᠦᠨ ᠨᠠᠶᠢᠳᠠᠪᠤᠷᠢᠵᠢᠭᠤᠯᠵᠤ᠂ ︽ᠢᠯᠳᠠᠷ ᠬᠠᠶᠠᠬᠤ ᠦᠬᠡᠢ︾ ᠣᠪᠣᠷ ᠢᠶᠠᠷ ᠢᠯᠵᠠᠷᠠᠯ ᠢ ᠡᠰᠡᠷᠭᠦᠴᠡᠬᠦ ᠶᠢ ᠪᠠᠷᠢᠮᠳᠠᠯᠠᠵᠤ᠂ ︽ᠬᠤᠮᠤᠬᠠᠢ︾ ᠮᠠᠶ᠋ᠢᠭ ᠤᠨ ᠢᠯᠵᠡᠷᠡᠯ ᠤᠨ ᠠᠰᠠᠭᠤᠳᠠᠯ ᠢ ᠲᠦᠪᠯᠡᠷᠡᠬᠦᠯᠦᠨ ᠵᠠᠰᠠᠵᠤ᠂ ᠳᠠᠩᠰᠠᠯᠠᠭᠰᠠᠨ ᠵᠠᠷᠭᠤ ᠨᠡᠶᠢᠳᠡ 104 ᠪᠠᠶᠢᠵᠤ᠂ 113 ᠬᠦᠮᠦᠨ ᠳᠤ ᠨᠠᠮ ᠵᠠᠰᠠᠭ ᠤᠨ ᠰᠠᠬᠢᠯᠭ᠎ᠠ ᠪᠠᠳᠤ ᠶᠢᠨ ᠰᠢᠢᠳᠬᠡᠯ ᠢ ᠤᠯᠭᠤᠪᠠ᠃ ᠲᠦᠪ ᠤᠨ ᠨᠠᠢᠮᠠᠨ ᠵᠤᠷᠪᠤᠰ ᠳᠤᠭᠳᠠᠭᠠᠯ ᠤᠨ ᠵᠤᠷᠢᠭ ᠰᠠᠨᠠᠭ᠎ᠠ᠂ ︽ᠲᠦᠷᠪᠡᠨ ᠰᠤᠷᠳᠠᠯ︾᠎ ᠤᠨ ᠴᠡᠭᠴᠡᠯᠡᠯᠳᠡ ᠶᠢ ᠴᠢᠩᠭ᠎ᠠ ᠪᠠᠷ ᠨᠠᠶᠢᠳᠠᠪᠤᠷᠢᠵᠢᠭᠤᠯᠵᠤ᠂ ᠵᠠᠰᠠᠭ ᠤᠨ ᠤᠷᠳᠤᠨ ᠤ ᠬᠤᠷᠠᠯ᠂ ᠠᠯᠪᠠᠨ ᠪᠢᠴᠢᠭ ᠪᠠ ︽ᠭᠤᠷᠪᠠᠨ ᠠᠯᠪᠠᠨ ᠤ ᠵᠠᠷᠣᠳᠠᠯ︾᠎ ᠢ 5%᠂ 8% ᠪᠠ 12% ᠎ ᠢᠶᠠᠷ ᠲᠤᠷᠤᠭᠰᠢᠯᠠᠪᠠ᠃ ᠠᠷᠠᠳ ᠤᠨ ᠲᠦᠯᠦᠬᠡᠯᠡᠭᠴᠢᠳ ᠤᠨ ᠶᠡᠭᠡ ᠬᠤᠷᠠᠯ᠂ ᠤᠯᠤᠰ ᠲᠦᠷᠦ ᠶᠢᠨ ᠵᠦᠪᠯᠡᠯᠬᠡᠨ ᠪᠠ ᠨᠡᠶᠢᠬᠡᠮ ᠤᠨ ᠡᠯ᠎ᠡ ᠡᠳᠡᠬᠡᠳ ᠤᠨ ᠬᠢᠨᠠᠯᠳᠠ ᠶᠢ ᠤᠬᠠᠮᠰᠠᠷ ᠠᠴᠠ ᠪᠠᠨ ᠬᠦᠯᠢᠶᠡᠵᠦ᠂ 37 ᠵᠤᠷᠪᠤᠰ ᠠᠷᠠᠳ ᠤᠨ ᠲᠦᠯᠦᠬᠡᠯᠡᠭᠴᠢᠳ ᠤᠨ ᠶᠡᠭᠡ ᠬᠤᠷᠠᠯ ᠤᠨ ᠲᠦᠯᠦᠬᠡᠯᠡᠭᠴᠢ ᠶᠢᠨ ᠰᠠᠨᠠᠯ ᠪᠠ 72 ᠵᠤᠷᠪᠤᠰ ᠤᠯᠤᠰ ᠲᠦᠷᠦ ᠶᠢᠨ ᠵᠦᠪᠯᠡᠯᠬᠡᠨ ᠤ ᠬᠡᠰᠢᠬᠦᠨ ᠤ ᠰᠠᠨᠠᠯ ᠲᠤᠷᠠᠳᠤᠯᠭ᠎ᠠ ᠶᠢ ᠪᠦᠬᠦᠨ ᠢ ᠬᠦᠢᠴᠡᠳᠬᠡᠪᠡ᠃ ᠲᠦᠪ ᠬᠤᠷᠢᠶ᠎ᠠ᠂ ᠦᠪᠡᠷᠳᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠲᠤᠭᠤᠷᠢᠨ ᠪᠠᠶᠢᠴᠠᠭᠠᠯᠳᠠ ᠪᠠ ᠬᠤᠳᠠ ᠶᠢᠨ ᠨᠠᠮ ᠤᠨ ᠬᠤᠷᠢᠶᠠᠨ ᠤ ᠲᠣᠭᠤᠷᠢᠨ ᠪᠠᠶᠢᠴᠠᠭᠠᠯᠳᠠ ᠶᠢᠨ ᠬᠠᠷᠢᠭᠤ ᠲᠤᠰᠬᠠᠯᠳᠠ ᠶᠢᠨ ᠰᠠᠨᠠᠯ ᠢ ᠪᠦᠬᠦ ᠲᠠᠯ᠎ᠠ ᠪᠠᠷ ᠵᠠᠰᠠᠨ ᠴᠡᠭᠴᠡᠯᠡᠪᠡ᠃ 74 ᠵᠦᠢᠯ ᠤᠨ ᠵᠠᠰᠠᠭ ᠤᠨ ᠤᠷᠳᠤᠨ ᠤ ᠪᠡᠯᠡ ᠤᠷᠤᠭᠤᠯᠤᠯᠳᠠ ᠶᠢᠨ ᠲᠦᠷᠦᠯ ᠵᠦᠢᠯ ᠤᠨ ᠪᠠᠷᠢᠯᠭ᠎ᠠ ᠲᠠᠭᠤᠰᠬᠠᠭᠰᠠᠨ ᠲᠦᠰᠦᠪ ᠎ ᠤᠨ ᠬᠦᠢᠴᠡᠳᠬᠡᠯ ᠤᠨ ᠲᠤᠭᠠᠴᠠᠭ᠎ᠠ ᠶᠢᠨ ᠬᠢᠨᠠᠨ ᠪᠤᠳᠤᠯᠳᠠ ᠶᠢ ᠬᠦᠢᠴᠡᠳᠬᠡᠵᠦ᠂ ᠡᠳ᠋ ᠤᠨ ᠵᠠᠰᠠᠭ ᠤᠨ ᠪᠡᠯᠡ ᠮᠦᠩᠭᠦ ᠶᠢ 10.7 ᠳ᠋ᠦᠩᠰᠢᠭᠤᠷ ᠲᠦᠬᠦᠷᠢᠭ ᠢ ᠭᠠᠮᠨᠠᠪᠠ᠃ ᠬᠠᠤᠯᠢ ᠪᠠᠷ ᠵᠠᠰᠠᠬᠤ ᠵᠠᠰᠠᠭ ᠤᠨ ᠤᠷᠳᠤᠨ ᠤ ᠪᠠᠶᠢᠭᠤᠯᠤᠯᠳᠠ ᠶᠢᠨ ᠰᠢᠨ᠎ᠡ ᠠᠮᠵᠢᠯᠳᠠ ᠢ ᠣᠯᠵᠣ᠂ ︽ᠪᠦᠬᠦ ᠣᠷᠣᠨ ᠤ ᠬᠠᠣᠯᠢ ᠪᠠᠷ ᠵᠠᠰᠠᠭ ᠶᠠᠪᠤᠭᠤᠯᠬᠤ ᠲᠡᠷᠢᠭᠦᠨ ᠤ ᠬᠤᠰᠢᠭᠤ︾᠎ ᠪᠠᠷ ᠦᠨᠡᠯᠡᠭᠳᠡᠪᠡ᠃ ᠡᠬᠡ ᠨᠢᠯᠬᠠᠰ ᠬᠡᠥᠬᠡᠳ ᠤᠨ ᠡᠷᠬᠡ ᠠᠰᠢᠭ ᠢ ᠪᠦᠳᠦᠮᠵᠢᠳᠠᠢ ᠬᠠᠮᠠᠭᠠᠯᠠᠵᠤ᠂ ︽︿ᠡᠬᠡ ᠨᠢᠯᠬᠠᠰ ᠤᠨ ᠬᠦᠭᠵᠢᠯᠳᠡ ᠶᠢᠨ ᠬᠦᠳᠦᠯᠪᠦᠷᠢ﹀᠎ ᠶᠢ ᠬᠡᠷᠡᠭᠵᠢᠭᠦᠯᠦᠭᠰᠡᠨ ᠣᠯᠣᠰ ᠤᠨ ᠲᠡᠰ ᠤᠨ ᠵᠢᠱᠢᠶᠡᠴᠢ  ᠰᠢᠶᠠᠨ︾᠎ ᠢᠶᠠᠷ ᠦᠨᠡᠯᠡᠭᠳᠡᠪᠡ᠃ ᠡᠭᠦᠨ ᠳᠤ ᠠᠷᠠᠳ ᠤᠨ ᠠᠭᠠᠷ ᠤᠨ ᠰᠡᠷᠬᠡᠶᠢᠯᠡᠯᠳᠡ ᠶᠢᠨ ᠠᠵᠢᠯ᠂ ᠠᠮᠦ ᠪᠤᠳᠠᠭ᠎ᠠ᠂ ᠬᠠᠩᠭᠠᠨ ᠪᠤᠷᠤᠯᠠᠭᠤᠯᠬᠤ᠂ ᠲᠠᠩᠰᠠ ᠡᠪᠬᠡᠮᠡᠯ᠂ ᠵᠠᠮ ᠬᠠᠷᠢᠯᠴᠠᠭᠠᠨ ᠤ ᠬᠠᠮᠢᠶᠠᠷᠤᠯᠳᠠ᠂ ᠴᠠᠭ ᠠᠭᠤᠷ ᠵᠡᠷᠭᠡ ᠠᠵᠢᠯ ᠎ ᠳᠤ ᠪᠦᠷ ᠰᠢᠨ᠎ᠡ ᠠᠮᠵᠢᠯᠳᠠ ᠣᠯᠪᠠ᠃      ᠲᠦᠯᠦᠭᠡᠯᠡᠭᠴᠢᠳ ᠡ᠂ ᠦᠩᠭᠡᠷᠡᠭᠰᠡᠨ ᠨᠢᠬᠡ ᠵᠢᠯ ᠳᠤ ᠨᠠᠷᠢᠨ ᠪᠤᠳᠤᠯᠢᠶᠠᠨᠳᠠᠢ ᠬᠤᠪᠢᠷᠠᠯᠳᠠ ᠶᠡᠬᠡᠳᠠᠢ ᠦᠬᠡᠷᠡᠴᠢᠯᠡᠯᠳᠡ ᠬᠦᠭᠵᠢᠯᠳᠡ ᠶᠢᠨ ᠡᠬᠦᠷᠬᠡ ᠳᠤ ᠬᠠᠨᠳᠤᠨ᠂ ᠪᠢᠳᠠ ᠬᠡᠷᠡᠭᠵᠢᠬᠦᠯᠦᠯᠳᠡ ᠪᠠᠨ ᠴᠢᠩᠭᠠᠳᠬᠠᠨ ᠡᠯ᠎ᠡ ᠲᠦᠷᠦᠯ ᠤᠨ ᠠᠵᠢᠯ ᠢ ᠪᠦᠬᠦ ᠶᠠᠪᠤᠴᠠ ᠳᠤ ᠠᠭᠤᠰᠬᠠᠨ᠂ ᠲᠡᠬᠡᠳᠦ ᠱᠠᠳᠤᠨ ᠤ ᠱᠠᠭᠠᠷᠳᠠᠯᠭ᠎ᠠ ᠪᠠ ᠬᠤᠰᠢᠭᠤ ᠨᠠᠮ ᠤᠨ ᠬᠤᠷᠢᠶᠠᠨ ᠤ ᠪᠠᠶᠢᠷᠢᠯᠠᠭᠤᠯᠤᠯᠳᠠ ᠶᠢ ᠦᠨᠳᠦᠰᠦᠯᠡᠨ᠂ ᠦᠨᠡᠨ ᠢ ᠪᠠᠷᠢᠮᠳᠠᠯᠠᠨ ᠪᠤᠳᠠᠳᠠᠢ ᠪᠠᠷ ᠠᠵᠢᠯᠯᠠᠵᠤ᠂ ᠴᠤᠴᠠᠯᠳᠠ ᠦᠬᠡᠢ ᠪᠠᠷ ᠰᠢᠮᠳᠠᠨ ᠬᠢᠵᠦ᠂ ᠴᠢᠷᠮᠠᠶᠢᠨ ᠠᠬᠢᠭᠤᠯᠤᠭᠰᠠᠨ ᠠᠴᠠ ᠠᠵᠤ ᠠᠬᠤᠢ ᠨᠡᠶᠢᠬᠡᠮ ᠤᠨ ᠡᠯ᠎ᠡ ᠲᠦᠷᠦᠯ ᠤᠨ ᠠᠵᠢᠯ ᠦᠢᠯᠡᠰ  ᠰᠢᠨ᠎ᠡ ᠲᠡᠭᠳᠡᠷ ᠲᠤ ᠭᠠᠷᠪᠠ᠃ ᠡᠨᠡ ᠪᠤᠯ ᠳᠡᠭᠡᠳᠦ ᠱᠠᠳᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠪᠠ ᠬᠤᠰᠢᠭᠤ ᠨᠠᠮ ᠤᠨ ᠬᠤᠷᠢᠶ᠎ᠠ ᠶᠢᠨ ᠵᠦᠪ ᠤᠨᠤᠪᠴᠢᠳᠠᠢ ᠤᠳᠤᠷᠢᠳᠤᠯᠭ᠎ᠠ ᠶᠢᠨ ᠦᠷ᠎ᠡ ᠳ᠋ᠦᠩ᠂ ᠮᠦᠨᠴᠣ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ᠂ ᠣᠯᠣᠰ ᠲᠦᠷᠦ ᠶᠢᠨ ᠵᠦᠪᠯᠡᠯᠭᠡᠨ ᠤ ᠪᠦᠬᠦ ᠬᠦᠴᠦ ᠪᠠᠷ ᠳᠡᠮᠵᠢᠯᠭᠡ ᠦᠵᠡᠭᠦᠯᠦᠭᠰᠡᠨ ᠤ ᠦᠷ᠎ᠡ ᠳ᠋ᠦᠩ ᠶᠣᠮ᠂ ᠮᠦᠨᠴᠤ ᠪᠦᠬᠦ ᠬᠤᠰᠢᠭᠤᠨ ᠤ ᠡᠯ᠎ᠡ ᠦᠨᠳᠦᠰᠦᠳᠡᠨ ᠤ ᠠᠷᠠᠳ ᠲᠦᠮᠡᠨ ᠬᠦᠴᠦ ᠪᠠᠨ ᠬᠠᠮᠳᠣᠳᠬᠠᠨ ᠪᠠᠬᠢᠯᠡᠯᠳᠡ ᠶᠢ ᠰᠢᠪᠳᠤᠯᠤᠨ᠂ ᠮᠡᠷᠡᠶᠢᠨ ᠴᠢᠷᠮᠠᠶᠢᠭᠰᠠᠨ ᠤ ᠦᠷ᠎ᠡ ᠳ᠋ᠦᠩ ᠪᠤᠯᠤᠨ᠎ᠠ᠃ ᠠᠳᠡ ᠪᠢ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠢ ᠲᠦᠯᠦᠭᠡᠯᠡᠨ᠂ ᠪᠦᠬᠦ ᠬᠤᠰᠢᠭᠤᠨ ᠤ ᠦᠷᠭᠡᠨ ᠣᠯᠠᠨ ᠺᠠᠳ᠋ᠷ ᠣᠯᠠᠨ ᠲᠦᠮᠡᠨ᠂ ᠡᠵᠡᠨ ᠬᠤᠷᠤᠭ᠎ᠠ ᠬᠤᠰᠢᠭᠤᠨ ᠤ ᠬᠦᠭᠵᠢᠯᠳᠡ ᠳᠤ ᠬᠠᠯᠠᠭᠤᠨ ᠳᠡᠮᠵᠢᠯᠭᠡ ᠦᠭᠭᠦᠭᠰᠡᠨ ᠨᠡᠶᠢᠬᠡᠮ ᠤᠨ ᠡᠯ᠎ᠡ ᠡᠳᠡᠭᠡᠳ ᠤᠨ ᠬᠢᠨ ᠳᠤ ᠴᠢᠩ ᠰᠡᠳᠬᠢᠯ ᠤᠨ ᠲᠠᠯᠠᠷᠬᠠᠯ ᠪᠠ ᠡᠷᠬᠢᠮ ᠳᠡᠭᠡᠳᠦ ᠬᠦᠨᠳᠦᠳᠭᠡᠯ ᠢᠶᠠᠨ ᠲᠡᠪᠰᠢᠬᠦᠯᠦᠶ᠎ᠡ︕      ᠪᠢᠳᠠ ᠬᠦᠭᠵᠢᠯᠳᠡ ᠶᠢᠨ ᠦᠷ᠎ᠡ ᠪᠦᠳᠦᠮᠵᠢ ᠪᠠᠨ ᠨᠤᠳᠠᠯᠬᠤ ᠮᠦᠷᠳᠡᠭᠡᠨ᠂ ᠨᠡᠩ ᠴᠢᠨᠠᠭᠰᠢ ᠲᠤᠯᠭᠠᠷᠠᠭᠰᠠᠨ ᠠᠰᠠᠭᠤᠳᠠᠯ ᠪᠤᠯᠤᠨ ᠦᠷᠢᠰᠦᠯᠳᠦᠭᠡᠨ ᠢᠶᠠᠨ ᠣᠯᠵᠣ ᠬᠠᠷᠠᠬᠤ ᠬᠡᠷᠡᠭᠳᠡᠢ᠃ ᠠᠵᠤ ᠠᠬᠤᠢ ᠶᠢᠨ ᠬᠦᠭᠵᠢᠯᠳᠡ ᠶᠢᠨ ᠴᠢᠨᠠᠷ ᠴᠢᠨᠰᠠᠭ᠎ᠠ ᠦᠷ᠎ᠡ ᠪᠦᠳᠦᠮᠵᠢ ᠰᠠᠶᠢᠨ ᠪᠤᠰᠤ᠂ ᠠᠵᠤ ᠦᠢᠯᠡᠰ ᠤᠨ ᠬᠡᠯᠬᠢᠶ᠎ᠡ ᠲᠤᠳᠠᠮᠠᠭ᠂ ᠱᠠᠳᠤᠴᠢ ᠴᠢᠨᠠᠷ ᠢᠶᠠᠷ ᠲᠤᠤᠷ᠎ᠠ ᠪᠠᠶᠢᠭ᠎ᠠ ᠪᠠᠶᠢᠳᠠᠯ ᠪᠠᠰᠠ ᠦᠨᠳᠦᠰᠦᠨ ᠠᠴᠠ ᠪᠠᠨ ᠦᠬᠡᠷᠡᠴᠢᠯᠡᠭᠳᠡᠭᠡ ᠦᠬᠡᠢ᠂ ᠬᠡᠯᠪᠡᠷᠢ ᠪᠠᠨ ᠬᠤᠪᠢᠷᠠᠭᠠᠨ ᠬᠦᠭᠵᠢᠬᠦᠯᠬᠦ᠂ ᠦᠨᠳᠦᠷ ᠴᠢᠨᠠᠷ ᠴᠢᠨᠰᠠᠭ᠎ᠠ ᠪᠦᠬᠦᠢ ᠬᠦᠭᠵᠢᠯᠳᠡ ᠪᠠᠰᠠ ᠡᠬᠦᠷᠬᠡ ᠬᠦᠨᠳᠦ ᠪᠠᠶᠢᠭᠰᠠᠭᠠᠷ︔ ᠠᠵᠤ ᠠᠬᠤᠶᠢᠯᠠᠯ ᠳᠤ ᠦᠢᠯᠡᠴᠢᠯᠡᠭᠡ ᠬᠦᠷᠦᠯᠴᠡᠬᠦ ᠦᠬᠡᠢ᠂ ᠬᠤᠳᠠᠯᠳᠤᠭᠠᠴᠢᠨ ᠤᠷᠢᠵᠦ ᠪᠡᠯᠡ ᠬᠤᠷᠠᠮᠳᠤᠭᠤᠯᠤᠨ ᠭᠡᠷ᠎ᠡ ᠲᠤᠭᠳᠠᠬᠤ ᠲᠦᠷᠦᠯ ᠵᠦᠢᠯ ᠢ ᠲᠠᠳᠠᠬᠤ ᠬᠦᠴᠦᠨ ᠪᠠᠭᠤᠷᠠᠢ᠂ ᠠᠵᠤ ᠦᠢᠯᠡᠰᠵᠢᠭᠰᠡᠨ ᠴᠢᠬᠤᠯᠠ ᠶᠡᠭᠡ ᠲᠦᠷᠦᠯ ᠵᠦᠢᠯ ᠤᠨ ᠨᠦᠬᠡᠴᠡᠯᠡᠯᠳᠡ ᠲᠤᠳᠠᠮᠠᠭ︔ ᠬᠤᠳᠠ ᠶᠢᠨ ᠴᠢᠨᠠᠷ ᠲᠡᠰ ᠢ ᠲᠠᠷᠤᠢ ᠲᠦᠷᠬᠡᠨ ᠲᠡᠭᠡᠭᠰᠢᠯᠠᠬᠦᠯᠵᠦ᠂ ᠠᠵᠤ ᠠᠬᠤᠢ ᠬᠤᠭᠤᠰᠤᠳᠠᠬᠤ᠂ ᠬᠦᠮᠦᠨ ᠠᠮᠠ ᠴᠦᠬᠡᠳᠡᠬᠦ ᠠᠰᠠᠭᠤᠳᠠᠯ ᠲᠤᠪᠤᠶᠢᠮ᠎ᠠ᠂ ᠠᠵᠤ ᠦᠢᠯᠡᠰ ᠤᠨ ᠬᠤᠳᠠ ᠶᠢᠨ ᠲᠤᠯᠭᠠᠭᠤᠷᠢᠯᠠᠬᠤ ᠬᠦᠴᠦᠨ ᠢᠶᠠᠷ ᠲᠤᠳᠠᠮᠠᠭ︔ ᠰᠤᠷᠭᠠᠨ ᠬᠦᠮᠦᠵᠢᠯ ᠤᠨ ᠵᠢᠭᠠᠨ ᠰᠤᠷᠭᠠᠯᠳᠠ᠂ ᠡᠮ ᠡᠮᠨᠡᠯᠬᠡ ᠡᠷᠡᠬᠦᠯ ᠬᠠᠮᠠᠭᠠᠯᠠᠯ ᠵᠡᠷᠬᠡ ᠨᠡᠶᠢᠳᠡ ᠶᠢᠨ ᠦᠢᠯᠡᠴᠢᠯᠡᠬᠡᠨ ᠤ ᠬᠢᠷᠢ ᠲᠦᠪᠰᠢᠨ ᠮᠠᠨ ᠤ ᠬᠤᠰᠢᠭᠤᠨ ᠤ ᠶᠡᠷᠦᠩᠬᠡᠶᠢᠯᠡᠭᠰᠡᠨ ᠪᠤᠳᠠᠳᠤ ᠬᠦᠴᠦᠨ ᠲᠠᠢ ᠲᠤᠬᠢᠷᠠᠯᠴᠠᠬᠤ ᠦᠬᠡᠢ᠂ ᠳ᠋ᠦᠩᠱᠧᠩ ᠪᠠ ᠬᠢᠶ᠎ᠠ ᠪᠠᠭᠰᠢ ᠲᠤᠭᠤᠷᠢᠭ ᠲᠠᠢ ᠨᠡᠯᠢᠶᠡᠳ ᠵᠦᠷᠢᠶ᠎ᠡ ᠲᠠᠢ︔ ᠬᠦᠳᠡᠭᠡ ᠲᠤᠰᠬᠤᠨ ᠮᠠᠯᠵᠢᠬᠤ ᠤᠷᠤᠨ ᠤ ᠬᠦᠭᠵᠢᠯᠳᠡ ᠬᠠᠷᠢᠴᠠᠩᠭᠤᠢ ᠪᠠᠷ ᠵᠤᠭᠰᠤᠩᠭᠤᠶᠢᠷᠠᠵᠤ᠂ ᠪᠤᠬᠢᠷᠳᠤᠯ ᠦᠬᠡᠢ ᠲᠠᠷᠢᠶᠠᠯᠠᠩ ᠤᠨ ᠪᠦᠳᠦᠬᠡᠭᠳᠡᠬᠦᠨ ︽ᠵᠠᠬ᠎ᠠ ᠲᠡᠯᠬᠡᠬᠦᠷ ᠦᠬᠡᠢ︾ ᠠᠰᠠᠭᠤᠳᠠᠯ ᠲᠤᠯᠭᠠᠷᠠᠵᠤ᠂ ᠮᠠᠯᠴᠢᠨ ᠲᠠᠷᠢᠶᠠᠴᠢᠨ ᠤ ᠤᠷᠤᠯᠭ᠎ᠠ ᠪᠠᠨ ᠨᠡᠮᠡᠭᠳᠡᠬᠦᠯᠬᠦ ᠳᠤ ᠬᠦᠴᠢᠷᠳᠠᠢ︔ ᠶᠠᠳᠠᠭᠤ ᠠᠴᠠ ᠠᠩᠭᠢᠵᠢᠷᠠᠭᠤᠯᠵᠤ ᠪᠤᠭᠤᠮᠳᠠ ᠰᠢᠪᠳᠤᠯᠬᠤ ᠠᠵᠢᠯ ᠤᠯᠠᠮ ᠪᠤᠳᠤᠯᠢᠶᠠᠨᠳᠠᠢ ᠪᠤᠯᠵᠤ᠂ ᠠᠵᠤ ᠦᠢᠯᠡᠰ ᠢᠶᠠᠷ ᠲᠡᠳᠬᠦᠬᠦ ᠦᠷ᠎ᠡ ᠪᠦᠳᠦᠮᠵᠢ ᠲᠤᠪᠤᠶᠢᠮ᠎ᠠ ᠪᠤᠰᠤ ᠪᠠᠶᠢᠬᠤ︔ ᠠᠭᠤᠷᠬᠠᠢ ᠶᠢᠨ ᠤᠷᠤᠨ ᠤ ᠲᠠᠯᠢᠮᠳᠠᠭᠤᠯᠤᠨ ᠲᠠᠷᠢᠵᠦ ᠤᠶᠢᠵᠢᠭᠤᠯᠬᠤ᠂ ᠲᠤᠷ᠎ᠠ ᠎ ᠪᠠᠷ ᠪᠠᠷᠢᠵᠦ ᠪᠠᠶᠢᠭᠤᠯᠬᠤ ᠠᠰᠠᠭᠤᠳᠠᠯ ᠲᠤᠪᠤᠶᠢᠮ᠎ᠠ ᠪᠠᠶᠢᠵᠤ᠂ ᠠᠭᠤᠷᠬᠠᠢ ᠪᠠ ᠤᠯᠠᠨ ᠲᠦᠮᠡᠨ ᠤ ᠵᠦᠷᠢᠴᠡᠯ ᠲᠠᠰᠤᠷᠠᠯᠳᠠ ᠦᠬᠡᠢ ᠰᠢᠷᠦᠬᠦᠰᠴᠦ ᠪᠠᠶᠢᠬᠤ︔ ᠠᠶᠤᠯᠬᠦᠢ ᠦᠢᠯᠡᠳᠪᠦᠷᠢᠯᠡᠯ ᠤᠨ ᠪᠠᠶᠢᠳᠠᠯ ᠶᠡᠷᠦᠩᠬᠡᠢ ᠳᠡᠭᠡᠨ ᠲᠤᠭᠳᠠᠭᠤᠨ ᠪᠠᠶᠢᠵᠤ᠂ ᠠᠵᠢᠯᠴᠢᠨ ᠠᠵᠢᠯᠳᠠᠨ ᠤ ᠦᠬᠦᠯ ᠰᠢᠷᠬᠠᠳᠤᠯ ᠬᠠᠶᠠ ᠡᠬᠦᠰᠴᠦ ᠪᠠᠶᠢᠬᠤ︔ ᠡᠳ᠋ ᠤᠨ ᠵᠠᠰᠠᠭ ᠤᠨ ᠤᠷᠤᠯᠭ᠎ᠠ ᠪᠠ ᠪᠠᠳᠣᠯᠠᠭ᠎ᠠ ᠲᠠᠢ ᠵᠠᠷᠤᠯᠭ᠎ᠠ ᠶᠢᠨ ᠵᠦᠷᠢᠴᠡᠯ ᠤᠯᠠᠮ ᠨᠢᠬᠡ ᠠᠯᠬᠤᠮ ᠲᠤᠪᠤᠶᠢᠵᠤ᠂ ᠠᠵᠤ ᠠᠬᠤᠶᠢᠯᠠᠯ ᠤᠨ ᠮᠦᠩᠭᠦᠨ ᠬᠦᠢᠯᠬᠡᠬᠡᠨ ᠤ ᠠᠶᠤᠯ ᠲᠦᠭᠰᠢᠬᠦᠷᠢ ᠶᠢᠨ ᠬᠤᠷᠠᠮᠳᠤᠯ᠂ ᠵᠠᠰᠠᠭ ᠤᠨ ᠤᠷᠳᠤᠨ ᠤ ᠦᠷᠢ ᠦᠭᠴᠡᠭᠡ ᠵᠦᠢ ᠶᠤᠰᠤᠨ  ᠎ ᠤ ᠬᠢᠷᠢ ᠲᠦᠪᠰᠢᠨ ᠠᠴᠠ ᠬᠡᠳᠦᠷᠡᠵᠦ᠂ ᠮᠦᠨᠴᠦ ᠠᠵᠤ ᠠᠬᠤᠶᠢᠯᠠᠯ ᠤᠨ ᠢᠨᠵᠧᠨᠧᠷᠢᠩ ᠤᠨ ᠵᠤᠭᠤᠰᠤᠨ ᠤ ᠬᠤᠭᠤᠷᠣᠨᠳᠤ ᠲᠠᠪᠬᠤᠷᠯᠠᠭᠳᠠᠬᠤ︔ ᠠᠵᠤ ᠠᠬᠤᠢ ᠶᠢᠨ ᠲᠤᠭ᠎ᠠ ᠪᠠᠷᠢᠮᠳᠠ ᠵᠦᠪ ᠪᠤᠰᠤ᠂ ᠰᠤᠷᠳᠠᠯ ᠤᠨ ᠬᠤᠪᠢᠷᠠᠯᠳᠠ ᠨᠢ ᠱᠠᠭᠠᠷᠳᠠᠯᠭ᠎ᠠ ᠳᠤ ᠬᠦᠷᠬᠦ ᠦᠬᠡᠢ ᠪᠠ ᠺᠠᠳ᠋ᠷ ᠠᠵᠢᠯᠳᠠᠨ ᠦᠵᠡᠯ ᠰᠠᠨᠠᠭ᠎ᠠ ᠪᠠᠨ ᠴᠢᠯᠦᠬᠡᠯᠡᠬᠦ ᠦᠬᠡᠢ᠂ ᠵᠤᠷᠢᠭᠳᠠᠢ ᠡᠬᠦᠷᠬᠡᠯᠡᠬᠦ ᠦᠬᠡᠢ᠂ ᠬᠠᠷᠢᠭᠤᠴᠠᠯᠭ᠎ᠠ ᠶᠢᠨ ᠠᠯᠳᠠᠭ᠎ᠠ ᠭᠠᠷᠭᠠᠬᠤ ᠵᠡᠷᠬᠡ ᠪᠠᠶᠢᠳᠠᠯ ᠠᠳᠠᠯᠢ ᠪᠤᠰᠤ ᠬᠡᠮᠵᠢᠶ᠎ᠡ ᠪᠠᠷ ᠤᠷᠤᠰᠢᠵᠤ ᠪᠠᠶᠢᠭ᠎ᠠ ᠵᠡᠷᠬᠡ ᠡᠳᠡᠬᠡᠷ ᠠᠰᠠᠭᠤᠳᠠᠯ ᠳᠤ ᠴᠢᠭᠯᠡᠬᠦᠯᠦᠨ᠂ ᠪᠢᠳᠠ ᠬᠤᠵᠢᠮ ᠤᠨ ᠠᠵᠢᠯ ᠤᠨ ᠳᠤᠮᠳᠠ ᠪᠠᠨ ᠵᠤᠬᠢᠰᠳᠠᠢ ᠠᠷᠭ᠎ᠠ ᠬᠡᠮᠵᠢᠶ᠎ᠡ ᠠᠪᠴᠤ ᠰᠢᠢᠳᠪᠦᠷᠢᠯᠡᠨ᠎ᠡ᠃      ᠬᠤᠶᠠᠷ᠂ 2018 ᠣᠨ ᠤ ᠠᠵᠢᠯ ᠤᠨ ᠲᠤᠬᠢᠷᠠᠭᠤᠯᠤᠯᠳᠠ      2018ᠣᠨ ᠪᠣᠯ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠨᠠᠶᠢᠳᠠᠪᠦᠷᠢᠵᠢᠭᠤᠯᠤᠨ ᠲᠤᠤᠱᠯᠠᠭᠤᠯᠬᠤ ᠡᠬᠢᠯᠡᠯᠳᠡ ᠶᠢᠨ ᠵᠢᠯ᠂ ᠮᠦᠨᠴᠤ ᠦᠭᠡᠷᠡᠴᠢᠯᠡᠯᠳᠡ ᠨᠡᠭᠡᠭᠡᠯᠳᠡ ᠬᠢᠭᠰᠡᠨ40 ᠵᠢᠯ᠂ ᠪᠠᠰᠠᠴᠤ ᠴᠢᠨᠡᠭᠡᠯᠢᠭ ᠨᠡᠶᠢᠬᠡᠮ ᠢ ᠪᠦᠬᠦ ᠲᠠᠯ᠎ᠠ ᠪᠠᠷ ᠪᠡᠶᠡᠯᠡᠬᠦᠯᠬᠦ ᠰᠢᠢᠳᠪᠦᠷᠢᠳᠤ ᠢᠯᠠᠯᠳᠠ ᠣᠯᠬᠤ᠂ ︽ᠠᠷᠪᠠᠨ ᠭᠤᠷᠪᠠᠳᠤᠭᠠᠷ ᠲᠠᠪᠤᠨ ᠵᠢᠯ︾᠎ ᠤᠨ ᠲᠦᠯᠦᠪᠵᠢᠬᠦᠯᠬᠡ ᠶᠢ ᠵᠠᠯᠭᠠᠭᠤᠯᠬᠤ ᠵᠠᠩᠬᠢᠯᠠᠭ᠎ᠠ ᠶᠢᠨ ᠵᠢᠯ ᠪᠤᠯᠤᠨ᠎ᠠ᠃ ᠨᠠᠮ ᠤᠨ ᠬᠤᠷᠢᠶᠠᠨ ᠤ ᠠᠷᠪᠠᠨ ᠲᠠᠪᠤᠳᠤᠭᠠᠷ ᠬᠤᠭᠤᠴᠠᠭᠠᠨ ᠤ ᠲᠠᠪᠤᠳᠤᠭᠠᠷ ᠤᠳᠠᠭᠠᠨ ᠤ ᠪᠥᠬᠦᠳᠡ ᠬᠤᠷᠠᠯ ᠵᠢᠴᠢ ᠪᠦᠬᠦ ᠬᠤᠰᠢᠭᠤᠨ ᠤ ᠠᠵᠤ ᠠᠬᠤᠢ ᠶᠢᠨ ᠠᠵᠢᠯ ᠤᠨ ᠬᠤᠷᠠᠯ ᠤᠨ ᠵᠣᠷᠢᠭ ᠰᠠᠨᠠᠭ᠎ᠠ ᠶᠢ ᠦᠨᠳᠦᠰᠦᠯᠡᠵᠤ᠂ ᠵᠠᠰᠠᠭ ᠤᠨ ᠣᠷᠳᠤᠨ ᠤ ᠥᠨᠦ ᠵᠢᠯ ᠤᠨ ᠠᠵᠢᠯ ᠤᠨ ᠰᠡᠳᠬᠢᠴᠡ ᠪᠣᠯ᠄ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠲᠤᠮᠳᠠᠳᠤ ᠤᠯᠤᠰ ᠤᠨ ᠤᠨᠴᠠᠯᠢᠭᠳᠤ ᠨᠡᠶᠢᠬᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠠᠨ ᠪᠣᠯᠭᠠᠬᠤ ᠶᠢ ᠴᠢᠩᠭ᠎ᠠ ᠪᠠᠷᠢᠮᠳᠠᠯᠠᠨ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠣᠷᠢᠭ ᠰᠠᠨᠠᠭ᠎ᠠ ᠪᠠ ᠲᠥᠪ ᠤᠨ ᠠᠵᠤ ᠠᠬᠤᠢ ᠶᠢᠨ ᠠᠵᠢᠯ ᠤᠨ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠵᠤ᠂ ᠰᠢ ᠶᠢᠨ ᠫᠢᠡᠭ  ᠶᠡᠷᠦᠩᠬᠡᠢ ᠱᠦᠵᠢ ᠶᠢᠨ  ᠦᠪᠦᠷ ᠮᠣᠩᠭᠤᠯ ᠎ ᠳᠤ ᠪᠠᠶᠢᠴᠠᠭᠠᠯᠲᠠ ᠬᠢᠬᠦ ᠦᠶ᠎ᠡ ᠶᠢᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ  ᠬᠦᠨᠵᠡᠬᠡᠢ  ᠲᠣᠤᠱᠯᠠᠭᠤᠯᠵᠦ᠂ ᠲᠥᠪ ᠂ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ  ᠪᠠ  ᠬᠤᠲᠠ ᠶᠢᠨ ᠨᠠᠮ ᠤᠨ ᠬᠤᠷᠢᠶ᠎ᠠ᠂ ᠬᠤᠰᠢᠭᠤᠨ ᠤ ᠨᠠᠮ ᠤᠨ ᠬᠤᠷᠢᠶᠠᠨ ᠤ ᠡᠯ᠎ᠡ ᠵᠦᠢᠯ ᠤᠨ ᠰᠢᠢᠳᠪᠦᠷᠢ ᠪᠠᠶᠢᠷᠢᠯᠠᠭᠤᠯᠤᠯᠲᠠ  ᠶᠢ ᠪᠦᠬᠦ ᠲᠠᠯ᠎ᠠ ᠪᠠᠷ ᠨᠠᠶᠢᠳᠠᠪᠦᠷᠢᠵᠢᠭᠤᠯᠤᠨ᠂ ᠲᠣᠭᠳᠠᠭᠤᠨ ᠢᠶᠠᠷ ᠤᠷᠤᠭᠰᠢᠯᠠᠬᠤ ᠠᠵᠢᠯ ᠤᠨ ᠶᠡᠷᠦᠩᠬᠡᠢ ᠬᠥᠭ ᠎ ᠢ ᠪᠠᠷᠢᠮᠳᠠᠯᠠᠨ᠂ ᠬᠦᠭᠵᠢᠯᠳᠡ ᠶᠢᠨ ᠰᠢᠨ᠎ᠡ ᠦᠵᠡᠯᠳᠡ ᠲᠠᠨᠢᠯᠳᠡ ᠶᠢ ᠪᠠᠷᠢᠮᠳᠠᠯᠠᠵᠤ᠂ ᠦᠨᠳᠦᠷ ᠴᠢᠨᠠᠷ ᠴᠢᠨᠰᠠᠭ᠎ᠠ ᠲᠠᠢ  ᠬᠦᠭᠵᠢᠬᠦᠯᠬᠦ ᠱᠠᠭᠠᠷᠳᠠᠯᠭ᠎ᠠ ᠪᠠᠷ᠂ ︽ᠲᠠᠪᠤ ᠶᠢ ᠨᠢᠭᠡ ᠴᠣᠭᠴᠠᠵᠢᠭᠤᠯᠬᠤ︾ ᠶᠡᠷᠦᠩᠬᠡᠢ  ᠪᠠᠶᠢᠷᠢᠯᠠᠭᠤᠯᠤᠯᠲᠠ ᠪᠠ ︽ᠲᠦᠷᠪᠡᠨ ᠪᠦᠬᠦ ᠲᠠᠯ᠎ᠠ︾ ᠎ ᠶᠢᠨ ᠪᠠᠶᠢᠯᠳᠤᠬᠤ ᠪᠣᠳᠣᠯᠭ᠎ᠠ ᠶᠢᠨ ᠲᠣᠬᠢᠷᠠᠭᠤᠯᠤᠯᠳᠠ ᠶᠢ ᠲᠦᠯᠬᠢᠨ ᠠᠬᠢᠭᠤᠯᠵᠦ᠂ ᠬᠥᠨᠳᠤ ᠴᠢᠬᠤᠯᠠ ᠠᠶᠤᠯ ᠲᠦᠭᠰᠢᠬᠦᠷᠢ ᠶᠢ ᠰᠡᠷᠬᠡᠶᠢᠯᠡᠨ‌ᠡᠶᠡᠳᠡᠬᠦᠯᠬᠦ᠂ ᠣᠨᠢᠨ ᠲᠡᠭᠡᠷ᠎ᠡ ᠨᠢ ᠶᠠᠳᠠᠭᠤ ᠶᠢ ᠲᠡᠳᠬᠦᠬᠦ ᠪᠣᠯᠣᠨ ᠪᠣᠬᠢᠷᠳᠤᠯ ᠢ ᠰᠡᠷᠭᠡᠶᠢᠯᠡᠨ ᠵᠠᠰᠠᠬᠤ ᠪᠠᠬᠢᠯᠡᠯᠳᠡ ᠶᠢᠨ ᠲᠠᠶᠢᠨ ᠢ ᠰᠠᠶᠢᠳᠤᠷ ᠬᠢᠵᠤ᠂  ᠬᠦᠭᠵᠢᠯᠲᠡ᠂ ᠠᠷᠠᠳ ᠤᠨ ᠠᠮᠢᠳᠤᠷᠠᠯ᠂ ᠠᠮᠢ ᠠᠬᠤᠢ  ᠵᠡᠷᠭᠡ ᠭᠤᠷᠪᠠᠨ ᠦᠨᠳᠦᠰᠦᠨ ᠱᠠᠭᠠᠷᠳᠠᠯᠭ᠎ᠠ ᠶᠢ ᠪᠠᠲᠤ ᠰᠠᠬᠢᠬᠤ ᠶᠢ ᠪᠠᠷᠢᠮᠳᠠᠯᠠᠨ᠂ ᠲᠤᠭᠳᠠᠭᠤᠨ ᠢᠶᠠᠷ ᠨᠡᠮᠡᠭᠳᠡᠬᠦᠯᠬᠦ᠂ ᠦᠬᠡᠷᠡᠴᠢᠯᠡᠯᠳᠡ ᠶᠢ ᠠᠬᠢᠭᠤᠯᠬᠤ᠂ ᠪᠦᠳᠦᠴᠡ ᠶᠢ ᠲᠤᠬᠢᠷᠠᠭᠤᠯᠬᠤ᠂ ᠠᠷᠠᠳ ᠤᠨ ᠠᠮᠢᠳᠤᠷᠠᠯ ᠢ ᠬᠠᠷᠠᠭᠠᠯᠵᠠᠬᠤ᠂ ᠲᠦᠭᠰᠢᠬᠦᠷᠢ ᠶᠢ ᠰᠡᠷᠬᠡᠶᠢᠯᠡᠬᠦ ᠵᠡᠷᠭᠡ ᠡᠯ᠎ᠡ ᠵᠦᠢᠯ ᠤᠨ ᠠᠵᠢᠯ ᠢ ᠨᠢᠭᠡᠳᠦᠯᠳᠡᠢ ᠲᠦᠯᠦᠪᠯᠡᠵᠤ᠂ ᠪᠦᠬᠦ ᠬᠤᠰᠢᠭᠤᠨ ᠤ ᠠᠵᠤ ᠠᠬᠤᠢ ᠨᠡᠶᠢᠬᠡᠮ ᠤᠨ ᠦᠷᠬᠦᠯᠵᠢᠯᠡᠨ ᠡᠷᠡᠬᠦᠯ ᠢᠶᠠᠷ ᠬᠦᠭᠵᠢᠬᠦ ᠶᠢ ᠪᠠᠳᠤᠯᠠᠨ᠎ᠠ᠃      2018 ᠣᠨ ᠤ ᠵᠢᠯᠤᠭᠤᠳᠤᠮᠵᠢ ᠶᠢᠨ ᠴᠢᠨᠠᠷᠳᠠᠢ ᠬᠠᠷᠠᠯᠳᠡ ᠪᠣᠯ᠄      ᠦᠷ᠎ᠡ ᠠᠰᠢᠭ ᠢ ᠲᠤᠪᠤᠶᠢᠯᠠᠭᠠᠨ᠂ ᠦᠨᠳᠦᠷ ᠴᠢᠨᠠᠷ ᠴᠢᠨᠰᠠᠭ᠎ᠠ ᠲᠠᠢ ᠬᠦᠭᠵᠢᠬᠦᠯᠬᠦ ᠦᠷᠢᠰᠦᠯᠳᠦᠬᠦ ᠲᠠᠪᠠᠭᠤᠯᠢᠭ ᠢ ᠪᠦᠷᠢᠯᠳᠦᠬᠦᠯᠦᠨ᠎ᠡ᠃ ᠬᠠᠩᠭᠠᠯᠭ᠎ᠠ ᠶᠢᠨ ᠲᠠᠯ᠎ᠠ ᠶᠢᠨ ᠪᠦᠳᠦᠴᠡ ᠶᠢᠨ ᠴᠢᠨᠠᠷᠳᠠᠢ ᠦᠭᠡᠷᠡᠴᠢᠯᠡᠯᠳᠡ ᠶᠢ ᠬᠦᠨᠵᠡᠭᠡᠶᠢᠷᠡᠬᠦᠯᠵᠤ᠂ ᠪᠤᠬᠢᠷᠳᠣᠯ ᠦᠬᠡᠢ ᠨᠡᠬᠦᠷᠡᠰᠤ᠂ ᠨᠠᠬᠦᠷᠡᠰᠤ ᠶᠢ ᠬᠤᠪᠢᠷᠠᠭᠤᠯᠤᠨ ᠴᠠᠬᠢᠯᠭᠠᠨ ᠪᠤᠯᠭᠠᠬᠤ᠂ ᠤᠳᠤᠬᠢᠴᠢᠯᠠᠭᠰᠠᠨ ᠨᠡᠬᠦᠷᠡᠰᠤ ᠬᠢᠮᠢ ᠶᠢᠨ ᠠᠵᠤ ᠦᠢᠯᠡᠳᠪᠦᠷᠢ ᠵᠡᠷᠭᠡ  ᠲᠠᠪᠠᠭᠤᠯᠢᠭ ᠦᠪᠡᠷᠮᠢᠴᠡ ᠤᠨᠴᠠᠯᠢᠭᠳᠤ ᠠᠵᠤ ᠦᠢᠯᠡᠰ ᠎ ᠤᠨ ᠲᠡᠭᠡᠳᠤ ᠲᠡᠰ ᠲᠠᠪᠬᠤᠷᠭᠠᠨ ᠤ ᠥᠷᠳᠡᠭ ᠤᠨ ᠬᠢᠯᠬᠢᠶᠡᠵᠢᠯ ᠵᠦᠭ ᠲᠠᠪᠰᠢᠬᠤ ᠶᠢ ᠠᠬᠢᠭᠤᠯᠵᠦ᠂ ᠲᠡᠭᠡᠳᠤ ᠰᠢᠨ᠎ᠡ ᠮᠡᠷᠭᠡᠵᠢᠯ ᠂ ᠵᠢᠭᠤᠯᠴᠢᠯᠠᠯ ᠤᠨ ᠰᠤᠶᠤᠯ᠂ ᠤᠳᠤᠬᠢᠴᠢᠯᠠᠭᠰᠠᠨ ᠪᠠᠷᠠᠭᠠᠨ ᠤ ᠬᠦᠢᠯᠭᠡᠭᠡ ᠵᠡᠷᠭᠡ ᠰᠢᠨ᠎ᠡ ᠪᠠᠷ ᠡᠰᠨᠢᠨ ᠮᠠᠨᠳᠤᠭᠰᠠᠨ ᠠᠵᠤ ᠠᠬᠤᠶᠢᠯᠠᠯ ᠢ ᠪᠤᠶᠢᠵᠢᠭᠤᠯᠤᠨ ᠪᠤᠵᠠᠭᠠᠶᠢᠷᠠᠭᠤᠯᠵᠦ᠂ ᠤᠳᠤᠬᠢᠴᠢᠯᠠᠭᠰᠠᠨ ᠲᠠᠷᠢᠶᠠᠯᠠᠩ ᠮᠠᠯ ᠠᠵᠤ ᠠᠬᠤᠢ ᠶᠢᠨ ᠦᠢᠯᠡᠰ ᠢ ᠤᠯᠠᠮ ᠨᠠᠷᠢᠯᠢᠭ ᠮᠦᠷᠳᠡᠭᠡᠨ ᠪᠤᠬᠢᠷᠳᠤᠯ ᠦᠬᠡᠢ ᠪᠤᠯᠭᠠᠵᠤ᠂ ᠴᠢᠨᠠᠷ ᠴᠢᠨᠰᠠᠭ᠎ᠠ ᠪᠠ ᠦᠷ᠎ᠡ ᠠᠰᠢᠭ  ᠢ ᠲᠡᠷᠢᠬᠦᠨ ᠪᠠᠶᠢᠷᠢᠨ ᠳᠤ ᠲᠠᠯᠪᠢᠬᠤ ᠰᠠᠭᠤᠷᠢᠨ ᠲᠡᠭᠡᠷ᠎ᠡ᠂ ᠭᠠᠵᠠᠷ ᠤᠷᠤᠨ ᠤ ᠦᠢᠯᠡᠳᠪᠦᠷᠢᠯᠡᠯ ᠤᠨ ᠶᠡᠷᠦᠩᠬᠡᠢ ᠥᠷᠳᠡᠭ ᠢ 6.5%᠎ ᠪᠠᠷ ᠨᠡᠮᠡᠭᠳᠡᠬᠦᠯᠵᠦ᠂ ᠡᠩ ᠤᠨ ᠣᠯᠠᠨ ᠨᠡᠶᠢᠳᠠ ᠶᠢᠨ ᠲᠦᠰᠦᠪ ᠤᠨ ᠤᠷᠣᠯᠭ᠎ᠠ ᠶᠢ 2 %᠎ ᠢᠶᠠᠷ ᠨᠡᠮᠡᠭᠳᠡᠬᠦᠯᠦᠨ᠂ ᠲᠤᠭᠳᠠᠮᠠᠯ ᠬᠦᠷᠦᠩᠬᠡ ᠶᠢᠨ ᠪᠡᠯᠡ ᠤᠷᠤᠭᠤᠯᠤᠯᠳᠠ ᠶᠢ 2%᠎ ᠎ ᠢᠶᠠᠷ ᠨᠡᠮᠡᠭᠳᠡᠬᠦᠯᠵᠦ᠂ ᠨᠡᠩ ᠦᠨᠳᠦᠷ ᠴᠢᠨᠠᠷ ᠴᠢᠨᠰᠠᠭ᠎ᠠ ᠲᠠᠢ᠂ ᠦᠷ᠎ᠡ  ᠠᠰᠢᠭ ᠲᠠᠢ᠂ ᠲᠠᠭᠠᠭᠠᠮᠠᠭᠠᠢ ᠬᠦᠭᠵᠢᠯᠳᠡ ᠲᠠᠢ ᠰᠢᠨ᠎ᠡ ᠴᠠᠭ ᠦᠶ᠎ᠡ ᠶᠢᠨ ᠪᠤᠳᠠᠳᠤ ᠴᠤᠬᠴᠠᠳᠤ ᠠᠵᠤ ᠠᠬᠤᠢ ᠶᠢᠨ ᠰᠢᠨ᠎ᠡ ᠲᠠᠪᠠᠭᠤᠯᠢᠭ ᠢ ᠪᠦᠷᠢᠯᠳᠦᠬᠦᠯᠦᠨ᠎ᠡ᠃      ᠠᠰᠠᠭᠤᠳᠠᠯ ᠢ ᠲᠣᠪᠣᠶᠢᠯᠠᠭᠠᠨ᠂ ᠦᠨᠳᠦᠷ ᠴᠢᠨᠠᠷ ᠴᠢᠨᠰᠠᠭ᠎ᠠ ᠲᠠᠢ ᠬᠦᠭᠵᠢᠬᠦᠯᠬᠦ ᠲᠦᠭᠰᠢᠬᠦᠷᠢ ᠪᠠ ᠳᠠᠯᠳᠠ ᠬᠡᠮ ᠢ ᠰᠢᠢᠳᠪᠦᠷᠢᠯᠡᠨ᠎ᠡ᠃ ᠵᠤᠷᠢᠭᠳᠠᠢ ᠡᠬᠦᠷᠭᠡᠯᠡᠨ᠂ ᠵᠤᠷᠢᠴᠡᠯ ᠳᠤ ᠵᠥᠪ ᠢᠶᠠᠷ ᠬᠠᠨᠳᠤᠨ᠂ ᠲᠦᠪᠯᠡᠷᠡᠩᠬᠦᠢ ᠪᠠᠬᠢᠯᠡᠯᠳᠡ ᠬᠢᠵᠤ᠂ ᠬᠦᠨᠳᠤ ᠴᠢᠬᠤᠯᠠ ᠠᠶᠤᠯ ᠲᠦᠭᠰᠢᠬᠦᠷᠢ ᠶᠢ ᠰᠡᠷᠭᠡᠶᠢᠯᠡᠬᠦ᠂ ᠤᠨᠢᠨ ᠲᠡᠭᠡᠷ᠎ᠡ ᠎ ᠨᠢ ᠶᠠᠳᠠᠭᠤ ᠶᠢ ᠲᠡᠳᠬᠦᠬᠦ ᠪᠤᠯᠤᠨ ᠪᠤᠬᠢᠷᠳᠤᠯ ᠢ ᠰᠡᠷᠭᠡᠶᠢᠯᠡᠨ ᠵᠠᠰᠠᠬᠤ ᠭᠤᠷᠪᠠᠨ ᠶᠡᠭᠡ ᠪᠠᠬᠢᠯᠡᠯᠳᠡ ᠶᠢᠨ ᠲᠠᠶᠢᠨ ᠢ ᠬᠤᠵᠢᠮ ᠤᠨ 3 ᠵᠢᠯ ᠤᠨ ᠲᠤᠳᠤᠷᠠᠬᠢ ᠡᠯ᠎ᠡ ᠵᠦᠢᠯ ᠤᠨ ᠠᠵᠢᠯ  ᠤᠨ ᠭᠤᠤᠯᠳᠠᠯᠭ᠎ᠠ ᠪᠤᠯᠭᠠᠵᠤ᠂ ᠭᠡᠷ ᠬᠦᠷᠦᠩᠬᠡ ᠶᠢᠨ ᠬᠦᠷᠢᠶ᠎ᠡ ᠴᠠᠷᠠᠭᠠᠨ ᠳᠤ ᠦᠯᠡᠳᠡᠭᠳᠡᠭᠰᠡᠨ ᠠᠰᠠᠭᠤᠳᠠᠯ  ᠢ ᠵᠤᠬᠢᠰᠳᠡᠢ ᠰᠢᠢᠳᠪᠦᠷᠢᠯᠡᠵᠤ᠂ ᠠᠶᠦᠯᠬᠦᠢ ᠦᠢᠯᠡᠳᠪᠦᠷᠢᠯᠡᠯ  ᠪᠠ ᠨᠡᠶᠢᠬᠡᠮ ᠤᠨ ᠲᠤᠭᠳᠠᠭᠤᠨ ᠢ ᠪᠠᠳᠤᠯᠠᠬᠤ ᠠᠵᠢᠯ ᠢ ᠪᠦᠬᠦ ᠬᠦᠴᠦᠨ ᠢᠶᠠᠷ ᠴᠢᠩᠭ᠎ᠠ ᠠᠳᠬᠤᠵᠦ᠂ ᠦᠨᠳᠦᠷ ᠴᠢᠨᠠᠷ ᠴᠢᠨᠰᠠᠭ᠎ᠠ ᠲᠠᠢ ᠬᠦᠭᠵᠢᠯᠳᠡ ᠳᠤ ᠣᠬᠢ ᠰᠠᠶᠢᠨ ᠣᠷᠴᠢᠨ‌ᠠᠬᠤᠢ ᠶᠢ ᠪᠦᠷᠢᠯᠳᠦᠬᠦᠯᠦᠨ᠎ᠡ᠃      ᠠᠷᠠᠳ ᠤᠨ ᠠᠮᠢᠳᠤᠷᠠᠯ ᠢ ᠬᠠᠷᠠᠭᠠᠯᠵᠠᠬᠤ ᠶᠢ ᠲᠤᠪᠤᠶᠢᠯᠠᠭᠠᠨ᠂ ᠦᠨᠳᠦᠷ ᠴᠢᠨᠠᠷ ᠴᠢᠨᠰᠠᠭ᠎ᠠ ᠲᠠᠢ ᠬᠦᠭᠵᠢᠬᠦᠯᠬᠦ  ᠵᠣᠯ ᠵᠢᠷᠭᠠᠯᠳᠤ ᠬᠠᠭᠤᠳᠠᠰᠤ ᠶᠢ ᠪᠢᠴᠢᠭᠯᠡᠨ᠎ᠡ ᠃ ᠴᠢᠳᠠᠯ ᠤᠨ ᠬᠢᠷᠢ ᠪᠠᠷ ᠬᠢᠬᠦ ᠶᠢ ᠪᠠᠷᠢᠮᠳᠠᠯᠠᠵᠤ᠂ ᠤᠯᠠᠨ ᠲᠦᠮᠡᠨ  ᠰᠡᠳᠬᠢᠯ ᠲᠠᠯᠪᠢᠵᠦ ᠪᠠᠶᠢᠬᠤ ᠵᠦᠢᠯ ᠪᠠ ᠭᠠᠵᠠᠷ ᠤᠷᠣᠨ ᠤ ᠪᠤᠳᠠᠳᠤ ᠪᠠᠶᠢᠳᠠᠯ ᠤᠨ ᠲᠤᠭᠤᠷᠢᠨ ᠳᠤ᠂ ᠰᠤᠷᠭᠠᠨ ᠬᠦᠮᠦᠵᠢᠯ ᠵᠢᠭᠠᠨ ᠰᠤᠷᠭᠠᠯᠳᠠ ᠪᠤᠯᠤᠨ ᠡᠮ ᠡᠮᠨᠡᠯᠭᠡ ᠶᠢᠨ ᠦᠢᠯᠡᠴᠢᠯᠡᠭᠡᠨ ᠤ ᠬᠢᠷᠢ ᠲᠦᠪᠰᠢᠨ ᠢ ᠲᠡᠭᠡᠭᠰᠢᠯᠡᠬᠦᠯᠬᠦ᠂ ᠠᠵᠢᠯ ᠤᠯᠭᠤᠯᠳᠠ ᠂ ᠤᠷᠣᠯᠭ᠎ᠠ ᠶᠢ ᠨᠡᠮᠡᠭᠳᠡᠬᠦᠯᠬᠦ ᠪᠤᠯᠣᠨ ᠰᠤᠶᠤᠯ ᠤᠨ ᠦᠢᠯᠡᠴᠢᠯᠡᠭᠡᠨ ᠤ ᠬᠢᠷᠢ ᠲᠦᠪᠰᠢᠨ ᠢ ᠲᠡᠭᠡᠭᠰᠢᠯᠡᠬᠦᠯᠬᠦ ᠶᠢ ᠨᠡᠩ ᠴᠢᠬᠤᠯᠠᠴᠢᠯᠠᠵᠤ᠂ ᠴᠢᠭᠯᠡᠯᠳᠦ ᠲᠠᠢ ᠪᠠᠷ ᠠᠷᠠᠳ ᠤᠨ ᠠᠮᠢᠳᠤᠷᠠᠯ ᠢ ᠬᠠᠷᠠᠭᠠᠯᠵᠠᠬᠤ 8 ᠲᠠᠯ᠎ᠠ ᠶᠢᠨ ᠪᠤᠳᠠᠳᠤ ᠤᠴᠢᠷ ᠢ ᠰᠠᠶᠢᠳᠤᠷ ᠬᠢᠵᠦ᠂ ᠬᠤᠳᠠ ᠪᠠᠯᠭᠠᠰᠤ ᠶᠢᠨ ᠠᠵᠢᠯ ᠠᠯᠳᠠᠭᠰᠠᠨᠳ ᠤᠨ ᠨᠤᠷᠮ᠎ᠠ ᠶᠢ  2.7%᠎  ᠎ ᠶᠢᠨ ᠲᠤᠳᠤᠷ᠎ᠠ ᠬᠢᠵᠠᠭᠠᠷᠯᠠᠵᠤ᠂ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠲᠣᠬᠢᠷᠠᠭᠤᠯᠵᠤ ᠪᠤᠯᠬᠤ ᠣᠷᠣᠯᠭ᠎ᠠ ᠎ ᠶᠢ ᠲᠤᠰᠪᠦᠷᠢ 7.5 %᠎  ᠪᠤᠯᠤᠨ 8 %᠎ ᠎ ᠪᠠᠷ  ᠨᠡᠮᠡᠭᠳᠡᠬᠦᠯᠵᠦ᠂ ᠡᠯ᠎ᠡ ᠦᠨᠳᠦᠰᠦᠳᠡᠨ ᠤ ᠠᠷᠠᠳ ᠲᠦᠮᠡᠨ ᠳᠤ ᠨᠡᠩ ᠤᠯᠤᠯᠳᠠ ᠲᠠᠢ᠂ ᠵᠣᠯ ᠵᠢᠷᠭᠠᠯ ᠲᠠᠢ᠂ ᠠᠮᠤᠷ ᠲᠦᠪᠰᠢᠨ‌‍ᠲ᠋ᠦ᠋ᠷᠦᠭᠳᠡᠯ ᠤᠯᠭᠤᠨ᠎ᠠ᠃      ᠦᠢᠯᠡᠴᠢᠯᠡᠭᠡ ᠪᠠᠨ ᠲᠤᠪᠤᠶᠢᠯᠠᠭᠠᠨ᠂ ᠦᠨᠳᠦᠷ ᠴᠢᠨᠠᠷ ᠴᠢᠨᠰᠠᠭ᠎ᠠ ᠲᠠᠢ ᠬᠦᠭᠵᠢᠬᠦᠯᠬᠦ ᠰᠢᠨ᠎ᠡ ᠣᠷᠴᠢᠨ ᠲᠤᠭᠤᠷᠢᠨ ᠢ ᠪᠦᠷᠢᠯᠳᠦᠬᠦᠯᠦᠨ᠎ᠡ᠃ ︽ᠠᠵᠤ ᠠᠬᠤᠶᠢᠯᠠᠯᠳᠠᠨ ᠡᠷᠡᠬᠦᠯ ᠢᠶᠠᠷ ᠦᠰᠦᠨ ᠪᠤᠶᠢᠵᠢᠬᠤ ᠣᠷᠴᠢᠨ ᠲᠤᠭᠤᠷᠢᠨ ᠢ ᠪᠦᠷᠢᠯᠳᠦᠬᠦᠯᠵᠤ ᠰᠢᠯᠢᠳᠡᠭ ᠠᠵᠤ ᠠᠬᠤᠶᠢᠯᠠᠯᠳᠠᠨ ᠤ ᠵᠣᠷᠢᠭ ᠰᠠᠨᠠᠭ᠎ᠠ ᠎ ᠪᠠᠨ ᠭᠠᠷᠭᠠᠨ ᠠᠵᠤ ᠠᠬᠤᠶᠢᠯᠠᠯᠳᠠᠨ ᠤ ᠦᠢᠯᠡᠳᠦᠯ ᠢᠶᠠᠨ ᠬᠦᠢᠴᠡᠳ ᠪᠠᠳᠠᠷᠠᠭᠤᠯᠬᠤ ᠲᠤᠬᠠᠢ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠥᠪ ᠬᠤᠷᠢᠶ᠎ᠠ᠂ ᠲᠥᠷᠦ ᠶᠢᠨ ᠶᠠᠪᠤᠳᠠᠯ ᠤᠨ ᠬᠤᠷᠢᠶ᠎ᠠ ᠶᠢᠨ ᠰᠠᠨᠠᠯ︾᠎ ᠢ ᠬᠦᠨᠵᠡᠬᠡᠢ ᠨᠠᠶᠢᠳᠠᠪᠦᠷᠢᠵᠢᠭᠤᠯᠵᠤ᠂ ᠢᠳᠠᠪᠬᠢᠳᠠᠢ  ᠦᠢᠯᠡᠴᠢᠯᠡᠬᠦ᠂ ᠲᠦᠷᠦᠬᠦᠯᠡᠨ ᠦᠢᠯᠡᠴᠢᠯᠡᠬᠦ᠂ ᠦᠨᠳᠦᠷ ᠦᠷ᠎ᠡ ᠠᠰᠢᠭ ᠎ ᠲᠠᠢ ᠦᠢᠯᠡᠴᠢᠯᠡᠵᠤ᠂ ︽ᠦᠢᠯᠡᠴᠢᠯᠡᠭᠡ ᠶᠢ ᠠᠳᠬᠤᠬᠤ᠂ ᠣᠷᠴᠢᠨ ᠲᠤᠭᠤᠷᠢᠨ ᠢ ᠠᠳᠬᠤᠬᠤ᠂ ᠦᠷ᠎ᠡ ᠠᠰᠢᠭ ᠢ ᠠᠳᠬᠤᠬᠤ︾᠎  ᠵᠠᠷᠴᠢᠮ ᠢᠶᠠᠷ ᠦᠨᠳᠦᠷ ᠴᠢᠨᠠᠷ ᠴᠢᠨᠰᠠᠭ᠎ᠠ ᠲᠠᠢ  ᠬᠦᠭᠵᠢᠬᠦᠯᠬᠦ ᠶᠢ ᠲᠦᠯᠬᠢᠨ ᠠᠬᠢᠭᠤᠯᠤᠨ᠎ᠠ᠃ ᠠᠷᠠᠳ ᠲᠤ ᠳᠦᠬᠦᠮ ᠦᠵᠡᠬᠦᠯᠬᠦ ᠦᠢᠯᠡᠴᠢᠯᠡᠭᠡᠨ ᠤ ᠬᠢᠷᠢ ᠲᠦᠪᠰᠢᠨ ᠢ ᠲᠡᠭᠡᠭᠰᠢᠯᠡᠬᠦᠯᠵᠦ᠂ ᠠᠵᠤ ᠠᠬᠤᠶᠢᠯᠠᠯᠳᠠᠨ᠂ ᠦᠢᠯᠡᠰ ᠪᠦᠳᠦᠭᠡᠭᠴᠢ ᠪᠤᠯᠤᠨ  ᠠᠷᠠᠳ ᠲᠦᠮᠡᠨ ᠢ ᠳᠤᠲᠠᠭᠤ ᠬᠦᠶᠦᠯᠭᠡᠵᠤ᠂ ᠤᠯᠠᠨ ᠤᠴᠢᠷ ᠬᠢᠵᠦ᠂ ᠤᠯᠠᠨ ᠤᠴᠢᠷ ᠪᠦᠳᠦᠭᠡᠵᠦ᠂ ᠬᠠᠮᠤᠭ ᠤᠨ ᠰᠠᠶᠢᠨ ᠬᠦᠭᠵᠢᠯᠳᠡ ᠶᠢᠨ ᠵᠦᠬᠡᠯᠡᠨ ᠣᠷᠴᠢᠨ ᠢ  ᠪᠦᠷᠢᠯᠳᠦᠬᠦᠯᠦᠨ᠎ᠡ᠃      ᠦᠨᠳᠦᠷ ᠴᠢᠨᠠᠷ ᠴᠢᠨᠰᠠᠭ᠎ᠠ ᠲᠠᠢ ᠬᠦᠭᠵᠢᠯᠳᠡ ᠶᠢ ᠲᠦᠯᠬᠢᠨ ᠠᠬᠢᠭᠤᠯᠬᠤ ᠶᠢᠨ ᠲᠤᠭᠤᠷᠢᠨ ᠳᠤ᠂ ᠪᠦᠬᠦ ᠵᠢᠯ ᠳᠤ 8 ᠲᠠᠯ᠎ᠠ ᠶᠢᠨ ᠠᠵᠢᠯ ᠢ ᠭᠤᠤᠯᠯᠠᠨ ᠰᠠᠶᠢᠳᠤᠷ ᠬᠢᠨ᠎ᠡ᠄      ︵ᠨᠢᠭᠡ︶ ᠭᠤᠷᠪᠠᠨ ᠶᠡᠭᠡ ᠪᠠᠬᠢᠯᠡᠯᠳᠡ ᠶᠢᠨ ᠲᠠᠶᠢᠨ ᠢ ᠰᠠᠶᠢᠳᠤᠷ ᠬᠢᠵᠦ᠂ ᠴᠢᠨᠡᠭᠡᠯᠢᠭ ᠨᠡᠶᠢᠬᠡᠮ ᠢ ᠪᠦᠬᠦ ᠲᠠᠯ᠎ᠠ ᠪᠠᠷ ᠪᠡᠶᠡᠯᠡᠬᠦᠯᠵᠦ ᠰᠢᠢᠳᠪᠦᠷᠢᠳᠤ ᠢᠯᠠᠯᠳᠠ ᠣᠯᠬᠤ ᠳᠤ ᠪᠠᠳᠤᠳᠠᠢ ᠰᠠᠭᠤᠷᠢ ᠶᠢ ᠲᠠᠯᠪᠢᠨ᠎ᠠ᠃      ᠨᠢᠭᠡ ᠪᠣᠯ ᠬᠦᠨᠳᠤ ᠴᠢᠬᠤᠯᠠ ᠠᠶᠤᠯ ᠲᠦᠭᠰᠢᠬᠦᠷᠢ  ᠶᠢ ᠰᠡᠷᠬᠡᠶᠢᠯᠡᠵᠤ ᠡᠶᠡᠳᠡᠬᠦᠯᠬᠦ ᠪᠠᠬᠢᠯᠡᠯᠳᠡ ᠶᠢᠨ ᠲᠠᠶᠢᠨ ᠢ ᠰᠠᠶᠢᠳᠤᠷ ᠬᠢᠨ᠎ᠡ᠃ ︽ ᠰᠢᠯᠭᠠᠬᠤ᠂ ᠡᠷᠬᠢᠯᠳᠦᠬᠦᠯᠬᠦ᠂ ᠳᠦᠷᠢᠮᠵᠢᠬᠦᠯᠬᠦ᠂ ᠡᠶᠡᠳᠡᠬᠦᠯᠬᠦ︾ ᠎ ᠶᠢ  ᠰᠠᠶᠢᠳᠤᠷ ᠬᠢᠬᠦ ᠶᠡᠷᠦᠩᠬᠡᠢ ᠰᠡᠳᠬᠢᠴᠡ ᠶᠢ ᠦᠨᠳᠦᠰᠦᠯᠡᠨ᠂ ᠦᠮᠴᠢᠯᠡᠬᠦ ᠡᠷᠬᠡ ᠶᠢ ᠰᠢᠯᠵᠢᠬᠦᠯᠬᠦ ᠬᠦᠢᠴᠡᠳᠭᠡᠬᠦ ᠲᠤᠭ᠎ᠠ ᠨᠤᠷᠮ᠎ᠠ ᠶᠢᠨ ᠰᠣᠯᠢᠯᠴᠠᠭ᠎ᠠ᠂ ᠤᠯᠤᠰ ᠤᠨ ᠦᠮᠴᠢᠯᠡᠯᠳᠦ ᠡᠳ᠋ ᠬᠦᠷᠦᠩᠬᠡ ᠶᠢᠨ ᠰᠣᠯᠢᠯᠴᠠᠭ᠎ᠠ᠂ ᠪᠠᠶᠢᠭᠠᠯᠢ ᠶᠢᠨ ᠡᠬᠢ ᠪᠠᠶᠠᠯᠢᠭ ᠤᠨ  ᠬᠦᠷᠦᠩᠬᠡ ᠶᠢᠨ ᠦᠮᠴᠢᠯᠡᠬᠦ ᠡᠷᠬᠡ ᠶᠢᠨ ᠰᠣᠯᠢᠯᠴᠠᠭ᠎ᠠ᠂ ᠤᠯᠤᠰ ᠤᠨ ᠦᠮᠴᠢᠯᠡᠯᠳᠦ ︵ᠬᠠᠮᠳᠤ ᠨᠡᠶᠢᠲᠡ ᠶᠢᠨ︶ ᠭᠠᠵᠠᠷ ᠰᠢᠷᠤᠢ ᠶᠢᠨ ᠰᠣᠯᠢᠯᠴᠠᠭ᠎ᠠ᠂ ᠠᠪᠴᠠᠭᠠᠨ ᠤ ᠡᠷᠬᠡ ᠶᠢᠨ ᠡᠵᠡᠨ ᠤ ᠴᠢᠮᠡᠭᠡ ᠵᠠᠩᠭᠢ ᠶᠢᠨ ᠨᠡᠶᠢᠳᠡᠯᠡᠯᠲᠡ ᠬᠢᠭᠡᠳ ᠲᠠᠩᠰᠠ ᠬᠤᠷᠢᠶᠠᠵᠦ ᠪᠣᠳᠣᠬᠤ ᠡᠷᠭᠢᠯᠲᠡ ᠵᠡᠷᠭᠡ ︽ᠵᠢᠷᠭᠤᠭᠠᠨ ᠲᠠᠪᠴᠠᠩ︾᠎ ᠢ ᠪᠠᠶᠢᠭᠤᠯᠵᠦ᠂ ᠲᠦᠰᠦᠪ ᠤᠨ ᠲᠣᠬᠢᠷᠠᠭᠤᠯᠭ᠎ᠠ᠂ ᠡᠳ᠋ ᠬᠦᠷᠦᠩᠬᠡ ᠶᠢᠨ ᠰᠢᠢᠳᠪᠦᠷᠢᠯᠡᠯᠳᠡ᠂ ᠵᠢᠭᠡᠯᠡᠯᠭᠡ ᠠᠴᠠ ᠰᠠᠯᠭᠠᠬᠤ ᠵᠡᠷᠭᠡ ᠠᠷᠭ᠎ᠠ ᠶᠢ ᠰᠠᠶᠢᠳᠤᠷ ᠬᠡᠷᠡᠭᠯᠡᠵᠦ᠂ ᠡᠳ᠋  ᠤᠨ ᠶᠠᠪᠤᠳᠠᠯ ᠤᠨ ᠣᠷᠣᠯᠭ᠎ᠠ ᠵᠠᠷᠤᠯᠭ᠎ᠠ ᠶᠢ ᠲᠠᠩᠰᠠᠯᠠᠬᠤ ᠳᠦᠷᠢᠮ ᠢ  ᠴᠢᠩᠭ᠎ᠠ ᠪᠠᠷ ᠬᠡᠷᠡᠭᠵᠢᠬᠦᠯᠵᠦ᠂ 2019 ᠣᠨ ᠤ ᠵᠢᠯ ᠤᠨ ᠡᠴᠦᠰ ᠠᠴᠠ ᠡᠮᠦᠨ᠎ᠡ ᠵᠠᠰᠠᠭ ᠤᠨ ᠣᠷᠳᠤᠨ ᠤ ᠵᠢᠭᠡᠯᠡᠯᠭᠡ ᠶᠢᠨ ᠨᠤᠷᠮ᠎ᠠ ᠶᠢ100%᠎ ᠶᠢᠨ ᠲᠤᠳᠤᠷ᠎ᠠ ᠬᠢᠵᠠᠭᠠᠷᠯᠠᠨ᠎ᠠ᠃ ᠤᠷᠳᠤ ᠬᠤᠭᠤᠴᠠᠭ᠎ᠠ ᠪᠠᠷ ︽ᠶᠠᠳᠠᠭᠤ ᠠᠮᠢᠳᠤᠷᠠᠯ︾ ᠦᠩᠭᠡᠷᠡᠭᠡᠬᠦ ᠦᠵᠡᠯ ᠰᠠᠨᠠᠭ᠎ᠠ ᠶᠢ ᠪᠤᠢ ᠪᠤᠯᠭᠠᠵᠤ᠂ ᠡᠩ ᠤᠨ ᠵᠠᠷᠤᠯᠭ᠎ᠠ ᠶᠢ ᠪᠦᠬᠦ ᠬᠦᠴᠦᠨ ᠢᠶᠠᠷ ᠪᠠᠭᠠᠰᠬᠠᠵᠦ᠂ ᠬᠡᠷᠡᠭᠯᠡᠵᠦ ᠪᠣᠯᠬᠤ ᠡᠳ᠋ ᠤᠨ ᠬᠦᠴᠦᠨ ᠢ ᠲᠦᠪᠯᠡᠷᠡᠬᠦᠯᠵᠦ ᠥᠷᠢ  ᠦᠭᠴᠡᠭᠡ ᠢᠯᠭᠠᠷᠠᠭᠤᠯᠬᠤ ᠳᠤ  ᠵᠠᠷᠤᠴᠠᠭᠤᠯᠵᠦ᠂ 20 ᠲᠦᠮᠡᠨ ᠲᠦᠬᠦᠷᠢᠭ ᠠᠴᠠ ᠲᠤᠭᠤᠭᠰᠢᠬᠢ ᠵᠢᠵᠢᠭ ᠥᠷᠢ  ᠦᠭᠴᠡᠭᠡ ᠶᠢ ᠤᠷᠢᠳᠴᠢᠯᠠᠨ ᠰᠢᠢᠳᠪᠦᠷᠢᠯᠡᠵᠦ ᠢᠯᠭᠠᠷᠠᠭᠤᠯᠤᠨ᠎ᠠ᠃ ᠨᠦᠭᠡᠴᠡᠯᠡᠭᠰᠡᠨ ᠭᠠᠵᠠᠷ ᠰᠢᠷᠤᠢ᠂ ᠨᠦᠭᠡᠴᠡᠯᠡᠭᠳᠡᠵᠦ ᠪᠠᠶᠢᠬᠤ ᠨᠡᠬᠦᠷᠡᠰᠤ ᠵᠡᠷᠭᠡ ᠡᠳ᠋ ᠬᠦᠷᠦᠩᠬᠡ ᠶᠢ ᠰᠢᠢᠳᠪᠦᠷᠢᠯᠡᠵᠦ ᠡᠷᠭᠢᠯᠲᠡ ᠳᠤ ᠤᠷᠤᠭᠤᠯᠤᠨ᠎ᠠ  ᠃ ᠪᠤᠳᠠᠳᠤ ᠬᠦᠴᠦᠨ ᠲᠠᠢ ᠲᠤᠮᠤ ᠠᠵᠤ ᠠᠬᠤᠶᠢᠯᠠᠯ ᠢ ᠤᠷᠢᠨ ᠤᠷᠤᠭᠤᠯᠵᠤ ᠥᠷᠢ ᠶᠢ  ᠬᠤᠪᠢᠴᠠᠭ᠎ᠠ ᠪᠤᠯᠭᠠᠬᠤ ᠬᠡᠯᠪᠡᠷᠢ ᠪᠠᠷ ᠨᠢᠭᠡ ᠪᠦᠯᠦᠭ ᠠᠰᠢᠭ ᠣᠷᠤᠯᠭ᠎ᠠ ᠲᠠᠢ ᠲᠦᠷᠦᠯ ᠵᠦᠢᠯ ᠢ ᠬᠠᠮᠳᠤᠷᠠᠨ ᠡᠵᠡᠩᠨᠡᠨ᠎ᠡ᠃ ᠢᠯᠴᠢ ᠬᠠᠩᠭᠠᠬᠤ᠂ ᠤᠰᠤ ᠬᠠᠩᠭᠠᠬᠤ᠂ ᠨᠢᠭᠡᠨᠳᠡ ᠨᠦᠬᠡᠴᠡᠯᠡᠭᠰᠡᠨ ᠭᠠᠵᠠᠷ ᠰᠢᠷᠤᠢ ᠵᠡᠷᠭᠡ ᠡᠳ᠋ ᠬᠦᠷᠦᠩᠬᠡ ᠲᠠᠢ ᠬᠠᠷᠠᠭᠠᠯᠵᠠᠭᠰᠠᠨ ᠥᠷᠢ ᠦᠭᠴᠡᠭᠡ ᠶᠢ ᠬᠠᠷᠢᠶᠠᠯᠠᠭᠳᠠᠬᠤ ᠠᠵᠤ ᠠᠬᠤᠶᠢᠯᠠᠯ ᠳᠤ ᠦᠨ᠎ᠡ ᠲᠦᠯᠦᠪᠦᠷᠢ ᠲᠠᠢ ᠪᠠᠷ ᠰᠢᠯᠵᠢᠬᠦᠯᠦᠨ‌ᠦᠭᠴᠦ᠂ ᠡᠵᠡᠩᠨᠡᠯᠳᠡ ᠶᠢᠨ ᠣᠷᠣᠯᠭ᠎ᠠ ᠪᠠᠷ ᠥᠷᠢ  ᠦᠭᠴᠡᠭᠡ ᠶᠢ ᠢᠯᠭᠠᠷᠠᠭᠤᠯᠤᠨ᠎ᠠ᠃2018 ᠣᠨ ᠢ ︽ᠵᠠᠰᠠᠭ ᠤᠨ ᠣᠷᠳᠣᠨ ᠪᠡᠯᠡ ᠤᠷᠤᠭᠤᠯᠤᠭᠰᠠᠨ ᠲᠦᠷᠦᠯ ᠵᠦᠢᠯ ᠢ ᠬᠢᠨᠠᠨ ᠪᠤᠳᠤᠬᠤ ᠪᠠᠬᠢᠯᠡᠯᠳᠡ ᠶᠢᠨ ᠵᠢᠯ︾ ᠪᠤᠯᠭᠠᠵᠦ᠂ ᠵᠢᠯ ᠤᠨ ᠲᠤᠳᠤᠷ᠎ᠠ100 ᠲᠦᠷᠦᠯ ᠵᠦᠢᠯ ᠤᠨ50 ᠳ᠋ᠦᠩᠰᠢᠭᠤᠷ ᠲᠦᠬᠦᠷᠢᠭ ᠤᠨ ᠪᠡᠯᠡ ᠤᠷᠤᠭᠤᠯᠤᠯᠳᠠ ᠶᠢᠨ ᠥᠷᠳᠡᠭ ᠤᠨ ᠬᠢᠨᠠᠨ ᠪᠣᠳᠣᠬᠤ ᠡᠬᠦᠷᠭᠡ ᠶᠢ ᠪᠡᠶᠡᠯᠡᠬᠦᠯᠵᠤ᠂ ᠢᠨᠵᠧᠨᠧᠷᠢᠩ ᠢ ᠬᠢᠬᠦ ᠦᠨ᠎ᠡ  ᠶᠢᠨ ᠲᠤᠳᠤᠷᠠᠬᠢ ᠬᠤᠳᠠᠯ ᠬᠠᠭᠤᠷᠮᠠᠭ ᠥᠷᠢ ᠰᠢᠷᠢ ᠶᠢ ᠴᠢᠩᠭ᠎ᠠ ᠪᠠᠷ ᠬᠢᠨᠠᠨ ᠪᠤᠳᠤᠵᠤ ᠪᠠᠭᠠᠰᠬᠠᠨ᠎ᠠ᠃ ︽ᠪᠦᠳᠦᠨ ᠢ ᠵᠢᠵᠢᠭᠯᠡᠬᠦ᠂ ᠥᠷᠢ ᠰᠢᠷᠢ ᠶᠢ ᠰᠢᠯᠵᠢᠬᠦᠯᠬᠦ︾ᠰᠡᠳᠬᠢᠴᠡ ᠶᠢ ᠦᠨᠳᠦᠰᠦᠯᠡᠨ᠂ ᠶᠡᠭᠡ ᠲᠣᠭᠠᠨ ᠤ ᠵᠢᠭᠡᠯᠡᠯᠭᠡ ᠶᠢ ᠵᠢᠵᠢᠭᠯᠡᠵᠦ  ᠵᠢᠵᠢᠭ ᠥᠷᠢ ᠪᠣᠯᠭᠠᠵᠦ᠂ ᠪᠦᠬᠦ ᠵᠢᠯ ᠤᠨ ᠲᠤᠳᠤᠷ᠎ᠠ ᠵᠠᠰᠠᠭ ᠤᠨ ᠣᠷᠳᠤᠨ ᠤ ᠴᠢᠨᠠᠷᠳᠠᠢ ᠵᠢᠭᠡᠯᠡᠯᠭᠡ ᠶᠢ 90 ᠳ᠋ᠦᠩᠰᠢᠭᠤᠷ ᠲᠦᠬᠦᠷᠢᠭ ᠰᠢᠢᠳᠪᠦᠷᠢᠯᠡᠨ᠎ᠡ᠃ ᠵᠠᠰᠠᠭ ᠤᠨ ᠣᠷᠳᠤᠨ ᠤ ᠵᠢᠭᠡᠯᠡᠯᠭᠡ ᠪᠠᠷ ᠮᠦᠩᠬᠦ ᠬᠤᠷᠠᠮᠳᠤᠭᠤᠯᠬᠤ᠂ ᠰᠠᠭᠤᠷᠢ ᠮᠦᠩᠬᠦ ᠪᠠᠷ ᠠᠵᠢᠯᠯᠠᠬᠤ᠂ ᠤᠯᠠᠨ ᠨᠡᠶᠢᠲᠡ ᠶᠢᠨ ᠦᠢᠯᠡᠴᠢᠯᠡᠭᠡ ᠶᠢ ᠬᠤᠳᠠᠯᠳᠤᠨ ᠠᠪᠬᠤ ᠵᠡᠷᠭᠡ ᠠᠵᠢᠯᠯᠠᠭ᠎ᠠ ᠶᠢ ᠴᠢᠩᠭ᠎ᠠ ᠪᠠᠷ ᠲᠦᠷᠢᠮᠵᠢᠬᠦᠯᠵᠦ᠂ ᠰᠢᠨ᠎ᠡ ᠪᠠᠷ ᠨᠡᠮᠡᠭᠳᠡᠭᠰᠡᠨ ᠥᠷᠢ ᠶᠢᠨ ᠭᠡᠷᠡᠴᠢ ᠪᠣᠯᠣᠨ ᠲᠤᠰᠬᠠᠢ ᠥᠷᠢ ᠶᠢᠨ ᠭᠡᠷᠡᠴᠢ ᠶᠢ ᠢᠳᠡᠪᠬᠢᠳᠡᠢ ᠣᠯᠵᠦ᠂ ᠬᠡᠯᠪᠡᠷᠢ ᠦᠭᠡᠷᠡᠳᠦᠬᠦᠯᠦᠭᠰᠡᠨ ᠵᠢᠭᠡᠯᠡᠯᠭᠡ ᠲᠠᠯᠪᠢᠬᠤ ᠪᠠ ᠲᠤᠭᠳᠠᠭᠠᠯ ᠢ ᠵᠦᠷᠢᠴᠡᠭᠰᠡᠨ ᠵᠢᠭᠡᠯᠡᠯᠭᠡ ᠲᠠᠯᠪᠢᠬᠤ ᠶᠢ ᠡᠷᠡᠰ ᠴᠠᠭᠠᠵᠠᠯᠠᠨ᠎ᠠ᠃ ᠮᠦᠡᠭᠬᠦᠨ ᠬᠦᠢᠯᠭᠡᠭᠡᠨ ᠤ ᠪᠠᠶᠢᠭᠤᠯᠤᠮᠵᠢ ᠲᠠᠢ ᠬᠠᠷᠢᠯᠴᠠᠵᠤ ᠭᠤᠣᠯ ᠠᠵᠤ ᠠᠬᠤᠶᠢᠯᠠᠯ ᠳᠤ ᠵᠢᠭᠡᠯᠡᠯᠭᠡ ᠶᠢ ᠰᠢᠯᠵᠢᠬᠦᠯᠬᠦ᠂ ᠦᠷᠬᠦᠯᠵᠢᠯᠡᠨ ᠵᠢᠭᠡᠯᠡᠬᠦ᠂ ᠬᠤᠭᠤᠴᠠᠭ᠎ᠠ ᠤᠷᠳᠤᠳᠬᠠᠬᠤ᠂ ᠣᠷᠣᠨ ᠨᠣᠳᠤᠭ ᠲᠤ ᠰᠠᠭᠤᠭ᠎ᠠ ᠮᠦᠩᠬᠦᠨ ᠬᠦᠢᠯᠭᠡᠭᠡᠨ ᠤ ᠪᠠᠶᠢᠭᠤᠯᠤᠮᠵᠢ ᠳᠤ ᠮᠠᠭᠤ ᠨᠦᠯᠦᠭᠡ ᠲᠠᠢ ᠵᠢᠭᠡᠯᠡᠯᠭᠡ ᠶᠢᠨ ᠨᠤᠷᠮ᠎ᠠ ᠶᠢ 3%᠎ ᠠᠴᠠ ᠲᠣᠣᠷ᠎ᠠ ᠲᠦᠪᠰᠢᠨ ᠳᠤ ᠪᠠᠶᠢᠯᠭᠠᠵᠠᠦ᠂ ᠰᠢᠰᠲ᠋ᠧᠮᠵᠢᠭᠰᠡᠨ᠂ ᠭᠠᠵᠠᠷ ᠤᠷᠤᠨᠴᠢᠯᠠᠭᠰᠠᠨ ᠮᠦᠩᠬᠦᠨ ᠬᠦᠢᠯᠭᠡᠭᠡᠨ ᠤ ᠠᠶᠤᠯ ᠲᠦᠭᠰᠢᠬᠦᠷᠢ ᠡᠬᠦᠰᠬᠦ ᠦᠬᠡᠢ  ᠪᠠᠶᠢᠬᠤ ᠬᠤᠷᠢᠭ᠎ᠠ ᠱᠤᠭᠤᠮ ᠢ  ᠡᠷᠡᠰ ᠪᠠᠷᠢᠮᠳᠠᠯᠠᠨ᠎ᠠ᠃      ᠬᠤᠶᠠᠷ ᠪᠣᠯ ᠤᠨᠢᠨ ᠲᠡᠭᠡᠷ᠎ᠡ ᠨᠢ ᠶᠠᠳᠠᠭᠤ ᠶᠢ ᠲᠡᠳᠬᠦᠬᠦ ᠪᠠᠬᠢᠯᠡᠯᠳᠡ ᠶᠢᠨ ᠲᠠᠶᠢᠨ ᠢ ᠰᠠᠶᠢᠳᠤᠷ ᠬᠢᠨ᠎ᠡ᠃ ᠪᠠᠷᠢᠮᠵᠢᠶ᠎ᠠ ᠶᠢ ᠨᠢ ᠪᠠᠭᠤᠷᠠᠭᠤᠯᠬᠤ ᠦᠬᠡᠢ ᠮᠦᠷᠳᠡᠭᠡᠨ ᠭᠤᠷᠢ ᠶᠢ ᠨᠢ ᠴᠤ ᠬᠦᠳᠡᠯᠭᠡᠬᠦ ᠦᠬᠡᠢ᠃ ᠶᠠᠳᠠᠭᠤ ᠶᠢ ᠲᠡᠳᠬᠦᠬᠦ ᠪᠠ ᠵᠣᠷᠢᠭ ᠢ ᠲᠡᠳᠬᠦᠬᠦ ᠂ ᠤᠶᠤᠨ ᠤᠬᠠᠭᠠᠨ ᠢ ᠲᠡᠳᠬᠦᠬᠦ ᠶᠢ ᠤᠶᠠᠯᠳᠤᠭᠤᠯᠬᠤ ᠶᠢ ᠨᠡᠩ ᠴᠢᠬᠤᠯᠠᠴᠢᠯᠠᠨ᠂ ᠶᠠᠳᠠᠭᠤ ᠬᠦᠴᠢᠷᠳᠡᠯᠳᠡᠢ ᠤᠯᠠᠨ ᠲᠦᠮᠡᠨ  ᠤ ᠪᠡᠶᠡᠴᠢ ᠦᠵᠡᠯ ᠤᠬᠠᠮᠰᠠᠷ ᠢ ᠪᠠᠳᠦ ᠪᠠᠬᠢ  ᠪᠤᠢ ᠪᠣᠯᠭᠠᠵᠤ᠂ ᠪᠡᠶ᠎ᠡ ᠪᠠᠨ ᠲᠠᠭᠠᠭᠠᠵᠤ ᠠᠮᠢᠳᠤᠷᠠᠬᠤ ᠵᠣᠷᠢᠭ ᠰᠠᠨᠠᠭ᠎ᠠ ᠪᠠᠨ ᠪᠠᠳᠠᠷᠠᠭᠤᠯᠬᠤ  ᠶᠢ ᠤᠳᠤᠷᠢᠳᠤᠨ ᠲᠠᠭᠠᠭᠤᠯᠵᠤ᠂ ᠲᠤᠭᠳᠠᠭᠤᠨ ᠢᠶᠠᠷ ᠶᠠᠳᠠᠭᠤ ᠠᠴᠠ ᠠᠩᠬᠢᠵᠢᠷᠠᠬᠤ ᠲᠤᠳᠤᠭᠠᠳᠤ ᠬᠦᠴᠦᠨ ᠢ ᠳᠠᠶᠢᠴᠢᠯᠠᠨ ᠭᠠᠷᠭᠠᠨ᠎ᠠ᠃ ᠠᠵᠤ ᠦᠢᠯᠡᠰ ᠢᠶᠠᠷ ᠲᠡᠮᠵᠢᠬᠦ ᠶᠢ ᠲᠤᠭᠳᠠᠭᠤᠨ ᠢᠶᠠᠷ ᠶᠠᠳᠠᠭᠤ ᠠᠴᠠ ᠠᠩᠬᠢᠵᠢᠷᠠᠬᠤ᠂ ᠣᠷᠤᠯᠭ᠎ᠠ ᠶᠢ ᠨᠡᠮᠡᠭᠳᠡᠬᠦᠯᠬᠦ  ᠦᠨᠳᠦᠰᠤᠨ ᠠᠷᠭ᠎ᠠ ᠪᠤᠯᠭᠠᠬᠤ ᠶᠢ ᠪᠠᠷᠢᠮᠳᠠᠯᠠᠨ᠂  ᠪᠦᠬᠦ ᠵᠢᠯ ᠳᠤ ᠠᠵᠤ ᠦᠢᠯᠡᠰ ᠢᠶᠠᠷ ᠶᠠᠳᠠᠭᠤ ᠶᠢ ᠲᠡᠳᠬᠦᠬᠦ ᠪᠡᠯᠡ ᠮᠦᠩᠬᠦ ᠶᠢ 2400 ᠲᠦᠮᠡᠨ ᠲᠦᠬᠦᠷᠢᠭ ᠵᠠᠷᠤᠴᠠᠭᠤᠯᠤᠨ᠂ ᠲᠤᠰᠬᠤᠨ ᠤ ᠬᠠᠮᠳᠤ ᠶᠢᠨ ᠠᠵᠤ ᠠᠬᠤᠢ ᠶᠢ ᠶᠡᠭᠡ ᠪᠠᠷ ᠬᠦᠭᠵᠢᠬᠦᠯᠵᠦ᠂ ᠮᠠᠯᠴᠢᠨ ᠲᠠᠷᠢᠶᠠᠴᠢᠨ ᠢ ᠪᠡᠯᠡ ᠮᠦᠩᠬᠦ᠂ ᠭᠠᠵᠠᠷ ᠰᠢᠷᠤᠢ᠂ ᠮᠡᠷᠭᠡᠵᠢᠯ ᠵᠡᠷᠭᠡ ᠠᠷᠭ᠎ᠠ ᠮᠠᠶ᠋ᠢᠭ ᠢᠶᠠᠷ ᠪᠡᠯᠡ ᠣᠷᠤᠭᠤᠯᠬᠤ ᠶᠢ ᠤᠳᠤᠷᠢᠳᠤᠨ ᠲᠠᠭᠠᠭᠤᠯᠵᠤ᠂ ᠶᠠᠳᠠᠭᠤ ᠬᠦᠴᠢᠷᠳᠡᠯᠳᠡᠢ ᠡᠷᠦᠬᠡ ᠪᠠ ᠲᠤᠬᠠᠢ ᠶᠢᠨ ᠭᠠᠵᠠᠷ ᠣᠷᠤᠨ ᠤ ᠲᠠᠷᠢᠶᠠᠯᠠᠩ ᠲᠠᠢ ᠬᠤᠯᠪᠤᠭᠳᠠᠬᠤ ᠠᠵᠤ ᠠᠬᠤᠢ ᠵᠢᠨ‌ᠵᠤᠬᠢᠶᠠᠨ ᠪᠠᠶᠢᠭᠤᠯᠤᠯᠳᠠ ᠶᠢᠨ ᠠᠰᠢᠭ ᠣᠷᠣᠯᠭ᠎ᠠ ᠬᠤᠯᠪᠤᠭᠠᠯᠠᠬᠤ ᠶᠢ ᠦᠨᠳᠦᠰᠦᠨ ᠎ ᠳᠤᠨᠢ ᠪᠡᠶᠡᠯᠡᠬᠦᠯᠵᠤ᠂ 452 ᠡᠷᠦᠬᠡ ᠶᠢᠨ1085 ᠶᠠᠳᠠᠭᠤ ᠠᠴᠠ ᠠᠩᠬᠢᠵᠢᠷᠠᠭᠰᠠᠨ ᠬᠦᠮᠦᠨ ᠠᠮᠠ ᠶᠢᠨ ᠣᠷᠣᠯᠭ᠎ᠠ ᠶᠢᠨ ᠢᠷᠡᠯᠳᠡ ᠶᠢ ᠤᠯᠠᠮ ᠦᠷᠭᠡᠳᠭᠡᠨ᠂ ᠰᠢᠨ᠎ᠡ ᠪᠠᠷ ᠲᠤᠳᠤᠯᠠᠨ ᠭᠠᠷᠭᠠᠭᠰᠠᠨ ᠤᠯᠤᠰ ᠤᠨ ᠪᠠᠷᠢᠮᠵᠢᠶ᠎ᠠ ᠱᠤᠭᠤᠮ ᠠᠴᠠ ᠲᠤᠤᠷ᠎ᠠ ᠪᠠᠶᠢᠬᠤ 20ᠡᠷᠦᠬᠡ ᠎ ᠶᠢᠨ 43 ᠬᠦᠮᠦᠨ ᠢ  ᠲᠤᠭᠳᠠᠭᠤᠨ ᠢᠶᠠᠷ ᠶᠠᠳᠠᠭᠤ ᠠᠴᠠ ᠠᠩᠬᠢᠵᠢᠷᠠᠭᠤᠯᠬᠤ ᠶᠢ ᠪᠠᠳᠤᠯᠠᠵᠤ᠂ ᠬᠤᠳᠠ ᠶᠢᠨ ᠮᠠᠯᠵᠢᠬᠤ ᠲᠠᠷᠢᠶᠠᠯᠠᠬᠤ ᠤᠷᠤᠨ ᠤ ᠲᠤᠤᠷ᠎ᠠ ᠪᠠᠳᠤᠯᠠᠭᠠᠳᠤ ᠱᠤᠭᠤᠮ ᠠᠴᠠ ᠲᠤᠤᠷ᠎ᠠ ᠪᠠᠶᠢᠬᠤ 499 ᠡᠷᠦᠬᠡ ᠶᠢᠨ 1214 ᠲᠤᠤᠷ᠎ᠠ ᠤᠷᠣᠯᠭᠠᠳᠤ ᠬᠦᠮᠦᠨ ᠠᠮᠠ ᠶᠢᠨ ᠬᠦᠮᠦᠨ ᠪᠦᠷᠢ ᠶᠢᠨ ᠲᠡᠭᠰᠢᠳᠭᠡᠭᠰᠡᠨ ᠴᠡᠪᠡᠷ ᠣᠷᠣᠯᠭ᠎ᠠ ᠶᠢ 20%᠎ ᠠᠴᠠ ᠲᠡᠭᠡᠭᠰᠢ ᠨᠡᠮᠡᠭᠳᠡᠬᠦᠯᠦᠨ᠎ᠡ᠃ ᠨᠠᠷᠢᠨ ᠤᠨᠤᠪᠴᠢᠳᠡᠢ ᠲᠡᠳᠬᠦᠬᠦ ᠶᠢ ᠴᠢᠬᠤᠯᠠᠴᠢᠯᠠᠨ᠂ ᠰᠤᠷᠭᠠᠭᠤᠯᠢ ᠎ ᠳᠤ ᠰᠠᠭᠤᠬᠤ᠂ ᠡᠪᠡᠳᠴᠢᠨ  ᠦᠵᠡᠬᠦᠯᠬᠦ ᠰᠢᠯᠳᠠᠭᠠᠨ ᠠᠴᠠ ᠪᠣᠯᠵᠤ ᠶᠠᠳᠠᠭᠤᠷᠠᠭᠰᠠᠨ ᠣᠨᠴᠠ ᠬᠦᠴᠢᠷᠳᠡᠯᠳᠡᠢ ᠤᠯᠠᠨ ᠲᠦᠮᠡᠨ ᠎ ᠳᠤ ᠬᠠᠮᠤᠭ ᠤᠨ ᠲᠤᠤᠷ᠎ᠠ ᠠᠮᠢᠳᠤᠷᠠᠯ ᠤᠨ ᠪᠠᠳᠤᠯᠠᠭ᠎ᠠ ᠶᠢ  ᠳᠠᠭᠠᠭᠠᠬᠤ ᠬᠠᠪᠰᠤᠷᠤᠮᠵᠢ ᠥᠭᠬᠦᠨ᠎ᠡ᠃  ᠶᠠᠳᠠᠭᠤ ᠶᠢ  ᠲᠡᠳᠬᠦᠬᠦ  ᠠᠵᠢᠯ ᠤᠨ  ᠬᠦᠷᠢᠶ᠎ᠡ ᠴᠠᠷᠠᠭᠠᠨ ᠤ ᠢᠯᠵᠡᠷᠡᠯ ᠪᠠ ᠰᠤᠷᠲᠠᠯ ᠤᠨ  ᠠᠰᠠᠭᠤᠳᠠᠯ ᠢ ᠲᠤᠰᠬᠠᠢ ᠵᠠᠰᠠᠨ  ᠴᠡᠭᠴᠡᠯᠡᠬᠦ ᠠᠵᠢᠯᠯᠠᠭ᠎ᠠ ᠶᠢ  ᠬᠦᠨᠵᠡᠬᠡᠢ ᠦᠷᠨᠢᠬᠦᠯᠵᠦ᠂ ᠬᠠᠷᠢᠭᠤᠴᠠᠯᠭ᠎ᠠ  ᠨᠠᠶᠢᠳᠠᠪᠦᠷᠢ ᠦᠬᠡᠢ᠂ ᠪᠡᠯᠡ ᠮᠦᠩᠬᠦᠨ ᠤ ᠬᠠᠮᠢᠶᠠᠷᠤᠯᠳᠠ ᠬᠡᠷᠡᠭᠯᠡᠯᠲᠡ ᠳᠦᠷᠢᠮᠵᠢᠯ ᠦᠬᠡᠢ ᠵᠡᠷᠭᠡ  ᠲᠣᠪᠣᠶᠢᠮ᠎ᠠ  ᠠᠰᠠᠭᠤᠳᠠᠯ ᠢ  ᠴᠢᠩᠭ᠎ᠠ ᠪᠠᠷ  ᠰᠢᠢᠳᠪᠦᠷᠢᠯᠡᠨ᠎ᠡ᠃ 2020 ᠣᠨ ᠪᠣᠯᠳᠠᠯ᠎ᠠ᠂ ᠮᠠᠯᠵᠢᠬᠤ ᠲᠠᠷᠢᠶᠠᠯᠠᠬᠤ ᠣᠷᠣᠨ ᠤ ᠶᠠᠳᠠᠭᠤ ᠬᠦᠴᠢᠷᠳᠡᠯᠳᠡᠢ ᠬᠦᠮᠦᠨ ᠠᠮᠠ ᠶᠢ ᠪᠦᠬᠦ ᠲᠠᠯ᠎ᠠ ᠪᠠᠷ ᠴᠢᠨᠡᠭᠡᠯᠢᠭ ᠨᠡᠶᠢᠬᠡᠮ ᠳᠤ ᠬᠠᠮᠳᠤ ᠳᠤᠨᠢ  ᠲᠠᠪᠰᠢᠨ ᠤᠷᠤᠭᠤᠯᠵᠤ᠂ ᠨᠢᠭᠡ ᠲᠤᠰᠬᠤᠨ ᠨᠢᠭᠡ ᠡᠷᠦᠬᠡ ᠨᠢᠭᠡ ᠬᠦᠮᠦᠨ ᠢ ᠴᠦ ᠤᠷᠬᠢᠭᠳᠠᠭᠤᠯᠬᠤ ᠦᠬᠡᠢ᠃      ᠭᠤᠷᠪᠠ ᠪᠣᠯ ᠪᠤᠬᠢᠷᠳᠤᠯ ᠢ ᠰᠡᠷᠭᠡᠶᠢᠯᠡᠨ ᠵᠠᠰᠠᠬᠤ ᠪᠠᠬᠢᠯᠡᠯᠳᠡ ᠶᠢᠨ ᠲᠠᠶᠢᠨ ᠢ ᠰᠠᠶᠢᠳᠤᠷ ᠬᠢᠨ᠎ᠡ᠃ ︽ᠴᠡᠩᠬᠡᠭ ᠤᠰᠤ ᠬᠦᠬᠡᠮᠳᠦᠭ ᠠᠭᠤᠯᠠ ᠪᠣᠯ  ᠲᠠᠷᠤᠢ ᠠᠯᠳᠠ ᠮᠦᠡᠭᠬᠦᠨ ᠠᠭᠤᠯᠠ︾ ᠬᠡᠬᠦ ᠤᠶᠢᠯᠠᠭᠠᠭᠳᠠᠬᠤᠨ ᠢ ᠪᠠᠳᠦ ᠪᠠᠬᠢ ᠪᠤᠢ ᠪᠤᠯᠭᠠᠵᠦ᠂ ᠠᠭᠤᠯᠠ ᠤᠰᠤ ᠣᠢ ᠰᠢᠭᠤᠢ ᠲᠠᠷᠢᠶᠠᠨ ᠭᠠᠵᠠᠷ ᠨᠠᠭᠤᠷ ᠮᠦᠷᠡᠨ ᠡᠪᠡᠰᠤ ᠮᠤᠳᠤ ᠶᠢ ᠶᠡᠷᠦᠩᠬᠡᠶᠢᠯᠡᠨ ᠵᠠᠰᠠᠬᠤ ᠢᠨᠵᠧᠨᠧᠷᠢᠩ ᠢ ᠲᠡᠷᠢᠬᠦᠯᠡᠨ ᠬᠡᠷᠡᠭᠵᠢᠬᠦᠯᠵᠦ᠂ ᠪᠦᠬᠦ ᠤᠯᠤᠰ ᠤᠨ ᠠᠮᠢ ᠠᠬᠤᠢ ᠶᠢᠨ  ᠪᠤᠯᠪᠠᠰᠤᠨ ᠤ ᠲᠠᠭᠤᠷᠢᠶᠠᠯ ᠬᠤᠰᠢᠭᠤ ᠪᠣᠯᠭᠠᠨ ᠪᠦᠳᠦᠭᠡᠨ ᠪᠠᠶᠢᠭᠤᠯᠬᠤ ᠪᠠᠷ ᠴᠢᠷᠮᠠᠶᠢᠨ᠎ᠠ᠃ ᠠᠭᠠᠷ ᠮᠠᠨᠳᠠᠯ ᠤᠨ ᠪᠤᠬᠢᠷᠳᠤᠯ ᠢ ᠰᠡᠷᠬᠡᠶᠢᠯᠡᠨ ᠵᠠᠰᠠᠬᠤ ᠠᠵᠢᠯᠯᠠᠭ᠎ᠠ ᠶᠢ  ᠶᠡᠭᠡ ᠪᠠᠷ ᠲᠦᠯᠬᠢᠨ ᠠᠬᠢᠭᠤᠯᠵᠤ᠂ ᠬᠤᠲᠠ ᠶᠢᠨ ᠲᠤᠭᠤᠷᠢᠭ ᠲᠤ ᠴᠠᠭ ᠪᠦᠷᠢ 10 ᠲᠣᠨ ᠠᠭᠤᠷᠰᠢᠯᠳᠠ ᠠᠴᠠ ᠲᠤᠭᠤᠬᠰᠢᠬᠢ ᠨᠡᠬᠦᠷᠡᠰᠤ ᠰᠢᠳᠠᠭᠠᠬᠤ ᠵᠤᠤᠬ᠎ᠠ ᠬᠡᠷᠡᠭᠯᠡᠬᠦ ᠶᠢ ᠡᠷᠡᠰ ᠵᠣᠭᠰᠤᠭᠠᠵᠤ᠂ ᠵᠢᠦ ᠎ ᠲᠠᠢ ᠢᠯᠴᠢ ᠬᠠᠩᠭᠠᠯᠭ᠎ᠠ ᠶᠢᠨ ᠵᠤᠤᠬ᠎ᠠ ᠶᠢᠨ ᠬᠦᠬᠦᠷ ᠠᠴᠠ ᠰᠠᠯᠭᠠᠬᠤ ᠠᠽᠤᠲ ᠬᠦᠴᠢᠯ ᠤᠨ ᠺᠠᠯᠢ ᠠᠴᠠ ᠰᠠᠯᠭᠠᠬᠤ ᠦᠭᠡᠷᠡᠴᠢᠯᠡᠯᠳᠡ ᠶᠢ ᠪᠦᠬᠦ ᠲᠠᠯ᠎ᠠ ᠪᠠᠷ  ᠪᠡᠶᠡᠯᠡᠬᠦᠯᠵᠤ᠂ ᠪᠤᠢ ᠪᠦᠬᠦᠢ ᠨᠤᠨᠳᠠᠭᠯᠢᠭ  ᠪᠣᠳᠠᠰ ᠢ ᠣᠪᠣᠭᠠᠯᠠᠬᠤ ᠭᠠᠵᠠᠷ ᠢ ᠪᠦᠬᠦᠨ ᠢ ᠪᠢᠳᠡᠬᠦᠮᠵᠢᠯᠡᠬᠦ ᠮᠠᠶ᠋ᠢᠭ ᠢᠶᠠᠷ ᠦᠭᠡᠷᠡᠴᠢᠯᠡᠬᠦ ᠬᠡᠷᠡᠭᠳᠡᠢ᠃ ᠨᠠᠭᠤᠷ ᠤᠨ ᠲᠠᠷᠤᠭ᠎ᠠ ᠶᠢᠨ ᠳᠦᠷᠢᠮ ᠢ ᠯᠠᠪᠳᠠᠭᠤᠨ ᠢᠶᠠᠷ ᠲᠦᠯᠬᠢᠨ ᠠᠬᠢᠭᠤᠯᠤᠨ᠂ ᠭᠤᠣᠯ ᠮᠦᠷᠡᠨ ᠨᠠᠭᠤᠷ ᠤᠨ  ᠬᠠᠮᠢᠶᠠᠷᠤᠯᠲᠠ ᠶᠢ  ᠪᠦᠷᠬᠦᠬᠦᠯᠬᠦ ᠶᠢ ᠪᠡᠶᠡᠯᠡᠬᠦᠯᠦᠨ᠎ᠡ᠃ ᠭᠤᠣᠯ ᠮᠦᠷᠡᠨ ᠤᠷᠤᠰᠬᠠᠯ ᠤᠰᠤᠨ ᠤ ᠣᠷᠴᠢᠨ ᠲᠤᠭᠤᠷᠢᠨ ᠢ ᠵᠠᠰᠠᠨ ᠴᠡᠭᠴᠡᠯᠡᠬᠦ ᠪᠠ  ᠬᠠᠮᠠᠭᠠᠯᠠᠬᠤ ᠶᠢ ᠴᠢᠩᠭᠠᠳᠬᠠᠵᠤ᠂ ᠤᠯᠠᠭᠠᠨᠮᠥ᠋ᠷᠡᠨ‌ᠭᠤᠣᠯ᠂ ᠪᠤᠬ᠎ᠠ ᠶᠢᠨ ᠭᠤᠣᠯ ᠤᠨ ᠤᠷᠤᠰᠬᠠᠯ ᠤᠰᠤᠨ ᠤ ᠴᠢᠨᠠᠷ ᠤᠨ ᠪᠠᠷᠢᠮᠵᠢᠶ᠎ᠡ ᠶᠢ  ᠪᠠᠳᠤᠯᠠᠨ᠎ᠠ  ᠃  ᠱᠢ  ᠵᠢᠢ ᠶᠢᠨ ᠡᠸ᠋ᠾ ᠬᠤᠭ ᠨᠤᠪᠰᠢ ᠰᠢᠢᠳᠪᠦᠷᠢᠯᠡᠬᠦ ᠦᠢᠯᠡᠳᠪᠦᠷᠢ ᠶᠢᠨ ᠬᠢᠷᠢ ᠬᠡᠮ ᠤᠨ ᠰᠢᠯᠭᠠᠨ ᠬᠤᠷᠢᠶᠠᠯᠳᠠ  ᠶᠢ ᠦᠩᠭᠡᠷᠡᠬᠦᠯᠬᠦ ᠶᠢ ᠴᠢᠷᠮᠠᠶᠢᠨ ᠬᠢᠵᠦ  ᠂ ᠠᠯᠳᠠᠨᠰᠢᠷᠡᠭᠡᠳᠤ ᠪᠠᠯᠭᠠᠰᠤ ᠶᠢᠨ ᠪᠤᠵᠠᠷ ᠤᠰᠤ ᠰᠢᠢᠳᠪᠦᠷᠢᠯᠡᠬᠦ ᠦᠢᠯᠡᠳᠪᠦᠷᠢ ᠶᠢᠨ  ᠭᠤᠷᠪᠠᠳᠤᠭᠠᠷ ᠬᠤᠭᠤᠴᠠᠭᠠᠨ ᠤ  ᠪᠠᠷᠢᠯᠭ᠎ᠠ ᠪᠠ ᠪᠠᠭ᠎ᠠ ᠮᠠᠶ᠋ᠢᠭ ᠤᠨ  9 ᠪᠤᠵᠠᠷ ᠤᠰᠤ ᠰᠢᠢᠳᠪᠦᠷᠢᠯᠡᠬᠦ ᠦᠢᠯᠡᠳᠪᠦᠷᠢ ᠶᠢ ᠪᠦᠬᠦᠨ ᠢ  ᠎ ᠨᠢ ᠬᠡᠷᠡᠭᠯᠡᠯᠳᠡ ᠳᠤ ᠤᠷᠤᠭᠤᠯᠬᠤ ᠶᠢ ᠪᠠᠳᠤᠯᠠᠵᠦ᠂ ᠪᠦᠬᠦ ᠬᠤᠲᠠ ᠳᠤ ᠲᠡᠷᠢᠬᠦᠯᠡᠨ  ᠪᠠᠯᠭᠠᠰᠤ ᠪᠦᠷᠢ ᠳᠤ  ᠪᠤᠵᠠᠷ ᠤᠰᠤ ᠰᠢᠢᠳᠪᠦᠷᠢᠯᠡᠬᠦ  ᠦᠢᠯᠡᠳᠪᠦᠷᠢ  ᠎ ᠲᠠᠢ ᠪᠤᠯᠭᠠᠬᠤ ᠶᠢ  ᠪᠡᠶᠡᠯᠡᠬᠦᠯᠦᠨ᠎ᠡ᠃  ᠪᠦᠬᠦ ᠬᠤᠰᠢᠭᠤᠨ ᠤ ᠠᠭᠤᠷᠬᠠᠢ ᠶᠢᠨ ᠲᠠᠷᠬᠠᠭᠠᠭᠰᠠᠨ ᠤᠰᠤ ᠶᠢ ᠠᠰᠢᠭᠯᠠᠬᠤ ᠶᠡᠷᠦᠩᠬᠡᠢ ᠲᠦᠯᠦᠪᠵᠢᠬᠦᠯᠭᠡ  ᠶᠢ ᠬᠢᠵᠦ᠂ ᠵᠢᠯ ᠤᠨ ᠲᠤᠳᠤᠷ᠎ᠠ  ᠱᠧᠨ ᠳ᠋ᠦᠡᠭ ᠺᠤᠮᠫᠠᠨᠢ ᠶᠢᠨ ᠡᠯ᠎ᠡ ᠨᠡᠬᠦᠷᠡᠰᠤᠨ ᠠᠭᠤᠷᠬᠠᠢ  ᠪᠤᠯᠤᠨ ᠢ ᠲᠠᠢ  ᠬᠤᠨᠢᠴᠢᠠᠭᠤᠣᠯ ᠨᠡᠬᠦᠷᠡᠰᠤᠨ ᠠᠭᠤᠷᠬᠠᠢ ᠶᠢᠨ ᠠᠭᠤᠷᠬᠠᠢ ᠶᠢᠨ  ᠲᠠᠷᠬᠠᠭᠠᠭᠰᠠᠨ ᠤᠰᠤ ᠶᠢ ᠶᠡᠷᠦᠩᠬᠡᠶᠢᠯᠡᠨ ᠠᠰᠢᠭᠯᠠᠬᠤ ᠢᠨᠵᠧᠨᠧᠷᠢᠩ ᠤᠨ ᠪᠠᠶᠢᠭᠤᠯᠤᠯᠳᠠ ᠶᠢ ᠠᠬᠢᠭᠤᠯᠵᠤ᠂  ᠠᠮᠢ ᠠᠬᠤᠢ ᠶᠢᠨ  ᠨᠣᠭᠤᠭᠠᠷᠠᠭᠤᠯᠤᠯᠳᠠ᠂  ᠬᠤᠳᠠ ᠶᠢᠨ  ᠤᠰᠤᠨ ᠰᠢᠰᠲ᠋ᠧᠮ  ᠬᠢᠭᠡᠳ  ᠭᠤᠣᠯᠳᠠᠯᠭᠠᠳᠤ ᠲᠦᠷᠦᠯ ᠵᠦᠢᠯ ᠳᠤ  ᠨᠢᠭᠡᠳᠦᠯᠳᠡᠢ ᠲᠦᠯᠦᠪᠯᠡᠨ  ᠠᠰᠢᠬᠯᠠᠵᠦ᠂ ᠠᠭᠤᠷᠬᠠᠢ ᠵᠢᠨ‌ᠤᠰᠤ ᠶᠢ ᠶᠡᠷᠦᠩᠬᠡᠶᠢᠯᠡᠨ ᠨᠡᠭᠡᠭᠡᠨ ᠠᠰᠢᠭᠯᠠᠬᠤ ᠲᠠᠭᠤᠷᠢᠶᠠᠯ ᠲᠤᠭᠤᠷᠢᠭ ᠢ  ᠪᠦᠳᠦᠬᠡᠨ ᠪᠠᠶᠢᠭᠤᠯᠤᠨ᠎ᠠ᠃ ︽ᠬᠠᠮᠤᠭ ᠤᠨ ᠭᠤᠶᠤ ᠠᠭᠤᠷᠬᠠᠢ ᠶᠢᠨ ᠤᠷᠤᠨ︾ ᠪᠠ ᠨᠡᠬᠦᠷᠡᠰᠤ ᠮᠠᠯᠳᠠᠭᠠᠳ ᠴᠦᠮᠦᠷᠡᠭᠰᠡᠨ  ᠭᠠᠵᠠᠷ ᠤᠷᠤᠨ ᠤ ᠲᠦᠷᠦᠯ ᠵᠦᠢᠯ ᠤᠨ ᠪᠠᠶᠢᠭᠤᠯᠤᠯᠳᠠ ᠶᠢ  ᠪᠦᠬᠦ ᠲᠠᠯ᠎ᠠ ᠪᠠᠷ ᠲᠦᠯᠬᠢᠨ ᠠᠬᠢᠭᠤᠯᠵᠤ᠂ ᠪᠤᠬᠢᠷᠳᠤᠯ ᠦᠬᠡᠢ  ᠠᠭᠤᠷᠬᠠᠢ ᠶᠢᠨ  ᠤᠷᠤᠨ᠂  ᠠᠮᠢ ᠠᠬᠤᠢ ᠶᠢᠨ  ᠠᠭᠤᠷᠬᠠᠢ ᠤᠷᠤᠨ᠂  ᠡᠶ᠎ᠡ  ᠵᠣᠬᠢᠴᠠᠯᠳᠠᠢ ᠠᠭᠤᠷᠬᠠᠢ ᠶᠢᠨ  ᠤᠷᠤᠨ ᠢ  ᠪᠦᠳᠦᠬᠡᠨ ᠪᠠᠶᠢᠭᠤᠯᠤᠨ᠎ᠠ᠃      ︵ᠬᠤᠶᠠᠷ︶ ᠠᠵᠤ ᠦᠢᠯᠡᠰ ᠤᠨ  ᠬᠡᠯᠪᠡᠷᠢ ᠪᠠᠨ ᠬᠤᠪᠢᠷᠠᠭᠤᠯᠤᠨ ᠲᠡᠰ ᠲᠡᠪᠰᠢᠬᠦᠯᠬᠦ ᠶᠢ ᠲᠦᠷᠭᠡᠳᠭᠡᠨ᠂  ᠦᠨᠳᠦᠷ ᠴᠢᠨᠠᠷ  ᠴᠢᠨᠰᠠᠭ᠎ᠠ ᠲᠠᠢ ᠬᠦᠭᠵᠢᠬᠦᠯᠬᠦ ᠤᠳᠤᠬᠢᠴᠢᠯᠠᠭᠰᠠᠨ ᠠᠵᠤ ᠦᠢᠯᠡᠰ ᠤᠨ ᠰᠢᠨ᠎ᠡ ᠰᠢᠰᠲ᠋ᠧᠮ ᠢ  ᠪᠦᠷᠢᠯᠳᠦᠬᠦᠯᠦᠨ᠎ᠡ᠃      ᠨᠢᠭᠡ ᠳᠤ  ᠠᠵᠤ ᠦᠢᠯᠡᠳᠪᠦᠷᠢ ᠶᠢᠨ ᠠᠵᠣ ᠠᠬᠤᠢ ᠶᠢᠨ ᠲᠡᠭᠡᠳᠦ ᠲᠡᠰ ᠲᠠᠪᠬᠤᠷᠭᠠᠨ ᠤ ᠥᠷᠳᠡᠭ ᠤᠨ ᠬᠢᠯᠬᠢᠶᠡᠵᠢᠯ  ᠳᠤ  ᠲᠠᠪᠰᠢᠨ‌ᠣᠷᠣᠬᠤ ᠶᠢ  ᠲᠦᠯᠬᠢᠨ ᠠᠬᠢᠭᠤᠯᠤᠨ᠎ᠠ᠃ ᠲᠤᠮᠳᠠᠳᠤ ᠤᠯᠤᠰ ᠤᠨ  ᠨᠡᠬᠦᠷᠡᠰᠤᠨ ᠤ  ᠠᠵᠦ  ᠦᠢᠯᠡᠳᠪᠦᠷᠢ ᠶᠢᠨ  ᠤᠶᠤᠨᠴᠢᠯᠠᠭᠰᠠᠨ  ᠠᠭᠤᠷᠬᠠᠢ ᠎ ᠤᠨ ᠠᠭᠤᠯᠠ᠂ ᠭᠤᠶᠣ ᠦᠵᠡᠰᠬᠦᠯᠡᠩᠳᠤ ᠠᠭᠤᠷᠬᠠᠢ ᠶᠢᠨ ᠠᠭᠤᠯᠠ᠂ ᠴᠢᠳᠠᠪᠦᠷᠢᠳᠠᠨ ᠬᠦᠮᠦᠵᠢᠬᠦᠯᠬᠦ ᠪᠠ  ᠠᠶᠦᠯᠬᠦᠢ ᠶᠢᠨ ᠰᠢᠨᠵᠢᠯᠡᠭᠡ ᠮᠡᠷᠭᠡᠵᠢᠯ ᠤᠨ ᠰᠢᠨ᠎ᠡ ᠡᠬᠦᠳᠦᠯᠳᠡ ᠵᠡᠷᠭᠡ ᠲᠦᠷᠪᠡᠨ ᠲᠠᠯ᠎ᠠ ᠶᠢᠨ  ᠲᠠᠭᠤᠷᠢᠶᠠᠯ ᠦᠵᠡᠬᠦᠯᠬᠦ ᠰᠠᠭᠤᠷᠢᠨ ᠭᠠᠵᠠᠷ ᠢ  ᠪᠦᠳᠦᠭᠡᠨ ᠪᠠᠶᠢᠭᠤᠯᠬᠤ ᠲᠤᠭᠤᠷᠢᠨ ᠳᠤ᠂  ᠨᠡᠬᠦᠷᠡᠰᠤᠨ ᠤ ᠠᠵᠤ ᠦᠢᠯᠡᠰ ᠤᠨ ᠪᠤᠬᠢᠷᠳᠤᠯ ᠦᠬᠡᠢ ᠬᠡᠯᠪᠡᠷᠢ ᠵᠦᠭ ᠬᠤᠪᠢᠷᠠᠭᠤᠯᠤᠨ ᠬᠦᠭᠵᠢᠬᠦᠯᠬᠦ  ᠰᠠᠭᠤᠷᠢ ᠮᠦᠡᠭᠬᠦ  ᠶᠢ  ᠲᠤᠰᠬᠠᠢ ᠲᠤᠬᠢᠷᠠᠭᠤᠯᠵᠦ᠂ ᠨᠡᠬᠦᠷᠡᠰᠤᠨ ᠤ  ᠠᠵᠤ ᠦᠢᠯᠡᠰ ᠤᠨ  ᠬᠡᠯᠪᠡᠷᠢ ᠪᠠᠨ  ᠬᠤᠪᠢᠷᠠᠭᠤᠯᠤᠨ ᠲᠡᠰ ᠲᠡᠪᠰᠢᠬᠦ ᠶᠢ  ᠪᠦᠬᠦ ᠲᠠᠯ᠎ᠠ ᠪᠠᠷ  ᠠᠬᠢᠭᠤᠯᠤᠨ᠎ᠠ᠃ ᠮᠠᠨ ᠤ ᠬᠤᠰᠢᠭᠤᠨ ᠤ  ᠣᠬᠢ ᠨᠡᠬᠦᠷᠡᠰᠤ ᠶᠢ ︽ᠣᠷᠳᠣᠰ ᠨᠡᠬᠦᠷᠡᠰᠤ︾᠎ ᠶᠢᠨ ᠭᠤᠣᠯ ᠨᠡᠬᠦᠷᠡᠰᠤᠨ ᠤ ᠵᠦᠢᠯ᠂  ᠰᠠᠶᠢᠨ  ᠨᠡᠬᠦᠷᠡᠰᠤᠨ ᠤ ᠲᠦᠯᠦᠭᠡᠯᠡᠭᠴᠢ  ᠪᠣᠯᠬᠤ ᠲᠠᠪᠠᠭᠤᠯᠢᠭ ᠎ ᠢᠶᠠᠨ  ᠬᠦᠢᠴᠡᠳ ᠪᠠᠳᠠᠷᠠᠭᠤᠯᠵᠦ᠂ ᠨᠡᠬᠦᠷᠡᠰᠤᠨ ᠤ  ᠦᠢᠯᠡᠰ ᠤᠨ ᠠᠵᠤ ᠠᠬᠤᠶᠢᠯᠠᠯ ᠢ ᠮᠤᠵᠢ ᠤᠷᠤᠨ  ᠠᠯᠤᠰᠯᠠᠵᠤ ᠬᠦᠢᠴᠡᠳᠭᠡᠬᠦ ᠲᠤᠭ᠎ᠠ  ᠶᠢ ᠰᠣᠯᠢᠬᠤ᠂ ᠡᠨᠧᠷᠬᠢ ᠶᠢᠨ ᠭᠠᠷᠤᠯᠳᠠ ᠭᠠᠷᠭᠠᠬᠤ ᠶᠢ ᠵᠤᠷᠢᠭᠵᠢᠭᠤᠯᠤᠨ᠂  ᠰᠢᠨ᠎ᠡ ᠵᠡᠭᠡᠯᠢ ᠶᠢᠨ ᠲᠤᠶᠢᠭ ᠤᠨ ᠰᠦᠮ᠎ᠡ ᠠᠭᠤᠷᠬᠠᠢ ᠶᠢᠨ ᠤᠷᠤᠨ ᠤ ᠡᠮᠦᠨᠡᠬᠢ ᠬᠤᠭᠤᠴᠠᠭᠠᠨ ᠤ  ᠠᠵᠢᠯ ᠢ ᠲᠦᠯᠬᠢᠨ ᠠᠬᠢᠭᠤᠯᠵᠤ᠂  ᠴᠠᠬᠠᠰᠤ᠂ ᠰᠢᠷ᠎ᠠ ᠤᠰᠤ᠂  ᠡᠷᠢᠶᠡᠨᠳᠦ ᠵᠡᠷᠭᠡ 3  ᠭᠠᠵᠠᠷ ᠤᠨ  ᠤᠳᠣᠬᠢᠴᠢᠯᠠᠭᠰᠠᠨ ᠲᠤᠮᠤ ᠬᠡᠯᠪᠡᠷᠢ ᠶᠢᠨ ᠠᠭᠤᠷᠬᠠᠢ ᠶᠢᠨ  ᠬᠤᠳᠳᠤᠭ ᠤᠨ  ᠠᠭᠤᠷᠬᠠᠢ ᠮᠠᠯᠳᠠᠬᠤ ᠵᠦᠪᠰᠢᠶᠡᠷᠡᠯ ᠤᠨ ᠦᠨᠡᠮᠯᠡᠯ ᠢ ᠪᠦᠷᠢᠳᠦᠬᠦᠯᠬᠦ ᠶᠢ ᠲᠦᠯᠬᠢᠨ ᠠᠬᠢᠭᠤᠯᠵᠤ᠂  ᠵᠢᠯ ᠤᠨ ᠲᠤᠳᠤᠷ᠎ᠠ ᠰᠢᠨ᠎ᠡ ᠪᠠᠷ  ᠡᠨᠧᠷᠬᠢ ᠶᠢᠨ  ᠭᠠᠷᠤᠯᠳᠠ ᠶᠢ 1200 ᠲᠤᠨ  ᠨᠡᠮᠡᠭᠳᠡᠬᠦᠯᠵᠦ᠂ ᠪᠦᠬᠦ ᠵᠢᠯ ᠤᠨ  ᠨᠡᠬᠦᠷᠡᠰᠤᠨ ᠤ  ᠭᠠᠷᠤᠯᠳᠠ ᠶᠢ 2 ᠳ᠋ᠦᠩᠰᠢᠭᠤᠷ ᠲᠤᠨ ᠠᠴᠠ  ᠳᠡᠭᠡᠭᠰᠢ ᠪᠣᠯᠭᠠᠨ᠎ᠠ᠃ ᠤᠷᠳᠤᠰ ᠨᠡᠬᠦᠷᠡᠰᠤᠨ ᠤ ᠦᠢᠯᠡᠰ ᠤᠨ  ᠰᠢᠨᠵᠢᠯᠡᠭᠡ ᠮᠡᠷᠭᠡᠵᠢᠯ ᠤᠨ ᠬᠦᠷᠢᠶᠡᠯᠡᠩ ᠢ ᠭᠤᠶᠤᠪᠴᠢᠯᠠᠵᠦ ᠲᠦᠯᠦᠪᠯᠡᠨ ᠪᠠᠶᠢᠭᠤᠯᠤᠨ᠂  ᠤᠯᠤᠰ ᠤᠨ ᠲᠤᠳᠤᠷᠠᠬᠢ ᠨᠡᠷ᠎ᠡ ᠠᠯᠳᠠᠷ ᠲᠠᠢ ᠠᠭᠤᠷᠬᠠᠢ ᠶᠢᠨ ᠠᠵᠢᠯ ᠲᠦᠷᠦᠯ ᠤᠨ  ᠲᠡᠭᠡᠳᠦ ᠰᠤᠷᠭᠠᠭᠤᠯᠢ ᠲᠠᠢ  ᠬᠤᠷᠰᠢᠨ᠂  ᠮᠠᠨ ᠤ ᠬᠤᠰᠢᠭᠤᠨ ᠳᠤ  ᠵᠢᠭᠠᠨ  ᠰᠤᠷᠭᠠᠯᠳᠠ ᠶᠢᠨ  ᠴᠢᠭ ᠪᠠ ᠦᠢᠯᠡᠳᠦᠯᠭᠡ ᠳᠤ  ᠣᠷᠣᠯᠴᠠᠬᠤ  ᠰᠠᠭᠤᠷᠢᠨ ᠭᠠᠵᠠᠷ ᠢ  ᠴᠢᠷᠮᠠᠶᠢᠨ  ᠪᠠᠶᠢᠭᠤᠯᠵᠦ᠂  ᠠᠭᠤᠷᠬᠠᠢ ᠶᠢᠨ  ᠲᠤᠰᠬᠠᠢ ᠮᠡᠷᠭᠡᠵᠢᠯ ᠤᠨ  ᠴᠢᠳᠠᠪᠦᠷᠢᠳᠠᠨ ᠢ ᠬᠦᠮᠦᠵᠢᠬᠦᠯᠦᠨ᠎ᠡ᠃  ᠣᠶᠣᠨᠴᠢᠯᠠᠭᠰᠠᠨ ᠨᠡᠬᠦᠷᠡᠰᠤ ᠮᠠᠯᠳᠠᠬᠤ ᠮᠡᠷᠭᠡᠵᠢᠯ ᠢ  ᠲᠣᠷᠰᠢᠨ  ᠬᠡᠷᠡᠭᠯᠡᠵᠦ᠂ 2 ᠨᠡᠬᠦᠷᠡᠰᠤᠨ  ᠠᠭᠤᠷᠬᠠᠢ ᠳᠤ ︽ᠪᠠᠶᠢᠴᠠᠭᠠᠨ ᠦᠵᠡᠬᠦ ᠬᠦᠮᠦᠨ ᠲᠠᠢ᠂  ᠮᠠᠨᠠᠵᠦ ᠵᠢᠵᠢᠬᠦᠷᠯᠡᠬᠦ ᠬᠦᠮᠦᠨ ᠦᠬᠡᠢ︾  ᠤᠶᠤᠨᠴᠢᠯᠠᠭᠰᠠᠨ  ᠨᠡᠬᠦᠷᠡᠰᠤ ᠮᠠᠯᠳᠠᠵᠦ ᠠᠵᠢᠯᠯᠠᠬᠤ ᠠᠬᠤᠢ ᠪᠠᠶᠢᠳᠠᠯ ᠢ  ᠪᠦᠷᠢᠯᠳᠦᠬᠦᠯᠵᠦ᠂1 ᠵᠠᠳᠠᠭᠠᠢ ᠨᠡᠬᠦᠷᠡᠰᠤᠨ ᠠᠭᠤᠷᠬᠠᠢ ᠳᠤ  ᠵᠢᠯᠣᠭᠤᠴᠢ ᠬᠡᠷᠡᠭᠯᠡᠬᠦ ᠦᠬᠡᠢ ᠪᠠᠷ ᠲᠡᠷᠭᠡᠨ ᠳᠤ  ᠰᠠᠪᠠᠯᠠᠬᠤ ᠦᠢᠯᠡᠳᠪᠦᠷᠢᠯᠡᠯ ᠤᠨ  ᠬᠡᠯᠪᠡᠷᠢ ᠶᠢ ᠬᠡᠷᠡᠭᠡᠯᠡᠵᠦ᠂  ᠨᠡᠬᠦᠷᠡᠰᠤᠨ ᠠᠭᠤᠷᠬᠠᠢ ᠶᠢᠨ  ᠣᠶᠣᠨᠴᠢᠯᠠᠭᠰᠠᠨ ᠬᠦᠭᠵᠢᠯᠳᠡ ᠶᠢᠨ ᠬᠢᠷᠢ ᠲᠦᠪᠰᠢᠨ ᠢ  ᠲᠡᠭᠡᠭᠰᠢᠯᠡᠬᠦᠯᠦᠨ᠎ᠡ᠃  ᠨᠡᠬᠦᠷᠡᠰᠤ ᠪᠠᠷ  ᠰᠠᠭᠤᠷᠢ ᠪᠣᠯᠭᠠᠵᠦ᠂  ᠤᠯᠠᠨ ᠡᠰᠢᠵᠢᠨ ᠬᠦᠭᠵᠢᠬᠦᠯᠬᠦ ᠶᠢ  ᠪᠠᠷᠢᠮᠳᠠᠯᠠᠨ᠂ ᠨᠡᠬᠦᠷᠡᠰᠤᠨ ᠤ  ᠲᠤᠬᠠᠢ ᠠᠵᠦ ᠦᠢᠯᠡᠰ ᠤᠨ ᠬᠢᠯᠬᠢᠶᠡᠵᠢᠯ ᠢ  ᠴᠢᠷᠮᠠᠶᠢᠨ ᠤᠷᠳᠤᠳᠬᠠᠨ᠂ ᠤᠰᠤ  ᠵᠠᠷᠤᠴᠠᠭᠤᠯᠬᠤ ᠪᠠᠭ᠎ᠠ᠂ ᠲᠠᠬᠢᠨ  ᠬᠡᠷᠡᠭᠯᠡᠬᠦ ᠨᠤᠷᠮ᠎ᠠ ᠪᠠᠷ ᠦᠨᠳᠦᠷ᠂ ᠲᠡᠰ ᠲᠠᠪᠬᠤᠷᠭ᠎ᠠ  ᠲᠤᠤᠷ᠎ᠠ ᠨᠡᠬᠦᠷᠡᠰᠤ ᠶᠢ ᠠᠰᠢᠭᠯᠠᠬᠤ ᠲᠦᠷᠦᠯ ᠵᠦᠢᠯ ᠢ  ᠠᠬᠢᠭᠤᠯᠵᠤ᠂  ᠱᠧᠨ ᠬᠤᠸᠠ ᠨᠡᠬᠦᠷᠡᠰᠤ ᠶᠢ ᠲᠤᠰᠤᠵᠢᠭᠤᠯᠬᠤ ᠬᠤᠶᠠᠳᠤᠭᠠᠷ᠂ ᠭᠤᠷᠪᠠᠳᠤᠭᠠᠷ ᠦᠢᠯᠡᠳᠪᠦᠷᠢᠯᠡᠯ ᠤᠨ ᠱᠤᠭᠤᠮ᠂ ᠬᠤᠢ ᠨᠧᠩ ᠨᠡᠬᠦᠷᠡᠰᠤ ᠶᠢ  ᠬᠡᠶᠢᠵᠢᠬᠦᠯᠬᠦ ᠬᠤᠶᠠᠳᠤᠭᠠᠷ ᠬᠤᠭᠤᠴᠠᠭᠠᠨ ᠤ ᠲᠦᠷᠦᠯ ᠵᠦᠢᠯ ᠤᠨ ᠪᠠᠶᠢᠭᠤᠯᠤᠯᠳᠠ ᠶᠢ  ᠲᠦᠷᠭᠡᠳᠭᠡᠵᠦ᠂  ᠨᠡᠬᠦᠷᠡᠰᠤ᠂  ᠴᠠᠬᠢᠯᠭᠠᠨ᠂ ᠲᠣᠰᠣ᠂ ᠬᠡᠢ ᠶᠢ ᠤᠶᠠᠯᠳᠤᠭᠤᠯᠤᠨ ᠬᠦᠭᠵᠢᠬᠦᠯᠵᠦ᠂ ᠪᠤᠬᠢᠷᠳᠣᠯ ᠦᠬᠡᠢ ᠬᠦᠭᠵᠢᠬᠦᠯᠬᠦ ᠶᠢ ᠪᠡᠶᠡᠯᠡᠬᠦᠯᠦᠨ᠎ᠡ᠃      ᠬᠤᠶᠠᠷ ᠲᠤ ᠰᠤᠶᠤᠯ ᠵᠢᠭᠤᠯᠴᠢᠯᠠᠯ ᠤᠨ ᠦᠢᠯᠡᠰ ᠢ ᠴᠢᠨᠠᠷᠵᠢᠭᠤᠨ ᠬᠦᠭᠵᠢᠬᠦᠯᠬᠦ  ᠶᠢ ᠲᠦᠯᠬᠢᠨ  ᠠᠬᠢᠭᠤᠯᠤᠨ᠎ᠠ᠃ ᠴᠢᠨᠠᠷ ᠲᠡᠰ  ᠎ ᠲᠠᠢ ᠦᠵᠡᠮᠵᠢ ᠶᠢᠨ ᠣᠷᠣᠨ ᠢ  ᠪᠦᠳᠦᠭᠡᠨ ᠪᠠᠶᠢᠭᠤᠯᠬᠤ ᠶᠢ  ᠲᠦᠯᠬᠢᠨ ᠠᠬᠢᠭᠤᠯᠤᠨ᠎ᠠ᠃ ᠴᠢᠩᠬᠢᠰ ᠬᠠᠭᠠᠨ ᠤ  ᠣᠩᠭᠤᠨ ᠤ  ᠵᠢᠭᠤᠯᠴᠢᠯᠠᠯ  ᠤᠨ ᠤᠷᠤᠨ ᠤ ᠲᠠᠭᠠᠭᠤᠯᠤᠭᠴᠢ ᠦᠢᠯᠡᠳᠦᠯ ᠢ  ᠰᠠᠶᠢᠳᠤᠷ ᠪᠠᠳᠠᠷᠠᠭᠤᠯᠵᠤ᠂ ᠬᠤᠲᠠ᠂ ᠬᠤᠰᠢᠭᠤ᠂ ᠬᠠᠮᠢᠶᠠᠷᠤᠯᠳᠠ ᠶᠢᠨ ᠵᠦᠪᠯᠡᠯ ᠬᠠᠮᠳᠤᠷᠠᠨ ᠤᠯᠤᠰ ᠤᠨ ᠦᠮᠴᠢᠯᠡᠯᠳᠤ ᠺᠤᠮᠫᠠᠨᠢ ᠪᠠᠶᠢᠭᠤᠯᠬᠤ ᠶᠢ  ᠲᠦᠯᠬᠢᠨ ᠠᠬᠢᠭᠤᠯᠵᠦ᠂ ᠦᠵᠡᠮᠵᠢ ᠶᠢᠨ  ᠣᠷᠣᠨ ᠤ ᠬᠠᠮᠢᠶᠠᠷᠤᠯᠳᠠ  ᠡᠵᠡᠩᠨᠡᠯᠳᠡ ᠶᠢᠨ  ᠪᠠᠶᠢᠭᠤᠯᠤᠮᠵᠢ ᠶᠢ  ᠳᠦᠷᠢᠮᠵᠢᠬᠦᠯᠵᠦ᠂  ᠦᠵᠡᠮᠵᠢ ᠶᠢᠨ  ᠣᠷᠣᠨ ᠬᠢᠭᠡᠳ ᠤᠶᠢᠷ᠎ᠠ ᠬᠠᠪᠢ ᠶᠢᠨ  ᠭᠠᠵᠠᠷ ᠣᠷᠣᠨ ᠤ  ᠰᠠᠭᠤᠷᠢ ᠲᠦᠬᠦᠭᠡᠷᠦᠮᠵᠢ ᠶᠢᠨ  ᠴᠢᠨᠠᠷ ᠲᠡᠰ  ᠢ ᠲᠡᠭᠡᠭᠰᠢᠯᠡᠬᠦᠯᠬᠦ ᠪᠣᠯᠣᠨ   ᠪᠠᠶᠠᠨᠴᠠᠩᠬᠤᠭ ᠤᠨ ᠲᠠᠯ᠎ᠠ ᠨᠣᠳᠤᠭ ᠤᠨ ᠠᠮᠢ ᠠᠬᠤᠢ ᠶᠢᠨ ᠰᠢᠰᠲ᠋ᠧᠮ ᠢ ᠰᠡᠷᠭᠦᠭᠡᠬᠦ ᠢᠨᠵᠧᠨᠧᠷᠢᠩ ᠢ ᠬᠡᠷᠡᠭᠵᠢᠬᠦᠯᠵᠦ᠂ ᠴᠢᠩᠬᠢᠰ ᠬᠠᠭᠠᠨ ᠤ  ᠤᠩᠭᠤᠨ ᠢ ᠤᠯᠤᠰ ᠤᠨ ᠲᠤᠳᠤᠷ᠎ᠠ ᠨᠦᠯᠦᠬᠡ ᠲᠤᠰᠬᠠᠯ ᠢᠶᠠᠷ  ᠶᠡᠭᠡ  ᠵᠢᠭᠤᠯᠴᠢᠯᠠᠯ ᠤᠨ  ᠦᠵᠡᠮᠵᠢ ᠶᠢᠨ ᠤᠷᠤᠨ ᠪᠤᠯᠭᠠᠬᠤ ᠪᠠᠷ ᠴᠢᠷᠮᠠᠶᠢᠵᠤ᠂ ︽ ᠴᠢᠩᠭᠢᠰ ᠬᠠᠭᠠᠨ ᠤ ᠣᠩᠭᠤᠨ ᠢᠶᠠᠷ ᠭᠤᠣᠯ ᠪᠤᠯᠭᠠᠬᠤ︾  ᠵᠢᠭᠤᠯᠴᠢᠯᠠᠯ ᠤᠨ ᠪᠦᠳᠦᠴᠡ ᠶᠢ  ᠪᠦᠷᠢᠯᠳᠦᠬᠦᠯᠦᠨ᠎ᠡ᠃  ᠰᠤᠪᠤᠷᠭ᠎ᠠ ᠶᠢᠨ ᠲᠠᠯ᠎ᠠ ᠨᠤᠳᠤᠭ᠂  ᠵᠢᠶᠦ᠋ᠨ‌‍ᠸᠠᠩ ᠤᠨ ᠤᠷᠳᠤᠨ᠂ ᠦᠪᠦᠷ  ᠮᠣᠩᠭᠤᠯ ᠤᠨ  ᠪᠤᠷᠬᠠᠨ ᠱᠠᠰᠢᠨ ᠤ  ᠰᠤᠶᠤᠯ ᠎ ᠤᠨ ᠮᠦᠽᠸᠢ ᠵᠡᠷᠭᠡ  ᠦᠵᠡᠮᠵᠢ ᠶᠢᠨ ᠤᠷᠤᠨ ᠤ  ᠵᠢᠭᠤᠯᠴᠢᠯᠠᠯ ᠤᠨ  ᠦᠢᠯᠡᠴᠢᠯᠡᠭᠡᠨ ᠤ  ᠴᠢᠳᠠᠪᠦᠷᠢ ᠶᠢ  ᠤᠯᠠᠮ ᠲᠡᠬᠦᠯᠳᠡᠷᠵᠢᠬᠦᠯᠵᠤ᠂ ᠮᠤᠩᠭᠤᠯ  ᠮᠤᠷᠢᠳᠤ ᠴᠡᠷᠢᠭ ᠎ ᠤᠨ ᠲᠤᠭᠯᠠᠭᠠᠮ ᠤᠨ ᠭᠠᠵᠠᠷ ᠢ ᠡᠬᠢᠯᠡᠨ ᠪᠠᠶᠢᠭᠤᠯᠵᠤ᠂ ᠵᠡᠬᠦᠨ ᠪᠠᠷᠠᠭᠤᠨ ᠤᠯᠠᠭᠠᠨᠨᠠᠭᠤᠷ ᠎ ᠤᠨ ᠠᠮᠢ ᠠᠬᠤᠢ ᠶᠢᠨ ᠵᠢᠭᠤᠯᠴᠢᠯᠠᠯ  ᠬᠢᠭᠡᠳ ᠰᠢᠪᠠᠷᠳᠠᠢ ᠶᠢᠨ ᠮᠤᠩᠭᠤᠯ ᠦᠨᠳᠦᠰᠦᠳᠡᠨ ᠤ ᠢᠵᠠᠭᠤᠷ ᠰᠤᠶᠤᠯ ᠢ  ᠪᠡᠶᠡᠴᠢᠯᠡᠨ  ᠤᠶᠢᠯᠠᠭᠠᠬᠤ  ᠲᠤᠭᠤᠷᠢᠭ ᠢ  ᠪᠦᠳᠦᠭᠡᠨ  ᠪᠠᠶᠢᠭᠤᠯᠬᠤ ᠶᠢ ᠠᠬᠢᠭᠤᠯᠵᠤ᠂ ᠨᠢᠭᠡ ᠪᠦᠯᠦᠭ ᠵᠢᠭᠤᠯᠴᠢᠯᠠᠯ ᠤᠨ  ᠰᠣᠳᠣᠨ ᠱᠤᠭᠤᠮ ᠢ ᠭᠠᠷᠭᠠᠨ᠎ᠠ᠃ ᠨᠡᠶᠢᠬᠡᠮ ᠤᠨ  ᠡᠳ᠋ ᠬᠦᠷᠦᠩᠬᠡ ᠶᠢ  ᠲᠠᠲᠠᠨ ᠤᠷᠤᠭᠤᠯᠵᠤ  ᠡᠷᠳᠡᠨᠢ ᠶᠢᠨ  ᠲᠤᠪᠴᠢ ᠰᠤᠶᠤᠯ ᠤᠨ  ᠠᠵᠤ ᠦᠢᠯᠡᠰ ᠤᠨ  ᠬᠦᠷᠢᠶᠡᠯᠡᠩ ᠤᠨ  ᠶᠤᠸᠠᠨ ᠤ  ᠲᠡᠭᠡᠳᠤ ᠨᠡᠶᠢᠰᠯᠠᠯ᠂ ᠬᠠᠷᠠᠬᠤᠷᠠᠮ᠎ᠠ ᠵᠡᠷᠭᠡ 15  ᠲᠦᠷᠦᠯ ᠵᠦᠢᠯ ᠎ ᠢ ᠪᠦᠳᠦᠭᠡᠨ  ᠪᠠᠶᠢᠭᠤᠯᠬᠤ ᠶᠢ   ᠠᠬᠢᠭᠤᠯᠵᠦ᠂  ᠸᠠᠩ ᠎ ᠤᠨ  ᠤᠷᠳᠤᠨ ᠤ ᠰᠤᠶᠤᠯ ᠢ  ᠪᠡᠶᠡᠴᠢᠯᠡᠨ  ᠤᠶᠢᠯᠠᠭᠠᠬᠤ ᠲᠤᠭᠤᠷᠢᠭ᠂  ᠬᠠᠢ ᠷᠦᠨ  ᠺᠢᠨᠤ᠋ ᠲᠧᠯᠸᠢᠰ  ᠬᠢᠭᠡᠳ ᠲᠤᠳᠤᠭᠠᠳᠤ ᠶᠢ  ᠬᠠᠮᠠᠭᠠᠯᠠᠬᠤ  ᠺᠢᠨᠤ᠋ ᠲᠧᠯᠸᠢᠰ  ᠢ ᠰᠡᠬᠦᠳᠡᠷᠯᠡᠬᠦ  ᠰᠠᠭᠤᠷᠢᠨ ᠭᠠᠵᠠᠷ  ᠤᠨ  ᠵᠢᠯ ᠎ ᠤᠨ ᠲᠤᠳᠤᠷ᠎ᠠ ᠨᠤᠳᠣᠭᠰᠢᠬᠤ ᠶᠢ ᠠᠬᠢᠭᠤᠯᠵᠤ᠂ ᠤᠯᠤᠰ ᠤᠨ  ᠲᠡᠰ ᠤᠨ  ᠮᠤᠩᠭᠤᠯ  ᠶᠤᠸᠠᠨ ᠤ ᠰᠤᠶᠤᠯ ᠤᠨ  ᠰᠣᠳᠣᠯᠭᠠᠨ ᠤ  ᠦᠵᠡᠬᠦᠯᠦᠯᠭᠡ  ᠪᠠ ᠤᠯᠠᠮᠵᠢᠯᠠᠨ ᠲᠡᠯᠭᠡᠷᠡᠬᠦᠯᠬᠦ ᠰᠠᠭᠤᠷᠢᠨ ᠭᠠᠵᠠᠷ  ᠪᠠ  ᠮᠤᠩᠭᠤᠯ ᠶᠤᠸᠠᠨ ᠤ ᠰᠤᠶᠤᠯ  ᠵᠢᠭᠤᠯᠴᠢᠯᠠᠯ  ᠤᠨ ᠭᠠᠵᠠᠷ ᠢ  ᠵᠡᠷᠭᠡ ᠳᠤᠨᠢ  ᠪᠦᠳᠦᠭᠡᠨ ᠪᠠᠶᠢᠭᠤᠯᠤᠨ᠎ᠠ᠃ ᠵᠢᠭᠤᠯᠴᠢᠯᠠᠯ ᠤᠨ ᠦᠢᠯᠡᠰ ᠤᠨ ᠰᠢᠨ᠎ᠡ ᠪᠠᠶᠢᠳᠠᠯ ᠢ  ᠨᠡᠭᠡᠭᠡᠨ᠎ᠡ᠃  ᠲᠠᠷᠢᠶᠠᠴᠢᠨ  ᠠᠶᠢᠯ ᠢ ᠤᠶᠢᠯᠠᠭᠠᠬᠤ᠂ ᠠᠷᠠᠳ ᠤᠨ ᠭᠡᠷ ᠲᠤ  ᠬᠤᠨᠤᠭᠯᠠᠬᠤ  ᠂ ᠡᠷᠡᠬᠦᠯ ᠴᠢᠬᠢᠷᠠᠭ ᠪᠡᠶ᠎ᠡ ᠰᠣᠪᠢᠯᠠᠬᠤ ᠵᠡᠷᠭᠡ  ᠣᠨᠴᠠᠯᠢᠭᠳᠤ ᠵᠢᠭᠤᠯᠴᠢᠯᠠᠯ ᠤᠨ  ᠨᠡᠷᠡᠳᠤ  ᠲᠡᠮᠳᠡᠭ ᠎ ᠢ  ᠴᠢᠷᠮᠠᠶᠢᠨ ᠡᠬᠦᠳᠴᠦ᠂  ᠤᠯᠠᠭᠠᠨᠮᠥ᠋ᠷᠡᠨ ᠡᠯᠡᠰᠤᠨ ᠠᠭᠤᠯᠠ ᠶᠢᠨ  ᠴᠡᠩᠬᠡᠯ ᠤᠨ ᠬᠦᠷᠢᠶᠡᠯᠡᠩ ᠢ ᠪᠠᠶᠢᠭᠤᠯᠬᠤ ᠶᠢ  ᠠᠬᠢᠭᠤᠯᠵᠤ᠂ ᠵᠢᠶᠦ᠋ᠨ ᠸᠠᠩ ᠤᠨ ᠣᠷᠳᠤᠨ ᠂ ᠤᠯᠠᠭᠠᠨᠬᠦᠦ ᠶᠢᠨ ᠠᠵᠢᠯᠯᠠᠵᠤ  ᠦᠡᠭᠭᠡᠷᠡᠭᠰᠡᠨ  ᠬᠠᠭᠤᠴᠢᠨ ᠪᠠᠭᠤᠷᠠᠢ  ᠵᠡᠷᠭᠡ  ᠬᠤᠪᠢᠰᠬᠠᠯ ᠤᠨ  ᠰᠠᠭᠤᠷᠢᠨ ᠭᠠᠵᠠᠷ ᠢ  ᠬᠠᠮᠳᠤ ᠳᠤᠨᠢ ᠲᠦᠰᠦᠪᠯᠡᠵᠤ᠂  ᠠᠭᠤᠷᠬᠠᠢ ᠶᠢᠨ ᠬᠤᠳᠳᠤᠭ ᠎ ᠤᠨ ᠲᠣᠣᠷᠠᠬᠢ ᠨᠢᠭᠤᠴᠠ ᠶᠢ ᠬᠠᠶᠢᠬᠤ ᠵᠡᠷᠭᠡ ᠠᠵᠦ ᠦᠢᠯᠡᠳᠪᠦᠷᠢ ᠶᠢᠨ  ᠵᠢᠭᠤᠯᠴᠢᠯᠠᠯ ᠤᠨ ᠲᠦᠷᠦᠯ ᠵᠦᠢᠯ ᠢ ᠢᠳᠡᠪᠬᠢᠳᠡᠢ ᠬᠦᠭᠵᠢᠬᠦᠯᠦᠨ᠎ᠡ᠃ ᠵᠢᠭᠤᠯᠴᠢᠯᠠᠯ ᠢ  ᠰᠤᠳᠤᠯᠤᠨ ᠰᠤᠷᠣᠯᠴᠠᠬᠤ ᠪᠠᠶᠢᠭᠤᠯᠤᠮᠵᠢ ᠶᠢ  ᠤᠷᠢᠨ᠂  ᠵᠠᠯᠠᠭᠤᠴᠤᠳ  ᠪᠠᠭᠠᠴᠤᠳ ᠤᠨ ᠰᠣᠳᠤᠯᠤᠨ ᠰᠤᠷᠤᠯᠴᠠᠬᠤ ᠰᠠᠭᠤᠷᠢᠨ ᠭᠠᠵᠠᠷ ᠢ 3-5  ᠪᠦᠳᠦᠭᠡᠨ ᠪᠠᠶᠢᠭᠤᠯᠵᠤ᠂ ᠤᠶᠢᠷ᠎ᠠ ᠬᠠᠪᠢ ᠎ ᠪᠠᠷ ᠵᠢᠭᠤᠯᠴᠢᠯᠠᠬᠤ᠂  ᠭᠠᠷᠠᠭ ᠤᠨ ᠰᠡᠬᠦᠯᠴᠢ ᠪᠠᠷ ᠵᠢᠭᠤᠯᠴᠢᠯᠠᠬᠤ ᠪᠠ ᠦᠪᠡᠷ ᠢᠶᠠᠨ ᠮᠠᠰᠢᠨ ᠪᠠᠷᠢᠵᠤ ᠵᠢᠭᠤᠯᠴᠢᠯᠠᠬᠤ ᠶᠢ  ᠲᠠᠭᠠᠭᠤᠯᠤᠨ ᠲᠠᠶᠢᠴᠢᠯᠠᠨ᠎ᠠ᠃ ︽ ᠲᠤᠮᠳᠠᠳᠤ ᠤᠯᠤᠰ  ᠤᠨ  ᠡᠵᠡᠨ ᠬᠤᠷᠤᠭ᠎ᠠ  ᠮᠣᠷᠢᠨ ᠬᠠᠷᠢᠶᠠᠯᠠᠯ ᠤᠨ  ᠠᠮᠢᠳᠠᠳ ᠤᠨ  ᠬᠢᠵᠢᠭ ᠡᠪᠡᠳᠴᠢᠨ ᠦᠬᠡᠢ  ᠣᠷᠣᠨ︾  ᠪᠠᠶᠢᠭᠤᠯᠬᠤ ᠶᠢ  ᠪᠦᠬᠦ ᠬᠦᠴᠦᠨ ᠢᠶᠠᠷ  ᠠᠬᠢᠭᠤᠯᠵᠦ᠂  ᠤᠯᠠᠨ ᠤᠯᠤᠰ ᠤᠨ  ᠮᠣᠷᠢ ᠪᠤᠶᠢᠵᠢᠭᠤᠯᠬᠤ ᠰᠠᠭᠤᠷᠢᠨ ᠭᠠᠵᠠᠷ  ᠪᠣᠯᠣᠨ  ᠰᠣᠯᠢᠯᠴᠠᠭᠠᠨ ᠤ ᠲᠥᠪ ᠢ ᠪᠠᠶᠢᠭᠤᠯᠤᠨ᠎ᠠ᠃  ᠰᠤᠶᠤᠯ ᠵᠢᠭᠤᠯᠴᠢᠯᠠᠯ ᠤᠨ ᠨᠡᠷᠡᠳᠤ  ᠲᠡᠮᠳᠡᠭ ᠢ ᠡᠬᠦᠳᠦᠨ᠎ᠡ᠃  ᠠᠵᠤ ᠠᠬᠤᠶᠢᠯᠠᠯ ᠎ ᠤᠳ ᠤᠨ ᠨᠢᠭᠡ ᠪᠦᠯᠦᠭ ᠤᠷᠤᠯᠳᠤᠭᠠᠨ ᠪᠠ ᠠᠵᠢᠯᠯᠠᠭ᠎ᠠ ᠦᠷᠨᠢᠬᠦᠯᠬᠦ ᠶᠢ ᠵᠤᠷᠢᠭᠵᠢᠭᠤᠯᠤᠨ ᠲᠠᠭᠠᠭᠤᠯᠤᠨ᠎ᠠ᠃  ᠣᠷᠳᠣᠰ ᠤᠯᠠᠨ ᠤᠯᠤᠰ ᠤᠨ ᠠᠷᠭᠤᠮᠠᠭ ᠬᠦᠯᠦᠭ ᠎ ᠤᠨ ᠨᠠᠶᠢᠷ  ᠵᠡᠷᠭᠡ 5 ᠨᠠᠷᠡᠳᠦ  ᠲᠡᠮᠳᠡᠭᠳᠦ  ᠨᠠᠶᠢᠷ ᠬᠤᠷᠢᠮ ᠢ ᠰᠠᠶᠢᠳᠤᠷ ᠡᠷᠬᠢᠯᠡᠨ᠂  ᠬᠦᠮᠦᠨ  ᠪᠤᠯᠤᠨ  ᠬᠤᠳᠠᠯᠳᠤᠭ᠎ᠠ ᠮᠠᠶᠢᠮᠠᠢ  ᠶᠢ ᠲᠦᠪᠯᠡᠷᠡᠬᠦᠯᠦᠨ᠎ᠡ᠃ ︽ ᠰᠦᠯᠵᠢᠶᠡᠨ ᠲᠡᠭᠡᠷ᠎ᠡ  ᠪᠠ ᠰᠦᠯᠵᠢᠶᠡᠨ ᠠᠴᠠ ᠭᠠᠳᠠᠨ᠎ᠠ︾  ᠪᠤᠷᠤᠯᠠᠭᠤᠯᠬᠤ  ᠡᠵᠡᠩᠨᠡᠯᠳᠡ ᠶᠢᠨ  ᠠᠷᠭ᠎ᠠ ᠮᠠᠶ᠋ᠢᠭ ᠢ  ᠪᠦᠬᠦ ᠲᠠᠯ᠎ᠠ ᠪᠠᠷ  ᠠᠬᠢᠭᠤᠯᠵᠤ᠂  ᠭᠠᠵᠠᠷ ᠤᠷᠤᠨ ᠤ  ᠵᠢᠭᠤᠯᠴᠢᠯᠠᠯ ᠤᠨ  ᠨᠦᠯᠦᠭᠡ ᠲᠤᠰᠬᠠᠯ ᠪᠠ ᠠᠯᠳᠠᠷ ᠨᠡᠷ᠎ᠡ ᠶᠢ  ᠲᠡᠭᠡᠭᠰᠢᠯᠡᠬᠦᠯᠦᠨ  ᠂ ︽ ᠲᠡᠭᠷᠢᠯᠢᠭ  ᠡᠵᠡᠨ ᠤ  ᠲᠠᠷᠬᠠᠨ ᠤᠷᠤᠨ  ᠡᠵᠡᠨ ᠬᠤᠷᠤᠭ᠎ᠠ  ᠬᠤᠰᠢᠭᠤ︾  ᠭᠡᠬᠦ ᠵᠢᠭᠤᠯᠴᠢᠯᠠᠯ ᠤᠨ  ᠨᠡᠷ᠎ᠡ ᠲᠡᠮᠳᠡᠭ ᠢ ᠴᠤᠤᠷᠢᠶᠠᠳᠤᠭᠤᠯᠵᠤ᠂  ᠤᠯᠤᠰ ᠤᠨ  ᠲᠤᠳᠤᠭᠠᠳᠤ ᠭᠠᠳᠠᠭᠠᠳᠤ ᠳᠤ  ᠨᠡᠷ᠎ᠡ ᠠᠯᠳᠠᠷ ᠲᠠᠢ  ᠨᠡᠷᠡᠳᠤ ᠵᠢᠭᠤᠯᠴᠢᠯᠠᠯ ᠎ ᠤᠨ ᠣᠷᠣᠨ  ᠪᠣᠯᠭᠠᠵᠤ᠂  ᠪᠦᠬᠦ ᠵᠢᠯ ᠳᠤ  ᠵᠢᠭᠤᠯᠴᠢᠳ ᠢ  ᠬᠦᠯᠢᠶᠡᠨ ᠵᠤᠴᠢᠯᠠᠬᠤ  ᠲᠤᠭ᠎ᠠ ᠪᠠ  ᠵᠢᠭᠤᠯᠴᠢᠯᠠᠯ ᠤᠨ  ᠣᠷᠣᠯᠭ᠎ᠠ ᠶᠢ 15%᠎ ᠎ ᠪᠠᠷ  ᠨᠡᠮᠡᠭᠳᠡᠬᠦᠯᠵᠦ᠂  ᠲᠤᠰᠪᠦᠷᠢ 414  ᠲᠦᠮᠡ ᠬᠦᠮᠦᠨ ᠤᠳᠠᠭ᠎ᠠ ᠪᠤᠯᠤᠨ 46 ᠳ᠋ᠦᠩᠰᠢᠭᠤᠷ ᠲᠦᠬᠦᠷᠢᠭ ᠲᠤ  ᠬᠦᠷᠭᠡᠨ᠎ᠡ᠃      ᠭᠤᠷᠪᠠ ᠳᠤ ᠤᠳᠤᠬᠢᠴᠢᠯᠠᠭᠰᠠᠨ ᠦᠢᠯᠡᠴᠢᠯᠡᠭᠡᠨ  ᠤ  ᠦᠢᠯᠡᠰ  ᠢ  ᠦᠨᠳᠦᠷ ᠲᠡᠰᠵᠢᠬᠦᠯᠦᠨ  ᠬᠦᠭᠵᠢᠬᠦᠯᠬᠦ ᠶᠢ  ᠠᠬᠢᠭᠤᠯᠤᠨ᠎ᠠ  ᠃ ᠤᠳᠤᠬᠢᠴᠢᠯᠠᠭᠰᠠᠨ ᠪᠤᠳᠠᠰ ᠎ ᠤᠨ ᠬᠦᠢᠯᠭᠡᠭᠡᠨ ᠤ  ᠦᠢᠯᠡᠰ ᠢ  ᠶᠡᠭᠡ ᠪᠠᠷ  ᠬᠦᠭᠵᠢᠬᠦᠯᠦᠨ᠎ᠡ᠃ ᠡᠵᠡᠨ ᠬᠤᠷᠤᠭ᠎ᠠ ᠣᠯᠠᠨ ᠤᠯᠤᠰ ᠤᠨ ᠨᠢᠰᠭᠡᠯ ᠤᠨ ᠪᠠᠭᠤᠳᠠᠯ ᠤᠨ ᠠᠭᠠᠷ ᠤᠨ  ᠵᠠᠮ ᠤᠨ  ᠲᠦᠪᠯᠡᠷᠡᠯ ᠴᠡᠭ ᠤᠨ ᠲᠠᠪᠠᠭᠤᠯᠢᠭ ᠢ ᠲᠦᠰᠢᠭᠯᠡᠵᠦ᠂ ᠣᠶᠢᠷ᠎ᠠ ᠬᠠᠪᠢ ᠶᠢᠨ  ᠭᠠᠵᠠᠷ ᠣᠷᠣᠨ ᠤ ᠲᠦᠷᠭᠡᠨ ᠭᠤᠶᠢᠪᠢᠭᠤᠯᠭ᠎ᠠ ᠶᠢᠨ ᠲᠦᠪᠯᠡᠷᠡᠬᠦᠯᠦᠨ ᠲᠠᠷᠬᠠᠭᠠᠬᠤ ᠲᠥᠪ  ᠪᠣᠯᠣᠨ ᠠᠭᠠᠷ ᠤᠨ ᠠᠶᠠᠯᠠᠯ ᠤᠨ ᠪᠠᠷᠠᠭᠠᠨ ᠤ ᠬᠦᠢᠯᠭᠡᠭᠡᠨ ᠤ ᠲᠥᠪ  ᠢ  ᠪᠠᠶᠢᠭᠤᠯᠤᠨ᠎ᠠ᠃ ᠯᠤᠩᠬᠤ ᠶᠢᠨ  ᠵᠡᠪᠡ  ᠶᠢᠨ  ᠭᠠᠶᠢᠯᠢ ᠭᠦᠢᠴᠡᠳᠭᠡᠭᠡ ᠦᠬᠡᠢ ᠡᠳ᠋ ᠪᠠᠷᠠᠭᠠᠨ  ᠤ  ᠥᠷᠳᠡᠭᠡ  ᠵᠢᠴᠢ ᠲᠡᠮᠤᠷ ᠵᠠᠮ ᠤᠨ ᠲᠤᠰᠬᠠᠢ  ᠱᠤᠭᠤᠮ ᠤᠨ  ᠲᠦᠷᠦᠯ ᠵᠦᠢᠯ ᠤᠨ ᠪᠠᠶᠢᠭᠤᠯᠤᠯᠳᠠ ᠶᠢ ᠢᠳᠡᠪᠬᠢᠳᠡᠢ ᠠᠬᠢᠭᠤᠯᠵᠤ᠂   ᠪᠦᠬᠦ ᠬᠤᠳᠠ ᠵᠢᠴᠢ ᠤᠶᠢᠷ᠎ᠠ  ᠬᠠᠪᠢ ᠎ ᠶᠢᠨ  ᠭᠠᠵᠠᠷ ᠣᠷᠣᠨ ᠤ ᠲᠡᠷᠢᠬᠦᠨ ᠤ  ᠭᠠᠶᠢᠯᠢ ᠬᠦᠢᠴᠡᠳᠭᠡᠭᠡ ᠦᠬᠡᠢ  ᠡᠳ᠋ ᠪᠠᠷᠠᠭᠠᠨ  ᠤ  ᠲᠦᠪᠯᠡᠷᠡᠬᠦᠯᠦᠨ ᠲᠠᠷᠬᠠᠭᠠᠬᠤ ᠭᠠᠵᠠᠷ ᠢ  ᠪᠠᠶᠢᠭᠤᠯᠵᠦ᠂  ᠤᠷᠳᠤᠰ ︽ᠭᠠᠶᠢᠯᠢ ᠬᠦᠢᠴᠡᠳᠭᠡᠭᠡ ᠦᠬᠡᠢ  ᠡᠳ᠋ ᠪᠠᠷᠠᠭᠠᠨ︾ ᠎ ᠤ  ᠲᠡᠭᠡᠭᠡᠪᠦᠷᠢᠯᠡᠯᠳᠡ ᠶᠢᠨ ᠵᠠᠬ᠎ᠠ ᠲᠡᠯᠭᠡᠬᠦᠷ  ᠤᠨ ᠬᠤᠭᠤᠰᠤᠨ ᠪᠠᠶᠢᠳᠠᠯ ᠢ ᠦᠬᠡᠶᠢᠰᠭᠡᠨ᠎ᠡ  ᠃ ᠬᠦᠬᠡᠬᠤᠳᠠ ᠶᠢᠨ  ᠲᠡᠮᠦᠷ ᠵᠠᠮ  ᠤᠨ ᠶᠢᠤ ᠪᠠᠨᠭ᠌ ᠰᠢᠨ᠎ᠡ ᠵᠡᠬᠡᠯᠢ ᠨᠡᠬᠦᠷᠡᠰᠤᠨ ᠤ ᠦᠢᠯᠡᠰ ᠤᠨ ᠪᠤᠳᠠᠰ ᠤᠨ  ᠬᠦᠢᠯᠭᠡᠭᠡᠨ ᠤ ᠭᠠᠵᠠᠷ ᠂  ᠬᠤᠳᠠ ᠶᠢᠨ  ᠤᠯᠤᠰ ᠤᠨ  ᠪᠡᠯᠡ ᠣᠷᠣᠭᠤᠯᠤᠯᠳᠠ ᠶᠢᠨ  ᠪᠦᠯᠦᠭᠯᠡᠯ ᠤᠨ  ᠬᠠᠶᠢᠯᠡᠰᠤ ᠶᠢᠨ ᠬᠤᠭᠤᠯᠠᠢ  ᠲᠦᠪᠯᠡᠷᠡᠬᠦᠯᠦᠨ ᠲᠠᠷᠬᠠᠭᠠᠬᠤ   ᠭᠠᠵᠠᠷ  ᠪᠤᠯᠤᠨ  ᠎ ᠲᠠᠢ ᠢ ᠡᠾᠧᠩ  ᠲᠦᠪᠯᠡᠷᠡᠬᠦᠯᠦᠨ ᠲᠠᠷᠬᠠᠭᠠᠬᠤ ᠦᠷᠲᠡᠭᠡ ᠶᠢ  ᠲᠦᠷᠭᠡᠳᠭᠡᠨ ᠪᠠᠶᠢᠭᠤᠯᠵᠤ᠂  ᠪᠠᠳᠦ ᠶᠢᠨ  ᠲᠤᠬᠤᠢ ᠶᠢᠨ ᠱᠸᠡᠭ ᠶᠤᠸᠠᠨ᠂  ᠪᠸᠢ ᠲᠦᠡᠭ  ᠵᠡᠷᠭᠡ 6 ᠲᠦᠪᠯᠡᠷᠡᠬᠦᠯᠦᠨ  ᠲᠠᠷᠬᠠᠭᠠᠬᠤ ᠦᠷᠲᠡᠭᠡ ᠶᠢ  ᠬᠡᠷᠡᠭᠯᠡᠯᠳᠡ ᠳᠤ  ᠤᠷᠤᠭᠤᠯᠬᠤ ᠶᠢ  ᠪᠠᠳᠤᠯᠠᠵᠤ᠂  ᠲᠡᠷᠭᠡᠨ ᠳᠤ  ᠲᠦᠷᠭᠡᠨ ᠰᠠᠪᠠᠯᠠᠵᠤ ᠵᠦᠭᠡᠭᠡᠪᠦᠷᠢᠯᠡᠬᠦ ᠴᠢᠳᠠᠪᠦᠷᠢ ᠎ ᠶᠢ ᠰᠢᠨ᠎ᠡ  ᠪᠠᠷ 4300 ᠲᠦᠮᠡᠨ ᠲᠤᠨ ᠨᠡᠮᠡᠭᠳᠡᠬᠦᠯᠦᠨ᠎ᠡ᠃  ᠭᠠᠵᠠᠷ ᠣᠷᠣᠨ  ᠤ  ᠮᠠᠰᠢᠨ ᠲᠡᠷᠭᠡᠨ ᠎ ᠤ ᠪᠦᠯᠦᠭᠯᠡᠯ ᠢ  ᠪᠤᠵᠠᠭᠠᠶᠢᠷᠠᠭᠤᠯᠤᠨ  ᠪᠣᠶᠢᠵᠢᠭᠤᠯᠵᠤ᠂   ᠠᠯᠤᠰ ᠤᠨ  ᠵᠦᠬᠡᠬᠡᠪᠦᠷᠢ  ᠪᠠ  ᠤᠶᠢᠷ᠎ᠠ  ᠬᠠᠪᠢ ᠶᠢᠨ  ᠵᠦᠬᠡᠭᠡᠪᠦᠷᠢ ᠶᠢ  ᠨᠢᠭᠡᠳᠦᠯᠳᠡᠢ ᠲᠦᠯᠦᠪᠯᠡᠵᠤ᠂  ᠨᠡᠬᠦᠷᠡᠰᠤ ᠵᠦᠬᠡᠬᠡᠪᠦᠷᠢᠯᠡᠬᠦ  ᠲᠡᠷᠭᠡ  ᠮᠠᠰᠢᠨ  ᠢ ᠺᠤᠮᠫᠠᠨᠢᠴᠢᠯᠠᠭᠰᠠᠨ  ᠬᠠᠷᠢᠶᠠᠯᠠᠯ ᠭᠠᠵᠠᠷ  ᠎ ᠲᠤ ᠲᠠᠩᠰᠠᠯᠠᠵᠤ   ᠬᠠᠮᠢᠶᠠᠷᠤᠨ᠎ᠠ  ᠃ ᠪᠦᠬᠦ ᠬᠤᠰᠢᠭᠤᠨ ᠤ ᠨᠡᠬᠦᠷᠡᠰᠤᠨ ᠤ  ᠠᠵᠢᠯ ᠲᠦᠷᠦᠯ ᠤᠨ ᠨᠢᠭᠡᠳᠦᠯᠳᠡᠢ ᠲᠠᠩᠰᠠ ᠪᠤᠳᠤᠬᠤ ᠲᠠᠪᠴᠠᠩ ᠢ ᠪᠠᠶᠢᠭᠤᠯᠤᠨ ᠪᠦᠷᠬᠦᠬᠦᠯᠬᠦ ᠶᠢ ᠲᠦᠷᠭᠡᠳᠭᠡᠨ᠂  ᠨᠡᠬᠦᠷᠡᠰᠤᠨ ᠤ ᠦᠢᠯᠡᠳᠪᠦᠷᠢ ᠠᠴᠠ ᠭᠠᠷᠬᠤ  ᠦᠨ᠎ᠡ ᠶᠢᠨ  ᠪᠤᠷᠤᠯᠠᠭᠤᠯᠭ᠎ᠠ᠂  ᠲᠡᠮᠤᠷ ᠵᠠᠮ ᠤᠨ  ᠵᠦᠭᠡᠭᠡᠪᠦᠷᠢᠯᠡᠯᠳᠡ᠂  ᠮᠠᠰᠢᠨ ᠲᠡᠷᠭᠡᠨ ᠤ  ᠵᠦᠭᠡᠭᠡᠪᠦᠷᠢᠯᠡᠯᠳᠡ᠂  ᠤᠶᠢᠷ᠎ᠠ ᠵᠠᠮ ᠤᠨ ᠵᠦᠬᠡᠬᠡᠪᠦᠷᠢᠯᠡᠯᠳᠡ ᠵᠡᠷᠭᠡ  ᠭᠤᠭᠴᠤᠭ᠎ᠠ ᠶᠢ  ᠪᠦᠬᠦᠨ ᠢ  ᠲᠠᠪᠴᠠᠩ ᠳᠤ  ᠲᠦᠷᠢᠮᠵᠢᠬᠦᠯᠬᠦ ᠶᠢ  ᠪᠡᠶᠡᠯᠡᠬᠦᠯᠦᠨ᠂ ᠭᠠᠶᠢᠯᠢ ᠲᠠᠳᠠᠪᠦᠷᠢ  ᠶᠢ  ᠬᠠᠷᠢᠶᠠᠯᠠᠯ ᠭᠠᠵᠠᠷ ᠲᠤ  ᠨᠢᠭᠡᠳᠦᠯᠳᠡᠢ ᠲᠤᠭᠠᠴᠠᠵᠤ ᠲᠠᠭᠤᠰᠬᠠᠬᠤ ᠶᠢ  ᠪᠡᠶᠡᠯᠡᠬᠦᠯᠦᠨ᠎ᠡ᠃ ᠡᠵᠡᠨ ᠬᠤᠷᠤᠭ᠎ᠠ ᠬᠤᠰᠢᠭᠤᠨ ᠤ  ᠨᠡᠬᠦᠷᠡᠰᠤᠨ ᠤ ᠦᠢᠯᠡᠰ ᠤᠨ ᠪᠤᠳᠠᠰ ᠤᠨ ᠬᠦᠢᠯᠭᠡᠭᠡᠨ  ᠤ ᠬᠦᠷᠢᠶᠡᠯᠡᠩ  ᠬᠢᠭᠡᠳ ᠵᠠᠰᠠᠭ  ᠪᠤᠳᠠᠰ ᠤᠨ  ᠬᠦᠢᠯᠭᠡᠭᠡᠨ ᠤ  ᠬᠦᠷᠢᠶᠡᠯᠡᠩ  ᠤᠨ  ᠬᠦᠮᠦᠷᠭᠡᠯᠡᠵᠤ ᠬᠠᠳᠠᠭᠠᠯᠠᠬᠤ ᠪᠤᠳᠠᠰ ᠤᠨ  ᠬᠦᠢᠯᠭᠡᠭᠡ᠂  ᠣᠬᠢᠶᠠᠵᠤ ᠰᠣᠩᠭᠤᠬᠤ ᠶᠢ  ᠲᠦᠬᠦᠷᠵᠢᠬᠦᠯᠦᠭᠰᠡᠨ   ᠦᠢᠯᠡᠴᠢᠯᠡᠭᠡᠨ ᠤ  ᠲᠦᠬᠦᠭᠡᠷᠦᠮᠵᠢ ᠶᠢ ᠲᠦᠷᠭᠡᠳᠭᠡᠨ ᠪᠠᠶᠢᠭᠤᠯᠵᠤ᠂  ᠪᠦᠬᠦ ᠣᠷᠣᠨ ᠤ  ᠲᠡᠷᠢᠬᠦᠨ ᠤ  ᠨᠡᠬᠦᠷᠡᠰᠤᠨ ᠤ ᠦᠢᠯᠡᠰ ᠤᠨ ᠪᠤᠳᠠᠰ ᠎ ᠤᠨ ᠬᠦᠢᠯᠭᠡᠭᠡᠨ ᠤ  ᠲᠦᠪᠯᠡᠷᠡᠬᠦᠯᠦᠨ ᠲᠠᠷᠬᠠᠭᠠᠬᠤ ᠰᠠᠭᠤᠷᠢᠨ ᠭᠠᠵᠠᠷ ᠪᠤᠯᠤᠨ ᠪᠠᠷᠠᠭᠤᠨ ᠬᠤᠶᠢᠳᠤ ᠶᠢᠨ  ᠭᠠᠵᠠᠷ ᠣᠷᠣᠨ  ᠳᠤ  ᠨᠦᠯᠦᠭᠡᠯᠡᠬᠦ ᠬᠦᠴᠦᠨ ᠲᠠᠢ  ᠨᠡᠬᠦᠷᠡᠰᠤᠨ ᠤ  ᠪᠤᠳᠠᠰ ᠤᠨ  ᠬᠦᠢᠯᠭᠡᠭᠡᠨ ᠤ  ᠲᠤᠳᠤᠭᠠᠳᠤ ᠬᠠᠭᠤᠷᠠᠢ ᠶᠢᠨ  ᠭᠠᠷᠠᠮ ᠢ  ᠪᠠᠶᠢᠭᠤᠯᠬᠤ ᠪᠠᠷ  ᠴᠢᠷᠮᠠᠶᠢᠨ᠎ᠠ᠃  ᠠᠷᠠᠯᠵᠢᠶ᠎ᠠ ᠬᠤᠳᠠᠯᠳᠤᠭᠠᠨ ᠤ ᠦᠢᠯᠡᠴᠢᠯᠡᠭᠡᠨ ᠤ ᠦᠢᠯᠡᠰ ᠢ  ᠲᠦᠷᠭᠡᠳᠭᠡᠨ ᠬᠦᠭᠵᠢᠬᠦᠯᠦᠨ᠎ᠡ᠃  ᠬᠤᠳᠠ ᠶᠢᠨ  ᠲᠥᠪ ᠲᠤᠭᠤᠷᠢᠭ ᠤᠨ ᠬᠤᠳᠠᠯᠳᠤᠭᠠᠨ ᠤ  ᠬᠡᠯᠪᠡᠷᠢ ᠶᠢ  ᠲᠦᠰᠦᠪᠯᠡᠨ ᠵᠤᠬᠢᠶᠠᠵᠤ᠂  ᠡᠯ᠎ᠡ ᠵᠦᠢᠯ ᠤᠨ  ᠬᠤᠳᠠᠯᠳᠤᠭᠠᠨ ᠤ  ᠬᠡᠯᠪᠡᠷᠢ ᠶᠢ  ᠰᠢᠰᠲ᠋ᠧᠮ ᠲᠠᠢ ᠲᠣᠬᠢᠷᠠᠭᠤᠯᠤᠨ᠎ᠠ᠃ ᠠᠷᠠᠯᠵᠢᠶ᠎ᠠ ᠬᠤᠳᠠᠯᠳᠤᠭᠠᠨ ᠤ  ᠦᠢᠯᠡᠴᠢᠯᠡᠭᠡᠨ ᠤ  ᠦᠢᠯᠡᠰ ᠤᠨ  ᠴᠡᠴᠡᠭᠯᠡᠨ ᠬᠦᠭᠵᠢᠯᠳᠡ ᠶᠢ  ᠠᠬᠢᠭᠤᠯᠤᠨ᠎ᠠ᠃  ᠡᠵᠡᠨ ᠬᠤᠷᠤᠭ᠎ᠠ ᠬᠤᠰᠢᠭᠤᠨ ᠤ  ᠣᠨᠴᠠᠯᠢᠭᠳᠤ  ᠠᠮᠳᠠᠳᠤ ᠢᠳᠡᠭᠡᠨ ᠤ  ᠨᠡᠷᠡᠳᠤ ᠲᠡᠮᠳᠡᠭ ᠎ ᠢ ᠲᠦᠰᠦᠪᠯᠡᠨ  ᠲᠡᠯᠭᠡᠷᠡᠬᠦᠯᠵᠤ  ᠂  ᠤᠷᠤᠨ ᠨᠤᠳᠤᠭ ᠤᠨ ᠲᠤᠯᠤᠭᠠᠶᠢᠯᠠᠭᠴᠢ  ᠢᠳᠡᠭᠡᠨ ᠤᠮᠳᠠᠭᠠᠨ ᠤ  ᠠᠵᠤ ᠠᠬᠤᠶᠢᠯᠠᠯ ᠢ 5-10  ᠲᠡᠮᠵᠢᠨ ᠲᠤᠰᠠᠯᠠᠵᠤ᠂  ᠢᠳᠡᠭᠡᠨ ᠤᠮᠳᠠᠭᠠᠨ ᠤ  ᠠᠵᠢᠯ ᠲᠦᠷᠦᠯ ᠤᠨ  ᠦᠢᠯᠡᠴᠢᠯᠡᠭᠡᠨ ᠤ  ᠬᠢᠷᠢ ᠲᠦᠪᠰᠢᠨ ᠢ  ᠪᠦᠬᠦᠯᠢ ᠴᠤᠭᠴᠠ ᠳᠤᠨᠢ  ᠲᠠᠶᠢᠴᠢᠯᠠᠨ ᠲᠠᠭᠠᠭᠤᠯᠤᠨ᠎ᠠ᠃  ᠨᠡᠷ᠎ᠡ ᠠᠯᠳᠠᠷ ᠲᠠᠢ  ᠡᠵᠡᠩᠨᠡᠭᠴᠢ ᠶᠢ  ᠢᠳᠡᠪᠬᠢᠳᠡᠢ ᠤᠷᠢᠨ  ᠶᠢᠨ ᠵᠢᠢ  ᠨᠠᠷᠠᠨ ᠭᠡᠷᠡᠯᠳᠦ  ᠬᠤᠳᠠ ᠵᠡᠷᠭᠡ  ᠬᠤᠳᠠ ᠶᠢᠨ ᠲᠥᠪ  ᠤᠨ ᠰᠤᠯᠠ ᠬᠤᠳᠠᠯᠳᠤᠭᠠᠨ ᠤ  ᠭᠠᠵᠠᠷ ᠢ  ᠬᠡᠷᠡᠭᠯᠡᠯᠳᠡ ᠳᠤ  ᠤᠷᠤᠭᠤᠯᠵᠤ᠂  ᠨᠡᠷᠡᠳᠤ ᠲᠡᠮᠳᠡᠭ ᠤᠨ ᠬᠤᠳᠠᠯᠳᠤᠭ᠎ᠠ᠂  ᠬᠤᠳᠠᠯᠳᠤᠨ ᠠᠪᠬᠤ ᠬᠡᠷᠡᠭᠯᠡᠭᠡᠨ ᠤ ᠭᠠᠵᠠᠷ᠂  ᠤᠨᠴᠠᠯᠢᠬᠳᠤ ᠢᠳᠡᠭᠡᠨ ᠤᠮᠳᠠᠭᠠᠨ ᠵᠡᠷᠭᠡ  ᠠᠷᠠᠯᠵᠢᠶ᠎ᠠ ᠬᠤᠳᠠᠯᠳᠤᠭᠠᠨ ᠤ  ᠦᠢᠯᠡᠴᠢᠯᠡᠭᠡ ᠶᠢ ᠬᠦᠭᠵᠢᠬᠦᠯᠵᠦ᠂ ᠪᠠᠷᠠᠭ᠎ᠠ ᠲᠠᠸᠠᠷ ᠬᠤᠳᠠᠯᠳᠤᠨ ᠠᠪᠬᠤ᠂ ᠢᠳᠡᠭᠡᠨ ᠤᠮᠳᠠᠭᠠᠨ ᠂ ᠰᠡᠯᠡᠬᠦᠴᠡᠯ᠂  ᠨᠠᠭᠠᠳᠤᠮ ᠴᠡᠩᠬᠡᠯ ᠵᠡᠷᠭᠡ ᠴᠢᠳᠠᠪᠦᠷᠢ ᠶᠢ  ᠨᠢᠭᠡ  ᠴᠣᠭᠴᠠᠵᠢᠭᠤᠯᠤᠭᠰᠠᠨ ᠬᠤᠳᠠ ᠶᠢᠨ  ᠬᠤᠳᠠᠯᠳᠤᠭᠠᠨ ᠤ  ᠲᠤᠭᠤᠷᠢᠭ ᠢ  ᠪᠦᠷᠢᠯᠳᠦᠬᠦᠯᠦᠨ᠎ᠡ᠃ᠮᠦᠩᠬᠦᠨ ᠬᠦᠢᠯᠭᠡᠭᠡᠨ ᠤ ᠠᠵᠢᠯ ᠦᠢᠯᠡᠰ ᠢ ᠶᠡᠭᠡ ᠪᠠᠷ  ᠲᠦᠯᠬᠢᠨ ᠠᠬᠢᠭᠤᠯᠤᠨ᠎ᠠ᠃ ᠬᠠᠷᠢᠶᠠᠨ ᠳᠤ  ᠪᠠᠶᠢᠬᠤ ᠠᠵᠤ ᠠᠬᠤᠶᠢᠯᠠᠯ ᠢ ᠬᠤᠰᠢᠭᠤᠨ ᠤ  ᠮᠦᠩᠬᠦᠨ ᠬᠦᠢᠯᠭᠡᠭᠡᠨ ᠤ  ᠪᠠᠶᠢᠭᠤᠯᠤᠮᠵᠢ ᠳᠤ ᠲᠠᠩᠰᠠ ᠲᠤᠭᠠᠴᠠᠭ᠎ᠠ  ᠬᠢᠬᠦ ᠶᠢ ᠤᠳᠤᠷᠢᠳᠤᠨ ᠲᠠᠭᠠᠭᠤᠯᠵᠦ᠂  ᠨᠡᠩ ᠶᠡᠭᠡ ᠲᠣᠭᠠᠨ ᠤ ᠵᠤᠭᠤᠰ ᠮᠥᠩᠬᠦ ᠶᠢ ᠣᠷᠣᠨ ᠨᠣᠳᠤᠭ ᠤᠨ  ᠮᠦᠩᠬᠦᠨ ᠬᠦᠢᠯᠭᠡᠭᠡᠨ ᠤ  ᠪᠠᠶᠢᠭᠤᠯᠤᠮᠵᠢ ᠳᠤ ᠦᠯᠡᠳᠡᠭᠡᠵᠦ᠂ ᠪᠤᠳᠠᠳᠤ ᠴᠣᠭᠴᠠᠳᠤ ᠠᠵᠤ ᠠᠬᠤᠢ ᠶᠢᠨ ᠬᠦᠷᠢᠶ᠎ᠡ  ᠴᠠᠷᠠᠭᠠᠨ ᠳᠤ  ᠤᠷᠤᠭᠤᠯᠤᠨ᠎ᠠ᠃ ᠵᠠᠬ᠎ᠠ ᠲᠡᠯᠭᠡᠬᠦᠷᠴᠢᠯᠡᠬᠦ ᠠᠵᠤ  ᠠᠬᠤᠶᠢᠯᠠᠯ ᠢ ᠢᠳᠡᠪᠬᠢᠳᠡᠢ ᠪᠣᠶᠢᠵᠢᠭᠤᠯᠵᠦ᠂ ᠠᠵᠤ ᠠᠬᠤᠶᠢᠯᠠᠯ ᠤᠨ ᠰᠢᠭᠤᠳ ᠪᠡᠯᠡ ᠬᠤᠷᠠᠮᠳᠤᠭᠤᠯᠬᠤ ᠬᠠᠷᠢᠴᠠᠯ ᠢ ᠲᠡᠭᠡᠭᠰᠢᠯᠡᠬᠦᠯᠵᠦ᠂  ᠭᠠᠵᠠᠷ ᠤᠷᠤᠨ ᠤ ᠬᠤᠪᠢᠴᠠᠭᠠᠨ ᠤ ᠡᠷᠬᠡ ᠶᠢᠨ ᠰᠣᠯᠢᠯᠴᠠᠭᠠᠨ ᠤ  ᠲᠥᠪ ᠲᠤ ᠫᠠᠶᠢᠰᠠ ᠡᠯᠬᠦᠭᠰᠡᠨ ᠠᠵᠤ ᠠᠬᠤᠶᠢᠯᠠᠯ ᠢ 30 ᠡᠷᠦᠬᠡ ᠳᠤ  ᠬᠦᠷᠭᠡᠨ᠎ᠡ᠃ ᠲᠥᠪ  ᠭᠠᠵᠠᠷ ᠤᠨ ᠠᠵᠤ ᠠᠬᠤᠢ ᠶᠢ ᠬᠦᠭᠵᠢᠬᠦᠯᠬᠦ ᠶᠢ  ᠲᠡᠮᠵᠢᠨ᠂ ᠨᠦᠬᠦᠴᠡᠯ ᠳᠤ  ᠲᠣᠬᠢᠷᠠᠭᠰᠠᠨ  ᠲᠤᠮᠤ ᠠᠵᠤ ᠠᠬᠤᠶᠢᠯᠠᠯ ᠢ ᠠᠷᠠᠳ ᠠᠴᠠ ᠡᠷᠬᠢᠯᠡᠭᠰᠡᠨ ᠪᠠᠩᠬᠢ᠂ ᠠᠵᠤ ᠠᠬᠤᠶᠢᠯᠠᠯ ᠤᠨ  ᠡᠳ᠋ ᠤᠨ  ᠶᠠᠪᠤᠳᠠᠯ ᠤᠨ ᠺᠤᠮᠫᠠᠨᠢ ᠪᠣᠯᠣᠨ ᠰᠠᠭᠤᠷᠢ ᠮᠦᠩᠬᠦᠨ ᠤ ᠺᠤᠮᠫᠠᠨᠢ ᠪᠠᠶᠢᠭᠤᠯᠬᠤ ᠶᠢ  ᠵᠤᠷᠢᠭᠵᠢᠭᠤᠯᠵᠤ᠂ ᠤᠷᠣᠨ ᠨᠣᠳᠤᠭ ᠤᠨ ᠮᠦᠩᠬᠦᠨ ᠬᠦᠢᠯᠭᠡᠭᠡᠨ ᠤ ᠦᠢᠯᠡᠰ ᠢ ᠲᠠᠰᠤᠷᠠᠯᠳᠠ ᠦᠬᠡᠢ ᠪᠤᠶᠢᠵᠢᠭᠤᠯᠤᠨ ᠪᠤᠵᠠᠭᠠᠶᠢᠷᠠᠭᠤᠯᠵᠦ᠂ ᠵᠢᠯ ᠤᠨ  ᠲᠤᠳᠤᠷ᠎ᠠ  ᠮᠦᠩᠬᠦᠨ ᠬᠦᠢᠯᠭᠡᠭᠡᠨ ᠤ  ᠪᠠᠶᠢᠭᠤᠯᠤᠮᠵᠢ ᠶᠢᠨ ᠮᠦᠩᠬᠦ ᠬᠠᠳᠠᠭᠠᠯᠠᠭᠰᠠᠨ ᠦᠯᠡᠳᠡᠪᠦᠷᠢ ᠶᠢ200 ᠳ᠋ᠦᠩᠰᠢᠭᠤᠷ ᠲᠦᠬᠦᠷᠢᠭ ᠨᠡᠮᠡᠭᠳᠡᠬᠦᠯᠵᠦ᠂ ᠮᠦᠩᠬᠦ ᠬᠠᠳᠠᠭᠠᠯᠠᠬᠤ ᠪᠠ ᠵᠢᠭᠡᠯᠡᠬᠦ ᠬᠠᠷᠢᠴᠠᠯ ᠢ 50 %᠎ ᠎ ᠠᠴᠠ ᠲᠡᠭᠡᠭᠰᠢ  ᠪᠤᠯᠭᠠᠨ᠎ᠠ᠃      ︵ ᠭᠤᠷᠪᠠ︶ ᠪᠤᠳᠠᠳᠤ ᠴᠤᠭᠴᠠᠳᠤ ᠠᠵᠤ  ᠠᠬᠤᠢ ᠶᠢ ᠪᠦᠬᠦ ᠲᠠᠯ᠎ᠠ ᠪᠠᠷ ᠬᠦᠴᠦᠷᠬᠡᠭᠵᠢᠬᠦᠯᠵᠦ᠂  ᠠᠵᠤ ᠠᠬᠤᠢ ᠶᠢᠨ ᠬᠦᠭᠵᠢᠯᠳᠡ ᠶᠢᠨ ᠴᠢᠨᠠᠷ ᠴᠢᠨᠰᠠᠭ᠎ᠠ  ᠪᠤᠯᠣᠨ ᠦᠷ᠎ᠡ ᠠᠰᠢᠭ ᠢ  ᠲᠡᠭᠡᠭᠰᠢᠯᠡᠬᠦᠯᠦᠨ᠎ᠡ᠃      ᠨᠢᠭᠡ ᠳᠤ  ᠬᠦᠷᠢᠶᠡᠯᠡᠩ  ᠲᠣᠭᠤᠷᠢᠭ  ᠢ ᠬᠦᠴᠦᠷᠭᠡᠭᠵᠢᠬᠦᠯᠬᠦ  ᠲᠦᠯᠦᠪᠯᠡᠭᠡ ᠶᠢ  ᠨᠠᠶᠢᠳᠠᠪᠦᠷᠢᠵᠢᠭᠤᠯᠤᠨ᠎ᠠ᠃ ᠵᠢᠶᠠᠩᠰᠤ ᠠᠵᠤ ᠦᠢᠯᠡᠳᠪᠦᠷᠢ ᠶᠢᠨ ᠬᠦᠷᠢᠶᠡᠯᠡᠩ᠂  ᠱᠧᠩ ᠶᠤᠸᠠᠨ ᠨᠡᠬᠦᠷᠡᠰᠤ ᠬᠢᠮᠢ  ᠶᠢᠨ  ᠠᠵᠤ ᠦᠢᠯᠡᠳᠪᠦᠷᠢ ᠶᠢᠨ  ᠰᠠᠭᠤᠷᠢᠨ ᠭᠠᠵᠠᠷ  ᠤᠨ ᠲᠦᠬᠦᠭᠡᠷᠦᠮᠵᠢ ᠶᠢ  ᠤᠯᠠᠮ ᠲᠡᠬᠦᠯᠳᠡᠷᠵᠢᠬᠦᠯᠵᠦ᠂  ᠬᠦᠷᠢᠶᠡᠯᠡᠩ ᠲᠤᠭᠤᠷᠢᠭ ᠲᠤ ᠠᠷᠠᠯᠵᠢᠶᠠᠴᠢᠨ ᠤᠷᠢᠬᠤ ᠪᠠ ᠠᠵᠤ ᠠᠬᠤᠶᠢᠯᠠᠯ ᠳᠤ  ᠦᠢᠯᠡᠴᠢᠯᠡᠬᠦ ᠴᠢᠳᠠᠪᠦᠷᠢ ᠶᠢ  ᠦᠨᠡᠨᠬᠦ ᠴᠢᠩᠭᠠᠷᠠᠭᠤᠯᠵᠦ᠂ ᠭᠠᠵᠠᠷ ᠣᠷᠣᠨ ᠤ ᠲᠠᠪᠠᠭᠤᠯᠢᠭ ᠠᠵᠤ  ᠦᠢᠯᠡᠰ  ᠬᠢᠭᠡᠳ ᠤᠶᠢᠷ᠎ᠠ ᠬᠠᠪᠢ ᠶᠢᠨ  ᠨᠠᠬᠦᠷᠡᠰᠤᠨ  ᠤ ᠭᠠᠷᠤᠯᠳᠠ ᠶᠢᠨ ᠭᠠᠵᠠᠷ ᠤᠷᠤᠨ ᠤ ᠵᠠᠬ᠎ᠠ ᠲᠡᠯᠭᠡᠬᠦᠷ ᠤᠨ ᠬᠡᠷᠡᠭᠴᠡᠭᠡᠨ ᠤ ᠲᠤᠭᠤᠷᠢᠨ ᠳᠤ᠂  ︽ᠦᠨᠳᠦᠷ ᠨᠠᠷᠢᠯᠢᠭ ᠲᠡᠭᠡᠳᠤ ᠲᠤᠰᠬᠠᠢ︾ ᠲᠡᠰᠢ  ᠬᠦᠭᠵᠢᠬᠦᠯᠬᠦ ᠶᠢ ᠲᠣᠪᠣᠶᠢᠯᠭᠠᠨ᠂  ᠨᠢᠭᠡ ᠪᠦᠯᠦᠭ  ᠣᠶᠣᠨᠴᠢᠯᠠᠭᠰᠠᠨ ᠨᠡᠬᠦᠷᠡᠰᠤ ᠮᠠᠯᠳᠠᠬᠤ  ᠬᠡᠷᠡᠭᠰᠡᠯ ᠪᠠ ᠠᠭᠤᠷᠬᠠᠢ ᠎ ᠳᠤ ᠬᠡᠷᠡᠭᠯᠡᠬᠦ ᠰᠦᠢᠳᠦᠯ ᠬᠡᠷᠡᠭᠰᠡᠯ᠂ ᠠᠭᠤᠷᠬᠠᠢ ᠳᠤ  ᠬᠡᠷᠡᠭᠯᠡᠬᠦ ᠲᠦᠬᠦᠭᠡᠷᠦᠮᠵᠢ ᠵᠡᠷᠭᠡ ᠲᠤᠨᠤᠭ ᠲᠦᠬᠦᠭᠡᠷᠦᠮᠵᠢ ᠶᠢ  ᠦᠢᠯᠡᠳᠬᠦ  ᠠᠵᠤ ᠠᠬᠤᠶᠢᠯᠠᠯ ᠎ ᠢ  ᠤᠷᠢᠨ  ᠠᠪᠴᠢᠷᠠᠨ᠎ᠠ᠃ ᠲᠡᠷᠢᠬᠦᠨ ᠤ ᠠᠵᠤ  ᠦᠢᠯᠡᠰ ᠵᠦᠭ  ᠬᠤᠪᠢᠷᠠᠭᠤᠯᠬᠤ ᠶᠢ ᠲᠦᠷᠭᠡᠳᠭᠡᠵᠦ᠂  ᠰᠢᠨ᠎ᠡ ᠡᠨᠧᠷᠬᠢ᠂  ᠰᠢᠨ᠎ᠡ ᠮᠠᠲ᠋ᠧᠷᠢᠶᠠᠯ᠂ ᠲᠡᠭᠡᠳᠦ ᠲᠡᠰ ᠤᠨ ᠲᠤᠨᠤᠭ ᠲᠦᠬᠦᠭᠡᠷᠦᠮᠵᠢ ᠦᠢᠯᠡᠳᠬᠦ ᠵᠡᠷᠭᠡ ᠪᠠᠶᠢᠯᠳᠤᠬᠤ ᠪᠤᠳᠤᠯᠭ᠎ᠠ ᠶᠢᠨ ᠴᠢᠨᠠᠷᠳᠠᠢ ᠰᠢᠨ᠎ᠡ ᠪᠠᠷ  ᠮᠠᠨᠳᠤᠭᠰᠠᠨ ᠠᠵᠤ ᠦᠢᠯᠡᠰ ᠢ ᠤᠷᠢᠨ ᠣᠷᠣᠭᠤᠯᠵᠦ ︽ᠪᠦᠬᠦ ᠡᠩᠨᠡᠭᠡ᠂  ᠪᠦᠬᠦ  ᠬᠡᠯᠬᠢᠶᠡᠵᠢᠯ ᠮᠠᠶ᠋ᠢᠭ︾᠎ ᠢᠶᠠᠷ ᠰᠠᠭᠤᠷᠢᠰᠢᠭᠤᠯᠵᠦ᠂ ᠨᠡᠯᠢᠶᠡᠳ ᠦᠷᠢᠰᠦᠯᠳᠦᠬᠦ ᠬᠦᠴᠦᠨ ᠲᠠᠢ ᠲᠡᠭᠡᠳᠦ ᠲᠡᠰ ᠤᠨ ᠲᠤᠨᠤᠭ ᠲᠦᠬᠦᠭᠡᠷᠦᠮᠵᠢ  ᠦᠢᠯᠡᠳᠬᠦ ᠴᠤᠭᠯᠠᠷᠠᠯ ᠢ ᠪᠦᠳᠦᠭᠡᠨ ᠪᠠᠶᠢᠭᠤᠯᠵᠦ᠂ ᠵᠢᠯ ᠤᠨ  ᠲᠤᠳᠤᠷ᠎ᠠ  ᠳ᠋ᠦᠩᠰᠢᠭᠤᠷ ᠲᠦᠬᠦᠷᠢᠭ ᠠᠴᠠ ᠲᠡᠭᠡᠭᠰᠢ ᠲᠦᠷᠦᠯ ᠵᠦᠢᠯ ᠢ 20᠎ ᠠᠴᠠ ᠲᠡᠭᠡᠭᠰᠢ ᠤᠷᠢᠨ ᠤᠷᠤᠭᠤᠯᠵᠦ᠂ 10  ᠲᠦᠷᠦᠯ ᠵᠦᠢᠯ ᠢ ᠤᠷᠤᠨᠵᠢᠭᠤᠯᠤᠨ᠂ ᠦᠨᠡᠨᠬᠦ ᠬᠦᠷᠢᠶᠡᠯᠡᠩ ᠲᠤᠭᠤᠷᠢᠭ ᠢ ᠪᠤᠳᠠᠳᠤ ᠴᠤᠭᠴᠠᠳᠤ ᠠᠵᠤ ᠠᠬᠤᠢ ᠶᠢᠨ  ᠬᠦᠭᠵᠢᠯᠳᠡ ᠶᠢᠨ  ᠭᠤᠣᠯ ᠲᠡᠭᠡᠭᠡᠭᠴᠢ ᠪᠡᠶ᠎ᠡ  ᠪᠣᠯᠭᠠᠨ᠎ᠠ᠃ ᠭᠤᠣᠯᠳᠠᠯᠭᠠᠳᠤ  ᠲᠦᠷᠦᠯ ᠵᠦᠢᠯ ᠤᠨ ᠪᠦᠬᠦ ᠶᠠᠪᠤᠴᠠ ᠳᠤ  ᠰᠠᠶᠢᠳᠤᠷ ᠦᠢᠯᠡᠴᠢᠯᠡᠵᠦ᠂  ᠠᠵᠤ ᠠᠬᠤᠶᠢᠯᠠᠯ ᠤᠳ ᠤᠨ  ᠲᠦᠷᠦᠯ ᠵᠦᠢᠯ ᠡᠷᠬᠢᠯᠡᠬᠦ ᠡᠯ᠎ᠡ ᠵᠦᠢᠯ ᠤᠨ  ᠬᠢᠨᠠᠨ ᠵᠦᠪᠰᠢᠶᠡᠷᠡᠯ ᠤᠨ ᠭᠠᠷ ᠬᠦᠢᠴᠡᠳᠭᠡᠯ ᠢ  ᠬᠠᠪᠰᠤᠷᠤᠨ ᠬᠢᠵᠦ ᠦᠭᠬᠦᠨ᠂ ᠪᠦᠬᠦ ᠵᠢᠯ ᠳᠤ 500 ᠲᠦᠮᠡᠨ ᠲᠦᠬᠦᠷᠢᠭ ᠠᠴᠠ ᠲᠡᠭᠡᠭᠰᠢᠬᠢ  ᠭᠤᠤᠯᠳᠠᠯᠭᠠᠳᠤ ᠲᠦᠷᠦᠯ ᠵᠦᠢᠯ ᠢ 152 ᠵᠦᠢᠯ᠂ ᠳ᠋ᠦᠩᠰᠢᠭᠤᠷ ᠲᠦᠬᠦᠷᠢᠭ ᠠᠴᠠ  ᠲᠡᠭᠡᠭᠰᠢᠬᠢ ᠭᠤᠤᠯᠳᠠᠯᠭᠠᠳᠤ ᠲᠦᠷᠦᠯ ᠵᠦᠢᠯ  ᠢ109  ᠵᠦᠢᠯ  ᠢ ᠬᠡᠷᠡᠭᠵᠢᠬᠦᠯᠵᠦ᠂221 ᠳ᠋ᠦᠩᠰᠢᠭᠤᠷ ᠲᠦᠬᠦᠷᠢᠭ  ᠤᠨ  ᠪᠡᠯᠡ  ᠤᠷᠤᠭᠤᠯᠬᠤ ᠶᠢ  ᠪᠡᠶᠡᠯᠡᠬᠦᠯᠵᠦ᠂ ᠺᠧ ᠱᠢ ᠠᠭᠤᠷᠬᠠᠢ ᠳᠤ  ᠬᠡᠷᠡᠭᠯᠡᠬᠦ ᠲᠤᠰᠬᠠᠢ ᠲᠡᠷᠭᠡ᠂ ᠨᠠᠨᠵᠢᠩ ᠤᠨ ᠶᠠᠩ ᠽᠢ  ᠰᠤᠯᠢᠶᠤᠤ ᠬᠢᠮᠢ ᠶᠢᠨ ᠬᠦᠨᠳᠦ ᠮᠠᠶ᠋ᠢᠭ ᠤᠨ  ᠪᠤᠭᠴᠠᠯᠠᠬᠤ ᠰᠤᠯᠢᠶᠣᠣ ᠵᠡᠷᠭᠡ 11  ᠭᠡᠷ᠎ᠡ  ᠲᠤᠭᠳᠠᠭᠰᠠᠨ  ᠲᠦᠷᠦᠯ ᠵᠦᠢᠯ ᠢ  ᠣᠷᠣᠨᠵᠢᠭᠤᠯᠵᠦ ᠪᠠᠷᠢᠯᠭ᠎ᠠ ᠡᠬᠢᠯᠡᠬᠦᠯᠬᠦ ᠶᠢ ᠠᠬᠢᠭᠤᠯᠤᠨ᠂ ᠵᠸᠡᠭ ᠲᠠᠢ ᠢ ᠳ᠋ᠠ  ᠪᠠᠶᠢᠭᠠᠯᠢ ᠶᠢᠨ  ᠰᠢᠳᠠᠮᠠᠬᠠᠢ ᠬᠡᠢ ᠶᠢᠨ  ᠨᠢᠭᠡᠳᠦᠭᠡᠷ  ᠬᠤᠭᠤᠴᠠᠭ᠎ᠠ᠂  ᠳ᠋ᠧ ᠫᠸᠡᠭ ᠭᠤᠮ ᠰᠤᠯᠢᠶᠣᠣ ᠵᠡᠷᠭᠡ ᠰᠢᠨ᠎ᠡ ᠮᠠᠶ᠋ᠢᠭ ᠤᠨ  ᠬᠤᠭᠤᠯᠠᠢ᠂  ᠱᠧᠨ ᠴᠤᠸᠠᠨ  ᠠᠭᠤᠷᠬᠠᠢ ᠳᠤ ᠬᠡᠷᠡᠭᠯᠡᠬᠦ ᠲᠤᠨᠤᠭ  ᠲᠦᠬᠦᠭᠡᠷᠦᠮᠵᠢ ᠦᠢᠯᠡᠳᠬᠦ  ᠵᠡᠷᠭᠡ ᠳ᠋ᠦᠩᠰᠢᠭᠤᠷ ᠲᠦᠬᠦᠷᠢᠭ ᠢ  ᠲᠠᠪᠠᠭᠰᠠᠨ 10  ᠲᠦᠷᠦᠯ ᠵᠦᠢᠯ ᠤᠳ ᠤᠨ ᠵᠢᠯ ᠤᠨ  ᠲᠤᠳᠤᠷ᠎ᠠ ᠬᠡᠷᠡᠭᠯᠡᠯᠳᠡ ᠳᠤ ᠣᠷᠣᠭᠤᠯᠵᠦ  ᠦᠷ᠎ᠡ ᠠᠰᠢᠭ  ᠎ ᠲᠠᠢ ᠪᠣᠯᠭᠠᠨ᠎ᠠ᠃      ᠬᠤᠶᠠᠷ ᠲᠤ ᠨᠡᠶᠢᠲᠡ ᠶᠢᠨ ᠪᠤᠰᠤ  ᠠᠵᠤ ᠠᠬᠤᠢ ᠶᠢ  ᠶᠡᠭᠡ ᠪᠠᠷ  ᠬᠦᠭᠵᠢᠬᠦᠯᠦᠨ᠎ᠡ᠃ ᠨᠡᠶᠢᠲᠡ ᠶᠢᠨ ᠪᠣᠰᠤ ᠠᠵᠤ  ᠠᠬᠤᠶᠢᠯᠠᠯ ᠤᠨ ᠪᠡᠯᠡ ᠤᠷᠣᠭᠤᠯᠬᠤ  ᠬᠦᠷᠢᠶ᠎ᠡ ᠬᠡᠪᠴᠢᠶ᠎ᠡ ᠶᠢ ᠤᠯᠠᠮ ᠦᠷᠭᠡᠳᠭᠡᠵᠦ᠂ ᠨᠡᠶᠢᠲᠡ ᠶᠢᠨ  ᠪᠤᠰᠤ ᠠᠵᠤ ᠠᠬᠤᠶᠢᠯᠠᠯ ᠤᠨ ᠠᠵᠤ ᠦᠢᠯᠡᠰ ᠤᠨ ᠬᠡᠯᠪᠡᠷᠢ ᠪᠠᠨ‌ᠬᠤᠪᠢᠷᠠᠭᠤᠯᠤᠨ ᠬᠦᠭᠵᠢᠬᠦᠯᠬᠦ ᠪᠤᠯᠤᠨ  ᠭᠤᠣᠯᠳᠠᠯᠭᠠᠳᠤ ᠲᠦᠷᠦᠯ ᠵᠦᠢᠯ  ᠤᠨ  ᠪᠠᠶᠢᠭᠤᠯᠤᠯᠳᠠ ᠳᠤ  ᠤᠷᠤᠯᠴᠠᠬᠤ ᠶᠢ  ᠵᠣᠷᠢᠭᠵᠢᠭᠤᠯᠤᠨ᠎ᠠ᠃ ᠭᠤᠤᠯᠠᠯᠬᠠᠤ ᠮᠡᠷᠭᠡᠵᠢᠯ ᠢ ᠰᠣᠳᠣᠯᠬᠤ᠂ ᠦᠪᠡᠷ ᠢᠶᠠᠨ ᠮᠡᠳᠡᠯᠭᠡ ᠶᠢᠨ ᠪᠦᠳᠦᠭᠡᠭᠳᠡᠬᠦᠨ ᠤ ᠡᠷᠬᠡ ᠎ ᠲᠠᠢ ᠠᠵᠤ ᠠᠬᠤᠶᠢᠯᠠᠯ ᠢ ᠲᠡᠮᠵᠢᠬᠦ ᠬᠦᠴᠦᠯᠡᠴᠡ ᠪᠠᠨ ᠴᠢᠩᠭᠠᠳᠬᠠᠨ᠎ᠠ᠃ ᠨᠡᠷᠡᠳᠤ ᠲᠠᠸᠠᠷ ᠤᠨ ᠲᠡᠮᠳᠡᠭ ᠤᠨ  ᠪᠠᠶᠢᠯᠳᠤᠬᠤ ᠪᠣᠳᠣᠯᠭ᠎ᠠ ᠶᠢ  ᠬᠡᠷᠡᠭᠵᠢᠬᠦᠯᠵᠦ᠂ 2-3  ᠠᠵᠤ ᠠᠬᠤᠶᠢᠯᠠᠯ ᠎ ᠤᠨ ᠪᠦᠳᠦᠭᠡᠭᠳᠡᠬᠦᠨ ᠢ ᠦᠪᠦᠷ ᠮᠤᠩᠭᠤᠯ ᠎ ᠤᠨ  ᠨᠡᠷᠡᠲᠦ  ᠲᠡᠮᠳᠡᠭᠲᠦ ᠪᠦᠳᠦᠭᠡᠭᠳᠡᠬᠦᠨ ᠪᠣᠯᠭᠠᠨ ᠪᠤᠶᠢᠵᠢᠭᠤᠯᠵᠦ᠂  ︽ᠮᠢᠩᠭᠠᠢ︾  ᠴᠠᠭᠠᠨ ᠨᠤᠯᠤᠤᠷ ᠤᠨ ᠢᠮᠠᠭ᠎ᠠ ᠎ ᠶᠢ  ᠤᠯᠤᠰ ᠤᠨ  ᠨᠡᠷᠡᠲᠦ ᠲᠡᠮᠳᠡᠭᠳᠦ  ᠪᠣᠯᠭᠠᠬᠤ ᠭᠤᠶᠤᠴᠢᠯᠠᠯ ᠢ ᠲᠡᠮᠵᠢᠨ᠎ᠡ  ᠃  ᠴᠠᠬᠢᠯᠭᠠᠨ  ᠤ ᠦᠨ᠎ᠡ ᠶᠢᠨ ᠵᠠᠬ᠎ᠠ  ᠲᠡᠯᠭᠡᠬᠦᠷᠴᠢᠯᠡᠬᠦ ᠦᠭᠡᠷᠡᠴᠢᠯᠡᠯᠳᠡ᠂  ᠰᠢᠨ᠎ᠡ ᠡᠬᠦᠳᠦᠯᠳᠡ ᠲᠠᠢ ᠪᠡᠯᠡ ᠬᠤᠷᠠᠮᠳᠤᠭᠤᠯᠭ᠎ᠠ  ᠶᠢᠨ  ᠬᠡᠯᠪᠡᠷᠢ᠂ ᠠᠵᠤ ᠠᠬᠤᠶᠢᠯᠠᠯ ᠎ ᠲᠠᠢ ᠬᠤᠯᠪᠤᠭᠳᠠᠬᠤ ᠰᠦᠢᠳᠭᠡᠯ ᠬᠤᠷᠢᠶᠠᠬᠤ ᠠᠵᠢᠯ ᠤᠨ ᠴᠡᠭᠴᠡᠯᠡᠯᠳᠡ  ᠵᠡᠷᠭᠡ  ᠲᠠᠯ᠎ᠠ ᠳᠤ ︽ᠨᠡᠶᠢᠯᠡᠮᠡᠯ ᠬᠦᠨᠳᠦ ᠨᠢᠳᠤᠷᠭ᠎ᠠ︾  ᠦᠭᠴᠦ᠂  ᠠᠵᠤ ᠠᠬᠤᠶᠢᠯᠠᠯ ᠤᠨ ᠦᠢᠯᠡᠳᠪᠦᠷᠢᠯᠡᠯ ᠤᠨ  ᠦᠪᠡᠷ ᠤᠨ  ᠥᠷᠳᠡᠭ ᠢ ᠪᠠᠭᠤᠷᠠᠭᠤᠯᠤᠨ᠎ᠠ  ᠃ ᠪᠦᠬᠦ ᠤᠷᠤᠨ ᠤ  ᠰᠢᠶᠠᠨ ᠤ  ᠱᠠᠳᠤᠨ ᠤ  ᠮᠦᠩᠬᠦᠨ ᠬᠦᠢᠯᠭᠡᠭᠡᠨ ᠤ  ᠢᠨᠵᠧᠨᠧᠷᠢᠩ ᠎ ᠢ  ᠠᠬᠢᠭᠤᠯᠤᠨ ᠨᠠᠶᠢᠳᠠᠪᠦᠷᠢᠵᠢᠭᠤᠯᠵᠦ᠂  ᠪᠦᠳᠦᠭᠡᠨ ᠪᠠᠶᠢᠭᠤᠯᠤᠯᠳᠠ ᠶᠢᠨ  ᠪᠠᠩᠬᠢ  ᠵᠡᠷᠭᠡ  ᠮᠦᠩᠬᠦᠨ ᠬᠦᠢᠯᠭᠡᠭᠡᠨ ᠤ  ᠪᠠᠶᠢᠭᠤᠯᠤᠮᠵᠢ ᠲᠠᠢ  ᠬᠤᠷᠰᠢᠯᠴᠠᠭ᠎ᠠ ᠪᠠᠨ  ᠤᠯᠠᠮ ᠴᠢᠩᠭᠠᠳᠬᠠᠨ᠂  ᠨᠦᠬᠦᠴᠡᠯ ᠳᠤ  ᠲᠣᠬᠢᠷᠠᠭᠰᠠᠨ ᠵᠢᠵᠢᠭ  ᠪᠢᠴᠢᠯ ᠠᠵᠤ ᠠᠬᠤᠶᠢᠯᠠᠯ  ᠳᠤ 30 ᠲᠦᠮᠡᠨ ᠲᠦᠬᠦᠷᠢᠭ   ᠣᠷᠴᠢᠮ ᠤᠨ  ᠢᠳᠡᠭᠡᠮᠵᠢ ᠲᠠᠢ ᠵᠢᠭᠡᠯᠡᠯᠭᠡ  ᠬᠠᠩᠭᠠᠨ᠎ᠠ  ᠃ ᠮᠦᠩᠬᠦᠨ ᠬᠦᠢᠯᠭᠡᠭᠡᠨ ᠤ  ᠲᠠᠭᠠᠭᠠᠴᠢᠯᠠᠯᠳᠠ ᠶᠢᠨ  ᠠᠵᠢᠯ ᠢ  ᠤᠯᠠᠮ ᠰᠠᠶᠢᠳᠤᠷ ᠬᠢᠵᠦ᠂᠂ ︽ᠵᠠᠰᠠᠭ  ᠪᠤᠯᠤᠨ‌‍ᠪᠠᠩᠬᠢ ᠲᠠᠭᠠᠴᠢᠯᠠᠬᠤ︾᠂ ︽ ᠲᠠᠭᠠᠭᠠᠴᠢᠯᠠᠬᠤ ᠮᠦᠩᠬᠦ ᠥᠭᠬᠦ ᠵᠢᠭᠡᠯᠡᠯᠭᠡ  ︾᠎ ᠶᠢ ᠢᠳᠡᠪᠬᠢᠳᠡᠢ ᠦᠷᠨᠢᠬᠦᠯᠵᠦ᠂  ᠵᠢᠵᠢᠭ  ᠪᠢᠴᠢᠯ ᠠᠵᠤ ᠠᠬᠤᠶᠢᠯᠠᠯ ᠪᠤᠯᠤᠨ ︽ᠭᠤᠷᠪᠠᠨ   ᠲᠠᠷᠢᠶᠠᠯᠠᠯ ᠭᠤᠷᠪᠠᠨ  ᠮᠠᠯᠵᠢᠯ︾᠎ ᠎ ᠳᠤ ᠲᠤᠰᠠᠯᠠᠬᠤ  ᠵᠢᠭᠡᠯᠡᠯᠭᠡ ᠶᠢᠨ ᠲᠦᠭᠰᠢᠬᠦᠷᠢ ᠳᠤ ᠨᠦᠬᠦᠪᠦᠷᠢ ᠮᠦᠩᠬᠦ  ᠥᠭᠬᠦ ᠰᠠᠭᠤᠷᠢ ᠮᠦᠩᠬᠦᠨ ᠤ ᠬᠦᠷᠢᠶ᠎ᠡ ᠬᠡᠪᠴᠢᠶ᠎ᠡ ᠶᠢ  ᠦᠷᠭᠡᠳᠭᠡᠵᠦ᠂ ᠠᠵᠤ ᠠᠬᠤᠶᠢᠯᠠᠯ ᠤᠨ  ᠮᠦᠩᠬᠦ ᠬᠤᠷᠠᠮᠳᠤᠭᠤᠯᠬᠤ ᠬᠦᠴᠢᠷ᠂  ᠮᠦᠩᠬᠦ ᠬᠤᠷᠠᠮᠳᠤᠭᠤᠯᠬᠤ ᠳᠤ ᠦᠨᠡᠳᠡᠢ ᠠᠰᠠᠭᠤᠳᠠᠯ ᠢ  ᠵᠤᠬᠢᠰᠳᠠᠢ ᠰᠢᠢᠳᠪᠦᠷᠢᠯᠡᠨ᠎ᠡ᠃ ᠠᠵᠤ ᠦᠢᠯᠡᠰ ᠢ ᠬᠦᠭᠵᠢᠬᠦᠯᠬᠦ ᠰᠠᠭᠤᠷᠢ ᠮᠦᠩᠬᠦ ᠲᠣᠬᠢᠷᠠᠭᠤᠯᠵᠦ  ᠂ᠮᠦᠩᠬᠦᠨ ᠬᠦᠢᠯᠭᠡᠭᠡᠨ ᠤ  ᠡᠳ᠋ ᠮᠦᠩᠬᠦ ᠪᠤᠯᠤᠨ ᠨᠡᠶᠢᠬᠡᠮ ᠤᠨ  ᠡᠳ᠋ ᠬᠦᠷᠦᠩᠬᠡ ᠶᠢᠨ  ᠪᠤᠳᠠᠳᠤ ᠴᠤᠭᠴᠠᠳᠤ ᠠᠵᠤ ᠠᠬᠤᠢ ᠶᠢᠨ  ᠬᠦᠭᠵᠢᠯᠳᠡ ᠶᠢ  ᠲᠡᠮᠵᠢᠨ ᠲᠤᠰᠠᠯᠠᠬᠤ ᠶᠢ  ᠤᠳᠤᠷᠢᠳᠤᠨ ᠲᠠᠭᠠᠭᠤᠯᠤᠨ᠎ᠠ᠃      ᠭᠤᠷᠪᠠ ᠳᠤ ᠠᠷᠠᠯᠵᠢᠶ᠎ᠠ ᠡᠷᠬᠢᠯᠡᠬᠦ ᠣᠷᠴᠢᠨ ᠲᠣᠭᠤᠷᠢᠨ ᠢ ᠪᠦᠬᠦ ᠬᠦᠴᠦᠨ ᠢᠶᠠᠷ ᠰᠢᠯᠢᠳᠡᠭᠵᠢᠬᠦᠯᠦᠨ᠎ᠡ᠃ ︽ᠵᠠᠰᠠᠭ ᠢ ᠴᠣᠮᠬᠠᠳᠬᠠᠵᠦ ᠲᠠᠯᠪᠢᠬᠤ ᠪᠠ ᠬᠠᠮᠢᠶᠠᠷᠤᠯᠳᠡ ᠶᠢ ᠤᠶᠠᠯᠳᠤᠭᠤᠯᠵᠦ ᠦᠢᠯᠡᠴᠢᠯᠡᠭᠡ ᠶᠢ ᠰᠢᠯᠢᠳᠡᠭᠵᠢᠬᠦᠯᠬᠦ︾  ᠦᠭᠡᠷᠡᠴᠢᠯᠡᠯᠳᠡ  ᠶᠢ  ᠦᠷᠬᠦᠯᠵᠢᠯᠡᠨ ᠬᠦᠨᠵᠡᠭᠡᠶᠢᠷᠡᠬᠦᠯᠵᠦ᠂ ᠵᠠᠰᠠᠭ ᠤᠨ  ᠶᠠᠪᠤᠳᠠᠯ ᠤᠨ  ᠣᠬᠢ ᠦᠢᠯᠡᠴᠢᠯᠡᠭᠡ ᠶᠢ ᠰᠢᠨ᠎ᠡ  ᠲᠠᠪᠠᠭᠤᠯᠢᠭ ᠪᠠ ᠦᠷᠢᠰᠦᠯᠳᠡᠬᠦ ᠬᠦᠴᠦᠨ  ᠪᠣᠯᠭᠠᠵᠦ᠂  ᠠᠷᠠᠳ ᠤᠨ ᠲᠤᠮᠳᠠᠬᠢ ᠪᠡᠯᠡ ᠣᠷᠣᠭᠤᠯᠤᠯᠳᠠ ᠶᠢ  ᠵᠤᠬᠢᠰᠳᠡᠢ ᠪᠠᠷ  ᠨᠡᠮᠡᠭᠳᠡᠬᠦᠯᠦᠨ᠎ᠡ  ᠃ ᠵᠠᠰᠠᠭ ᠤᠨ  ᠶᠠᠪᠤᠳᠠᠯ ᠎ ᠤᠨ ᠦᠢᠯᠡᠴᠢᠯᠡᠭᠡ ᠶᠢ ᠰᠢᠯᠢᠳᠡᠭᠵᠢᠬᠦᠯᠵᠦ᠂ ᠰᠦᠯᠵᠢᠶᠡᠨ ᠲᠡᠭᠡᠷᠡᠬᠢ  ᠵᠠᠰᠠᠭ ᠤᠨ ᠶᠠᠪᠤᠳᠠᠯ ᠤᠨ ᠲᠢᠩᠬᠢᠮ ᠢ  ᠪᠠᠶᠢᠭᠤᠯᠬᠤ ᠶᠢ ᠲᠦᠷᠭᠡᠳᠭᠡᠵᠦ᠂  ︽ᠬᠦᠶᠦᠯᠭᠡᠬᠦ ᠦᠬᠡᠢ︾  ︽ᠢᠯᠡᠬᠦᠳᠡᠬᠦ ᠳᠡᠭᠡᠨ ᠨᠢᠭᠡ  ᠬᠦᠶᠦᠯᠭᠡᠬᠦ︾  ᠵᠠᠷᠴᠢᠮ ᠢ ᠳᠣᠭᠲᠠᠭᠠᠵᠤ᠂ ︽ᠨᠢᠭᠡ ᠭᠠᠵᠠᠷ ᠲᠤ  ᠪᠦᠬᠦᠨ ᠢ ᠬᠢᠵᠤ ᠴᠢᠳᠠᠬᠤ᠂ ᠨᠢᠭᠡ ᠰᠦᠯᠵᠢᠶᠡᠨ ᠳᠤ  ᠪᠦᠬᠦᠨ ᠢ  ᠬᠢᠵᠦ ᠲᠡᠶᠢᠯᠬᠦ  ︾᠎ ᠶᠢ ᠪᠡᠶᠡᠯᠡᠬᠦᠯᠦᠨ᠎ᠡ᠃ ᠠᠵᠤ ᠠᠬᠤᠶᠢᠯᠠᠯᠳᠠᠨ ᠤ  ᠵᠣᠷᠢᠭ ᠰᠠᠨᠠᠭ᠎ᠠ ᠶᠢ  ᠶᠡᠭᠡ ᠪᠠᠷ  ᠪᠠᠳᠠᠷᠠᠭᠤᠯᠤᠨ ᠬᠠᠮᠠᠭᠠᠯᠠᠵᠤ᠂ ᠦᠨᠡᠨᠴᠢ ᠴᠠᠭᠠᠪᠦᠷᠢ ᠪᠠᠷ  ᠠᠵᠤ ᠠᠬᠤᠶᠢᠯᠠᠯᠳᠠᠨ ᠲᠠᠢ ᠬᠠᠷᠢᠯᠴᠠᠵᠤ᠂  ᠦᠨᠡᠨ ᠰᠠᠨᠠᠭᠠᠨ ᠠᠴᠠ  ᠪᠠᠨ  ᠠᠵᠤ ᠠᠬᠤᠶᠢᠯᠠᠯ ᠤᠨ ᠬᠦᠴᠢᠷᠳᠡᠯ ᠢ  ᠰᠢᠢᠳᠪᠦᠷᠢᠯᠡᠵᠤ᠂ ︽ᠲᠤᠳᠤᠨᠤ︾ ︽ᠠᠷᠢᠭᠤᠨ︾ ᠰᠢᠨ᠎ᠡ ᠮᠠᠶ᠋ᠢᠭ ᠤᠨ  ᠵᠠᠰᠠᠭ  ᠪᠠ  ᠠᠷᠠᠯᠵᠢᠶᠠᠴᠢᠨ ᠤ ᠬᠠᠷᠢᠴᠠᠭ᠎ᠠ ᠶᠢ  ᠪᠤᠢ ᠪᠤᠯᠭᠠᠵᠤ᠂ ︽ ᠨᠡᠶᠢᠬᠡᠮ ᠳᠤ ᠬᠦᠨᠳᠦᠯᠡᠯ‌‍ᠲ᠋ᠠᠢ᠂  ᠤᠯᠤᠰ ᠲᠥᠷᠦ ᠳᠤ  ᠬᠦᠨᠳᠦ ᠲᠠᠢ᠂  ᠠᠵᠤ ᠠᠬᠤᠢ ᠳᠤ  ᠲᠤᠯᠭᠠᠭᠤᠷᠢᠯᠠᠯ ᠲᠠᠢ᠂  ᠬᠠᠤᠯᠢ ᠴᠠᠭᠠᠵᠠ ᠳᠤ  ᠬᠦᠨᠳᠦᠳᠭᠡᠯ ᠲᠠᠢ︾  ᠠᠵᠤ ᠠᠬᠤᠶᠢᠯᠠᠯᠳᠠᠨ ᠤ  ᠣᠷᠴᠢᠨ ᠲᠤᠭᠤᠷᠢᠨ ᠢ  ᠪᠦᠷᠢᠯᠳᠦᠬᠦᠯᠵᠤ᠂   ᠠᠵᠤ ᠠᠬᠤᠶᠢᠯᠠᠯᠳᠠᠨ ᠢ  ᠰᠠᠨᠠᠭ᠎ᠠ ᠠᠮᠤᠷ  ᠡᠵᠡᠩᠨᠡᠯᠳᠡ ᠬᠢᠯᠭᠡᠵᠤ᠂  ᠪᠡᠯᠡ ᠤᠷᠤᠭᠤᠯᠤᠨ᠂  ᠦᠢᠯᠡᠰ  ᠪᠦᠳᠦᠭᠡᠯᠭᠡᠨ᠎ᠡ᠃      ︵ᠳᠦᠷᠪᠡ︶ ᠬᠦᠮᠦᠨ ᠢᠶᠠᠷ ᠦᠨᠳᠦᠰᠦ ᠪᠤᠯᠭᠠᠬᠤ ᠶᠢ ᠲᠤᠪᠣᠶᠢᠯᠭᠠᠨ᠂  ᠨᠡᠩ ᠴᠢᠨᠠᠷ ᠲᠡᠰ ᠲᠠᠢ ᠤᠳᠤᠬᠢᠴᠢᠯᠠᠭᠰᠠᠨ ᠲᠥᠪ ᠬᠤᠳᠠ ᠶᠢ  ᠪᠠᠶᠢᠭᠤᠯᠤᠨ᠎ᠠ᠃      ᠨᠢᠭᠡ ᠳᠤ ᠬᠤᠳᠠ ᠶᠢᠨ ᠦᠢᠯᠡᠴᠢᠯᠡᠭᠡᠨ ᠤ ᠴᠢᠳᠠᠪᠦᠷᠢ ᠶᠢ  ᠪᠦᠬᠦ ᠬᠦᠴᠦᠨ ᠢᠶᠠᠷ  ᠲᠡᠬᠦᠯᠳᠡᠷᠵᠢᠬᠦᠯᠦᠨ᠎ᠡ᠃ ᠬᠦᠮᠦᠨ ᠢᠶᠠᠷ  ᠭᠤᠣᠯ  ᠪᠣᠯᠭᠠᠭᠰᠠᠨ‌‍ᠰᠢᠨ᠎ᠡ ᠮᠠᠶ᠋ᠢᠭ ᠤᠨ  ᠬᠤᠳᠠ ᠪᠠᠯᠭᠠᠰᠤ ᠶᠢ  ᠢᠳᠡᠪᠬᠢᠳᠡᠢ ᠠᠬᠢᠭᠤᠯᠵᠤ᠂  ︽ ᠡᠵᠡᠨ ᠬᠤᠷᠤᠭ᠎ᠠ ᠬᠤᠰᠢᠭᠤᠨ ᠤ  ᠬᠤᠰᠢᠭᠤᠨ ᠤ ᠬᠡᠪᠴᠢᠶᠡᠨ ᠤ ᠣᠷᠣᠨ ᠵᠠᠢ ᠎ ᠶᠢᠨ ᠪᠠᠶᠢᠯᠳᠤᠬᠤ ᠪᠣᠳᠣᠯᠭ᠎ᠠ ᠶᠢᠨ  ᠲᠦᠯᠦᠪᠵᠢᠬᠦᠯᠭᠡ︾  ᠪᠤᠯᠤᠨ ︽ ᠠᠯᠳᠠᠨᠰᠢᠷᠡᠭᠡᠳᠤ ᠪᠠᠯᠭᠠᠰᠤ ᠶᠢᠨ ᠭᠤᠣᠯ  ᠬᠤᠳᠠ ᠶᠢᠨ  ᠲᠤᠭᠤᠷᠢᠭ ᠤᠨ ᠡᠵᠡᠮᠳᠡᠬᠦ ᠴᠢᠨᠠᠷ ᠲᠠᠢ  ᠲᠣᠳᠤᠷᠬᠠᠢ  ᠲᠦᠯᠦᠪᠵᠢᠬᠦᠯᠭᠡ︾᠎ ᠶᠢ  ᠲᠠᠬᠢᠨ  ᠨᠠᠶᠢᠷᠠᠭᠤᠯᠤᠨ ᠵᠠᠰᠠᠪᠦᠷᠢ ᠬᠢᠨ᠎ᠡ᠃  ︽ᠬᠤᠳᠠ ᠶᠢᠨ  ᠶᠠᠪᠤᠳᠠᠯ ᠤᠨ  ᠵᠠᠮ ᠲᠣᠣᠷ᠂  ᠦᠵᠡᠮᠵᠢ ᠶᠢᠨ  ᠨᠤᠭᠤᠭᠠᠷᠠᠭᠤᠯᠤᠯᠳᠠ᠂ ᠣᠨᠴᠠᠯᠢᠭᠳᠤ  ᠵᠡᠭᠡᠯᠢ ᠲᠤᠭᠤᠷᠢᠭ᠂  ᠨᠡᠶᠢᠲᠡ ᠶᠢᠨ  ᠦᠢᠯᠡᠴᠢᠯᠡᠭᠡ᠂  ᠲᠦᠪᠬᠢᠨᠡᠬᠦᠯᠬᠦ ᠭᠡᠷ ᠪᠠᠶᠢᠰᠢᠩ ︾  ᠵᠡᠷᠭᠡ 5  ᠶᠡᠭᠡ ᠲᠦᠷᠦᠯ ᠤᠨ  ᠴᠢᠨᠠᠷ ᠲᠡᠰ ᠢ  ᠲᠡᠭᠡᠭᠰᠢᠯᠡᠬᠦᠯᠬᠦ ᠢᠨᠵᠧᠨᠧᠷᠢᠩ ᠢ  ᠬᠡᠷᠡᠭᠵᠢᠬᠦᠯᠦᠨ᠎ᠡ᠃ ᠠᠷᠠᠳ ᠤᠨ ᠠᠮᠢᠳᠤᠷᠠᠯ ᠤᠨ  ᠢᠨᠵᠧᠨᠧᠷᠢᠩ᠂  ᠠᠵᠢᠯ ᠳᠠᠭᠤᠰᠬᠤ  ᠭᠡᠵᠦ ᠪᠠᠶᠢᠭ᠎ᠠ ᠢᠨᠵᠧᠨᠧᠷᠢᠩ  ᠢ ᠲᠡᠷᠢᠬᠦᠨ ᠳᠤ  ᠲᠠᠯᠪᠢᠬᠤ ᠵᠠᠷᠴᠢᠮ ᠢ ᠦᠨᠳᠦᠰᠦᠯᠡᠵᠦ᠂  ᠲᠢᠶᠠᠨ ᠽᠦᠸᠧ᠂ ᠶᠠ ᠹᠸᠡᠭ᠂ ᠹᠦ᠋ ᠱᠦᠨ ᠶᠤᠸᠠᠨ  ᠵᠡᠷᠭᠡ 3 ᠭᠠᠵᠠᠷ ᠤᠨ ᠪᠣᠭᠤᠨᠢ  ᠰᠠᠷᠠᠪᠴᠢᠳᠤ  ᠭᠡᠷ ᠢ  ᠦᠭᠡᠷᠡᠴᠢᠯᠡᠨ ᠵᠠᠰᠠᠭᠰᠠᠨ  ᠬᠡᠰᠡᠭ ᠲᠤᠭᠤᠷᠢᠭ ᠤᠨ  ᠵᠠᠮ ᠤᠨ  ᠲᠣᠣᠷ ᠤᠨ ᠪᠠᠶᠢᠭᠤᠯᠤᠯᠳᠠ ᠪᠤᠯᠤᠨ ᠴᠡᠴᠡᠷᠯᠢᠭ ᠵᠠᠮ᠂  ᠪᠤᠷᠭᠠᠰᠤᠳᠤ ᠶᠢᠨ  ᠭᠤᠣᠯ ᠤᠨ  ᠡᠮᠦᠨ᠎ᠡ ᠵᠡᠬᠡᠯᠢ ᠶᠢᠨ ᠲᠦᠬᠦᠷᠵᠢᠭᠰᠡᠨ  ᠲᠦᠬᠦᠭᠡᠷᠦᠮᠵᠢ ᠶᠢ ᠪᠠᠶᠢᠭᠤᠯᠬᠤ ᠢᠨᠵᠧᠨᠧᠷᠢᠩ  ᠢ ᠪᠦᠬᠦ ᠲᠠᠯ᠎ᠠ ᠪᠠᠷ  ᠪᠡᠶᠡᠯᠡᠬᠦᠯᠵᠤ᠂  ᠪᠢᠨ ᠬᠠᠢ ᠵᠠᠮ᠂ ᠵᠢᠢ ᠰᠢᠶᠠᠩ ᠵᠠᠮ᠂ ᠦᠨᠳᠦᠰᠦᠳᠡᠨ ᠤ ᠵᠡᠭᠡᠯᠢ  ᠵᠡᠷᠭᠡ 7 ᠵᠣᠷᠪᠣᠰ  ᠬᠤᠲᠠ ᠶᠢᠨ  ᠶᠠᠪᠤᠳᠠᠯ ᠤᠨ ᠵᠠᠮ ᠢ  ᠨᠡᠪᠳᠡᠷᠡᠬᠦᠯᠬᠦ ᠪᠠᠷ ᠴᠢᠷᠮᠠᠶᠢᠵᠤ᠂  ᠪᠡᠶ᠎ᠡ ᠲᠠᠮᠢᠷ ᠤᠨ  ᠵᠡᠭᠡᠯᠢ᠂  ᠵᠠᠰᠠᠭ ᠵᠡᠭᠡᠯᠢ  ᠵᠡᠷᠭᠡ 6 ᠵᠣᠷᠪᠣᠰ ᠵᠡᠭᠡᠯᠢ ᠶᠢᠨ ᠭᠠᠵᠠᠷ ᠲᠤᠤᠷᠠᠬᠢ  ᠡᠯ᠎ᠡ ᠵᠦᠢᠯ ᠤᠨ ᠬᠤᠭᠤᠯᠠᠢ ᠲᠤᠤᠷ ᠢ  ᠦᠭᠡᠷᠡᠴᠢᠯᠡᠨ ᠵᠠᠰᠠᠵᠤ  ᠰᠠᠶᠢᠵᠢᠷᠠᠭᠤᠯᠤᠨ᠎ᠠ᠃ ᠬᠤᠲᠠ ᠶᠢᠨ ᠲᠥᠪ ᠲᠣᠭᠤᠷᠢᠭ ᠲᠤ  3000 ᠣᠯᠠᠨ ᠨᠡᠶᠢᠲᠡ ᠶᠢᠨ ᠭᠠᠵᠠᠷ ᠤᠨ ᠲᠡᠷᠭᠡᠨ ᠵᠣᠭᠰᠣᠭᠠᠯ ᠢ ᠰᠢᠨ᠎ᠡ ᠪᠠᠷ ᠨᠡᠮᠡᠭᠳᠡᠬᠦᠯᠵᠦ᠂ ︽ᠲᠡᠷᠭᠡ ᠵᠣᠭᠰᠣᠭᠠᠬᠤ ᠳᠤ  ᠬᠦᠴᠢᠷ︾ ᠠᠰᠠᠭᠤᠳᠠᠯ ᠢ ᠵᠤᠬᠢᠰᠳᠡᠢ ᠰᠢᠢᠳᠪᠦᠷᠢᠯᠡᠨ᠂ ︽ᠭᠡᠷ  ᠤᠨ ᠪᠢᠯᠧᠲ ︾᠎ ᠤᠨ ᠬᠦᠰᠢᠬᠦᠷᠭᠡ ᠶᠢᠨ  ᠦᠢᠯᠡᠳᠦᠯ  ᠪᠠ  ᠲᠤᠮᠤᠷᠠᠭᠤᠯᠬᠤ ᠦᠢᠯᠡᠳᠦᠯ ᠢ  ᠪᠠᠳᠠᠷᠠᠭᠤᠯᠤᠨ᠂ ︽ ᠲᠡᠩᠴᠡᠬᠦᠦ ᠥᠷᠳᠡᠭ ᠤᠨ ᠰᠤᠯᠢᠯᠴᠠᠭ᠎ᠠ  ᠬᠢᠬᠦ︾᠎ ᠎ ᠪᠠᠷ ᠲᠠᠮᠵᠢᠨ ᠦᠪᠡᠷ ᠢᠶᠠᠨ ᠡᠵᠡᠨ ᠮᠡᠳᠡᠵᠦ  ᠲᠦᠪᠬᠢᠨᠡᠬᠦᠯᠬᠦ ᠶᠢ  ᠠᠬᠢᠭᠤᠯᠵᠤ᠂ ᠪᠣᠭᠤᠨᠢ ᠰᠠᠷᠠᠪᠴᠢᠳᠤ ᠭᠡᠷ ᠤᠨ ᠦᠭᠡᠷᠡᠴᠢᠯᠡᠯᠳᠡ ᠶᠢᠨ ᠰᠡᠬᠦᠯ  ᠰᠢᠪᠳᠤᠷᠠᠬᠤ ᠠᠵᠢᠯ ᠢ ᠦᠨᠳᠦᠰᠦᠨ ᠳᠤᠨᠢ ᠲᠠᠭᠤᠰᠬᠠᠵᠦ᠂ ︽ᠬᠠᠭᠠᠰ ᠳᠤᠲᠠᠭᠤ︾  ᠪᠠᠷᠢᠯᠭ᠎ᠠ ᠶᠢᠨ  ᠪᠠᠶᠢᠭᠤᠯᠤᠯᠳᠠ᠂ ᠬᠤᠳᠠᠯᠳᠤᠭᠠᠨ ᠤ  ᠭᠡᠷ ᠤᠨ  ᠬᠠᠳᠠᠭᠠᠯᠠᠭᠳᠠᠴᠠ ᠶᠢ  ᠦᠭᠡᠶᠢᠰᠭᠡᠬᠦ  ᠵᠡᠷᠭᠡ  ᠨᠢᠭᠡ ᠪᠦᠯᠦᠭ  ᠵᠦᠷᠢᠴᠡᠯ  ᠎ ᠲᠠᠢ  ᠮᠦᠷᠳᠡᠭᠡᠨ ᠬᠤᠯᠪᠤᠭ᠎ᠠ  ᠎ ᠲᠠᠢ ᠠᠰᠠᠭᠤᠳᠠᠯ ᠢ ᠵᠡᠷᠭᠡ ᠳᠤᠨᠢ ᠰᠢᠢᠳᠪᠦᠷᠢᠯᠡᠨ᠎ᠡ᠃ ᠭᠡᠷ ᠪᠠᠶᠢᠰᠢᠩ ᠭᠠᠵᠠᠷ ᠬᠦᠷᠦᠩᠬᠡ ᠶᠢᠨ  ᠠᠵᠤ ᠠᠬᠤᠶᠢᠯᠠᠯ ᠤᠨ ᠬᠤᠳᠠᠯᠳᠤᠵᠤ  ᠭᠠᠷᠤᠭ᠎ᠠ ᠦᠬᠡᠢ  ᠲᠠᠸᠠᠷ ᠤᠨ ᠪᠠᠶᠢᠰᠢᠩ ᠢ ᠲᠦᠷᠢᠶᠡᠰᠦᠨ ᠭᠡᠷ᠂ ᠡᠷᠬᠡ ᠶᠢᠨ  ᠦᠮᠴᠢᠯᠡᠯᠳᠦ ᠪᠠᠭᠤᠳᠠᠯ  ᠵᠡᠷᠭᠡ ᠬᠡᠯᠪᠡᠷᠢ ᠶᠢᠨ ᠭᠡᠷ ᠪᠤᠯᠭᠠᠬᠤ ᠶᠢ  ᠤᠳᠤᠷᠢᠳᠤᠨ ᠲᠠᠭᠠᠭᠤᠯᠵᠤ 45  ᠲᠦᠮᠡᠨ ᠲᠡᠭᠰᠢ ᠲᠦᠷᠪᠡᠯᠵᠢᠨ ᠮᠧᠲᠷ ᠤᠨ ᠬᠤᠳᠠᠯᠳᠤᠭᠠᠨ ᠤ ᠭᠡᠷ ᠪᠠᠶᠢᠰᠢᠩ ᠎ ᠤᠨ ᠬᠠᠳᠠᠭᠠᠯᠠᠭᠳᠠᠴᠠ ᠶᠢ ᠦᠭᠡᠶᠢᠰᠭᠡᠬᠦ ᠡᠬᠦᠷᠭᠡ ᠶᠢ  ᠴᠢᠷᠮᠠᠶᠢᠨ ᠪᠡᠶᠡᠯᠡᠬᠦᠯᠦᠨ᠎ᠡ᠃ ᠱᠧᠨ ᠳ᠋ᠦᠡᠭ ᠺᠤᠮᠫᠠᠨᠢ ᠶᠢᠨ  ᠤᠷᠤᠨ ᠨᠤᠳᠤᠭ ᠲᠤ ︽ ᠭᠤᠷᠪᠠᠨ ᠬᠠᠩᠭᠠᠯᠭ᠎ᠠ ᠨᠢᠭᠡ ᠦᠢᠯᠡᠰ︾᠎ ᠢ ᠲᠣᠰᠢᠶᠠᠬᠤ ᠲᠤᠬᠢᠶᠠᠯ ᠢᠶᠠᠷ᠂ ᠤᠯᠠᠭᠠᠨᠮᠥ᠋ᠷᠡᠨ  ᠪᠠᠯᠭᠠᠰᠤ ᠶᠢᠨ ᠬᠤᠳᠠ ᠶᠢᠨ  ᠶᠠᠪᠤᠳᠠᠯ ᠤᠨ ᠪᠦᠳᠦᠭᠡᠨ ᠪᠠᠶᠢᠭᠤᠯᠤᠯᠳᠠ ᠶᠢᠨ ᠬᠢᠷᠢ ᠲᠦᠪᠰᠢᠨ ᠢ ᠪᠦᠬᠦᠯᠢ  ᠴᠤᠭᠴᠠ ᠳᠤᠨᠢ ᠲᠡᠭᠡᠭᠰᠢᠯᠡᠬᠦᠯᠦᠨ᠎ᠡ᠃ ᠰᠢᠨ᠎ᠡ ᠮᠠᠶ᠋ᠢᠭ ᠤᠨ ᠠᠭᠤᠷᠬᠠᠢ ᠶᠢᠨ  ᠤᠷᠤᠨ ᠢ ᠪᠦᠳᠦᠭᠡᠨ ᠪᠠᠶᠢᠭᠤᠯᠬᠤ ᠲᠤᠭᠤᠷᠢᠨ ᠳᠤ᠂  ᠵᠠᠰᠠᠭ ᠪᠠᠯᠭᠠᠰᠤ ᠶᠢᠨ  ᠰᠢᠨ᠎ᠡ ᠮᠠᠶ᠋ᠢᠭ ᠤᠨ ᠬᠤᠳᠠ ᠪᠠᠯᠭᠠᠰᠤᠵᠢᠯᠳᠠ ᠶᠢᠨ ᠪᠠᠶᠢᠭᠤᠯᠤᠯᠳᠠ ᠶᠢ  ᠪᠦᠬᠦ ᠬᠦᠴᠦᠨ ᠢᠶᠠᠷ ᠲᠡᠮᠵᠢᠨ᠎ᠡ᠃      ᠬᠤᠶᠠᠷ ᠲᠤ ᠬᠤᠳᠠ ᠶᠢᠨ ᠠᠮᠢ ᠠᠬᠤᠢ ᠶᠢᠨ  ᠦᠵᠡᠮᠵᠢ ᠶᠢ ᠨᠠᠷᠢᠯᠢᠭ ᠬᠢᠨ᠎ᠡ᠃  ᠭᠤᠣᠯ ᠬᠤᠳᠠ ᠲᠤᠭᠤᠷᠢᠭ ᠤᠨ ᠤᠰᠤᠨ ᠰᠢᠰᠲ᠋ᠧᠮ  ᠤᠨ ᠠᠮᠢ ᠠᠬᠤᠢ ᠶᠢᠨ ᠦᠵᠡᠮᠵᠢ ᠎ ᠶᠢ ᠪᠠᠶᠢᠭᠤᠯᠬᠤ ᠢᠨᠵᠧᠨᠧᠷᠢᠩ ᠢ ᠡᠬᠢᠯᠡᠨ ᠬᠡᠷᠡᠭᠵᠢᠬᠦᠯᠵᠦ᠂ ︽ ᠭᠤᠷᠪᠠᠨ ᠭᠤᠣᠯ ᠬᠤᠶᠠᠷ ᠨᠠᠭᠤᠷ︾᠎ ᠤᠨ ᠲᠤᠭᠤᠷᠢᠨ ᠳᠤ  ᠪᠤᠷᠭᠠᠰᠤᠳᠤ ᠶᠢᠨ  ᠭᠤᠣᠯ᠂ ᠵᠠᠩᠭᠤᠳᠤ ᠶᠢᠨ ᠭᠤᠣᠯ ᠢ  ᠶᠡᠷᠦᠩᠬᠡᠶᠢᠯᠡᠨ ᠵᠠᠰᠠᠬᠤ ᠎ ᠶᠢ ᠬᠡᠷᠡᠭᠵᠢᠬᠦᠯᠵᠦ᠂ ᠵᠡᠬᠦᠨ ᠪᠠᠷᠠᠭᠤᠨ ᠤᠯᠠᠭᠠᠨᠨᠠᠭᠤᠷ ᠤᠨ ᠤᠰᠤᠨ ᠰᠢᠰᠲ᠋ᠧᠮ ᠢ  ᠨᠡᠪᠳᠡᠷᠡᠬᠦᠯᠦᠨ᠂ ᠵᠡᠬᠦᠨ  ᠤᠯᠠᠭᠠᠨᠨᠠᠭᠤᠷ ᠠᠴᠠ  ᠤᠯᠠᠭᠠᠨᠮᠥ᠋ᠷᠡᠨ ᠭᠤᠣᠯ  ᠤᠨ ᠦᠶᠡᠷ ᠤᠨ  ᠤᠰᠤᠨ  ᠰᠣᠪᠠᠭ ᠢ  ᠵᠠᠰᠠᠨ ᠰᠢᠨᠡᠳᠭᠡᠵᠤ᠂ ᠬᠤᠳᠠ ᠶᠢᠨ ᠠᠯᠭᠤᠷ ᠶᠠᠪᠤᠬᠤ ᠵᠠᠮ ᠬᠠᠷᠢᠯᠴᠠᠭᠠᠨ ᠤ ᠰᠢᠰᠲ᠋ᠧᠮ  ᠪᠠ  ᠵᠠᠩᠬᠢᠯᠠᠭ᠎ᠠ ᠶᠢᠨ ᠴᠢᠭ ᠤᠨ  ᠨᠣᠭᠤᠭᠠᠨ ᠭᠠᠵᠠᠷ ᠢ ᠬᠠᠮᠳᠤ ᠳᠤᠨᠢ ᠲᠦᠯᠦᠪᠯᠡᠵᠤ᠂ ᠬᠤᠲᠠ ᠶᠢᠨ ᠤᠰᠤᠨ ᠤ ᠬᠦᠪᠡᠭᠡ ᠶᠢᠨ  ᠠᠮᠢ ᠠᠬᠤᠢ ᠶᠢᠨ ᠦᠵᠡᠮᠵᠢ ᠶᠢ  ᠪᠦᠷᠢᠯᠳᠦᠬᠦᠯᠦᠨ᠎ᠡ᠃  ᠪᠣᠭᠤᠨᠢ ᠰᠠᠷᠠᠪᠴᠢᠳᠤ ᠭᠡᠷ ᠪᠠᠶᠢᠰᠢᠩ ᠢ  ᠦᠭᠡᠷᠡᠴᠢᠯᠡᠬᠦ ᠳᠤ  ᠰᠤᠯᠠᠯᠠᠵᠤ ᠭᠠᠷᠭᠠᠭᠰᠠᠨ ᠭᠠᠵᠠᠷ ᠪᠠ ᠬᠤᠳᠠ ᠶᠢᠨ  ᠲᠤᠭᠤᠷᠢᠭ ᠤᠨ  ᠰᠤᠯᠠ  ᠲᠠᠯᠪᠢᠵᠤ ᠪᠠᠶᠢᠬᠤ ᠭᠠᠵᠠᠷ ᠰᠢᠷᠣᠢ ᠶᠢ  ᠨᠢᠭᠡᠳᠦᠯᠳᠡᠢ ᠲᠦᠯᠦᠪᠯᠡᠵᠦ  ᠠᠰᠢᠭᠯᠠᠨ᠂  ᠭᠠᠵᠠᠷ ᠣᠷᠣᠨ ᠳᠤᠨᠢ ᠵᠣᠬᠢᠴᠠᠭᠤᠯᠤᠨ  ᠵᠡᠭᠡᠯᠢ ᠶᠢᠨ ᠨᠣᠭᠤᠭᠠᠨ ᠭᠠᠵᠠᠷ ᠢ  ᠲᠦᠯᠦᠪᠵᠢᠬᠦᠯᠦᠨ ᠪᠠᠶᠢᠭᠤᠯᠤᠨ᠎ᠠ᠃ ᠳᠤᠮᠳᠠ ᠤᠰᠤᠨ ᠬᠤᠭᠤᠯᠠᠢ  ᠲᠣᠣᠷ  ᠪᠠ  ᠴᠢᠬᠢ ᠮᠤᠳᠤᠨ ᠤ  ᠰᠣᠳᠣᠯᠭᠠᠨ ᠤ ᠬᠦᠷᠢᠶᠡᠯᠡᠩ ᠢ ᠪᠠᠶᠢᠭᠤᠯᠬᠤ ᠶᠢ  ᠴᠢᠩᠭᠠᠳᠬᠠᠵᠤ᠂  ᠴᠡᠴᠡᠷᠯᠢᠭᠵᠢᠬᠦᠯᠭᠡ ᠶᠢᠨ ᠠᠷᠠᠴᠢᠯᠠᠨ ᠬᠠᠮᠠᠭᠠᠯᠠᠬᠤ  ᠦᠪᠡᠷ ᠤᠨ ᠥᠷᠳᠡᠭ ᠢ  ᠦᠷᠬᠦᠯᠵᠢᠯᠡᠨ ᠪᠠᠭᠤᠷᠠᠭᠤᠯᠤᠨ᠎ᠠ᠃  ᠦᠪᠦᠷ ᠮᠣᠩᠭᠤᠯ ᠤᠨ  ᠪᠤᠷᠬᠠᠨ ᠱᠠᠰᠢᠨ ᠤ  ᠰᠣᠶᠣᠯ ᠤᠨ ᠮᠦᠽᠸᠢ᠂ ᠣᠷᠳᠤᠰ  ᠭᠠᠯᠳᠤ ᠲᠡᠷᠬᠡᠨ ᠤ ᠦᠷᠲᠡᠭᠡ᠂  ᠠᠷᠠᠳ ᠤᠨ  ᠠᠭᠤᠳᠠᠮ ᠲᠠᠯᠠᠪᠠᠢ  ᠵᠡᠷᠭᠡ 3  ᠶᠡᠭᠡ ᠲᠤᠭᠤᠷᠢᠭ᠂ 7  ᠵᠣᠷᠪᠤᠰ ᠬᠤᠳᠠ ᠶᠢᠨ  ᠶᠠᠪᠤᠳᠠᠯ ᠤᠨ  ᠵᠠᠮ ᠱᠤᠭᠤᠮ᠂ 86  ᠵᠠᠩᠬᠢᠯᠠᠭ᠎ᠠ ᠶᠢᠨ ᠴᠢᠭ ᠤᠨ ᠦᠵᠡᠮᠵᠢ ᠶᠢᠨ  ᠴᠢᠭ ᠢ  ᠦᠭᠡᠷᠡᠴᠢᠯᠡᠨ ᠵᠠᠰᠠᠬᠤ ᠢᠨᠵᠧᠨᠧᠷᠢᠩ ᠢ ᠬᠡᠷᠡᠭᠵᠢᠬᠦᠯᠵᠦ᠂ ᠵᠤᠬᠢᠰᠳᠡᠢ ᠪᠦᠳᠦᠴᠡ  ᠎ ᠲᠠᠢ᠂  ᠣᠯᠠᠨ ᠶᠠᠩᠵᠦ ᠶᠢᠨ  ᠤᠷᠭᠤᠮᠠᠯ ᠲᠠᠢ᠂  ᠭᠤᠶᠣ ᠰᠠᠶᠢᠬᠠᠨ ᠦᠵᠡᠮᠵᠢ ᠎ ᠲᠠᠢ  ᠬᠤᠳᠠ ᠶᠢᠨ  ᠴᠡᠴᠡᠷᠯᠢᠭᠵᠢᠬᠦᠯᠬᠡ ᠶᠢᠨ ᠰᠢᠰᠲ᠋ᠧᠮ ᠢ ᠲᠦᠷᠭᠡᠳᠭᠡᠨ ᠪᠦᠷᠢᠯᠳᠦᠬᠦᠯᠦᠨ᠎ᠡ᠃      ᠭᠤᠷᠪᠠ ᠳᠤ ᠬᠤᠳᠠ ᠶᠢᠨ ᠬᠠᠮᠢᠶᠠᠷᠤᠯᠳᠠ ᠶᠢᠨ ᠬᠢᠷᠢ ᠲᠦᠪᠰᠢᠨ ᠢ ᠦᠨᠡᠨᠬᠦ  ᠲᠡᠭᠡᠭᠰᠢᠯᠡᠬᠦᠯᠦᠨ᠎ᠡ᠃ ᠬᠤᠳᠠ ᠶᠢᠨ ᠶᠡᠷᠦᠩᠬᠡᠶᠢᠯᠡᠨ ᠬᠠᠤᠯᠢ ᠬᠡᠷᠡᠭᠵᠢᠬᠦᠯᠬᠦ ᠪᠠᠶᠢᠭᠤᠯᠤᠮᠵᠢ ᠶᠢᠨ ᠦᠭᠡᠷᠡᠴᠢᠯᠡᠯᠳᠡ ᠶᠢ ᠬᠦᠨᠵᠡᠭᠡᠶᠢᠷᠡᠬᠦᠯᠵᠦ᠂  ᠬᠠᠷᠢᠭᠤᠴᠠᠯᠭ᠎ᠠ ᠶᠢ  ᠣᠷᠣᠨᠵᠢᠭᠤᠯᠤᠭᠰᠠᠨ᠂  ᠬᠢᠨᠠᠯᠳᠠ ᠴᠢᠩᠭ᠎ᠠ᠂  ᠡᠷᠬᠢᠯᠲᠡ  ᠰᠠᠶᠢᠨ ᠬᠤᠳᠠ ᠶᠢᠨ  ᠬᠠᠮᠢᠶᠠᠷᠤᠯᠳᠠ ᠶᠢᠨ  ᠰᠢᠰᠲ᠋ᠧᠮ ᠢ  ᠪᠠᠶᠢᠭᠤᠯᠤᠨ᠎ᠠ᠃  ᠨᠠᠭᠤᠷ ᠤᠨ  ᠡᠷᠭᠢ ᠶᠢᠨ  ᠰᠢᠨ᠎ᠡ ᠬᠤᠳᠠ ᠶᠢᠨ  ᠲᠦᠬᠦᠷᠵᠢᠭᠰᠡᠨ ᠲᠤᠨᠤᠭ ᠲᠦᠬᠦᠭᠡᠷᠦᠮᠵᠢ ᠶᠢ  ᠲᠡᠬᠦᠯᠳᠡᠷᠵᠢᠬᠦᠯᠵᠤ᠂ ᠤᠯᠠᠭᠠᠨᠮᠥ᠋ᠷᠡᠨ  ᠭᠤᠣᠯ ᠤᠨ  ᠡᠮᠦᠨ᠎ᠡ ᠡᠷᠭᠢ ᠶᠢᠨ  ᠲᠠᠭᠠᠯᠠᠮᠵᠢᠳᠠᠢ ᠤᠷᠤᠰᠢᠨ ᠰᠠᠭᠤᠬᠤ ᠬᠢᠷᠢ ᠲᠦᠪᠰᠢᠨ ᠢ ᠲᠡᠭᠡᠭᠰᠢᠯᠡᠬᠦᠯᠦᠨ᠎ᠡ᠃ ᠬᠤᠢ ᠵᠦᠡᠭ  ᠵᠢᠤᠢ ᠶᠧ ᠠᠳᠠᠯ ᠦᠢᠯᠡᠰ ᠤᠨ ᠦᠢᠯᠡᠴᠢᠯᠡᠭᠡᠨ ᠤ  ᠺᠤᠮᠫᠠᠨᠢ ᠳᠤ ᠲᠦᠰᠢᠭᠯᠡᠨ  ᠪᠤᠰᠤᠳ ᠠᠳᠠᠯ ᠦᠢᠯᠡᠰ ᠤᠨ  ᠠᠵᠤ ᠠᠬᠤᠶᠢᠯᠠᠯ ᠢ  ᠬᠤᠯᠪᠣᠭᠠᠯᠠᠬᠤ᠂ ᠨᠢᠭᠡᠳᠭᠡᠬᠦ᠂ ᠲᠠᠬᠢᠨ ᠪᠠᠶᠢᠭᠤᠯᠬᠤ ᠵᠡᠷᠭᠡ ᠠᠷᠭ᠎ᠠ  ᠬᠡᠮᠵᠢᠶ᠎ᠡ ᠪᠠᠷ  ᠪᠠᠷᠢᠮᠵᠢᠶᠠᠵᠢᠭᠰᠠᠨ  ᠨᠡᠷᠡᠲᠦ  ᠲᠡᠮᠳᠡᠭᠵᠢᠭᠰᠡᠨ ᠬᠦᠭᠵᠢᠯᠳᠡ ᠵᠦᠭ  ᠬᠦᠳᠦᠯᠦᠨ ᠲᠠᠭᠠᠭᠤᠯᠵᠤ᠂ ︽ ᠵᠠᠬᠢᠶᠠᠯᠠᠬᠤ ᠮᠠᠶ᠋ᠢᠭ ︾᠎ ᠤᠨ ᠦᠢᠯᠡᠴᠢᠯᠡᠭᠡ ᠂ ᠪᠠᠷᠢᠮᠵᠢᠶᠠᠵᠢᠭᠰᠠᠨ ᠬᠢᠨᠠᠨ ᠲᠤᠭᠳᠠᠭᠠᠯᠳᠠ ᠬᠢᠬᠦ ᠵᠡᠷᠭᠡ  ᠠᠷᠭ᠎ᠠ ᠬᠡᠮᠵᠢᠶ᠎ᠡ ᠶᠢ  ᠲᠦᠯᠬᠢᠨ ᠠᠬᠢᠭᠤᠯᠵᠤ᠂ ᠠᠳᠠᠯ ᠦᠢᠯᠡᠰ ᠤᠨ ᠦᠢᠯᠡᠴᠢᠯᠡᠭᠡᠨ ᠤ ᠬᠢᠷᠢ  ᠲᠦᠪᠰᠢᠨ ᠢ  ᠲᠡᠭᠡᠭᠰᠢᠯᠡᠬᠦᠯᠦᠨ᠎ᠡ᠃  ᠴᠢᠨᠠᠷ ᠲᠡᠰ ᠲᠠᠢ  ᠰᠠᠭᠤᠭᠠᠯᠢ ᠲᠤᠭᠤᠷᠢᠭ ᠤᠨ ᠪᠠᠶᠢᠭᠤᠯᠤᠯᠳᠠ ᠶᠢᠨ︽ ᠡᠷᠬᠢᠨ ᠬᠠᠷᠠᠬᠤ︾ ᠠᠵᠢᠯᠯᠠᠭ᠎ᠠ ᠶᠢ  ᠦᠷᠨᠢᠬᠦᠯᠵᠦ᠂  ᠴᠢᠨᠠᠷ ᠲᠡᠰ ᠲᠠᠢ ᠰᠠᠭᠤᠭᠠᠯᠢ ᠲᠤᠭᠤᠷᠢᠭ ᠤᠨ  ᠭᠤᠷᠪᠠᠨ ᠵᠢᠯ ᠤᠨ  ᠠᠵᠢᠯᠯᠠᠭᠠᠨ ᠤ  ᠲᠦᠯᠦᠪᠯᠡᠭᠡ ᠶᠢᠨ ᠰᠡᠬᠦᠯ ᠬᠤᠷᠢᠶᠠᠬᠤ ᠠᠵᠢᠯ ᠢ  ᠪᠦᠬᠦ ᠲᠠᠯ᠎ᠠ ᠪᠠᠷ  ᠪᠡᠶᠡᠯᠡᠬᠦᠯᠦᠨ᠎ᠡ᠃   ᠲᠤᠮᠤ ᠳ᠋ᠠᠶᠢᠲ᠋ᠠ ᠶᠢᠨ ᠬᠠᠮᠢᠶᠠᠷᠤᠯᠳᠠ ᠶᠢᠨ ᠲᠣᠪᠴᠢᠶ᠎ᠠ ᠶᠢ ᠵᠤᠬᠢᠶᠠᠨ ᠪᠠᠶᠢᠭᠤᠯᠵᠦ᠂  ᠬᠤᠳᠠ ᠶᠢᠨ ᠬᠠᠮᠢᠶᠠᠷᠤᠯᠳᠠ᠂  ᠵᠠᠮ ᠬᠠᠷᠢᠯᠴᠠᠭᠠᠨ ᠤ ᠬᠠᠮᠢᠶᠠᠷᠤᠯᠲᠠ᠂ ᠬᠤᠲᠠ ᠶᠢᠨ  ᠶᠠᠪᠤᠳᠠᠯ ᠤᠨ ᠬᠠᠮᠢᠶᠠᠷᠤᠯᠲᠠ  ᠵᠡᠷᠭᠡ  ᠬᠦᠷᠢᠶ᠎ᠡ ᠬᠡᠪᠴᠢᠶ᠎ᠡ ᠶᠢ  ᠬᠠᠮᠤᠷᠤᠭᠰᠠᠨ ᠬᠤᠲᠠ ᠶᠢᠨ ᠲᠤᠮᠤ ᠳ᠋ᠠᠶᠢᠲ᠋ᠠ ᠶᠢᠨ ᠬᠡᠷᠡᠭᠯᠡᠬᠡᠨ ᠤ  ᠲᠠᠪᠴᠠᠩ ᠢ  ᠪᠠᠶᠢᠭᠤᠯᠤᠨ᠂ ᠤᠶᠤᠨᠴᠢᠯᠠᠭᠰᠠᠨ ᠬᠤᠲᠠ ᠶᠢᠨ ᠪᠠᠶᠢᠭᠤᠯᠤᠯᠳᠠ ᠶᠢ ᠲᠦᠷᠭᠡᠳᠭᠡᠨ᠎ᠡ᠃ ᠪᠤᠯᠪᠠᠰᠤᠨ ᠲᠤᠭᠤᠷᠢᠭ᠂ ᠪᠤᠯᠪᠠᠰᠤᠨ ᠠᠵᠢᠯ ᠲᠦᠷᠦᠯ᠂  ᠪᠤᠯᠪᠠᠰᠤᠨ ᠪᠠᠶᠢᠭᠤᠯᠭ᠎ᠠ ᠶᠢ  ᠡᠬᠦᠳᠦᠨ ᠪᠠᠶᠢᠭᠤᠯᠬᠤ ᠶᠢ  ᠦᠷᠭᠡᠨ ᠢᠶᠠᠷ  ᠶᠠᠪᠤᠭᠳᠠᠭᠤᠯᠵᠤ᠂ ᠬᠠᠮᠳᠤᠪᠡᠷ ᠵᠠᠰᠠᠬᠤ᠂ ᠬᠠᠮᠳᠤᠪᠡᠷ ᠦᠷ᠎ᠡ ᠪᠦᠲᠦᠭᠡᠯ ᠢ ᠡᠳ᠋ᠯᠡᠬᠦ ᠶᠢ  ᠪᠡᠶᠡᠯᠡᠬᠦᠯᠵᠦ᠂  ᠬᠤᠳᠠ ᠶᠢᠨ  ᠪᠤᠯᠪᠠᠰᠤᠨ  ᠳᠦᠷᠢ ᠳᠦᠷᠬᠦ ᠶᠢ ᠲᠡᠭᠡᠭᠰᠢᠯᠡᠬᠦᠯᠦᠨ᠎ᠡ᠃      ︵ᠲᠠᠪᠤ︶ ᠬᠦᠳᠡᠭᠡ ᠲᠤᠰᠬᠤᠨ ᠢ  ᠬᠦᠭᠵᠢᠬᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢ ᠬᠡᠷᠡᠭᠵᠢᠬᠦᠯᠵᠦ᠂ ᠲᠠᠷᠢᠶᠠᠯᠠᠩ ᠪᠤᠯᠤᠨ ᠬᠦᠳᠡᠭᠡ ᠲᠤᠰᠬᠤᠨ ᠤ ᠤᠳᠤᠬᠢᠴᠢᠯᠠᠭᠰᠠᠨ ᠬᠢᠷᠢ ᠲᠦᠪᠰᠢᠨ ᠢ  ᠴᠢᠷᠮᠠᠶᠢᠨ  ᠲᠡᠭᠡᠭᠰᠢᠯᠡᠬᠦᠯᠦᠨ᠎ᠡ᠃ ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢ ᠬᠡᠷᠡᠭᠵᠢᠬᠦᠯᠬᠦ ᠲᠦᠰᠦᠯ ᠪᠠ ᠲᠦᠬᠦᠷᠵᠢᠭᠰᠡᠨ ᠲᠥᠷᠥ ᠶᠢᠨ  ᠪᠤᠳᠣᠯᠭ᠎ᠠ ᠶᠢ  ᠲᠤᠭᠳᠠᠭᠠᠵᠤ᠂  ᠬᠦᠳᠡᠭᠡ ᠲᠤᠰᠬᠤᠨ ᠮᠠᠯᠵᠢᠬᠤ ᠣᠷᠣᠨ ᠎ ᠢ ︽ ᠠᠵᠤ ᠠᠬᠤᠶᠢᠯᠠᠯ ᠬᠦᠭᠵᠢᠭᠰᠡᠨ᠂  ᠠᠮᠢ ᠠᠬᠤᠢ ᠣᠷᠣᠰᠢᠨ ᠰᠠᠭᠤᠬᠤ ᠳᠤ  ᠲᠠᠭᠠᠯᠠᠮᠵᠢᠳᠠᠢ᠂  ᠪᠤᠯᠪᠠᠰᠤᠨ ᠰᠤᠷᠳᠠᠯ ᠲᠠᠢ᠂ ᠵᠠᠰᠠᠨ ᠴᠡᠭᠴᠡᠯᠡᠯᠲᠡ ᠰᠠᠶᠢᠲᠠᠢ᠂ ᠠᠮᠢᠳᠤᠷᠠᠯ ᠴᠢᠨᠡᠭᠡᠯᠢᠭ︾  ᠬᠠᠷᠠᠯᠲᠠ  ᠤᠷᠤᠭᠤ ᠲᠠᠪᠰᠢᠬᠤ ᠶᠢ  ᠠᠬᠢᠭᠤᠯᠬᠤ ᠬᠡᠷᠡᠭᠳᠡᠢ᠃ᠨᠢᠭᠡ ᠳᠤ  ᠣᠳᠣᠬᠢᠴᠢᠯᠠᠭᠰᠠᠨ ᠲᠠᠷᠢᠶᠠᠯᠠᠩ ᠮᠠᠯ ᠠᠵᠤ ᠠᠬᠤᠢ ᠶᠢᠨ  ᠬᠦᠭᠵᠢᠯᠳᠡ ᠶᠢᠨ  ᠬᠢᠷᠢ ᠲᠦᠪᠰᠢᠨ ᠢ  ᠲᠡᠭᠡᠭᠰᠢᠯᠡᠬᠦᠯᠦᠨ᠎ᠡ᠃ ᠠᠭᠤᠷ ᠠᠮᠢᠰᠬᠤᠯ ᠴᠡᠪᠡᠷ ᠰᠠᠶᠢᠬᠠᠨ᠂ ᠤᠰᠤ ᠰᠢᠷᠣᠢ ᠶᠢᠨ  ᠴᠡᠪᠡᠷᠴᠡ ᠶᠢᠨ ᠬᠡᠮᠵᠢᠶ᠎ᠡ ᠦᠨᠳᠦᠷ ᠲᠠᠪᠠᠭᠤᠯᠢᠭ  ᠢ ᠬᠦᠢᠴᠡᠳ ᠠᠰᠢᠭᠯᠠᠨ᠂ ᠤᠳᠣᠬᠢᠴᠢᠯᠠᠭᠰᠠᠨ  ᠲᠠᠷᠢᠶᠠᠯᠠᠩ ᠮᠠᠯ ᠠᠵᠤ ᠠᠬᠤᠢ ᠶᠢᠨ  ︽ ᠪᠤᠬᠢᠷᠳᠤᠯ ᠦᠬᠡᠢ᠂ ᠣᠬᠢ ᠰᠢᠯᠢᠳᠡᠭᠵᠢᠭᠰᠡᠨ︾  ᠲᠡᠰᠢ ᠬᠦᠭᠵᠢᠬᠦᠯᠬᠦ ᠶᠢ ᠠᠬᠢᠭᠤᠯᠤᠨ᠎ᠠ᠃ ᠲᠠᠷᠢᠶᠠᠯᠠᠩ ᠎ ᠳᠤ ᠵᠠᠷᠤᠴᠠᠭᠤᠯᠬᠤ ᠲᠤᠰᠬᠠᠢ  ᠪᠡᠯᠡ ᠮᠦᠩᠬᠦ ᠶᠢ ᠴᠢᠷᠮᠠᠶᠢᠨ ᠲᠡᠮᠡᠴᠡᠨ‌ᠣᠯᠵᠤ᠂  ᠮᠦᠩᠬᠦᠨ ᠬᠦᠢᠯᠭᠡᠭᠡᠨ ᠤ ᠪᠠᠶᠢᠭᠤᠯᠤᠮᠵᠢ ᠶᠢ ᠲᠠᠶᠢᠴᠢᠯᠠᠬᠤ ᠬᠦᠴᠦᠨ ᠴᠢᠩᠭ᠎ᠠ᠂  ᠠᠵᠢᠯ ᠣᠯᠭᠤᠬᠤ ᠲᠤᠭ᠎ᠠ  ᠶᠡᠭᠡ  ᠲᠦᠷᠦᠯ ᠵᠦᠢᠯ ᠳᠤ  2000  ᠲᠦᠮᠡᠨ ᠲᠦᠬᠦᠷᠢᠭ ᠎ ᠤᠨ  ᠲᠠᠷᠢᠶᠠᠯᠠᠩ ᠢ ᠲᠤᠰᠠᠯᠠᠬᠤ ᠬᠦᠦ ᠮᠦᠩᠬᠦ  ᠦᠬᠡᠢ ᠵᠢᠭᠡᠯᠡᠯᠭᠡ ᠲᠠᠯᠪᠢᠬᠤ ᠶᠢ ᠬᠦᠳᠦᠯᠦᠨ ᠲᠠᠭᠠᠭᠤᠯᠵᠤ᠂ ᠵᠢᠯ ᠎ ᠤᠨ  ᠲᠤᠳᠤᠷ᠎ᠠ 10 ᠲᠠᠷᠢᠶᠠᠯᠠᠩ ᠮᠠᠯ ᠠᠵᠦ ᠠᠬᠤᠢ ᠶᠢᠨ ᠠᠵᠤ  ᠦᠢᠯᠡᠰᠵᠢᠭᠰᠡᠨ ᠲᠦᠷᠦᠯ ᠵᠦᠢᠯ ᠢ ᠲᠡᠮᠵᠢᠨ ᠲᠤᠰᠠᠯᠠᠨ᠎ᠠ᠃  ᠪᠤᠬᠢᠷᠳᠤᠯ ᠦᠬᠡᠢ  ᠲᠠᠷᠢᠶᠠᠯᠠᠩ ᠮᠠᠯ ᠠᠵᠤ ᠠᠬᠤᠢ ᠶᠢ  ᠪᠤᠵᠠᠭᠠᠶᠢᠷᠠᠭᠤᠯᠤᠨ ᠬᠦᠭᠵᠢᠬᠦᠯᠦᠨ᠎ᠡ᠃ ᠬᠦᠳᠡᠭᠡ ᠲᠤᠰᠬᠤᠨ ᠤ ᠶᠡᠷᠦᠩᠬᠡᠢ  ᠴᠣᠭᠴᠠᠵᠢᠭᠰᠠᠨ ᠪᠠᠶᠢᠭᠤᠯᠤᠯᠳᠠ ᠶᠢ  ᠢᠳᠡᠪᠬᠢᠳᠡᠢ  ᠠᠬᠢᠭᠤᠯᠵᠦ᠂ ᠦᠪᠡᠷᠳᠡᠭᠡᠨ ᠵᠠᠰᠠᠬᠤ ᠣᠷᠣᠨ ᠤ ᠲᠡᠰ ᠤᠨ ᠬᠦᠳᠡᠭᠡ  ᠲᠤᠰᠬᠤᠨ ᠤ ᠶᠡᠷᠦᠩᠬᠡᠢ ᠴᠣᠭᠴᠠ  ᠶᠢᠨ ᠪᠠᠶᠢᠭᠤᠯᠤᠯᠳᠠ  ᠶᠢᠨ ᠲᠤᠷᠰᠢᠯᠳᠠ ᠶᠢᠨ ᠴᠢᠭ ᠢ ᠪᠠᠶᠢᠭᠤᠯᠤᠨ᠎ᠠ᠃ ᠶᠦᠨ ᠳ᠋ᠦᠡᠭ  ᠲᠠᠷᠢᠶᠠᠯᠠᠡᠩ ᠮᠠᠯ ᠠᠵᠤ ᠠᠬᠤᠢ ᠵᠡᠷᠭᠡ ᠲᠤᠯᠤᠭᠠᠶᠢᠯᠠᠭᠴᠢ ᠠᠵᠤ ᠠᠬᠤᠶᠢᠯᠠᠯ᠂  ᠡᠯ᠎ᠡ ᠲᠦᠷᠦᠯ ᠤᠨ  ᠲᠠᠷᠢᠶᠠᠯᠠᠩ ᠲᠠᠢ ᠬᠤᠯᠪᠤᠭᠳᠠᠬᠤ  ᠠᠵᠤ ᠠᠬᠤᠢ ᠶᠢᠨ  ᠵᠤᠬᠢᠶᠠᠨ ᠪᠠᠶᠢᠭᠤᠯᠤᠯᠳᠠ ᠶᠢ  ᠮᠠᠯᠴᠢᠨ ᠲᠠᠷᠢᠶᠠᠴᠢᠨ ᠲᠠᠢ ︽ ᠦᠢᠯᠡᠳᠪᠦᠷᠢᠯᠡᠬᠦ ᠬᠠᠩᠭᠠᠬᠤ ᠪᠤᠷᠤᠯᠠᠭᠤᠯᠬᠤ︾  ᠠᠰᠢᠭ ᠲᠤᠰᠠ ᠶᠢᠨ  ᠬᠤᠯᠪᠤᠭᠳᠠᠭᠰᠠᠨ  ᠵᠤᠬᠢᠴᠠᠮᠵᠢ ᠶᠢ  ᠪᠠᠶᠢᠭᠤᠯᠵᠤ᠂  ᠵᠢᠯ ᠤᠨ  ᠲᠤᠳᠤᠷ᠎ᠠ 60% ᠎ ᠠᠴᠠ ᠳᠡᠭᠡᠭᠰᠢ ᠲᠠᠷᠢᠶᠠᠯᠠᠩ ᠮᠠᠯ ᠠᠵᠤ ᠠᠬᠤᠢ ᠶᠢᠨ  ᠲᠤᠯᠤᠭᠠᠶᠢᠯᠠᠭᠴᠢ  ᠠᠵᠤ ᠠᠬᠤᠶᠢᠯᠠᠯ ᠎ ᠢ ᠮᠠᠯᠴᠢᠨ  ᠲᠠᠷᠢᠶᠠᠴᠢᠨ  ᠎ ᠲᠠᠢ ᠨᠢᠭᠲᠠ  ᠬᠡᠯᠪᠡᠷᠢ ᠶᠢᠨ  ᠠᠰᠢᠭ ᠲᠤᠰᠠ ᠶᠢᠨ ᠬᠤᠯᠪᠣᠭᠳᠠᠭᠰᠠᠨ  ᠵᠤᠬᠢᠴᠠᠮᠵᠢ ᠶᠢ  ᠪᠠᠶᠢᠭᠤᠯᠤᠨ᠎ᠠ᠃ ︽ᠬᠤᠳᠠ ᠶᠢᠨ  ᠠᠵᠤ ᠠᠬᠤᠢ︾ ᠪᠤᠯᠤᠨ ︽ ᠠᠭᠤᠷᠬᠠᠢ ᠶᠢᠨ ᠠᠵᠤ ᠠᠬᠤᠢ︾᠎ ᠶᠢ  ᠬᠦᠭᠵᠢᠬᠦᠯᠬᠦ ᠲᠤᠭᠤᠷᠢᠨ ᠳᠤ᠂  ︽ ᠨᠢᠭᠡ ᠠᠭᠤᠷᠬᠠᠢ  ᠨᠢᠭᠡ ᠠᠵᠤ ᠠᠬᠤᠶᠢᠯᠠᠯ ᠨᠢᠭᠡ ᠲᠤᠰᠬᠤᠨ︾ ᠎ ᠢ  ᠬᠠᠮᠳᠤ ᠳᠤᠨᠢ ᠬᠦᠭᠵᠢᠬᠦᠯᠬᠦ ᠶᠢ  ᠠᠬᠢᠭᠤᠯᠵᠦ᠂  ᠲᠦᠬᠦᠷᠵᠢᠭᠰᠡᠨ ᠦᠢᠯᠡᠴᠢᠯᠡᠭᠡᠨ ᠤ ᠠᠵᠤ ᠠᠬᠤᠶᠢᠯᠠᠯ ᠪᠠ  ᠲᠤᠰᠬᠤᠨ ᠤ  ᠬᠠᠮᠳᠤ ᠶᠢᠨ  ᠠᠵᠤ ᠠᠬᠤᠢ ᠶᠢᠨ  ᠬᠦᠭᠵᠢᠯᠳᠡ ᠶᠢ  ᠲᠠᠶᠢᠴᠢᠯᠠᠨ᠎ᠠ᠃  ᠮᠠᠯᠴᠢᠠ ᠲᠠᠷᠢᠶᠠᠴᠢᠳ ᠢ ᠪᠡᠯᠡ ᠮᠦᠩᠬᠦ᠂  ᠭᠠᠵᠠᠷ ᠰᠢᠷᠤᠢ  ᠵᠡᠷᠭᠡ  ᠬᠡᠯᠪᠡᠷᠢ ᠪᠠᠷ  ᠬᠤᠪᠢ ᠤᠷᠤᠭᠤᠯᠵᠦ  ᠠᠵᠢᠯᠴᠢᠨ ᠤ ᠶᠠᠪᠤᠳᠠᠯ ᠤᠨ ᠺᠤᠮᠫᠠᠨᠢ  ᠂  ᠲᠡᠭᠡᠭᠡᠪᠦᠷᠢ ᠶᠢᠨ  ᠠᠩᠭᠢ ᠵᠣᠬᠢᠶᠠᠨ  ᠪᠠᠶᠢᠭᠤᠯᠬᠤ ᠶᠢ  ᠤᠳᠤᠷᠢᠳᠤᠨ ᠲᠠᠭᠠᠭᠤᠯᠵᠦ ᠂  ᠨᠡᠬᠦᠷᠡᠰᠤ ᠲᠡᠭᠡᠭᠡᠪᠦᠷᠢᠯᠡᠬᠦ᠂  ᠠᠷᠠᠯᠵᠢᠶ᠎ᠠ ᠬᠤᠳᠠᠯᠳᠤᠭᠠᠨ ᠤ ᠦᠢᠯᠡᠴᠢᠯᠡᠭᠡ  ᠵᠡᠷᠭᠡ ᠲᠠᠯ᠎ᠠ ᠪᠠᠷ  ᠲᠤᠬᠠᠢ ᠶᠢᠨ  ᠭᠠᠵᠠᠷ ᠤᠨ  ᠮᠠᠯᠴᠢᠨ ᠲᠠᠷᠢᠶᠠᠴᠢᠳ ᠤᠨ  ᠣᠷᠣᠯᠭ᠎ᠠ ᠶᠢ  ᠨᠡᠮᠡᠭᠳᠡᠬᠦᠯᠦᠨ᠎ᠡ᠃ ᠱᠠᠩᠨᠠᠯ ᠢᠶᠠᠷ  ᠪᠡᠯᠡ ᠤᠷᠤᠭᠤᠯᠬᠤ  ᠬᠡᠯᠪᠡᠷᠢ  ᠪᠠᠷ  ᠲᠠᠮᠵᠢᠨ᠂  ᠲᠤᠯᠤᠭᠠᠶᠢᠯᠠᠭᠴᠢ ᠠᠵᠤ ᠠᠬᠤᠶᠢᠯᠠᠯ ᠢ ᠲᠤᠬᠠᠢ ᠶᠢᠨ ᠭᠠᠵᠠᠷ ᠤᠨ ᠮᠠᠯᠴᠢᠨ ᠲᠠᠷᠢᠶᠠᠴᠢᠳ ᠤᠨ ᠲᠠᠷᠢᠶᠠᠯᠠᠩ ᠤᠨ ᠪᠦᠳᠦᠭᠡᠭᠳᠡᠬᠦᠨ ᠢ ᠬᠤᠳᠠᠯᠳᠤᠨ ᠠᠪᠴᠤ᠂ ᠪᠤᠷᠤᠯᠠᠭᠤᠯᠬᠤ ᠶᠢ  ᠤᠳᠤᠷᠢᠳᠤᠨ ᠲᠠᠭᠠᠭᠤᠯᠵᠤ᠂  ᠤᠭ ᠭᠠᠷᠤᠯᠳᠠ ᠶᠢᠨ  ᠭᠠᠵᠠᠷ ᠤᠨ ᠪᠤᠬᠢᠷᠳᠤᠯ ᠦᠬᠡᠢ  ᠲᠠᠷᠢᠶᠠᠯᠠᠩ ᠎ ᠤᠨ ᠪᠦᠳᠦᠭᠡᠭᠳᠡᠬᠦᠨ ᠢ  ᠲᠦᠮᠡᠨ ᠡᠷᠦᠬᠡ ᠳᠤ  ᠤᠷᠤᠭᠤᠯᠵᠤ᠂ ᠭᠤᠣᠯ ᠬᠤᠳᠠ ᠶᠢᠨ  ᠲᠤᠭᠤᠷᠢᠭ ᠪᠤᠯᠤᠨ ᠠᠭᠤᠷᠬᠠᠢ ᠶᠢᠨ  ᠣᠷᠣᠨ ᠤ ︽ᠬᠤᠯᠢᠰᠢᠨ ᠢᠳᠡᠭᠡᠨ︾ ᠎ ᠎ ᠤ ᠰᠠᠭᠤᠷᠢᠨ ᠭᠠᠵᠠᠷ ᠢ ᠪᠠᠶᠢᠭᠤᠯᠬᠤ ᠶᠢ  ᠪᠠᠳᠤᠯᠠᠨ᠎ᠠ᠃      ᠬᠤᠶᠠᠷ ᠲᠤ᠂ ᠬᠦᠳᠡᠭᠡ ᠲᠤᠰᠬᠤᠨ ᠮᠠᠯᠵᠢᠬᠤ ᠣᠷᠣᠨ ᠤ ᠬᠦᠭᠵᠢᠯᠳᠡ ᠶᠢᠨ ᠣᠷᠴᠢᠨ ᠲᠤᠭᠤᠷᠢᠨ ᠢ ᠰᠠᠶᠢᠵᠢᠷᠠᠭᠤᠯᠬᠤ ᠪᠠᠷ ᠴᠢᠷᠮᠠᠶᠢᠨ᠎ᠠ᠃ ᠦᠵᠡᠰᠬᠦᠯᠡᠩᠳᠦ ᠬᠦᠳᠡᠭᠡ ᠲᠤᠰᠬᠤᠨ ᠤ ᠪᠦᠳᠦᠬᠡᠨ ᠪᠠᠶᠢᠭᠤᠯᠤᠯᠳᠠ ᠶᠢᠨ ᠦᠷ᠎ᠡ ᠪᠦᠳᠦᠬᠡᠯ ᠢᠶᠠᠨ ᠲᠠᠭᠠᠭᠠᠮᠠᠭᠠᠢ ᠪᠠᠷ ᠪᠠᠬᠢᠵᠢᠬᠦᠯᠦᠨ᠎ᠡ᠃ ᠭᠠᠵᠠᠷ ᠣᠷᠣᠨ ᠳᠤᠨᠢ ᠲᠣᠬᠢᠷᠠᠭᠤᠯᠤᠨ ᠡᠯ᠎ᠡ ᠪᠠᠯᠭᠠᠰᠤᠨ ᠤ ᠢᠯᠴᠢ ᠶᠢ ᠨᠢᠭᠡᠳᠦᠯᠳᠡᠢ ᠬᠠᠩᠭᠠᠬᠤ ᠪᠠᠶᠢᠭᠠᠯᠢ ᠶᠢᠨ ᠰᠢᠳᠠᠮᠠᠬᠠᠢ ᠬᠡᠢ ᠶᠢ ᠬᠠᠩᠭᠠᠬᠤ᠂ ᠲᠠᠷᠬᠠᠯᠳᠠ ᠶᠢᠨ ᠮᠠᠶ᠋ᠢᠭ ᠤᠨ ᠬᠡᠷᠡᠯ ᠢᠶᠠᠷ ᠴᠠᠬᠢᠯᠭᠠᠨ ᠡᠬᠦᠰᠭᠡᠵᠦ ᠴᠠᠬᠢᠯᠭᠠᠨ ᠭᠠᠷᠭᠠᠬᠤ ᠵᠡᠷᠭᠡ ᠰᠠᠭᠤᠷᠢ ᠲᠦᠬᠦᠭᠡᠷᠦᠮᠵᠢ ᠶᠢ ᠲᠡᠬᠦᠯᠳᠡᠷᠵᠢᠬᠦᠯᠵᠦ᠂ ᠪᠠᠯᠭᠠᠰᠤᠨ ᠲᠣᠭᠤᠷᠢᠭ ᠤᠨ ᠬᠤᠭ ᠨᠣᠪᠰᠢ ᠪᠤᠯᠤᠨ ᠪᠤᠵᠠᠷ ᠤᠰᠤ ᠶᠢ ᠬᠤᠤᠷ ᠦᠬᠡᠶᠢᠳᠡᠬᠦᠯᠦᠨ ᠰᠢᠢᠳᠪᠦᠷᠢᠯᠡᠬᠦ ᠲᠤᠷᠰᠢᠯᠳᠡ ᠶᠢ ᠲᠦᠯᠬᠢᠨ ᠠᠬᠢᠭᠤᠯᠤᠨ᠎ᠠ᠃ ᠲᠠᠷᠢᠶᠠᠯᠠᠩ ᠤᠨ ᠰᠦᠯᠵᠢᠶᠡᠵᠢᠬᠦᠯᠦᠯᠳᠡ ᠶᠢᠨ ᠦᠭᠡᠷᠡᠴᠢᠯᠡᠯᠳᠡ ᠶᠢᠨ ᠡᠷᠴᠢᠮ ᠢ ᠴᠢᠩᠭᠠᠳᠬᠠᠵᠦ᠂ ᠲᠠᠷᠢᠶᠠᠯᠠᠩ ᠤᠨ ᠲᠣᠣᠷ ᠤᠨ ᠦᠭᠡᠷᠡᠴᠢᠯᠡᠯᠳᠡ ᠶᠢ 908 ᠺᠢᠯᠤᠮᠧᠲᠷ ᠰᠢᠨ᠎ᠡ ᠪᠠᠷ ᠨᠡᠮᠡᠨ᠎ᠡ᠃ ︽ᠬᠦᠳᠡᠭᠡ ᠲᠤᠰᠬᠤᠨ ᠤ ᠬᠡᠷᠡᠯ ᠤᠨ ᠰᠦᠯᠵᠢᠶᠡᠵᠢᠬᠦᠯᠦᠯᠳᠡ︾ ᠪᠣᠯᠣᠨ ᠴᠠᠬᠢᠯᠭᠠᠨ ᠬᠤᠯᠪᠣᠭ᠎ᠠ ᠶᠢᠨ ᠨᠡᠶᠢᠳᠡᠮ ᠦᠢᠯᠡᠴᠢᠯᠡᠭᠡᠨ ᠤ ᠲᠣᠷᠰᠢᠯᠳᠠ ᠶᠢᠨ ᠴᠢᠭ ᠤᠨ ᠢᠨᠵᠧᠨᠧᠷᠢᠩ ᠢ ᠪᠦᠬᠦ ᠲᠠᠯ᠎ᠠ ᠪᠠᠷ ᠪᠡᠶᠡᠯᠡᠬᠦᠯᠵᠦ᠂ ᠵᠠᠰᠠᠭ ᠵᠠᠬᠢᠷᠭᠠᠨ ᠤ ᠲᠤᠰᠬᠤᠨ ᠳᠤ ᠢᠨᠲ᠋ᠧᠷᠨᠧᠲ ᠰᠦᠯᠵᠢᠶ᠎ᠡ ᠪᠣᠯᠣᠨ ᠵᠠᠰᠠᠭ ᠤᠨ ᠶᠠᠪᠤᠳᠠᠯ ᠤᠨ ᠲᠣᠣᠷᠵᠢᠯᠳᠠ ᠶᠢᠨ ᠪᠦᠷᠬᠦᠴᠡ ᠶᠢ ᠲᠤᠰᠪᠦᠷᠢ100% ᠪᠠ70%᠎ ᠠᠴᠠ ᠲᠡᠭᠡᠭᠰᠢ ᠬᠦᠷᠭᠡᠨ᠎ᠡ᠃ ᠬᠦᠳᠡᠭᠡ ᠲᠤᠰᠬᠤᠨ ᠮᠠᠯᠵᠢᠬᠤ ᠣᠷᠣᠨ ᠤ ᠶᠡᠷᠦᠩᠬᠡᠶᠢᠯᠡᠨ ᠬᠠᠤᠯᠢ ᠬᠡᠷᠡᠭᠵᠢᠬᠦᠯᠬᠦ ᠡᠷᠴᠢᠮ ᠢᠶᠠᠨ ᠴᠢᠩᠭᠠᠳᠬᠠᠵᠤ᠂ ᠴᠤᠭᠯᠠᠭ᠎ᠠ ᠪᠠᠯᠭᠠᠰᠤ᠂ ᠭᠠᠴᠠᠭ᠎ᠠ ᠲᠤᠰᠬᠤᠨ ᠪᠣᠯᠣᠨ ᠵᠠᠮ ᠱᠤᠭᠤᠮ ᠲᠠᠭᠠᠤ ᠳᠤᠷ᠎ᠠ ᠪᠠᠷ ᠢᠶᠠᠨ ᠪᠠᠷᠢᠵᠤ ᠪᠣᠰᠬᠠᠬᠤ᠂ ᠬᠠᠮᠢᠶ᠎ᠠ ᠨᠠᠮᠢᠶ᠎ᠠ ᠦᠬᠡᠢ ᠠᠰᠠᠬᠠᠵᠤ ᠴᠢᠳᠬᠤᠬᠤ᠂ ᠡᠷᠦᠢ ᠬᠤᠷᠣᠢ ᠦᠬᠡᠢ ᠵᠤᠭᠰᠤᠵᠤ ᠲᠠᠯᠪᠢᠬᠤ ᠵᠡᠷᠭᠡ ᠦᠵᠡᠭᠳᠡᠯ ᠢ ᠭᠤᠣᠯᠳᠠᠯᠭ᠎ᠠ ᠲᠠᠢ ᠵᠠᠰᠠᠨ᠎ᠠ᠃ ᠤᠯᠤᠰ ᠤᠨ ᠤᠨᠴᠠᠯᠢᠭᠳᠤ ᠵᠢᠵᠢᠭ ᠪᠠᠯᠭᠠᠰᠤ ᠶᠢ ᠪᠣᠶᠢᠵᠢᠭᠤᠯᠤᠨ ᠪᠦᠳᠦᠭᠡᠨ ᠪᠠᠶᠢᠭᠤᠯᠬᠤ ᠠᠵᠠ ᠲᠣᠬᠢᠶᠠᠯ ᠢ ᠡᠵᠡᠮᠳᠡᠵᠤ᠂ 2-3ᠤᠯᠤᠰ ᠤᠨ ᠲᠡᠰ ᠤᠨ ᠪᠠ ᠦᠪᠡᠷᠳᠡᠭᠡᠨ ᠵᠠᠰᠠᠬᠤ ᠣᠷᠣᠨ ᠤ ᠲᠡᠰ ᠤᠨ ᠤᠨᠴᠠᠯᠢᠭᠳᠤ ᠵᠢᠵᠢᠭ ᠪᠠᠯᠭᠠᠰᠤ ᠶᠢ ᠭᠤᠶᠤᠴᠢᠯᠠᠨ ᠮᠡᠳᠡᠬᠦᠯᠬᠦ ᠪᠠᠷ ᠴᠢᠷᠮᠠᠶᠢᠨ᠎ᠠ᠃ᠭᠤᠷᠪᠠ ᠳᠤ᠂ ᠬᠦᠳᠡᠭᠡ ᠲᠤᠰᠬᠤᠨ ᠤ ᠵᠠᠰᠠᠯᠲᠠ ᠶᠢᠨ ᠬᠢᠷᠢ ᠲᠦᠪᠰᠢᠨ ᠢ ᠲᠡᠭᠡᠭᠰᠢᠯᠡᠬᠦᠯᠬᠦ ᠪᠠᠷ ᠴᠢᠷᠮᠠᠶᠢᠨ᠎ᠠ᠃ ᠬᠠᠤᠯᠢ ᠪᠠᠷ ᠵᠠᠰᠠᠬᠤ ᠦᠵᠡᠯᠳᠡ ᠶᠢ ᠪᠤᠢ ᠪᠤᠯᠭᠠᠵᠦ᠂ ᠡᠯ᠎ᠡ ᠪᠠᠯᠭᠠᠰᠤᠨ ᠤ ᠶᠡᠷᠦᠩᠬᠡᠶᠢᠯᠡᠭᠰᠡᠨ ᠬᠠᠤᠯᠢ ᠬᠡᠷᠡᠭᠵᠢᠬᠦᠯᠬᠦ ᠡᠩᠨᠡᠭᠡᠨ ᠤ ᠪᠠᠶᠢᠭᠤᠯᠤᠯᠳᠠ ᠶᠢ ᠴᠢᠩᠭᠠᠳᠬᠠᠵᠦ᠂ ᠬᠠᠤᠯᠢ ᠬᠡᠷᠡᠭᠵᠢᠬᠦᠯᠬᠦ ᠴᠢᠳᠠᠪᠦᠷᠢ ᠪᠤᠯᠤᠨ ᠬᠢᠷᠢ ᠲᠦᠪᠰᠢᠨ ᠢᠶᠠᠨ ᠲᠡᠭᠡᠭᠰᠢᠯᠡᠬᠦᠯᠦᠨ᠎ᠡ᠃ ᠪᠠᠯᠭᠠᠰᠤ᠂ ᠭᠠᠴᠠᠭ᠎ᠠ᠂ ᠲᠤᠰᠬᠤᠨ ᠤ ᠶᠡᠷᠦᠩᠬᠡᠶᠢᠯᠡᠨ ᠵᠠᠰᠠᠬᠤ ᠲᠥᠪ ᠤᠨ ᠦᠢᠯᠡᠳᠦᠯ ᠪᠠ ᠠᠵᠢᠯᠯᠠᠭᠠᠨ ᠤ ᠵᠤᠬᠢᠴᠠᠮᠵᠢ ᠶᠢ ᠲᠡᠭᠦᠯᠳᠡᠷᠵᠢᠬᠦᠯᠵᠦ᠂ ︽ᠬᠡᠰᠡᠭ ᠵᠤᠷᠪᠤᠰ ᠢ ᠤᠶᠠᠯᠳᠤᠭᠤᠯᠬᠤ᠂ ᠬᠡᠰᠡᠭ ᠢᠶᠠᠷ ᠭᠤᠣᠯ ᠪᠤᠯᠭᠠᠬᠤ︾ ᠵᠠᠷᠴᠢᠮ ᠶᠣᠰᠤᠭᠠᠷ ︽ᠵᠡᠷᠭᠡ ᠲᠡᠰ ᠲᠤᠭᠳᠠᠭᠠᠬᠤ᠂ ᠬᠦᠮᠦᠨ ᠲᠤᠭᠳᠠᠭᠠᠬᠤ᠂ ᠬᠠᠷᠢᠭᠤᠴᠠᠯᠭ᠎ᠠ ᠲᠤᠭᠳᠠᠭᠠᠬᠤ︾ ᠰᠦᠯᠵᠢᠶᠡᠵᠢᠬᠦᠯᠬᠦ ᠬᠠᠮᠢᠶᠠᠷᠤᠯᠳᠠ ᠶᠢᠨ ᠬᠡᠪ ᠨᠠᠮᠪᠠ ᠶᠢ ᠢᠳᠡᠪᠬᠢᠳᠡᠢ ᠬᠡᠷᠡᠭᠵᠢᠬᠦᠯᠵᠦ᠂ ᠪᠠᠯᠭᠠᠰᠤ ᠲᠤᠰᠬᠤᠨ ᠭᠠᠴᠠᠭ᠎ᠠ ᠭᠤᠷᠪᠠᠨ ᠱᠠᠳᠤᠨ ᠤ ᠰᠦᠯᠵᠢᠶᠡᠨ ᠤ ᠠᠵᠢᠯᠳᠠᠨ ᠤ ᠠᠵᠢᠯ ᠤᠨ ᠢᠳᠡᠪᠬᠢᠵᠢᠯ ᠢ ᠬᠦᠢᠴᠡᠳ ᠲᠠᠶᠢᠴᠢᠯᠠᠵᠦ᠂ ᠦᠨᠳᠦᠰᠦᠨ ᠱᠠᠳᠤᠨ ᠤ ᠦᠢᠯᠡᠴᠢᠯᠡᠭᠡ ᠶᠢᠨ ᠬᠠᠮᠢᠶᠠᠷᠤᠯᠳᠠ ᠶᠢᠨ ᠪᠠᠷᠢᠮᠵᠢᠶᠠᠵᠢᠯᠳᠠ ᠨᠠᠷᠢᠯᠢᠭᠵᠢᠯᠳᠠ ᠶᠢ ᠪᠡᠶᠡᠯᠡᠬᠦᠯᠦᠨ᠎ᠡ᠃ ︽ᠲᠦᠷᠪᠡᠨ ᠡᠷᠬᠡ ᠲᠦᠷᠪᠡᠨ ᠳᠦᠷᠢᠮ ᠭᠤᠷᠪᠠ ᠶᠢ ᠬᠠᠷᠢᠭᠤᠴᠠᠬᠤ︾ ᠳᠦᠷᠢᠮ ᠢ ᠲᠡᠬᠦᠯᠳᠡᠷᠵᠢᠬᠦᠯᠵᠦ᠂ ᠦᠪᠡᠷᠳᠡᠭᠡᠨ ᠵᠠᠰᠠᠬᠤ ᠳᠦᠷᠢᠮ ᠲᠤᠭᠳᠠᠭᠠᠯ᠂ ᠲᠤᠰᠬᠤᠨ ᠤ ᠳᠦᠷᠢᠮ ᠠᠷᠠᠳ ᠤᠨ ᠭᠡᠷ᠎ᠡ ᠶᠢᠨ ᠢᠳᠡᠪᠬᠢᠳᠡᠢ ᠦᠢᠯᠡᠳᠦᠯ ᠢ ᠪᠠᠳᠠᠷᠠᠭᠤᠯᠵᠦ᠂ ᠮᠠᠯᠴᠢᠨ ᠲᠠᠷᠢᠶᠠᠴᠢᠨ ᠎ ᠳᠤ ᠦᠪᠡᠷ ᠢᠶᠠᠨ ︽ᠤᠴᠢᠷ ᠢᠶᠠᠨ ᠬᠡᠯᠡᠬᠦ᠂ ᠤᠴᠢᠷ ᠢᠶᠠᠨ ᠵᠦᠪᠯᠡᠬᠦ᠂ ᠤᠴᠢᠷ ᠢᠶᠠᠨ ᠮᠡᠳᠡᠬᠦᠯᠦᠨ᠎ᠡ︾᠃  ᠬᠦᠳᠡᠭᠡ ᠲᠤᠰᠬᠤᠨ ᠤ ᠣᠶᠣᠨ ᠤ ᠪᠣᠯᠪᠠᠰᠤᠨ ᠤ ᠠᠵᠢᠯᠯᠠᠭ᠎ᠠ ᠶᠢ ᠭᠦᠨᠵᠡᠭᠡᠢ ᠦᠷᠨᠢᠬᠦᠯᠵᠦ᠂ ᠬᠦᠳᠡᠭᠡ ᠲᠤᠰᠬᠤᠨ ᠮᠠᠯᠵᠢᠬᠤ ᠣᠷᠣᠨ ᠤ ᠨᠡᠶᠢᠬᠡᠮ  ᠤᠨ ᠪᠤᠯᠪᠠᠰᠤᠨ ᠤ ᠬᠡᠮᠵᠢᠶ᠎ᠡ ᠶᠢ ᠲᠡᠭᠡᠭᠰᠢᠯᠡᠬᠦᠯᠦᠨ᠎ᠡ᠃      ( ᠵᠢᠷᠭᠤᠭ᠎ᠠ ) ᠠᠮᠢ ᠠᠬᠤᠢ ᠵᠢᠨ‌‍ᠪᠤᠯᠪᠠᠰᠤᠨ ᠤ ᠬᠢᠷᠢ ᠲᠦᠪᠰᠢᠨ ᠢ ᠲᠡᠬᠡᠭᠰᠢᠯᠡᠬᠦᠯᠵᠦ᠂ ᠡᠬᠡ ᠤᠷᠤᠨ ᠤ ᠤᠮᠠᠷᠠᠳᠤ ᠬᠢᠯᠢ ᠶᠢᠨ ᠠᠮᠢ ᠠᠬᠤᠢ ᠶᠢᠨ ᠠᠮᠦᠷ ᠲᠦᠪᠰᠢᠨ ᠪᠤᠯᠬᠤ ᠡᠵᠡᠨ ᠬᠤᠷᠤᠭ᠎ᠠ ᠶᠢᠨ ᠬᠠᠯᠬᠠᠪᠴᠢ ᠶᠢ ᠪᠠᠶᠢᠭᠤᠯᠤᠨ ᠪᠠᠬᠢᠵᠢᠬᠦᠯᠦᠶ᠎ᠡ᠃      ᠨᠢᠬᠡ ᠳᠤ ᠠᠮᠢ ᠠᠬᠤᠢ ᠶᠢᠨ ᠰᠢᠯᠢᠳᠡᠭ ᠬᠦᠷᠦᠩᠬᠡ ᠶᠢ ᠪᠦᠬᠦ ᠬᠦᠴᠦᠨ ᠢᠶᠠᠷ ᠢᠶᠠᠨ ᠨᠡᠮᠡᠭᠳᠡᠬᠦᠯᠦᠨ᠎ᠡ᠃ ᠠᠮᠢ ᠠᠬᠤᠢ ᠶᠢᠨ ᠬᠠᠮᠠᠭᠠᠯᠠᠯᠳᠠ᠂ ᠠᠮᠢ ᠠᠬᠤᠢ ᠎ ᠶᠢᠨ ᠵᠤᠭᠠᠴᠠᠯ ᠵᠡᠷᠬᠡ ᠴᠢᠳᠠᠪᠬᠢ ᠶᠢ ᠲᠦᠪᠯᠡᠷᠡᠨ ᠴᠤᠭᠴᠠᠵᠢᠭᠤᠯᠤᠭᠰᠠᠨ ᠴᠢᠩᠭᠢᠰ ᠬᠠᠭᠠᠨ ᠤ ᠤᠯᠤᠰ ᠤᠨ ᠤᠢ ᠰᠢᠭᠤᠢ ᠶᠢᠨ ᠴᠡᠴᠡᠷᠯᠢᠭ ᠪᠤᠯᠤᠨ ᠤᠯᠠᠭᠠᠨᠮᠦ᠋ᠷᠡᠨ ᠪᠠᠯᠭᠠᠰᠤ ᠶᠢᠨ ᠲᠢᠶᠠᠨ ᠵᠢᠶᠤᠤ ᠢᠦᠢ ᠶᠤᠸᠠᠨ ᠠᠮᠢ ᠠᠬᠤᠢ ᠎ ᠶᠢ ᠶᠡᠷᠦᠩᠬᠡᠶᠢᠯᠡᠨ ᠵᠠᠰᠠᠬᠤ ᠲᠦᠷᠦᠯ ᠵᠦᠢᠯ ᠤᠨ ᠪᠦᠳᠦᠬᠡᠨ ᠪᠠᠶᠢᠭᠤᠯᠤᠯᠳᠠ ᠶᠢ ᠲᠦᠷᠬᠡᠳᠬᠡᠨ ᠠᠬᠢᠭᠤᠯᠤᠨ᠎ᠠ᠃ ᠬᠤᠲᠠ ᠪᠠᠯᠭᠠᠰᠤᠨ ᠤ ᠨᠡᠭᠡᠭᠡᠨ ᠠᠰᠢᠭᠯᠠᠬᠤ ᠬᠢᠯᠢ ᠶᠢᠨ ᠡᠵᠡᠮᠰᠢᠬᠦ ᠱᠤᠭᠤᠮ᠂ ᠤᠶᠢᠳᠦ ᠭᠠᠵᠠᠷ ᠪᠤᠯᠤᠨ ᠤᠢ ᠰᠢᠭᠤᠢ ᠶᠢᠨ ᠤᠯᠠᠭᠠᠨ ᠱᠤᠭᠤᠮ ᠢ ᠢᠯᠭᠠᠨ ᠲᠤᠭᠳᠠᠭᠠᠬᠤ ᠠᠵᠢᠯ ᠢ ᠪᠦᠬᠦ ᠲᠠᠯ᠎ᠠ ᠪᠠᠷ ᠪᠡᠶᠡᠯᠡᠭᠦᠯᠦᠨ᠎ᠡ᠃ ᠠᠮᠢ ᠠᠬᠤᠢ ᠶᠢᠨ ᠨᠣᠭᠤᠭᠠᠷᠠᠭᠤᠯᠤᠯᠳᠠ᠂ ᠠᠭᠤᠷᠬᠠᠢ ᠶᠢᠨ ᠣᠷᠤᠨ ᠢ ᠳᠠᠬᠢᠨ ᠬᠠᠭᠠᠯᠪᠤᠷᠢᠯᠠᠬᠤ ᠂ ᠠᠯᠪᠠᠨ ᠵᠢᠷᠤᠮ ᠤᠨ ᠣᠶᠢᠵᠢᠭᠤᠯᠤᠯᠳᠠ ᠵᠡᠷᠭᠡ ᠣᠯᠠᠨ ᠵᠦᠢᠯ ᠤᠨ ᠠᠷᠭ᠎ᠠ ᠵᠠᠮ ᠢ ᠳᠠᠮᠵᠢᠨ᠂ ᠲᠤᠰ ᠭᠠᠵᠠᠷ ᠤᠨ ᠴᠢᠬᠢ ᠮᠣᠳᠣ ᠶᠢᠨ ᠬᠠᠳᠠᠭᠠᠯᠠᠭᠳᠠᠴᠠ ᠶᠢ ᠪᠠᠭᠠᠰᠬᠠᠬᠤ ᠶᠢ ᠲᠦᠯᠭᠢᠨ ᠠᠬᠢᠭᠤᠯᠤᠨ᠎ᠠ᠃ ᠪᠡᠬᠡᠵᠢᠩ ᠲᠢᠶᠠᠨᠵᠢᠨ ᠤ ᠡᠯᠡᠰᠦ ᠰᠢᠷᠤᠢ ᠶᠢᠨ ᠡᠬᠢ ᠶᠢ ᠵᠠᠰᠠᠬᠤ ᠬᠤᠶᠠᠳᠤᠭᠠᠷ ᠬᠤᠭᠤᠴᠠᠭᠠᠨ ᠤ ᠠᠵᠢᠯ᠂ ︽ᠭᠤᠷᠪᠠᠨ ᠤᠮᠠᠷᠠᠳᠤ︾᠎ ᠶᠢᠨ ᠬᠠᠮᠠᠭᠠᠯᠠᠯᠳᠠ ᠶᠢᠨ ᠤᠢ᠂ ᠲᠠᠷᠢᠶᠠᠯᠠᠬᠤ ᠪᠠᠨ ᠪᠤᠯᠢᠵᠤ ᠤᠶᠢᠵᠢᠭᠤᠯᠬᠤ᠂ ᠮᠠᠯᠯᠠᠬᠤ ᠪᠠᠨ ᠪᠤᠯᠢᠵᠤ ᠡᠪᠡᠰᠦᠵᠢᠬᠦᠯᠬᠦ ᠵᠡᠷᠬᠡ ᠤᠯᠤᠰ ᠤᠨ ᠭᠤᠤᠯᠳᠠᠯᠭᠠᠳᠤ ᠤᠢ ᠰᠢᠭᠤᠢ ᠪᠤᠯᠤᠨ ᠠᠮᠢ ᠠᠬᠤᠢ ᠶᠢ ᠰᠡᠷᠬᠦᠬᠡᠬᠦ ᠢᠨᠵᠧᠨᠧᠷᠢᠩ ᠢ ᠦᠷᠬᠦᠯᠵᠢᠯᠡᠨ ᠬᠡᠷᠡᠭᠵᠢᠬᠦᠯᠵᠦ᠂ ︽ᠲᠦᠷᠪᠡᠨ ᠲᠤᠭᠤᠷᠢᠭ ᠠᠷᠪᠠᠨ ᠱᠤᠭᠤᠮ ᠨᠢᠬᠡ ᠰᠢᠨ᠎ᠡ ᠲᠤᠰᠬᠤᠨ︾᠂ ᠨᠡᠬᠦᠳᠡᠯ ᠠᠷᠠᠳ ᠤᠨ ᠲᠤᠭᠤᠷᠢᠭ ᠤᠨ ᠠᠮᠢ ᠠᠬᠤᠢ ᠶᠢ ᠠᠶᠠᠨᠳᠠᠭᠠᠨ ᠰᠡᠷᠭᠦᠭᠡᠬᠦ ᠵᠡᠷᠬᠡ ᠠᠮᠢ ᠠᠬᠤᠢ ᠶᠢᠨ ᠪᠦᠳᠦᠬᠡᠨ ᠪᠠᠶᠢᠭᠤᠯᠤᠯᠳᠠ ᠎ ᠶᠢᠨ ᠦᠷ᠎ᠡ ᠪᠦᠳᠦᠬᠡᠯ ᠢ ᠲᠡᠬᠡᠭᠰᠢᠯᠡᠬᠦᠯᠦᠨ ᠪᠠᠬᠢᠵᠢᠬᠦᠯᠵᠦ᠂ ᠵᠢᠯ ᠤᠨ ᠲᠤᠳᠤᠷ᠎ᠠ ᠬᠤᠶᠠᠷ ᠲᠦᠮᠡᠨ ᠮᠤ᠋ ᠨᠤᠭᠤᠭᠠᠷᠠᠭᠤᠯᠤᠯᠳᠠ ᠤᠶᠢᠵᠢᠭᠤᠯᠤᠯᠳᠠ ᠬᠢᠵᠦ᠂ ᠶᠢᠰᠦᠨ ᠲᠦᠮᠡᠨ ᠮᠤ᠋ ᠲᠤᠷᠤᠶᠢᠳᠠᠭᠰᠠᠨ ᠤᠢ ᠶᠢ ᠰᠠᠶᠢᠵᠢᠷᠠᠭᠤᠯᠵᠤ᠂ ᠵᠢᠷᠭᠤᠭᠠᠨ ᠲᠦᠮᠡᠨ ᠮᠤ᠋ ᠤᠰᠤ ᠰᠢᠷᠤᠢ ᠶᠢᠨ ᠤᠷᠤᠰᠬᠠᠭᠳᠠᠯ ᠢ ᠵᠠᠰᠠᠵᠤ᠂ ᠠᠮᠢ ᠠᠬᠤᠢ ᠶᠢᠨ ᠪᠦᠳᠦᠬᠡᠨ ᠪᠠᠶᠢᠭᠤᠯᠤᠯᠳᠠ ᠶᠢ ᠡᠪᠡᠰᠦ ᠮᠤᠳᠤ ᠶᠢᠨ ᠨᠤᠭᠤᠭᠠᠨ ᠢ ᠨᠡᠮᠡᠭᠳᠡᠬᠦᠯᠵᠦ ᠪᠠᠶᠢᠭᠰᠠᠨ ᠠᠴᠠ ᠴᠢᠨᠠᠷ ᠴᠢᠨᠰᠠᠭ᠎ᠠ ᠶᠢ ᠲᠡᠬᠡᠭᠰᠢᠯᠡᠬᠦᠯᠦᠨ ᠬᠤᠪᠢᠷᠠᠭᠤᠯᠬᠤ ᠲᠡᠰᠢ ᠠᠬᠢᠭᠤᠯᠤᠨ᠎ᠠ      ᠬᠤᠶᠠᠷ ᠲᠤ᠂ ᠪᠠᠶᠢᠭᠠᠯᠢᠯᠢᠭ ᠠᠮᠢ ᠠᠬᠤᠢ ᠶᠢᠨ ᠠᠵᠤ ᠠᠬᠤᠢ ᠶᠢᠨ ᠬᠦᠭᠵᠢᠯᠳᠡ ᠶᠢ ᠢᠳᠡᠪᠬᠢᠳᠠᠢ ᠬᠦᠭᠵᠢᠬᠦᠯᠦᠨ᠎ᠡ᠃ ᠡᠨᠧᠷᠬᠢ ᠠᠷᠪᠢᠯᠠᠵᠤ᠂ ᠤᠷᠴᠢᠨ ᠲᠤᠭᠤᠷᠢᠨ ᠢ ᠬᠠᠮᠠᠭᠠᠯᠠᠬᠤ᠂ ᠠᠷᠢᠭᠤᠨ ᠴᠡᠪᠡᠷ ᠡᠨᠧᠷᠬᠢ ᠶᠢᠨ ᠡᠬᠢ ᠰᠤᠷᠪᠤᠯᠵᠢ ᠶᠢᠨ ᠠᠵᠤ ᠦᠢᠯᠡᠰ ᠢ ᠶᠡᠬᠡᠪᠡᠷ ᠬᠦᠭᠵᠢᠬᠦᠯᠵᠦ᠂ ᠪᠤᠷᠭᠠᠰᠤ᠂ ᠮᠠᠭᠠᠵᠢ ᠵᠡᠷᠬᠡ ᠤᠢ ᠰᠢᠭᠤᠢ ᠡᠯᠡᠰᠦᠨ ᠠᠵᠤ ᠦᠢᠯᠡᠰ ᠢ ᠢᠳᠡᠪᠬᠢᠳᠠᠢ ᠪᠤᠶᠢᠵᠢᠭᠤᠯᠤᠨ ᠬᠦᠭᠵᠢᠬᠦᠯᠵᠦ᠂ ᠵᠦᠩ ᠨᠦᠩ ᠮᠠᠭᠠᠵᠢ ᠶᠢᠨ ᠦᠷ᠎ᠡ ᠶᠢ ᠶᠡᠷᠦᠩᠬᠡᠶᠢᠯᠡᠨ ᠠᠰᠢᠭᠯᠠᠬᠤ ᠲᠦᠷᠦᠯ ᠵᠦᠢᠯ ᠢ ᠡᠬᠢᠯᠡᠬᠦᠯᠦᠨ ᠬᠡᠷᠡᠭᠵᠢᠬᠦᠯᠵᠦ᠂ ᠵᠢᠢ ᠲᠠᠢ ᠰᠢᠨ᠎ᠡ ᠡᠨᠧᠷᠬᠢ ᠶᠢᠨ ᠠᠮᠢᠳᠤ ᠪᠤᠳᠠᠰ ᠤᠨ ᠲᠦᠯᠠᠰᠢ ᠪᠠ ᠬᠤᠩ ᠽᠧ ᠶᠤᠸᠠᠨ ᠪᠤᠷᠭᠠᠰᠤᠨ ᠰᠢᠬᠠᠮᠠᠯ ᠲᠦᠯᠡᠰᠢ ᠎ ᠶᠢᠨ ᠲᠦᠷᠦᠯ ᠵᠦᠢᠯ ᠤᠨ ᠲᠦᠷᠦᠬᠦᠦ ᠵᠤᠷᠪᠤᠰ ᠦᠢᠯᠡᠳᠪᠦᠷᠢᠯᠡᠯ ᠤᠨ ᠱᠤᠭᠤᠮ ᠤᠨ ᠲᠤᠷᠰᠢᠨ ᠦᠢᠯᠡᠳᠪᠦᠷᠢᠯᠡᠬᠦ ᠨᠦᠬᠦᠴᠡᠯ ᠢ ᠪᠦᠷᠢᠯᠳᠦᠬᠦᠯᠬᠦ ᠶᠢ ᠪᠠᠳᠤᠯᠠᠵᠤ᠂ ᠴᠢᠩ ᠶᠠᠨ ᠤ ᠠᠷᠪᠠᠨ ᠲᠦᠮᠡᠨ ᠺᠦᠪ ᠮᠧᠲᠷ ᠪᠤᠷᠭᠠᠰᠤᠨ ᠪᠠᠶᠢᠭᠠᠯᠢᠯᠢᠭ ᠪᠠᠷᠢᠯᠭ᠎ᠠ ᠶᠢᠨ ᠮᠠᠲ᠋ᠧᠷᠢᠶᠠᠯ ᠬᠢᠬᠡᠳ ᠭᠤᠴᠢᠨ ᠲᠦᠮᠡᠨ ᠲᠡᠭᠰᠢ ᠲᠦᠷᠪᠡᠯᠵᠢᠨ ᠮᠧᠲᠷ ᠤᠭᠰᠠᠷᠠᠮᠠᠯ ᠮᠤᠳᠤᠨ ᠪᠦᠳᠦᠴᠡ ᠲᠠᠢ ᠬᠡᠷ ᠪᠠᠶᠢᠰᠢᠩ ᠤᠨ ᠦᠢᠯᠡᠳᠪᠦᠷᠢᠯᠡᠯ ᠤᠨ ᠱᠤᠭᠤᠮ ᠤᠨ ᠪᠦᠳᠦᠬᠡᠨ ᠪᠠᠶᠢᠭᠤᠯᠤᠯᠳᠠ ᠶᠢᠨ ᠠᠬᠢᠴᠠ ᠶᠢ ᠲᠦᠷᠬᠡᠳᠬᠡᠵᠦ᠂ ᠪᠦᠬᠦ ᠤᠯᠤᠰ ᠤᠨ ᠪᠠᠶᠢᠭᠠᠯᠢᠯᠢᠭ ᠪᠠᠷᠢᠯᠭ᠎ᠠ ᠶᠢᠨ ᠮᠠᠲ᠋ᠧᠷᠢᠶᠠᠯ ᠢ ᠦᠢᠯᠡᠳᠪᠦᠷᠢᠯᠡᠬᠦ ᠪᠤᠯᠪᠠᠰᠤᠷᠠᠭᠤᠯᠬᠤ ᠰᠠᠭᠤᠷᠢᠨ ᠭᠠᠵᠠᠷ ᠪᠤᠯᠤᠨ ᠤᠯᠤᠰ ᠤᠨ ᠨᠤᠭᠤᠭᠠᠨ ᠦᠩᠬᠡᠳᠦ ᠤᠷᠤᠨ ᠰᠠᠭᠤᠴᠠ ᠵᠢᠴᠢ ᠤᠭᠰᠠᠷᠠᠮᠠᠯ ᠪᠠᠷᠢᠯᠭ᠎ᠠ ᠶᠢᠨ ᠠᠵᠤ ᠦᠢᠯᠡᠳᠪᠦᠷᠢᠯᠡᠯ ᠤᠨ ᠵᠢᠱᠢᠶᠡᠴᠢ ᠰᠠᠭᠤᠷᠢᠨ ᠭᠠᠵᠠᠷ ᠢ ᠡᠬᠦᠳᠬᠦ ᠪᠠᠷ ᠴᠢᠷᠮᠠᠶᠢᠨ᠎ᠠ᠃      ᠭᠤᠷᠪᠠ ᠳᠤ᠂ ᠠᠮᠢ ᠠᠬᠤᠢ ᠶᠢᠨ ᠪᠤᠯᠪᠠᠰᠤᠨ ᠤ ᠲᠦᠷᠢᠮ ᠤᠨ ᠪᠠᠶᠢᠭᠤᠯᠤᠯᠳᠠ ᠶᠢ ᠴᠢᠩᠭᠠᠳᠬᠠᠨ᠎ᠠ᠃ ᠪᠠᠶᠢᠭᠠᠯᠢ ᠶᠢᠨ ᠡᠬᠢ ᠪᠠᠶᠠᠯᠢᠭ ᠤᠨ ᠬᠦᠷᠦᠩᠬᠡ ᠶᠢ ᠪᠦᠷᠢᠳᠬᠡᠵᠦ ᠬᠢᠨᠠᠨ ᠰᠢᠯᠭᠠᠬᠤ ᠡᠬᠡ ᠲᠠᠩᠰᠠ ᠶᠢ ᠪᠠᠶᠢᠭᠤᠯᠵᠤ᠂ ᠤᠳᠤᠷᠢᠳᠬᠤ ᠺᠠᠳ᠋ᠷ ᠲᠤ ᠪᠠᠶᠢᠭᠠᠯᠢ ᠶᠢᠨ ᠡᠬᠢ ᠪᠠᠶᠠᠯᠢᠭ ᠢ ᠲᠤᠰᠢᠶᠠᠯ ᠠᠴᠠ ᠪᠠᠨ ᠰᠠᠯᠬᠤ ᠦᠶ᠎ᠡ ᠎ ᠳᠤ ᠬᠢᠨᠡᠨ ᠪᠤᠳᠤᠬᠤ ᠲᠦᠷᠢᠮ ᠢ ᠬᠡᠷᠡᠭᠵᠢᠬᠦᠯᠵᠦ᠂ ᠠᠮᠢ ᠠᠬᠤᠢ ᠶᠢᠨ ᠤᠷᠴᠢᠨ ᠲᠤᠭᠤᠷᠢᠨ ᠢ ᠬᠤᠬᠢᠷᠠᠭᠤᠯᠤᠭᠰᠠᠨ ᠬᠠᠷᠢᠭᠤᠴᠠᠯᠭ᠎ᠠ ᠨᠡᠬᠡᠮᠵᠢᠯᠡᠬᠦ ᠲᠦᠷᠢᠮ ᠢ ᠴᠢᠩᠭ᠎ᠠ ᠬᠡᠷᠡᠭᠵᠢᠬᠦᠯᠦᠨ᠎ᠡ᠃ ᠦᠨᠳᠦᠰᠦᠨ ᠨᠤᠳᠤᠭ ᠪᠡᠯᠴᠢᠭᠡᠷ ᠢ ᠬᠠᠮᠠᠭᠠᠯᠠᠬᠤ᠂ ᠮᠠᠯ ᠪᠡᠯᠴᠢᠬᠡᠷ ᠤᠨ ᠲᠡᠩᠴᠡᠬᠦᠷᠢᠰᠢᠯ ᠪᠠ ᠮᠠᠯ ᠮᠠᠯᠯᠠᠬᠤ ᠶᠢ ᠴᠠᠭᠠᠵᠠᠯᠠᠬᠤ ᠲᠦᠷᠦ ᠶᠢᠨ ᠪᠤᠳᠤᠯᠭ᠎ᠠ ᠶᠢ ᠴᠢᠩᠭ᠎ᠠ ᠬᠡᠷᠡᠭᠵᠢᠬᠦᠯᠵᠦ᠂ ᠤᠰᠤᠨ ᠰᠤᠷᠪᠣᠯᠵᠢ ᠶᠢ ᠬᠠᠮᠠᠭᠠᠯᠠᠬᠤ ᠬᠠᠮᠤᠭ ᠴᠢᠩᠭ᠎ᠠ ᠳᠦᠷᠢᠮ ᠢ ᠨᠠᠶᠢᠳᠠᠪᠦᠷᠢᠵᠢᠭᠤᠯᠵᠦ᠂ ᠤᠰᠤ ᠠᠷᠪᠢᠯᠠᠬᠤ ᠬᠡᠯᠪᠡᠷᠢ ᠶᠢᠨ ᠨᠡᠶᠢᠬᠡᠮ ᠤᠨ ᠬᠦᠭᠵᠢᠯᠳᠡ ᠶᠢᠨ ᠲᠦᠯᠦᠪᠵᠢᠬᠦᠯᠭᠡ ᠶᠢ ᠨᠠᠶᠢᠷᠠᠭᠤᠯᠤᠨ ᠵᠤᠬᠢᠶᠠᠨ᠎ᠠ᠃ ᠠᠭᠤᠷᠬᠠᠢ ᠶᠢᠨ ᠲᠤᠭᠤᠷᠢᠭ ᠤᠨ ᠨᠡᠬᠦᠳᠡᠯ ᠠᠷᠠᠳ ᠢ ᠲᠦᠪᠬᠢᠨᠡᠬᠦᠯᠬᠦ ᠨᠦᠬᠦᠪᠦᠷᠢ ᠶᠢᠨ ᠲᠦᠷᠦ ᠶᠢᠨ ᠪᠤᠳᠤᠯᠭ᠎ᠠ ᠶᠢ ᠵᠠᠰᠠᠨ ᠲᠡᠬᠦᠯᠳᠡᠷᠵᠢᠬᠦᠯᠵᠤ᠂ ᠲᠠᠯᠢᠮᠳᠠᠭᠤᠯᠤᠨ ᠲᠠᠷᠢᠵᠦ ᠰᠠᠭᠤᠯᠭᠠᠬᠤ᠂ ᠲᠤᠷ᠎ᠠ ᠪᠠᠷ ᠢᠶᠠᠨ ᠪᠠᠶᠢᠭᠤᠯᠬᠤ ᠵᠡᠷᠬᠡ ᠬᠠᠤᠯᠢ ᠶᠢ ᠵᠦᠷᠢᠴᠡᠭᠰᠡᠨ ᠦᠢᠯᠡ ᠠᠵᠢᠯᠯᠠᠭ᠎ᠠ ᠳᠤ ᠬᠠᠤᠯᠢ ᠶᠤᠰᠤᠭᠠᠷ ᠴᠤᠬᠢᠯᠳᠠ ᠦᠭᠴᠦ᠂ ᠠᠭᠤᠷᠬᠠᠢ ᠶᠢᠨ ᠲᠤᠭᠤᠷᠢᠭ ᠤᠨ 647 ᠡᠷᠦᠬᠡ ᠶᠢᠨ1659 ᠬᠦᠮᠦᠨ ᠢ ᠨᠡᠬᠦᠯᠬᠡᠬᠦ ᠠᠵᠢᠯ ᠢ ᠪᠠᠶᠠᠯᠡᠬᠦᠯᠦᠨ᠎ᠡ᠃ ᠤᠷᠴᠢᠨ ᠲᠤᠭᠤᠷᠢᠨ ᠢ ᠡᠪᠳᠡᠭᠰᠡᠨ ᠬᠠᠤᠯᠢ ᠶᠢᠨ ᠬᠠᠷᠢᠭᠤᠴᠠᠯᠭ᠎ᠠ ᠶᠢ ᠴᠢᠩᠭ᠎ᠠ ᠨᠡᠬᠡᠮᠵᠢᠯᠡᠵᠦ᠂ ᠬᠦᠨᠳᠦ ᠴᠢᠩᠭ᠎ᠠ ᠎ ᠪᠠᠷ ᠰᠢᠢᠳᠬᠡᠵᠦ᠂ ᠬᠠᠮᠤᠭ ᠴᠢᠩᠭ᠎ᠠ ᠪᠠᠷ ᠬᠢᠨᠡᠨ ᠬᠠᠮᠢᠶᠠᠷᠴᠤ᠂ ᠬᠠᠮᠤᠭ ᠤᠨ ᠬᠦᠨᠳᠦ ᠪᠠᠷ ᠲᠤᠷᠭᠠᠵᠤ᠂ ᠬᠠᠮᠤᠭ ᠤᠨ ᠲᠦᠪ ᠴᠢᠩᠭ᠎ᠠ ᠪᠠᠷ ᠬᠠᠷᠢᠭᠤᠴᠠᠯᠭ᠎ᠠ ᠲᠤᠯᠭᠠᠵᠤ ᠠᠮᠢ ᠠᠬᠤᠢ ᠶᠢᠨ ᠤᠷᠴᠢᠨ ᠲᠤᠭᠤᠷᠢᠨ ᠤ ᠠᠮᠤᠷ ᠲᠦᠪᠰᠢᠨ ᠢ ᠪᠠᠳᠤᠯᠠᠨ᠎ᠠ᠃      ︵ᠲᠤᠯᠤᠭ᠎ᠠ︶ ᠦᠬᠡᠷᠡᠴᠢᠯᠡᠯᠳᠡ ᠬᠢᠵᠦ ᠰᠢᠨ᠎ᠡ ᠶᠢ ᠡᠬᠦᠳᠬᠦ ᠠᠵᠢᠯ ᠢ ᠬᠦᠨᠵᠡᠬᠡᠢ ᠲᠦᠯᠬᠢᠨ ᠠᠬᠢᠭᠤᠯᠵᠤ᠂ ᠠᠵᠤ ᠠᠬᠤᠢ ᠨᠡᠶᠢᠬᠡᠮ ᠤᠨ ᠬᠦᠭᠵᠢᠯᠳᠡ ᠶᠢᠨ ᠠᠮᠢᠵᠢᠷᠠᠯ ᠤᠨ ᠬᠦᠳᠡᠯᠬᠡᠬᠦ ᠬᠦᠴᠦᠨ ᠢ ᠴᠢᠩᠭᠠᠳᠬᠠᠨ᠎ᠠ᠃      ᠨᠢᠬᠡ ᠳᠤ᠂ ᠰᠢᠨ᠎ᠡ ᠶᠢ ᠡᠬᠦᠳᠬᠦ ᠬᠦᠳᠡᠯᠭᠡᠭᠴᠢ ᠬᠦᠴᠦ ᠶᠢ ᠬᠦᠨᠵᠡᠬᠡᠢ ᠲᠦᠯᠬᠢᠨ ᠠᠬᠢᠭᠤᠯᠤᠨ᠎ᠠ᠃ ᠠᠷᠢᠭᠤᠨ ᠴᠡᠪᠡᠷ ᠡᠨᠧᠷᠬᠢ᠂ ᠲᠡᠬᠡᠳᠦ ᠰᠢᠨ᠎ᠡ ᠮᠡᠷᠬᠡᠵᠢᠯ ᠂ ᠲᠤᠨᠤᠭᠯᠠᠵᠤ ᠦᠢᠯᠡᠳᠬᠦ᠂ ᠤᠢ ᠰᠢᠭᠤᠢ ᠡᠯᠡᠰᠦᠨ ᠠᠵᠤ ᠦᠢᠯᠡᠰ ᠵᠡᠷᠬᠡ ᠶᠢᠨ ᠲᠤᠭᠤᠷᠢᠨ ᠳᠤ ᠤᠯᠤᠰ ᠤᠨ ᠲᠤᠳᠤᠭᠠᠳᠤ ᠭᠠᠳᠠᠭᠠᠳᠤ ᠶᠢᠨ ᠨᠡᠷᠡᠳᠡᠢ ᠲᠡᠬᠡᠳᠦ ᠰᠤᠷᠭᠠᠭᠤᠯᠢ᠂ ᠡᠷᠳᠡᠮ ᠰᠢᠨᠵᠢᠯᠡᠬᠡᠨ ᠤ ᠬᠦᠷᠢᠶᠡᠯᠡᠩ ᠲᠠᠢ ᠦᠢᠯᠡᠳᠪᠦᠷᠢᠯᠡᠬᠦ ᠵᠢᠭᠠᠬᠤ ᠰᠤᠳᠤᠯᠬᠤ ᠬᠠᠮᠳᠤᠷᠠᠨ ᠰᠢᠨ᠎ᠡ ᠶᠢ ᠡᠬᠦᠳᠬᠦ ᠠᠵᠢᠯ ᠢ ᠦᠷᠨᠢᠬᠦᠯᠵᠦ᠂ ᠰᠢᠨᠵᠢᠯᠡᠬᠦ ᠤᠬᠠᠭᠠᠨ ᠮᠡᠷᠬᠡᠵᠢᠯ ᠢᠶᠠᠷ ᠰᠢᠨ᠎ᠡ ᠶᠢ ᠡᠬᠦᠳᠬᠦ ᠲᠠᠪᠴᠠᠩ ᠤᠨ ᠪᠦᠳᠦᠬᠡᠨ ᠪᠠᠶᠢᠭᠤᠯᠤᠯᠳᠠ ᠶᠢ ᠭᠤᠤᠯᠳᠠᠯᠭ᠎ᠠ ᠲᠠᠢ ᠲᠡᠮᠵᠢᠨ᠎ᠡ᠃ ᠴᠢᠩᠬᠤᠸᠠ ᠶᠡᠭᠡ ᠰᠤᠷᠭᠠᠭᠤᠯᠢ ᠲᠢᠶᠠᠨᠵᠢᠨ ᠲᠡᠬᠡᠳᠦ ᠲᠡᠰ ᠤᠨ ᠲᠤᠨᠤᠭᠯᠠᠯ ᠦᠢᠯᠡᠳᠬᠦ ᠰᠤᠳᠤᠯᠬᠤ ᠲᠦᠪ᠂ ᠴᠢᠩ ᠶᠠᠨ ᠬᠤᠸᠠ ᠯᠢᠨ ᠰᠢᠨᠵᠢᠯᠡᠬᠦ ᠤᠬᠠᠭᠠᠨ ᠮᠡᠷᠬᠡᠵᠢᠯ ᠤᠨ ᠰᠤᠳᠤᠯᠬᠤ ᠲᠦᠪ ᠵᠡᠷᠬᠡ ᠡᠷᠳᠡᠮ ᠰᠢᠨᠵᠢᠯᠡᠬᠡᠨ ᠤ ᠪᠠᠶᠢᠭᠤᠯᠤᠮᠵᠢ ᠶᠢᠨ ᠤᠷᠤᠨᠵᠢᠬᠤ ᠶᠢ ᠢᠳᠡᠪᠬᠢᠳᠠᠢ ᠲᠡᠮᠡᠴᠡᠨ ᠤᠯᠵᠤ᠂ ᠲᠡᠬᠡᠳᠦ ᠰᠢᠨ᠎ᠡ ᠮᠡᠷᠬᠡᠵᠢᠯ ᠤᠨ ᠠᠵᠤ ᠠᠬᠠᠤᠶᠢᠯᠠᠯ ᠤᠨ ᠪᠤᠶᠢᠵᠢᠭᠤᠯᠤᠭᠴᠢ ᠶᠢ ᠪᠤᠢ ᠪᠤᠯᠭᠠᠨ᠎ᠠ᠃ ︽ᠴᠢᠳᠠᠪᠤᠷᠢᠳᠠᠨ ᠢᠶᠠᠷ ᠬᠤᠰᠢᠭᠤ ᠪᠠᠨ ᠬᠦᠴᠦᠷᠬᠡᠭᠵᠢᠬᠦᠯᠬᠦ︾ ᠪᠠᠶᠢᠯᠳᠤᠬᠤ ᠪᠤᠳᠤᠯᠭ᠎ᠠ ᠶᠢ ᠬᠦᠨᠵᠡᠬᠡᠢ ᠬᠡᠷᠡᠭᠵᠢᠬᠦᠯᠵᠦ᠂ ᠪᠡᠯᠡ ᠲᠠᠳᠠᠵᠤ ᠤᠶᠤᠨ ᠢ ᠤᠷᠤᠭᠤᠯᠵᠤ ᠴᠢᠳᠠᠪᠤᠷᠢᠳᠠᠨ ᠤᠷᠢᠬᠤ ᠠᠵᠢᠯ ᠢ ᠵᠡᠷᠬᠡᠪᠡᠷ ᠠᠬᠢᠭᠤᠯᠵᠤ᠂ ᠡᠯ᠎ᠡ ᠲᠦᠷᠦᠯ ᠤᠨ ᠰᠢᠯᠢᠳᠡᠭ ᠴᠢᠳᠠᠪᠤᠷᠢᠳᠠᠨ ᠢ ᠢᠳᠡᠪᠬᠢᠳᠠᠢ ᠤᠷᠢᠨ ᠠᠪᠴᠢᠷᠠᠵᠤ᠂ ᠨᠣᠳᠤᠭ ᠣᠰᠤᠨ ᠤ ᠪᠠᠨ ᠴᠢᠳᠠᠪᠦᠷᠢᠳᠠᠨ ᠢ ᠶᠡᠭᠡ ᠪᠠᠷ ᠪᠣᠶᠢᠵᠢᠭᠤᠯᠤᠨ᠎ᠠ᠃ ︽ᠤᠯᠠᠨ ᠢᠶᠠᠷ ᠢᠶᠠᠨ ᠦᠢᠯᠡᠰ ᠪᠤᠰᠬᠠᠵᠤ᠂ ᠲᠦᠮᠡᠨ ᠢᠶᠠᠷ ᠢᠶᠠᠨ ᠰᠢᠨ᠎ᠡ ᠶᠢ ᠡᠬᠦᠳᠬᠦ︾ ᠠᠵᠢᠯᠯᠠᠭ᠎ᠠ ᠶᠢ ᠡᠷᠴᠢᠮ ᠲᠠᠢ ᠠᠬᠢᠭᠤᠯᠵᠤ᠂ ᠲᠦᠭᠰᠢᠬᠦᠷᠢ ᠶᠢ ᠬᠤᠪᠢᠶᠠᠨ ᠡᠬᠦᠷᠬᠡᠯᠡᠬᠦ ᠵᠣᠬᠢᠴᠠᠮᠵᠢ ᠶᠢ ᠤᠯᠠᠮ ᠨᠢᠬᠡ ᠠᠯᠬᠤᠮ ᠪᠦᠷᠢᠨᠰᠢᠬᠦᠯᠵᠦ᠂ ᠮᠦᠩᠭᠦᠨ ᠬᠦᠢᠯᠬᠡᠬᠡᠨ ᠤ ᠦᠢᠯᠡᠴᠢᠯᠡᠭᠡ ᠵᠡᠷᠬᠡ ᠶᠠᠳᠠᠭᠤ ᠶᠢ ᠲᠡᠳᠬᠦᠬᠦ ᠲᠦᠷᠦ ᠶᠢᠨ ᠪᠤᠳᠤᠯᠭ᠎ᠠ ᠶᠢ ᠲᠡᠬᠦᠯᠳᠡᠷᠵᠢᠬᠦᠯᠵᠦ᠂ ︽ᠲᠤᠰᠬᠠᠢ᠂ ᠰᠤᠳᠤᠨ᠂ ᠤᠨᠴᠠᠭᠠᠢ᠂ ᠰᠢᠨ᠎ᠡ︾ ᠰᠢᠨ᠎ᠡ ᠶᠢ ᠡᠬᠦᠳᠬᠦ ᠬᠡᠯᠪᠡᠷᠢ ᠶᠢᠨ ᠪᠢᠴᠢᠯ ᠪᠠᠭ᠎ᠠ ᠠᠵᠤ ᠠᠬᠤᠶᠢᠯᠠᠯ ᠢ ᠭᠤᠤᠯᠳᠠᠯᠭ᠎ᠠ ᠲᠠᠢ ᠪᠤᠶᠢᠵᠢᠭᠤᠯᠵᠤ᠂ ᠵᠢᠯ ᠤᠨ ᠲᠤᠳᠤᠷ᠎ᠠ ᠲᠢᠶᠠᠨ ᠵᠢᠶᠤᠤ ᠤᠯᠠᠨ ᠢᠶᠠᠷ ᠢᠶᠠᠨ ᠦᠢᠯᠡᠰ ᠪᠤᠰᠬᠠᠬᠤ ᠬᠦᠷᠢᠶᠡᠯᠡᠩ ᠢ ᠤᠯᠤᠰ ᠤᠨ ᠲᠡᠰ ᠤᠨ ᠰᠢᠨᠵᠢᠯᠡᠬᠦ ᠤᠬᠠᠭᠠᠨ ᠮᠡᠷᠬᠡᠵᠢᠯ ᠤᠨ ᠠᠵᠤ ᠠᠬᠤᠶᠢᠯᠠᠯ ᠤᠨ ᠪᠤᠶᠢᠵᠢᠭᠤᠯᠤᠭᠴᠢ ᠪᠠᠷ ᠪᠦᠳᠦᠬᠡᠨ ᠪᠠᠶᠢᠭᠤᠯᠵᠤ᠂ 60 ᠠᠵᠤ ᠠᠬᠤᠶᠢᠯᠠᠯ  ᠢ ᠰᠢᠨ᠎ᠡ ᠪᠠᠷ ᠪᠤᠶᠢᠵᠢᠭᠤᠯᠵᠤ᠂1000᠎ ᠠᠴᠠ ᠲᠡᠬᠡᠭᠰᠢ ᠠᠵᠢᠯ ᠤᠨ ᠪᠠᠶᠢᠷᠢ ᠳᠤ ᠠᠵᠢᠯ ᠤᠯᠭᠤᠨ᠎ᠠ᠃      ᠬᠤᠶᠠᠷ ᠲᠤ᠂ ᠭᠤᠤᠯᠳᠠᠯᠭᠠᠳᠤ ᠬᠦᠷᠢᠶ᠎ᠡ ᠴᠠᠷᠠᠭᠠᠨ‌‍ᠳᠡᠬᠢ ᠦᠬᠡᠷᠡᠴᠢᠯᠡᠯᠳᠡ ᠶᠢ ᠬᠦᠨᠵᠡᠬᠡᠶᠢᠷᠡᠬᠦᠯᠦᠨ᠎ᠡ᠃ ᠬᠦᠳᠡᠭᠡ ᠲᠤᠰᠬᠤᠨ ᠮᠠᠯᠵᠢᠬᠤ ᠣᠷᠣᠨ ᠤ ᠶᠡᠷᠦᠩᠬᠡᠢ ᠥᠭᠡᠷᠡᠴᠢᠯᠡᠯᠳᠡ‌‍ᠶᠢ ᠬᠦᠨᠵᠡᠬᠡᠶᠢᠷᠡᠬᠦᠯᠵᠦ᠂ ᠬᠦᠳᠡᠭᠡ ᠲᠤᠰᠬᠤᠨ ᠮᠠᠯᠵᠢᠬᠤ ᠣᠷᠣᠨ ᠤ ᠬᠠᠮᠳᠤ ᠶᠢᠨ ᠭᠠᠵᠠᠷ ᠰᠢᠷᠤᠢ ᠶᠢᠨ ᠡᠷᠬᠡ ᠶᠢ ᠵᠦᠪᠰᠢᠶᠡᠷᠡᠬᠦ ᠦᠨᠡᠮᠯᠡᠯ ᠪᠠᠭᠤᠯᠭᠠᠬᠤ ᠪᠠ ᠭᠡᠷ ᠪᠠᠶᠢᠰᠢᠩ ᠢ ᠴᠤᠭᠴᠠᠵᠢᠭᠤᠯᠤᠨ ᠲᠡᠮᠳᠡᠭᠯᠡᠬᠦ ᠠᠵᠢᠯ ᠢ ᠪᠡᠶᠡᠯᠡᠬᠦᠯᠵᠦ᠂ ᠢᠳᠡᠭ ᠢᠳᠡᠭ ᠢᠶᠠᠷ ᠤᠷᠤᠭᠰᠢᠯᠠᠬᠤ ᠵᠠᠷᠴᠢᠮ ᠶᠣᠰᠣᠭᠠᠷ  ᠰᠤᠪᠤᠷᠭ᠎ᠠ ᠪᠠᠯᠭᠠᠰᠤ᠂ ᠬᠤᠨᠢᠴᠢᠨᠭᠤᠤᠯ ᠪᠠᠯᠭᠠᠰᠤᠨ ᠳᠤ ᠲᠠᠭᠠᠭᠠᠴᠢᠯᠠᠬᠤ ᠭᠠᠵᠠᠷ ᠤᠨ ︽ᠭᠤᠷᠪᠠᠨ ᠡᠷᠬᠡ︾᠎ ᠶᠢ ᠰᠠᠯᠭᠠᠬᠤ ᠶᠢ ᠲᠦᠯᠬᠢᠨ ᠠᠬᠢᠭᠤᠯᠵᠦ᠂ ᠭᠠᠵᠠᠷ ᠰᠢᠷᠤᠢ ᠶᠢ ᠰᠢᠯᠵᠢᠬᠦᠯᠬᠦ ᠲᠠᠪᠴᠠᠩ ᠢ ᠪᠠᠶᠢᠭᠤᠯᠵᠦ ︽ᠠᠵᠤ ᠠᠬᠤᠶᠢᠯᠠᠯ ᠪᠡᠯᠡ ᠤᠷᠤᠭᠤᠯᠵᠦ᠂ ᠲᠠᠷᠢᠶᠠᠴᠢᠳ ᠭᠠᠵᠠᠷ ᠭᠠᠷᠭᠠᠵᠦ᠂ ᠬᠤᠪᠢᠴᠠᠭ᠎ᠠ ᠪᠠᠷ ᠨᠤᠭᠤᠯᠤᠨ ᠣᠷᠣᠯᠴᠠᠬᠤ ᠬᠡᠪᠴᠢᠶᠡᠵᠢᠬᠦᠯᠦᠨ ᠡᠵᠡᠩᠨᠡᠬᠦ︾ ᠬᠦᠭᠵᠢᠯᠳᠡ ᠶᠢᠨ ᠵᠠᠭᠪᠤᠷ ᠢ ᠰᠦᠪᠡᠭᠴᠢᠯᠡᠵᠦ᠂ ᠮᠠᠯᠴᠢᠨ ᠲᠠᠷᠢᠶᠠᠴᠢᠨ ᠢ ᠵᠢᠯᠤᠭᠤᠳᠤᠨ ᠭᠠᠵᠠᠷ ᠰᠢᠷᠤᠢ ᠶᠢ ᠲᠠᠭᠠᠭᠴᠢᠯᠠᠨ ᠡᠵᠡᠩᠨᠡᠬᠦ ᠡᠷᠬᠡ ᠶᠢ ᠲᠤᠰᠬᠠᠢ ᠮᠡᠷᠭᠡᠵᠢᠯ ᠤᠨ ᠲᠤᠮᠤ ᠡᠷᠦᠬᠡ᠂ ᠮᠠᠯᠴᠢᠨ ᠲᠠᠷᠢᠶᠠᠴᠢᠨ ᠤ ᠬᠤᠷᠰᠢᠶᠠᠵᠢᠯ ᠪᠣᠯᠣᠨ ᠲᠠᠷᠢᠶᠠᠯᠠᠩ ᠮᠠᠯ ᠠᠵᠤ ᠠᠬᠤᠢ ᠶᠢᠨ ᠲᠤᠯᠤᠭᠠᠶᠢᠯᠠᠭᠴᠢ ᠠᠵᠤ ᠠᠬᠤᠶᠢᠯᠠᠯ ᠲᠡᠰᠢ ᠰᠢᠯᠵᠢᠬᠦᠯᠦᠨ᠎ᠡ᠃ ᠬᠦᠳᠡᠭᠡ ᠲᠣᠰᠬᠤᠨ ᠮᠠᠯᠵᠢᠬᠤ ᠣᠷᠣᠨ ᠤ ︽ᠬᠤᠶᠠᠷ ᠡᠷᠬᠡ︾᠎ ᠶᠢᠨ ᠪᠠᠷᠢᠴᠠᠭ᠎ᠠ ᠲᠠᠢ ᠵᠢᠭᠡᠯᠡᠯᠭᠡ ᠶᠢᠨ ᠠᠵᠢᠯ ᠢ ᠢᠳᠡᠪᠬᠢᠳᠠᠢ ᠲᠦᠯᠬᠢᠨ ᠠᠬᠢᠭᠤᠯᠤᠨ᠎ᠠ᠃ ᠬᠤᠰᠢᠭᠤ ᠪᠠᠯᠭᠠᠰᠤ  ᠬᠤᠶᠠᠷ ᠱᠠᠳᠤᠨ ᠤ ᠡᠳ᠋ ᠤᠨ ᠵᠠᠰᠠᠭ ᠤᠨ ᠭᠠᠶᠢᠯᠢ ᠶᠢᠨ  ᠪᠠᠶᠢᠭᠤᠯᠤᠮᠵᠢ ᠶᠢᠨ ᠦᠭᠡᠷᠡᠴᠢᠯᠡᠯᠳᠡ ᠶᠢ ᠬᠦᠨᠵᠡᠬᠡᠶᠢᠷᠡᠬᠦᠯᠵᠦ᠂ ︽ᠡᠷᠬᠡ ᠪᠠ ᠬᠠᠷᠢᠭᠤᠴᠠᠯᠭ᠎ᠠ ᠶᠢ ᠨᠢᠭᠡᠳᠦᠭᠦᠯᠬᠦ᠂ ᠣᠷᠤᠯᠭ᠎ᠠ ᠵᠠᠷᠤᠯᠭ᠎ᠠ ᠶᠢ ᠠᠩᠭᠢᠯᠠᠬᠤ᠂ ᠲᠦᠷᠦᠯ ᠬᠤᠪᠢᠶᠠᠨ ᠬᠢᠨᠠᠨ ᠳᠣᠭᠳᠠᠭᠠᠬᠤ᠂ ᠲᠡᠩᠴᠡᠪᠦᠷᠢ ᠲᠠᠢ ᠪᠠᠶᠢᠳᠠᠯ ᠢ ᠬᠦᠭᠡᠭᠡᠴᠡᠯᠳᠦᠬᠦ︾ ᠵᠠᠷᠴᠢᠮ ᠶᠣᠰᠤᠭᠠᠷ᠂ ᠪᠠᠯᠭᠠᠰᠤᠨ ᠤ  ᠱᠠᠳᠤᠨ ᠤ ᠵᠣᠭᠤᠰ ᠤᠨ ᠬᠦᠮᠦᠷᠭᠡ ᠶᠢ ᠪᠠᠶᠢᠭᠤᠯᠬᠤ ᠶᠢᠨ ᠵᠡᠷᠭᠡ ᠪᠠᠷ ᠭᠠᠶᠢᠯᠢ ᠶᠢ ᠬᠠᠮᠳᠤ ᠪᠠᠷ ᠡᠳ᠋ᠯᠡᠬᠦ ᠳᠤ  ᠣᠷᠣᠯᠴᠠᠭᠤᠯᠵᠤ᠂ ᠪᠠᠯᠭᠠᠰᠤᠨ ᠤ  ᠱᠠᠳᠤᠨ ᠤ  ᠡᠳ᠋ ᠤᠨ  ᠡᠷᠬᠡ ᠪᠣᠯᠣᠨ ᠠᠵᠢᠯ ᠤᠨ  ᠡᠷᠬᠡ ᠶᠢ  ᠬᠠᠷᠢᠯᠴᠠᠨ ᠨᠢᠭᠡᠳᠦᠬᠦᠯᠬᠦ ᠶᠢ  ᠪᠡᠶᠡᠯᠡᠬᠦᠯᠦᠨ᠎ᠡ᠃  ᠲᠦᠰᠦᠪ ᠤᠨ ᠬᠠᠮᠢᠶᠠᠷᠤᠯᠳᠠ ᠶᠢᠨ ᠳᠣᠭᠲᠠᠯᠴᠠᠭ᠎ᠠ ᠶᠢᠨ ᠥᠭᠡᠷᠴᠢᠯᠡᠯᠳᠡ ᠶᠢ ᠭᠦᠨᠵᠡᠭᠡᠶᠢᠷᠡᠭᠦᠯᠵᠤ᠂ ᠡᠳ᠋ ᠤᠨ ᠵᠠᠰᠠᠭ ᠎ ᠤᠨ ᠪᠡᠯᠡ ᠮᠦᠩᠭᠦ ᠎ ᠶᠢ ᠰᠠᠯᠭᠠᠨ ᠦᠭᠬᠦ ᠬᠢᠨᠠᠨ ᠵᠦᠪᠰᠢᠶᠡᠷᠡᠬᠦ ᠳᠦᠷᠢᠮ ᠢ ᠲᠡᠭᠦᠯᠳᠡᠷᠵᠢᠭᠦᠯᠦᠨ᠂  ᠪᠡᠯᠡ ᠮᠦᠩᠭᠦ ᠶᠢ ᠬᠡᠷᠡᠭᠯᠡᠬᠦ ᠦᠷ᠎ᠡ ᠠᠰᠢᠭ ᠢ ᠤᠯᠠᠮ ᠨᠢᠭᠡ ᠠᠯᠬᠤᠮ ᠳᠡᠭᠡᠭᠰᠢᠯᠡᠭᠦᠯᠦᠨ᠎ᠡ᠃ ᠣᠷᠣᠨ ᠲᠤᠭ᠎ᠠ ᠪᠣᠯᠣᠨ ᠵᠣᠭᠤᠰ ᠮᠦᠩᠬᠦ ᠶᠢ  ᠬᠤᠯᠪᠣᠭᠠᠯᠠᠬᠤ᠂ ᠵᠠᠷᠤᠳᠠᠯ ᠤᠨ ᠲᠠᠭᠠᠭᠠᠴᠢᠯᠠᠯᠳᠠ ᠶᠢᠨ ᠬᠠᠮᠢᠶᠠᠷᠤᠯᠳᠠ ᠶᠢᠨ ᠳᠦᠷᠢᠮ  ᠢ ᠪᠠᠶᠢᠭᠤᠯᠵᠤ᠂  ᠣᠷᠣᠨ ᠲᠤᠭ᠎ᠠ ᠪᠠᠷ  ᠎ ᠨᠢ ᠬᠤᠰᠢᠭᠤ ᠱᠠᠳᠤᠨ ᠤ  ᠠᠯᠪᠠᠨ ᠪᠠᠶᠢᠭᠤᠯᠭ᠎ᠠ ᠶᠢᠨ  ᠠᠯᠪᠠᠨ ᠳᠤ  ᠬᠡᠷᠡᠭᠯᠡᠬᠦ ᠵᠠᠷᠤᠳᠠᠯ ᠢ ᠬᠢᠨᠠᠨ ᠲᠠᠷᠬᠠᠭᠠᠵᠤ᠂ 《 ᠡᠳ᠋ ᠤᠨ ᠵᠠᠰᠠᠭ ᠠᠴᠠ ᠬᠢᠨᠠᠨ ᠬᠠᠮᠢᠶᠠᠷᠴᠤ᠂ ᠪᠠᠶᠢᠭᠤᠯᠭ᠎ᠠ‌ᠡᠴᠠ ᠲᠠᠷᠬᠠᠭᠠᠬᠤ》 ᠬᠡᠯᠪᠡᠷᠢ ᠶᠢᠨ ᠴᠠᠯᠢᠩ ᠬᠦᠯᠦᠰᠦ ᠦᠭᠬᠦ ᠳᠦᠷᠢᠮ ᠢ ᠬᠡᠷᠡᠭᠵᠢᠭᠦᠯᠦᠨ᠎ᠡ᠃  ᠪᠠᠶᠢᠭᠤᠯᠭ᠎ᠠ ᠶᠢᠨ ᠲᠤᠰᠬᠠᠢ ᠲᠦᠷᠦᠯ ᠤᠨ ᠪᠡᠯᠡ ᠮᠦᠩᠭᠦ ᠶᠢ ᠲᠡᠮᠡᠴᠡᠨ ᠣᠯᠣᠭᠰᠠᠨ ᠪᠠᠶᠢᠳᠠᠯ ᠢ ᠪᠤᠳᠠᠳᠤ ᠬᠢᠷᠢ ᠪᠦᠳᠦᠮᠵᠢ ᠶᠢᠨ ᠰᠢᠯᠭᠠᠨ ᠬᠢᠨᠠᠯᠳᠠ ᠳᠤ ᠣᠷᠤᠭᠤᠯᠤᠨ᠎ᠠ᠃ ᠪᠦᠬᠦ ᠬᠤᠰᠢᠭᠤᠨ ᠤ ᠶᠡᠷᠦᠩᠬᠡᠶᠢᠯᠡᠭᠰᠡᠨ ᠭᠠᠶᠢᠯᠢ ᠴᠡᠭᠴᠡᠯᠡᠯᠳᠡ ᠶᠢᠨ ᠳᠠᠪᠴᠠᠩ ᠢ ᠪᠠᠶᠢᠭᠤᠯᠵᠤ᠂ ᠬᠤᠪᠢ ᠶᠢᠨ ᠪᠠ ᠲᠠᠷᠠᠬᠠᠢ ᠪᠣᠲᠠᠷᠬᠠᠢ ᠭᠠᠶᠢᠯᠢ ᠶᠢᠨ ᠣᠷᠤᠯᠭ᠎ᠠ ᠳᠤ ᠨᠡᠶᠢᠬᠡᠮᠴᠢᠯᠡᠭᠰᠡᠨ ᠬᠠᠮᠢᠶᠠᠷᠤᠯᠳᠠ ᠶᠢᠨ ᠬᠡᠯᠪᠡᠷᠢ ᠶᠢ ᠬᠡᠷᠡᠭᠵᠢᠭᠦᠯᠦᠨ᠎ᠡ᠃  ᠦᠨᠳᠦᠰᠦᠨ ᠱᠠᠳᠤᠨ ᠤ  ᠺᠠᠳ᠋ᠷ ᠤᠨ  ᠡᠩᠨᠡᠭᠡ ᠶᠢ ᠲᠣᠭᠲᠠᠪᠤᠷᠢᠵᠢᠭᠤᠯᠬᠤ ᠬᠡᠷᠡᠭᠵᠢᠬᠦᠯᠦᠯᠳᠡ ᠶᠢᠨ ᠰᠠᠨᠠᠯ ᠢ  ᠬᠡᠷᠡᠭᠵᠢᠬᠦᠯᠵᠦ᠂  ᠪᠠᠯᠭᠠᠰᠤᠨ ᠤ  ᠱᠠᠳᠤᠨ ᠤ ᠵᠠᠮ ᠤᠨ ᠵᠠᠷᠤᠳᠠᠯ ᠢ  ᠲᠠᠩᠰᠠᠨ ᠠᠴᠠ  ᠲᠠᠶᠢᠯᠬᠬᠤ᠂  ᠺᠠᠳ᠋ᠷᠴᠤᠳ ᠤᠨ ᠤᠯᠤᠰ ᠲᠥᠷᠦ ᠶᠢᠨ  ᠬᠦᠷᠳᠡᠭᠡᠮᠵᠢ ᠶᠢᠨ  ᠪᠠᠳᠤᠯᠠᠭ᠎ᠠ ᠪᠣᠯᠣᠨ ᠠᠵᠢᠯᠳᠠᠨ  ᠢ ᠵᠦᠢ ᠵᠣᠬᠢᠰᠳᠠᠢ ᠰᠢᠯᠵᠢᠬᠦᠯᠬᠦ  ᠪᠤᠳᠠᠳᠠᠢ ᠠᠷᠭ᠎ᠠ ᠶᠢ  ᠲᠦᠬᠦᠷᠵᠢᠬᠦᠯᠦᠨ ᠲᠤᠭᠳᠠᠭᠠᠨ᠎ᠠ᠃ ᠺᠠᠳ᠋ᠷ  ᠠᠵᠢᠯᠳᠠᠨ ᠤ ᠴᠠᠯᠢᠩ ᠢ  ᠲᠤᠭᠳᠠᠭᠰᠠᠨ‌ᠬᠤᠭᠤᠴᠠᠭ᠎ᠠ ᠪᠠᠷ  ᠲᠣᠬᠢᠷᠠᠭᠤᠯᠬᠤ ᠳᠦᠷᠢᠮ ᠢ  ᠨᠠᠶᠢᠳᠠᠪᠦᠷᠢᠵᠢᠭᠤᠯᠤᠨ᠎ᠠ᠃  ᠤᠯᠤᠰ ᠤᠨ ᠦᠮᠴᠢᠯᠠᠯᠳᠦ ᠠᠵᠤ ᠠᠬᠤᠶᠢᠯᠠᠯ ᠤᠨ ᠦᠬᠡᠷᠡᠴᠢᠯᠡᠯᠳᠡ ᠶᠢ  ᠬᠦᠨᠵᠡᠭᠡᠶᠢᠷᠡᠬᠦᠯᠵᠦ᠂ ᠤᠯᠤᠰ ᠤᠨ ᠦᠮᠴᠢᠯᠡᠯᠳᠦ ᠠᠵᠤ ᠠᠬᠤᠶᠢᠯᠠᠯ ᠤᠨ  ᠦᠭᠡᠷᠡᠴᠢᠯᠡᠯᠳᠡ ᠶᠢ ᠬᠦᠨᠵᠡᠭᠡᠶᠢᠷᠡᠬᠦᠯᠬᠦ ᠬᠡᠷᠡᠭᠵᠢᠬᠦᠯᠦᠯᠳᠡ ᠶᠢᠨ  ᠰᠠᠨᠠᠯ ᠢ ᠨᠡᠶᠢᠳᠡᠯᠡᠵᠦ᠂  ᠤᠯᠤᠰ ᠤᠨ ᠦᠮᠴᠢᠯᠡᠯᠳᠦ ᠠᠵᠤ ᠠᠬᠤᠶᠢᠯᠠᠯ ᠤᠨ  ᠠᠵᠢᠯᠲᠠᠨ‌ᠢ ᠤᠷᠢᠨ ᠬᠡᠷᠡᠭᠯᠡᠬᠦ᠂  ᠠᠮᠵᠢᠯᠳᠠ ᠪᠦᠳᠦᠮᠵᠢ ᠶᠢ  ᠰᠢᠯᠭᠠᠨ ᠬᠢᠨᠠᠬᠤ᠂  ᠬᠢᠨᠠᠨ ᠪᠣᠳᠣᠵᠤ᠂  ᠬᠢᠨᠠᠯᠲᠠ ᠲᠠᠯᠪᠢᠬᠤ ᠵᠡᠷᠭᠡ ᠵᠢᠷᠤᠮᠵᠢᠭᠤᠯᠤᠯᠳᠠ ᠬᠠᠮᠢᠶᠠᠷᠤᠯᠳᠠ ᠶᠢ ᠴᠢᠩᠭᠠᠳᠬᠠᠬᠤ ᠎ ᠶᠢᠨ ᠬᠠᠮᠳᠤ ᠬᠤᠰᠢᠭᠤᠨ ᠤ ᠬᠠᠷᠢᠶᠠᠨ ᠳᠤ ᠪᠠᠶᠢᠭ᠎ᠠ ᠤᠯᠤᠰ ᠤᠨ ᠦᠮᠴᠢᠯᠡᠯᠳᠦ ᠠᠵᠤ ᠠᠬᠤᠶᠢᠯᠠᠯ ᠢ ᠲᠦᠷᠦᠯ ᠬᠤᠪᠢᠶᠠᠵᠤ ᠲᠠᠬᠢᠨ ᠨᠠᠶᠢᠯᠡᠬᠦᠯᠵᠦ᠂  ᠨᠡᠬᠦᠷᠡᠰᠤᠨ ᠤ  ᠪᠦᠯᠦᠭᠯᠡᠯ᠂ ᠬᠤᠲᠠ ᠶᠢᠨ ᠪᠦᠳᠦᠭᠡᠨ ᠪᠠᠶᠢᠭᠤᠯᠤᠯᠳᠠ ᠳᠤ  ᠪᠡᠯᠡ ᠤᠷᠤᠭᠤᠯᠬᠤ  ᠪᠦᠯᠦᠭᠯᠡᠯ᠂  ᠤᠰᠤᠨ ᠤ  ᠶᠠᠪᠤᠳᠠᠯ ᠤᠨ  ᠪᠦᠯᠦᠭᠯᠡᠯ ᠢ ᠵᠤᠬᠢᠶᠠᠨ ᠪᠠᠶᠢᠭᠤᠯᠵᠦ  ᠂ ᠤᠯᠤᠰ ᠤᠨ  ᠦᠮᠴᠢᠯᠡᠯᠳᠦ ᠠᠵᠤ ᠠᠬᠤᠶᠢᠯᠠᠯ ᠤᠨ  ᠪᠤᠳᠠᠳᠤ ᠬᠦᠴᠦᠨ ᠢ  ᠪᠤᠵᠠᠭᠠᠶᠢᠷᠠᠭᠤᠯᠤᠨ᠎ᠠ  ᠃      ᠭᠤᠷᠪᠠ ᠳᠤ ᠬᠦᠴᠦᠨ ᠵᠦᠢᠯ ᠤᠨ ᠪᠠᠳᠤᠯᠠᠭ᠎ᠠ ᠶᠢᠨ ᠴᠢᠳᠠᠪᠤᠷᠢ ᠶᠢ ᠴᠢᠩᠭᠠᠳᠬᠠᠨ᠎ᠠ᠃ ᠪᠠᠷᠠᠭᠤᠨ ᠤᠯᠠᠭᠠᠨᠨᠠᠭᠤᠷ ᠠᠴᠠ ᠵᠢᠶᠠᠩᠰᠦ ᠠᠵᠤ ᠦᠢᠯᠡᠳᠪᠦᠷᠢ ᠶᠢᠨ ᠬᠦᠷᠢᠶᠡᠯᠡᠩ ᠲᠤᠭᠤᠷᠢᠭ ᠬᠦᠷᠬᠦ ᠤᠰᠤ ᠲᠠᠮᠵᠢᠭᠤᠯᠬᠤ ᠢᠨᠵᠧᠨᠧᠷᠢᠩ ᠢ ᠠᠵᠢᠯ ᠡᠬᠢᠯᠡᠬᠦᠯᠦᠨ ᠪᠠᠶᠢᠭᠤᠯᠵᠤ  ᠂ ᠬᠤᠨᠢᠴᠢᠨᠭᠤᠤᠯ ᠤᠨ 500 ᠺᠢᠯᠦᠸᠤᠯᠲ᠂ ᠱᠧᠩ ᠶᠤᠸᠠᠨ ᠤ 220 ᠺᠢᠯᠦᠸᠤᠯᠲ ᠪᠤᠯᠤᠨ ᠬᠦᠩ ᠤᠨ ᠵᠤᠤ ᠠᠴᠠ ᠵᠢᠶᠠᠩᠰᠦ ᠠᠵᠤ ᠦᠢᠯᠡᠳᠪᠦᠷᠢ ᠶᠢᠨ ᠬᠦᠷᠢᠶᠡᠯᠡᠩ ᠲᠤᠭᠤᠷᠢᠭ ᠬᠦᠷᠬᠦ 110 ᠺᠢᠯᠦᠸᠤᠯᠲ ᠴᠠᠬᠢᠯᠭᠠᠨ ᠬᠤᠪᠢᠰᠬᠠᠭᠤᠷ ᠢ ᠬᠦᠷᠬᠡᠬᠦ ᠢᠨᠵᠧᠨᠧᠷᠢᠩ ᠢ ᠪᠦᠳᠦᠬᠡᠨ ᠪᠠᠶᠢᠭᠤᠯᠵᠤ᠂ ᠠᠰᠢᠭᠯᠠᠯᠳᠠ ᠳᠤ ᠤᠷᠤᠬᠤ ᠶᠢ ᠦᠨᠡᠨᠬᠦ ᠪᠠᠳᠤᠯᠠᠨ᠎ᠠ᠃ 150 ᠺᠢᠯᠤᠮᠧᠲᠷ ᠵᠠᠰᠠᠮᠠᠯ ᠵᠠᠮ ᠢ ᠰᠢᠨ᠎ᠡ ᠪᠠᠷ  ᠪᠤᠶᠤ ᠦᠬᠡᠷᠡᠴᠢᠯᠡᠨ  ᠪᠠᠶᠢᠭᠤᠯᠵᠦ᠂ ᠳ᠋ᠦᠩ ᠡᠤ ᠪᠠ ᠪᠤᠤ ᠰᠢ ᠲᠡᠮᠦᠷ ᠵᠠᠮ ᠤᠨ ᠬᠤᠯᠪᠤᠭᠠᠨ ᠤ ᠱᠤᠭᠤᠮ ᠢ ᠦᠨᠳᠦᠰᠦᠨ ᠳᠡᠭᠡᠨ ᠠᠵᠢᠯ ᠲᠠᠭᠤᠰᠬᠠᠬᠤ ᠶᠢ ᠲᠦᠯᠬᠢᠨ ᠠᠬᠢᠭᠤᠯᠵᠤ᠂ ᠪᠤᠭᠤᠳᠤ ᠤᠷᠳᠤᠰ ᠲᠡᠮᠡᠬᠡᠳᠦ ᠶᠢᠨ ᠲᠦᠷᠬᠡᠨ ᠲᠡᠮᠦᠷ ᠵᠠᠮ ᠤᠨ ᠡᠮᠦᠨ᠎ᠡ ᠬᠤᠭᠤᠴᠠᠭᠠᠨ ᠤ ᠪᠡᠯᠡᠳᠬᠡᠯ ᠠᠵᠢᠯ ᠢ ᠪᠦᠬᠦ ᠬᠦᠴᠦᠨ ᠢᠶᠠᠷ ᠢᠶᠠᠨ ᠬᠠᠮᠵᠢᠯᠴᠠᠨ ᠰᠠᠶᠢᠳᠤᠷ ᠬᠢᠨ᠎ᠠ᠃      ︵ᠨᠠᠢᠮᠠ︶ ᠠᠷᠠᠳ ᠤᠨ ᠠᠮᠢᠳᠤᠷᠠᠯ ᠢ ᠪᠦᠬᠦ ᠬᠦᠴᠦᠨ ᠢᠶᠠᠷ ᠢᠶᠠᠨ ᠪᠠᠳᠤᠯᠠᠬᠤ ᠪᠠ ᠰᠠᠶᠢᠵᠢᠷᠠᠭᠤᠯᠵᠤ᠂ ᠡᠯ᠎ᠡ ᠦᠨᠳᠦᠰᠦᠳᠡᠨ ᠤ ᠠᠷᠠᠳ ᠲᠦᠮᠡᠨ ᠤ ᠠᠰᠢᠭ ᠬᠦᠷᠳᠡᠭᠰᠡᠨ ᠲᠦᠷᠦᠭᠳᠡᠯ᠂ ᠵᠤᠯ ᠵᠢᠷᠭᠠᠯᠳᠤ ᠲᠦᠷᠦᠭᠳᠡᠯ᠂ ᠠᠮᠦᠷ ᠲᠦᠪᠰᠢᠨ ᠲᠦᠷᠦᠭᠳᠡᠯ ᠢ ᠨᠡᠮᠡᠭᠳᠡᠬᠦᠯᠦᠨ᠎ᠡ᠃      ᠨᠢᠬᠡ ᠳᠤ ᠰᠤᠷᠭᠠᠨ ᠬᠦᠮᠦᠵᠢᠯ ᠤᠨ ᠵᠢᠭᠠᠨ ᠰᠤᠷᠭᠠᠬᠤ ᠬᠢᠷᠢ ᠲᠦᠪᠰᠢᠨ ᠢ ᠨᠡᠩ ᠢᠯᠡᠬᠦᠦ ᠴᠢᠬᠤᠯᠠᠴᠢᠯᠠᠨ ᠲᠡᠭᠡᠭᠰᠢᠯᠡᠬᠦᠯᠦᠨ᠎ᠡ᠃ ᠪᠠᠭᠰᠢ ᠶᠢᠨ ᠡᠩᠨᠡᠬᠡᠨ ᠤ ᠪᠠᠶᠢᠭᠤᠯᠤᠯᠳᠠ ᠶᠢ ᠴᠢᠷᠮᠠᠶᠢᠨ ᠴᠢᠩᠭᠠᠳᠬᠠᠵᠤ᠂ ᠰᠤᠷᠭᠠᠭᠤᠯᠢ ᠶᠢᠨ ᠵᠠᠬᠢᠷᠤᠯ᠂ ᠴᠡᠴᠡᠷᠯᠢᠭ ᠤᠨ ᠲᠠᠷᠤᠭ᠎ᠠ ᠶᠢ ᠰᠢᠯᠭᠠᠨ ᠬᠢᠨᠠᠬᠤ ᠬᠠᠮᠢᠶᠠᠷᠤᠯᠳᠠ ᠶᠢ ᠴᠢᠩᠭᠠᠳᠬᠠᠵᠤ᠂ ᠠᠵᠢᠯ ᠳᠤ ᠪᠠᠶᠢᠭ᠎ᠠ ᠪᠠᠭᠰᠢ ᠨᠠᠷ ᠤᠨ ᠪᠤᠯᠪᠠᠰᠤᠷᠠᠯ ᠢ ᠴᠢᠩᠭᠠᠳᠬᠠᠵᠤ᠂ ᠨᠠᠷᠡᠳᠦ ᠰᠢᠯᠢᠳᠡᠭ ᠪᠠᠭᠰᠢ᠂ ᠨᠡᠷᠡᠳᠦ ᠰᠢᠯᠢᠳᠡᠭ ᠰᠤᠷᠭᠠᠭᠤᠯᠢ ᠶᠢᠨ ᠵᠠᠬᠢᠷᠤᠯ ᠢ ᠦᠷᠬᠦᠯᠵᠢᠯᠡᠨ ᠲᠡᠳᠠᠨ ᠤᠷᠤᠭᠤᠯᠬᠤ ᠪᠠ ᠬᠦᠮᠦᠵᠢᠬᠦᠯᠵᠦ᠂ ᠪᠠᠭᠰᠢ ᠶᠢᠨ ᠰᠤᠷᠭᠠᠭᠤᠯᠢ ᠲᠡᠬᠦᠰᠦᠭᠰᠡᠨ ᠰᠢᠯᠢᠳᠡᠭ ᠤᠶᠤᠳᠠᠳ ᠢ ᠰᠤᠩᠭᠤᠨ ᠤᠷᠢᠵᠦ ᠨᠢᠬᠡᠳᠦᠬᠡᠷ ᠹᠷᠤᠨᠲ ᠲᠤ ᠪᠠᠭᠰᠢᠯᠠᠭᠤᠵᠤ᠂ ᠨᠢᠬᠡ ᠰᠠᠯᠠᠭ᠎ᠠ ᠪᠠᠭᠰᠢ ᠶᠢᠨ ᠮᠤᠷᠠᠯ ᠢᠶᠠᠷ ᠡᠷᠬᠢᠮ ᠲᠡᠬᠡᠳᠦ᠂ ᠲᠤᠬᠠᠶᠢᠯᠠᠭᠰᠠᠨ ᠠᠵᠢᠯ ᠳᠠᠭᠠᠨ ᠴᠠᠭᠠᠷᠠᠭᠰᠠᠨ ᠪᠦᠳᠦᠴᠡ ᠪᠠᠷ ᠰᠢᠯᠢᠳᠡᠭ ᠦᠨᠳᠦᠷ ᠬᠡᠪ ᠰᠤᠷᠳᠠᠯ ᠲᠠᠢ᠂ ᠲᠤᠰᠬᠠᠶᠢᠵᠢᠭᠰᠠᠨ ᠪᠠᠭᠰᠢ ᠶᠢᠨ ᠡᠩᠨᠡᠭᠡ ᠶᠢ ᠪᠠᠶᠢᠭᠤᠯᠤᠨ᠎ᠠ᠃ ᠦᠨᠳᠦᠰᠦᠳᠡᠨ ᠤ ᠰᠤᠷᠭᠠᠨ ᠬᠦᠮᠦᠵᠢᠯ ᠢ ᠡᠩ ᠲᠡᠷᠢᠬᠦᠨ ᠳᠤ ᠬᠦᠭᠵᠢᠬᠦᠯᠵᠦ᠂ ᠦᠨᠳᠦᠰᠦᠳᠡᠨ ᠤ ᠰᠤᠷᠭᠠᠨ ᠬᠦᠮᠦᠵᠢᠯ ᠤᠨ ᠵᠢᠭᠠᠨ ᠰᠤᠷᠭᠠᠬᠤ ᠬᠢᠷᠢ ᠲᠦᠪᠰᠢᠨ ᠢ ᠶᠡᠬᠡᠪᠡᠷ ᠲᠡᠬᠡᠭᠰᠢᠯᠡᠬᠦᠯᠦᠨ᠎ᠡ᠃ ᠨᠡᠶᠢᠬᠡᠮ ᠤᠨ ᠬᠦᠷᠦᠩᠬᠡ ᠪᠠᠷ ᠰᠤᠷᠬᠤ ᠨᠠᠰᠤᠨ ᠠᠴᠠ ᠡᠮᠦᠨᠡᠬᠢ ᠰᠤᠷᠭᠠᠨ ᠬᠦᠮᠦᠵᠢᠯ ᠡᠷᠬᠢᠯᠡᠬᠦ ᠶᠢ ᠵᠤᠷᠢᠭᠵᠢᠭᠤᠯᠵᠤ᠂ ᠨᠢᠯᠬ᠎ᠠ ᠨᠢᠷᠠᠢ ᠬᠡᠤᠬᠡᠳ ᠢ ᠬᠠᠷᠠᠭᠠᠯᠵᠠᠬᠤ ᠪᠠ ᠬᠡᠤᠬᠡᠳ ᠤᠨ ᠠᠩᠬᠠᠨ ᠤ ᠬᠦᠮᠦᠵᠢᠯ ᠦᠢᠯᠡᠴᠢᠯᠡᠭᠡ ᠶᠢᠨ ᠠᠰᠠᠭᠤᠳᠠᠯ ᠢ ᠰᠠᠶᠢᠳᠤᠷ ᠰᠢᠢᠳᠪᠦᠷᠢᠯᠡᠨ᠎ᠡ᠃  ᠪᠠᠶᠢᠭᠤᠯᠤᠮᠵᠢ ᠶᠢᠨ ᠲᠤᠭᠳᠠᠯᠴᠠᠭ᠎ᠠ ᠶᠢ ᠴᠢᠷᠮᠠᠶᠢᠨ ᠦᠬᠡᠷᠡᠴᠢᠯᠡᠵᠦ᠂ ᠤᠯᠤᠰ ᠤᠨ ᠲᠤᠳᠤᠭᠠᠳᠤᠬᠢ ᠲᠡᠷᠢᠬᠦᠨ ᠲᠡᠰ ᠤᠨ ᠰᠤᠷᠭᠠᠭᠤᠯᠢ ᠲᠠᠢ ᠬᠠᠮᠳᠤᠷᠠᠨ ᠰᠤᠷᠭᠠᠭᠤᠯᠢ ᠡᠷᠬᠢᠯᠡᠬᠦ ᠶᠢ ᠰᠦᠪᠡᠭᠴᠢᠯᠡᠵᠦ᠂ ᠰᠤᠷᠭᠠᠨ ᠬᠦᠮᠦᠵᠢᠯ ᠤᠨ ᠰᠢᠨ᠎ᠡ ᠤᠬᠠᠭᠠᠭᠳᠠᠬᠤᠨ᠂ ᠬᠠᠮᠢᠶᠠᠷᠤᠯᠳᠠ ᠶᠢᠨ ᠰᠢᠨ᠎ᠡ ᠲᠤᠭᠳᠠᠯᠴᠠᠭ᠎ᠠ᠂ ᠪᠠᠭᠰᠢ ᠶᠢᠨ ᠰᠢᠨ᠎ᠡ ᠬᠦᠴᠦ ᠶᠢ ᠪᠦᠬᠦ ᠲᠠᠯ᠎ᠠ ᠪᠠᠷ ᠲᠠᠳᠠᠨ ᠤᠷᠤᠭᠤᠯᠤᠨ᠎ᠠ᠃ ᠪᠠᠭᠰᠢ ᠨᠠᠷ ᠤᠨ ᠠᠵᠢᠯ ᠤᠨ ᠪᠠᠶᠢᠷᠢ ᠳᠤ ᠦᠷᠢᠰᠦᠯᠳᠦᠨ ᠭᠠᠷᠬᠤ᠂ ᠲᠡᠬᠡᠳᠦ ᠲᠤᠰᠢᠶᠠᠯ ᠳᠤ ᠲᠤᠤᠷ᠎ᠠ ᠴᠠᠯᠢᠩ ᠢᠶᠠᠷ ᠤᠷᠢᠬᠤ ᠪᠠ ᠲᠤᠤᠷ᠎ᠠ ᠲᠤᠰᠢᠶᠠᠯ ᠢ ᠦᠨᠳᠦᠷ ᠴᠠᠯᠢᠩ ᠢᠶᠠᠷ ᠤᠷᠢᠬᠤ ᠵᠡᠷᠬᠡ ᠰᠤᠷᠭᠠᠨ ᠬᠦᠮᠦᠵᠢᠯ ᠤᠨ ᠬᠦᠷᠢᠶ᠎ᠡ ᠬᠡᠪᠴᠢᠶᠡᠨ ᠳᠠᠬᠢ ᠶᠡᠷᠦᠩᠬᠡᠶᠢᠯᠡᠭᠰᠡᠨ ᠦᠬᠡᠷᠡᠴᠢᠯᠡᠯᠳᠡ ᠶᠢ ᠬᠦᠨᠵᠡᠬᠡᠢ ᠲᠦᠯᠬᠢᠨ ᠠᠬᠢᠭᠤᠯᠵᠤ᠂ ︽ᠠᠵᠢᠯ ᠤᠨ ᠪᠠᠶᠢᠷᠢ ᠲᠡᠬᠡᠷ᠎ᠡ ᠲᠠᠪᠰᠢᠵᠦ ᠪᠠᠭᠤᠵᠤ ᠪᠦᠷ ᠪᠤᠯᠬᠤ᠂ ᠬᠤᠳᠠ ᠬᠦᠳᠡᠭᠡ  ᠪᠠᠷ ᠤᠷᠤᠵᠤ ᠭᠠᠷᠴᠤ ᠪᠦᠷ ᠪᠤᠯᠬᠤ᠂ ᠬᠦᠷᠳᠡᠬᠡᠮᠵᠢ ᠨᠢ ᠦᠨᠳᠦᠷ ᠪᠤᠭᠤᠨᠢ ᠪᠦᠷ ᠪᠠᠶᠢᠵᠤ ᠪᠤᠯᠬᠤ︾ ᠪᠠᠭᠰᠢ ᠨᠡᠷ ᠤᠨ ᠠᠯᠪᠠᠨ ᠲᠤᠰᠢᠶᠠᠯ ᠦᠷᠢᠰᠦᠯᠳᠦᠬᠦ᠂ ᠰᠤᠯᠢᠯᠴᠠᠬᠤ ᠪᠠ ᠤᠬᠤᠷᠢᠨ ᠭᠠᠷᠬᠤ ᠵᠤᠬᠢᠴᠠᠮᠵᠢ ᠶᠢ ᠲᠡᠬᠦᠯᠳᠡᠷᠵᠢᠬᠦᠯᠦᠨ᠎ᠡ᠃ ᠬᠢᠴᠢᠶᠡᠯ ᠤᠨ ᠲᠢᠩᠭᠢᠮ ᠤᠨ ᠵᠢᠭᠠᠨ ᠰᠤᠷᠭᠠᠬᠤ ᠴᠢᠨᠠᠷ ᠴᠢᠨᠰᠠᠭ᠎ᠠ ᠶᠢ ᠴᠢᠷᠮᠠᠶᠢᠨ ᠲᠡᠬᠡᠭᠰᠢᠯᠡᠬᠦᠯᠵᠦ᠂ ᠲᠤᠮᠳᠠ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠬᠢᠴᠢᠶᠡᠯ ᠤᠨ  ᠭᠠᠳᠠᠨᠠᠬᠢ ᠲᠠᠷᠤᠭᠠᠰᠤ ᠬᠦᠨᠳᠦ ᠪᠠᠶᠢᠭ᠎ᠠ ᠠᠰᠠᠭᠤᠳᠠᠯ ᠢ ᠰᠢᠢᠳᠪᠦᠷᠢᠯᠡᠵᠦ᠂ ᠬᠠᠮᠤᠭ ᠤᠨ ᠤᠬᠤᠷ ᠬᠤᠭᠤᠴᠠᠭᠠᠨ ᠳᠤ ᠰᠤᠷᠭᠠᠨ ᠬᠦᠮᠦᠵᠢᠯ ᠵᠢᠭᠠᠨ ᠰᠤᠷᠭᠠᠯᠳᠠ ᠶᠢᠨ ᠪᠦᠬᠦᠯᠢ ᠲᠦᠪᠰᠢᠨ ᠢ ᠪᠦᠬᠦ ᠬᠤᠳᠠ ᠶᠢᠨ ᠨᠢᠬᠡᠳᠦᠬᠡᠷ ᠴᠤᠪᠤᠭ᠎ᠠ ᠠᠩᠭᠢ ᠳᠤ ᠲᠠᠪᠰᠢᠨ ᠤᠷᠤᠬᠤ ᠶᠢ ᠲᠦᠯᠬᠢᠨ ᠠᠬᠢᠭᠤᠯᠤᠨ᠎ᠠ᠃      ᠬᠤᠶᠠᠷ ᠲᠤ᠂ ᠡᠮ ᠡᠮᠨᠡᠯᠬᠡ ᠶᠢᠨ ᠦᠢᠯᠡᠴᠢᠯᠡᠬᠡᠨ ᠤ ᠬᠢᠷᠢ ᠲᠦᠪᠰᠢᠨ ᠢ ᠨᠡᠩ ᠢᠯᠡᠬᠦᠦ ᠴᠢᠬᠤᠯᠠᠴᠢᠯᠠᠨ  ᠲᠡᠭᠡᠭᠰᠢᠯᠡᠬᠦᠯᠦᠨ᠎ᠡ᠃ ︽ᠡᠷᠡᠬᠦᠯ ᠴᠢᠬᠢᠷᠠᠭ ᠡᠵᠡᠨ ᠬᠤᠷᠤᠭ᠎ᠠ︾᠎ ᠶᠢᠨ ᠢᠨᠵᠧᠨᠧᠷᠢᠩ ᠢ ᠬᠦᠨᠵᠡᠬᠡᠢ ᠬᠡᠷᠡᠭᠵᠢᠬᠦᠯᠵᠦ᠂ ᠪᠡᠬᠡᠵᠢᠩ ᠤᠨ ᠡᠮᠨᠡᠯᠬᠡ ᠶᠢᠨ ᠬᠤᠷᠢᠶ᠎ᠠ᠂ ᠤᠯᠠᠨ ᠤᠯᠤᠰ ᠤᠨ ᠮᠤᠩᠭᠤᠯ ᠡᠮᠨᠡᠯᠬᠡ ᠶᠢᠨ ᠬᠤᠷᠢᠶ᠎ᠠ ᠵᠡᠷᠬᠡ ᠤᠯᠤᠰ ᠤᠨ ᠲᠤᠳᠤᠭᠠᠳᠤ ᠶᠢᠨ ᠨᠠᠷᠡᠳᠠᠢ ᠭᠤᠷᠪᠠᠨ ᠬᠦᠬᠡ ᠲᠡᠰ ᠤᠨ ᠡᠮᠨᠡᠯᠬᠡ ᠶᠢᠨ ᠬᠤᠷᠢᠶ᠎ᠠ ᠪᠤᠯᠤᠨ ᠬᠤᠰᠢᠭᠤᠨ ᠤ ᠲᠡᠰ ᠤᠨ ᠡᠮᠨᠡᠯᠬᠡ ᠶᠢᠨ ᠬᠤᠷᠢᠶ᠎ᠠ ᠶᠢᠨ  ᠡᠮ ᠡᠮᠨᠡᠯᠭᠡ ᠶᠢᠨ ᠬᠤᠯᠪᠤᠭᠠᠳᠤ ᠴᠤᠭᠴᠠ ᠶᠢ ᠪᠠᠶᠢᠭᠤᠯᠵᠤ᠂ ᠬᠤᠰᠢᠭᠤ ᠲᠡᠰ ᠤᠨ ᠡᠮᠨᠡᠯᠬᠡ ᠶᠢᠨ ᠬᠤᠷᠢᠶᠠᠨ ᠤ ᠰᠢᠨᠵᠢᠯᠡᠬᠡᠨ ᠤ ᠪᠠᠶᠢᠭᠤᠯᠤᠯᠳᠠ ᠶᠢ ᠲᠠᠶᠢᠴᠢᠯᠠᠨ ᠴᠢᠩᠭᠠᠳᠬᠠᠵᠤ᠂ ᠡᠮ ᠡᠮᠨᠡᠯᠭᠡ ᠡᠷᠡᠬᠦᠯ ᠬᠠᠮᠠᠭᠠᠯᠠᠯ ᠤᠨ ᠦᠢᠯᠡᠴᠢᠯᠡᠭᠡ᠂  ᠦᠨᠳᠦᠰᠦᠨ ᠱᠠᠳᠤ  ᠲᠡᠰᠢ  ᠦᠷᠭᠡᠳᠭᠡᠬᠦ ᠶᠢ ᠲᠦᠯᠬᠢᠨ ᠠᠬᠢᠭᠤᠯᠵᠦ᠂ ᠤᠯᠠᠨ ᠲᠦᠮᠡᠨ ᠬᠡᠷ ᠤᠨ ᠢᠶᠠᠨ ᠤᠶᠢᠷ᠎ᠠ ᠬᠠᠪᠢ ᠪᠠᠷ ᠰᠢᠯᠢᠳᠡᠭ ᠡᠮ ᠡᠮᠨᠡᠯᠬᠡ ᠶᠢᠨ ᠦᠢᠯᠡᠴᠢᠯᠡᠭᠡ ᠬᠦᠷᠳᠡᠬᠦ ᠳᠤ ᠲᠦᠬᠦᠮ ᠦᠵᠡᠬᠦᠯᠦᠨ᠎ᠡ᠃ ᠡᠮ ᠡᠮᠨᠡᠯᠬᠡ ᠡᠷᠡᠬᠦᠯ ᠬᠠᠮᠠᠭᠠᠯᠠᠯ ᠤᠨ ᠴᠢᠮᠡᠭᠡ ᠵᠠᠩᠬᠢᠵᠢᠯᠳᠠ ᠶᠢᠨ ᠪᠠᠶᠢᠭᠤᠯᠤᠯᠳᠠ ᠶᠢ ᠠᠬᠢᠭᠤᠯᠵᠤ᠂ ︽ᠢᠨᠵᠧᠷᠨᠧᠲ ᠰᠦᠯᠵᠢᠶ᠎ᠡ + ᠡᠮ ᠡᠮᠨᠡᠯᠬᠡ ᠶᠢᠨ ᠡᠷᠡᠬᠦᠯᠵᠢᠯ︾᠎ ᠤᠨ ᠦᠢᠯᠡᠴᠢᠯᠡᠭᠡ ᠎ ᠶᠢᠨ ᠲᠤᠭᠳᠠᠯᠴᠠᠭ᠎ᠠ ᠶᠢ ᠪᠠᠶᠢᠭᠤᠯᠤᠨ᠎ᠠ᠃ ᠬᠢᠳᠠᠳ ᠮᠤᠩᠭᠤᠯ ᠡᠮ ᠤᠨ ᠦᠢᠯᠡᠰ ᠤᠨ ᠬᠦᠭᠵᠢᠯᠳᠡ ᠶᠢ ᠲᠦᠷᠬᠡᠳᠬᠡᠵᠦ᠂ ᠮᠤᠩᠭᠤᠯ ᠬᠢᠳᠠᠳ ᠶᠡᠷᠦᠩᠬᠡᠢ ᠡᠮᠨᠡᠯᠬᠡ ᠶᠢᠨ ᠬᠤᠷᠢᠶ᠎ᠠ ᠶᠢ ᠪᠦᠬᠦ ᠬᠤᠳᠠ ᠶᠢᠨ ᠭᠤᠤᠯ ᠪᠤᠯᠬᠤ ᠡᠮ ᠡᠮᠨᠡᠯᠬᠡ ᠶᠢᠨ ᠪᠠᠶᠢᠭᠤᠯᠤᠮᠵᠢ ᠪᠤᠯᠭᠠᠨ ᠡᠬᠦᠳᠦᠨ ᠪᠠᠶᠢᠭᠤᠯᠵᠤ᠂ ᠲᠤᠰᠬᠠᠢ ᠮᠡᠷᠬᠡᠵᠢᠯ ᠲᠤᠰᠬᠠᠢ ᠡᠮᠴᠢᠯᠡᠬᠡᠨ ᠤ ᠰᠠᠯᠠᠭ᠎ᠠ ᠶᠢᠨ ᠡᠮ ᠡᠮᠨᠡᠯᠬᠡ ᠶᠢᠨ ᠦᠢᠯᠡᠴᠢᠯᠡᠭᠡ ᠶᠢᠨ ᠬᠢᠷᠢ ᠲᠦᠪᠰᠢᠨ ᠢ ᠲᠡᠬᠡᠭᠰᠢᠯᠡᠬᠦᠯᠦᠨ᠎ᠡ᠃ ᠡᠮ ᠡᠮᠨᠡᠯᠭᠡ ᠡᠷᠡᠭᠦᠯ ᠬᠠᠮᠠᠭᠠᠯᠠᠯ ᠤᠨ ᠲᠤᠰᠬᠠᠢ ᠮᠡᠷᠭᠡᠵᠢᠯ ᠤᠨ ᠴᠢᠳᠠᠪᠤᠷᠢᠳᠠᠨ ᠢ ᠣᠷᠤᠭᠤᠯᠬᠤ ᠪᠠ ᠬᠠᠮᠢᠶᠠᠷᠠᠬᠤ ᠵᠡᠷᠭᠡ ᠪᠦᠷᠢᠨ ᠲᠦᠬᠦᠷ ᠲᠦᠷᠤ ᠶᠢᠨ ᠪᠣᠳᠤᠯᠭ᠎ᠠ ᠶᠢ ᠳᠣᠭᠳᠠᠭᠠᠵᠤ᠂ ᠡᠮᠨᠡᠯᠭᠡ ᠶᠢᠨ ᠬᠤᠷᠢᠶᠠᠨ ᠲᠠᠷᠤᠭ᠎ᠠ ᠶᠢ  ᠰᠢᠯᠭᠠᠨ ᠬᠢᠨᠠᠬᠤ ᠪᠠ ᠭᠤᠤᠯᠯᠠᠭᠴᠢ ᠡᠮᠴᠢ᠂ ᠶᠡᠷᠦᠩᠬᠡᠢ ᠰᠠᠯᠠᠭᠠᠨ ᠤ ᠡᠮᠴᠢ ᠶᠢᠨ ᠪᠤᠯᠪᠠᠰᠤᠷᠠᠯ ᠢ ᠴᠢᠩᠭᠠᠳᠬᠠᠵᠤ᠂ ᠪᠦᠬᠦᠯᠢ ᠴᠤᠭᠴᠠ ᠶᠢᠨ ᠡᠮ ᠡᠮᠨᠡᠯᠬᠡ ᠶᠢᠨ ᠦᠢᠯᠡᠴᠢᠯᠡᠭᠡ ᠶᠢᠨ ᠬᠢᠷᠢ ᠲᠦᠪᠰᠢᠨ ᠢ ᠲᠡᠬᠡᠭᠰᠢᠯᠡᠬᠦᠯᠦᠨ᠎ᠡ᠃      ᠭᠤᠷᠪᠠ ᠳᠤ᠂ ᠤᠯᠠᠨ ᠨᠡᠶᠢᠳᠡ ᠶᠢᠨ ᠰᠤᠶᠤᠯ ᠤᠨ ᠦᠢᠯᠡᠴᠢᠯᠡᠭᠡ ᠶᠢᠨ ᠬᠢᠷᠢ ᠲᠦᠪᠰᠢᠨ ᠢ ᠨᠡᠩ ᠢᠯᠡᠬᠦᠦ ᠴᠢᠬᠤᠯᠠᠴᠢᠯᠠᠨ  ᠲᠡᠭᠡᠭᠰᠢᠯᠡᠬᠦᠯᠦᠨ᠎ᠡ᠃ ᠬᠤᠰᠢᠭᠤ ᠨᠤᠮ ᠤᠨ ᠰᠠᠩ ᠤᠨ ᠪᠦᠳᠦᠬᠡᠨ ᠪᠠᠶᠢᠭᠤᠯᠤᠯᠳᠠ ᠶᠢ ᠴᠢᠩᠭᠠᠳᠬᠠᠵᠤ᠂  ᠲᠣᠭᠠᠴᠢᠯᠠᠭᠰᠠᠨ ᠣᠩᠰᠢᠯᠭ᠎ᠠ᠂ ᠣᠯᠠᠨ ᠳᠤ ᠳᠥᠭᠦᠮ ᠣᠩᠰᠢᠯᠭ᠎ᠠ ᠶᠢ ᠲᠦᠯᠬᠢᠨ ᠠᠬᠢᠭᠤᠯᠵᠤ᠂  ᠪᠦᠬᠦ ᠠᠷᠠᠳ ᠢᠶᠠᠷ ᠢᠶᠠᠨ ᠨᠣᠮ ᠣᠩᠰᠢᠬᠤ  ᠭᠦᠨ ᠵᠤᠵᠠᠭᠠᠨ  ᠠᠭᠤᠷ ᠠᠮᠢᠰᠬᠤᠯ ᠢ ᠪᠣᠢ ᠪᠣᠯᠭᠠᠨ᠎ᠠ᠃ ᠨᠣᠮ ᠤᠨ ᠰᠠᠩ ᠤᠨ ᠶᠡᠷᠦᠩᠬᠡᠢ ᠬᠤᠪᠢᠶᠠᠷᠢ ᠰᠠᠩ ᠤᠨ ᠳᠦᠷᠢᠮ ᠤᠨ ᠪᠠᠶᠢᠭᠤᠯᠤᠯᠳᠠ ᠶᠢ  ᠠᠬᠢᠭᠤᠯᠵᠤ᠂  ᠪᠠᠯᠭᠠᠰᠤ᠂ ᠨᠡᠶᠢᠬᠡᠮ ᠲᠣᠭᠤᠷᠢᠭ ᠤᠨ ᠶᠡᠷᠦᠩᠬᠡᠢ ᠬᠤᠪᠢᠶᠠᠷᠢ ᠰᠠᠩ ᠤᠨ ᠳᠦᠷᠢᠮ ᠤᠨ ᠪᠠᠶᠢᠭᠤᠯᠤᠯᠳᠠ ᠶᠢ100%᠎ ᠳᠤ ᠬᠦᠷᠭᠡᠨ᠎ᠡ᠃ ᠰᠢᠯᠢᠳᠡᠭ ᠰᠣᠶᠣᠯ ᠤᠨ ᠡᠬᠢ ᠪᠠᠶᠠᠯᠢᠭ ᠢ ᠦᠨᠳᠦᠰᠦᠨ ᠱᠠᠳᠤ ᠬᠦᠷᠳᠡᠯ᠎ᠡ ᠦᠷᠭᠡᠳᠭᠡᠬᠦ ᠶᠢ ᠠᠬᠢᠭᠤᠯᠤᠨ᠎ᠠ᠃  ᠪᠦᠬᠦ ᠠᠷᠠᠳ ᠤᠨ ᠪᠡᠶ᠎ᠡ ᠴᠢᠬᠢᠷᠠᠭᠵᠢᠭᠤᠯᠬᠤ ᠠᠵᠢᠯᠯᠠᠭ᠎ᠠ  ᠶᠢ ᠬᠦᠨᠵᠡᠬᠡᠢ ᠦᠷᠨᠢᠬᠦᠯᠵᠦ᠂ ᠬᠦᠳᠡᠭᠡ ᠲᠤᠰᠬᠤᠨ ᠤ ᠰᠤᠷᠳᠠᠯ ᠤᠨ ᠪᠣᠯᠪᠠᠰᠤᠨ ᠠᠵᠢᠯᠯᠠᠭ᠎ᠠ ᠶᠢ  ᠬᠦᠨᠵᠡᠬᠡᠢ ᠦᠷᠨᠢᠬᠦᠯᠵᠦ᠂ ᠬᠤᠲᠠ ᠬᠦᠳᠡᠭᠡ ᠶᠢᠨ  ᠰᠠᠭᠤᠭᠠᠯᠢ ᠠᠷᠠᠳ ᠤᠨ  ᠬᠡᠪ ᠰᠤᠷᠳᠠᠯ ᠢ ᠲᠡᠭᠡᠭᠰᠢᠯᠡᠬᠦᠯᠦᠨ᠎ᠡ᠃ ᠰᠢᠨ᠎ᠡ ᠴᠠᠭ ᠦᠶ᠎ᠡ ᠶᠢᠨ ᠤᠯᠠᠭᠠᠨᠮᠦ᠋ᠴᠢᠷ ᠤᠨ ᠡᠩᠨᠡᠭᠡ ᠶᠢᠨ ᠪᠠᠶᠢᠭᠤᠯᠤᠯᠳᠠ ᠶᠢ ᠴᠢᠩᠭᠠᠳᠬᠠᠵᠤ᠂ ︽ᠤᠯᠠᠭᠠᠨᠮᠦ᠋ᠴᠢᠷ ︾᠎ ᠤᠨ ᠰᠣᠶᠣᠯ ᠤᠨ ᠨᠡᠷ᠎ᠡ ᠲᠡᠮᠳᠡᠭ ᠢ ᠲᠠᠬᠢᠨ ᠱᠤᠭᠤᠵᠤ᠂  ᠨᠡᠩ ᠤᠯᠠᠨ ᠠᠷᠠᠳ ᠤᠨ ᠠᠮᠢᠳᠤᠷᠠᠯ ᠲᠠᠢ ᠤᠶᠢᠷᠠᠳᠤᠭᠰᠠᠨ ᠤᠯᠠᠮᠵᠢᠯᠠᠵᠤ ᠪᠣᠯᠣᠮᠠᠷ  ᠂ ᠦᠯᠡᠳᠡᠭᠡᠵᠦ ᠪᠣᠯᠣᠮᠠᠷ ᠰᠢᠯᠢᠳᠡᠭ ᠤᠳᠬ᠎ᠠ ᠤᠷᠠᠯᠢᠭ ᠤᠨ ᠪᠦᠳᠦᠭᠡᠯ ᠢ ᠨᠡᠩ ᠤᠯᠠᠨ ᠡᠬᠦᠳᠴᠦ᠂ ︽ᠲᠠᠯ᠎ᠠ ᠨᠤᠳᠤᠭ ‍ᠤᠨ‌ᠬᠤᠪᠢᠰᠬᠠᠯᠳᠤ  ᠤᠳᠬ᠎ᠠ ᠤᠷᠠᠯᠢᠭ ᠤᠨ ᠬᠦᠩᠬᠡᠨ ᠮᠤᠷᠢᠳᠤ ᠴᠡᠷᠢᠭ︾᠎ ᠎ ᠤᠨ ᠦᠢᠯᠡᠳᠦᠯ ᠢᠶᠠᠨ ᠨᠡᠩ ᠰᠠᠶᠢᠨ ᠪᠠᠳᠠᠷᠠᠭᠤᠯᠤᠨ᠎ᠠ᠃  ᠠᠷᠠᠳ ᠤᠨ ᠤᠳᠬ᠎ᠠ ᠤᠷᠠᠯᠢᠭ ᠤᠨ ᠡᠩᠨᠡᠭᠡᠨ ᠤ ᠪᠠᠶᠢᠭᠤᠯᠤᠯᠳᠠ ᠶᠢ  ᠴᠢᠩᠭᠠᠳᠬᠠᠵᠤ᠂  ᠠᠷᠠᠳ ᠤᠨ  ᠤᠳᠬ᠎ᠠ ᠤᠷᠠᠯᠢᠭ ᠤᠨ ᠪᠦᠯᠬᠦᠮ ᠤᠨ ᠠᠮᠢᠵᠢᠷᠠᠯ ᠤᠨ ᠬᠦᠴᠦᠨ ᠢ ᠬᠦᠭᠵᠢᠬᠡᠨ᠎ᠡ᠃ ᠵᠢᠷᠦᠬᠡ ᠶᠢᠨ  ᠭᠤᠣᠯ ᠤᠨ  ᠰᠣᠶᠣᠯ ᠤᠨ  ᠪᠠᠭᠤᠷᠠᠢ  ᠪᠣᠯᠣᠨ  ᠪᠠᠶᠢᠯᠳᠤᠭᠠᠨᠳᠦ ᠤᠯᠤᠰ ᠤᠨ  ᠦᠶ᠎ᠡ ᠶᠢᠨ  ᠴᠢᠨ ᠤ ᠴᠠᠭᠠᠨ ᠬᠡᠷᠡᠮ ᠤᠨ  ᠪᠠᠭᠤᠷᠠᠢ ᠶᠢᠨ  ᠬᠠᠮᠠᠭᠠᠯᠠᠯᠳᠠ ᠶᠢ  ᠴᠢᠩᠭᠠᠳᠬᠠᠵᠦ  ᠂ ︽ᠴᠢᠩᠬᠢᠰ ᠬᠠᠭᠠᠨ ᠤ ᠲᠠᠬᠢᠯᠭ᠎ᠠ ᠶᠢᠨ ᠶᠣᠰᠣ ᠳᠥᠷᠢᠮ︾᠎ ᠢ ᠲᠡᠯᠡᠬᠡᠢ ᠶᠢᠨ ᠪᠤᠳᠠᠰ ᠤᠨ  ᠪᠤᠰᠤ ᠰᠣᠶᠣᠯ ᠤᠨ  ᠥᠪ ᠢᠶᠠᠷ ᠮᠡᠳᠡᠬᠦᠯᠬᠦ ᠠᠵᠢᠯ ᠢ ᠢᠳᠡᠪᠬᠢᠳᠡᠢ ᠲᠦᠯᠬᠢᠨ ᠠᠬᠢᠭᠤᠯᠵᠦ᠂ ᠵᠢᠶᠦ᠋ᠨ ᠸᠠᠩ  ᠤᠨ  ᠤᠷᠳᠤᠨ ᠢ ᠪᠦᠬᠦ ᠤᠯᠤᠰ ᠤᠨ ᠭᠤᠣᠯ ᠪᠣᠯᠬᠤ ᠲᠡᠦᠬᠡ ᠶᠢᠨ ᠲᠤᠷᠠᠰᠬᠠᠯᠳᠤ ᠵᠦᠢᠯ ᠢᠶᠠᠷ ᠮᠡᠳᠡᠬᠦᠯᠬᠦ ᠪᠠᠷ ᠴᠢᠷᠮᠠᠶᠢᠨ᠎ᠠ᠃      ᠳᠦᠷᠪᠡ ᠳᠤ᠂ ᠨᠡᠶᠢᠬᠡᠮ ᠤᠨ ᠪᠦᠬᠦ ᠲᠠᠯ᠎ᠠ ᠶᠢᠨ ᠠᠮᠤᠷ ᠲᠤᠭᠳᠠᠭᠤᠨ ᠢ ᠦᠨᠡᠨᠬᠦ  ᠪᠠᠳᠤᠯᠠᠨ᠎ᠠ᠃ ᠵᠠᠬᠢᠳᠠᠯ ᠰᠤᠷᠪᠤᠯᠵᠢᠯᠠᠭ᠎ᠠ ᠶᠢᠨ  ᠠᠵᠢᠯ  ᠢ ᠬᠠᠤᠯᠢ  ᠲᠦᠷᠢᠮᠴᠢᠯᠡᠬᠦ ᠵᠠᠮ ᠳᠤ  ᠤᠷᠤᠭᠤᠯᠬᠤ ᠶᠢ ᠪᠠᠷᠢᠮᠳᠠᠯᠠᠵᠦ᠂ ᠣᠳᠣᠷᠢᠳᠤᠯᠭ᠎ᠠ ᠬᠡᠷᠡᠭ ᠵᠠᠷᠭᠤ ᠳᠠᠭᠠᠭᠠᠴᠢᠯᠠᠬᠤ ᠪᠠ《 ᠳᠣᠭᠤᠭᠰᠢ ᠪᠠᠭᠤᠵᠤ ᠰᠣᠷᠪᠤᠯᠵᠢᠯᠠᠬᠤ》 ᠠᠵᠢᠯ ᠤᠨ ᠳᠦᠷᠢᠮ ᠢ ᠲᠡᠭᠦᠯᠳᠡᠷᠵᠢᠭᠦᠯᠦᠨ᠂ ᠤᠯᠠᠨ ᠲᠦᠮᠡᠨ ᠢ ᠬᠠᠤᠯᠢ ᠶᠤᠰᠤᠭᠠᠷ ᠡᠮᠬᠢ ᠵᠢᠷᠤᠮ ᠲᠠᠢ ᠪᠠᠷ  ᠴᠠᠭ ᠲᠤᠬᠠᠢ  ᠎ ᠳᠤᠨᠢ ᠵᠠᠷᠭᠤ ᠵᠠᠯᠭᠠᠯᠳᠤᠯᠭ᠎ᠠ  ᠬᠢᠬᠦ ᠎ ᠶᠢ ᠵᠢᠯᠤᠭᠤᠳᠴᠦ᠂ ᠨᠡᠶᠢᠬᠡᠮ ᠤᠨ ᠡᠮᠬᠢ ᠲᠢᠭᠯᠢᠮ ᠢ ᠰᠠᠮᠠᠷᠠᠭᠤᠯᠬᠤ ᠵᠣᠷᠢᠭᠤᠳᠠ ᠶᠢᠨ ᠴᠢᠨᠠᠷ ᠲᠠᠢ ᠲᠡᠮᠡᠢ ᠵᠠᠭᠠᠯᠳᠤᠬᠤ ᠬᠡᠷᠡᠭ ᠦᠳᠦᠭᠡᠵᠦ ᠵᠠᠯᠭᠠᠯᠳᠤᠬᠤ ᠵᠡᠷᠭᠡ ᠦᠢᠯᠡ ᠠᠵᠢᠯᠯᠠᠭ᠎ᠠ ᠳᠤ ᠬᠠᠤᠯᠢ ᠶᠤᠰᠤᠭᠠᠷ  ᠴᠣᠬᠢᠯᠲᠠ‌ᠦᠭᠬᠦᠨ᠎ᠡ᠃ ᠢᠳᠡᠭᠡᠨ ᠤ ᠵᠦᠢᠯ ᠡᠮ ᠤᠨ ᠵᠦᠢᠯ ᠤᠨ ᠠᠮᠤᠷ ᠲᠦᠪᠰᠢᠨ ᠤ ᠪᠠᠳᠤᠯᠠᠭ᠎ᠠ ᠶᠢᠨ ᠰᠢᠰᠲ᠋ᠧᠮ ᠢ ᠪᠦᠷᠢᠨᠰᠢᠬᠦᠯᠦᠨ ᠲᠡᠬᠦᠯᠳᠡᠷᠵᠢᠬᠦᠯᠵᠦ᠂ ᠢᠳᠡᠭᠡᠨ ᠤ  ᠵᠦᠢᠯ ᠡᠮ ᠤᠨ  ᠵᠦᠢᠯ ᠤᠨ ᠠᠮᠤᠷ ᠲᠦᠪᠰᠢᠨ ᠬᠤᠲᠠ ᠶᠢ  ᠡᠬᠦᠳᠦᠨ ᠪᠠᠶᠢᠭᠤᠯᠬᠤ  ᠦᠷ᠎ᠡ ᠪᠦᠳᠦᠭᠡᠯ ᠢᠶᠠᠨ  ᠪᠠᠳᠤᠳᠬᠠᠨ᠎ᠠ᠃ ᠨᠡᠶᠢᠬᠡᠮ ᠤᠨ ᠦᠨᠡᠨᠴᠢ ᠢᠳᠡᠭᠡᠮᠵᠢ ᠶᠢᠨ  ᠲᠤᠭᠳᠠᠯᠴᠠᠭ᠎ᠠ ᠶᠢᠨ  ᠪᠠᠶᠢᠭᠤᠯᠤᠯᠳᠠ ᠶᠢ  ᠴᠢᠩᠭᠠᠳᠬᠠᠵᠦ᠂  ᠠᠷᠠᠳ ᠤᠨ  ᠵᠢᠭᠡᠯᠡᠯᠭᠡ ᠶᠢ  ᠲᠡᠭᠡᠳᠦ ᠬᠡᠮᠵᠢᠶ᠎ᠡ  ᠪᠠᠷ  ᠴᠢᠬᠤᠯᠠᠴᠢᠯᠠᠵᠦ  ᠂ ᠬᠡᠷᠡᠭ ᠲᠤ ᠬᠤᠯᠪᠤᠭᠳᠠᠭᠰᠠᠨ ᠡᠳ᠋  ᠬᠤᠭᠰᠢᠯ ᠢ ᠲᠦᠷᠭᠡᠨ ᠰᠢᠢᠳᠪᠦᠷᠢᠯᠡᠵᠦ᠂ ᠵᠣᠭᠤᠰ ᠪᠠᠶᠢᠭᠠᠳ ᠲᠦᠯᠦᠬᠦ ᠦᠬᠡᠢ ᠮᠠᠭᠤ ᠰᠠᠨᠠᠭ᠎ᠠ ᠪᠠᠷ ᠥᠷᠢ ᠠᠴᠠ ᠵᠠᠶᠢᠯᠠᠬᠤ ᠵᠡᠷᠭᠡ ︽ ᠬᠠᠷ᠎ᠠ ᠬᠤᠤᠷᠳᠠᠢ︾  ᠦᠢᠯᠡ ᠠᠵᠢᠯᠯᠠᠭ᠎ᠠ ᠳᠤ ᠬᠦᠨᠳᠦ ᠴᠣᠬᠢᠯᠲᠠ ᠦᠭᠬᠦᠨ᠎ᠡ᠃  ᠨᠠᠮ ᠤᠨ ᠦᠨᠳᠦᠰᠦᠳᠡᠨ ᠤ ᠱᠠᠰᠢᠨ ᠰᠤᠷᠳᠠᠬᠤᠨ ᠤ ᠲᠦᠷᠥ ᠶᠢᠨ ᠪᠣᠳᠣᠯᠭ᠎ᠠ ᠶᠢ ᠪᠦᠬᠦ ᠲᠠᠯ᠎ᠠ ᠪᠠᠷ ᠨᠠᠶᠢᠳᠠᠪᠦᠷᠢᠵᠢᠭᠤᠯᠵᠤ᠂ ᠪᠦᠬᠦ ᠤᠯᠤᠰ ᠤᠨ ︽ᠦᠨᠳᠦᠰᠦᠳᠡᠨ ᠤ ᠪᠦᠯᠬᠦᠮᠳᠡᠯ ᠲᠠᠪᠰᠢᠯᠳᠡ ᠶᠢ ᠡᠬᠦᠳᠦᠨ ᠪᠠᠶᠢᠭᠤᠯᠬᠤ ᠠᠵᠢᠯᠯᠠᠭ᠎ᠠ ᠶᠢᠨ ᠵᠢᠱᠢᠶᠡᠴᠢ ᠬᠤᠰᠢᠭᠤ︾᠎ ᠶᠢ ᠡᠬᠦᠳᠦᠨ ᠪᠠᠶᠢᠭᠤᠯᠤᠨ᠎ᠠ᠃ ᠨᠡᠶᠢᠬᠡᠮ ᠤᠨ ᠵᠠᠰᠠᠨ ᠴᠡᠭᠴᠡᠯᠡᠯᠳᠡ ᠶᠢᠨ ᠬᠦᠷᠢᠶ᠎ᠡ ᠬᠡᠪᠴᠢᠶᠡᠨ ᠳᠠᠬᠢ ᠡᠷᠬᠡ ᠶᠢᠨ ᠨᠠᠷᠢᠨ ᠳᠠᠩᠰᠠ ᠶᠢᠨ ᠳᠦᠷᠢᠮ ᠢ ᠪᠠᠶᠢᠭᠤᠯᠤᠨ ᠪᠦᠷᠢᠨᠰᠢᠭᠦᠯᠵᠤ᠂ ᠭᠤᠣᠯ ᠬᠠᠮᠢᠶᠠᠷᠤᠯᠳᠠ ᠶᠢᠨ ᠪᠠᠶᠢᠭᠤᠯᠭ᠎ᠠ ᠶᠢᠨ ᠡᠷᠬᠡ ᠲᠤᠰᠢᠶᠠᠯ ᠢ ᠴᠢᠩᠭᠠᠳᠬᠠᠨ᠂ ︽ᠶᠡᠭᠡ ᠠᠶᠤᠯᠭᠦᠢ ᠶᠢᠨ ᠬᠢᠨᠠᠨ ᠬᠠᠮᠢᠶᠠᠷᠤᠯᠳᠠ︾ ︽ᠶᠡᠭᠡ ᠠᠵᠤ ᠠᠬᠤᠢ ᠰᠤᠷᠠᠭ ᠵᠠᠩᠭᠢᠴᠢᠯᠠᠯᠳᠠ︾ ︽ᠶᠡᠭᠡ ᠬᠤᠲᠠ ᠶᠢᠨ ᠬᠠᠮᠢᠶᠠᠷᠤᠯᠳᠠ︾᠎ ᠶᠢᠨ ᠬᠠᠮᠢᠶᠠᠷᠤᠯᠳᠠ ᠶᠢᠨ ᠪᠦᠳᠦᠴᠡ ᠮᠠᠶ᠋ᠢᠭ ᠢ ᠪᠦᠳᠦᠭᠡᠨ ᠪᠠᠶᠢᠭᠤᠯᠤᠨ᠎ᠠ᠃ ︽ᠨᠠᠮ ᠵᠠᠰᠠᠭ ᠬᠠᠷᠢᠭᠤᠴᠠᠯᠭ᠎ᠠ ᠨᠢᠭᠡ᠂  ᠨᠢᠭᠡ ᠪᠠᠶᠢᠷᠢ ᠬᠤᠣᠰ ᠬᠠᠷᠢᠭᠤᠴᠠᠯᠭ᠎ᠠ ᠂ ᠴᠤᠭ ᠢᠶᠠᠷ ᠠᠳᠬᠤᠵᠤ ᠬᠠᠮᠳᠤ ᠪᠠᠷ ᠬᠠᠮᠢᠶᠠᠷᠬᠤ᠂ ᠬᠠᠷᠢᠭᠤᠴᠠᠯᠭ᠎ᠠ ᠪᠠᠨ ᠠᠯᠳᠠᠪᠠᠯ ᠬᠠᠷᠢᠭᠤᠴᠠᠯᠭ᠎ᠠ ᠨᠡᠬᠡᠮᠵᠢᠯᠡᠬᠦ︾ ᠠᠶᠦᠯᠬᠦᠢ ᠦᠢᠯᠡᠳᠪᠦᠷᠢᠯᠡᠯ ᠤᠨ ᠬᠠᠷᠢᠭᠤᠴᠠᠯᠭ᠎ᠠ ᠤᠨ ᠳᠦᠷᠢᠮ ᠢ ᠴᠢᠩᠭ᠎ᠠ ᠨᠠᠶᠢᠳᠠᠪᠦᠷᠢᠵᠢᠭᠤᠯᠵᠦ᠂ ᠠᠵᠤ ᠠᠬᠤᠶᠢᠯᠠᠯ ᠤᠨ ᠭᠤᠣᠯ ᠴᠣᠭᠴᠠ ᠶᠢᠨ ᠬᠠᠷᠢᠭᠤᠴᠠᠯᠭ᠎ᠠ ᠶᠢ ᠲᠤᠪᠤᠶᠢᠯᠠᠭᠠᠨ ᠨᠠᠶᠢᠳᠠᠪᠦᠷᠢᠵᠢᠭᠤᠯᠵᠦ᠂ ᠬᠠᠤᠯᠢ ᠶᠢ ᠵᠦᠷᠢᠴᠡᠭᠰᠡᠨ  ᠦᠢᠯᠡ ᠠᠵᠢᠯᠯᠠᠭ᠎ᠠ ᠶᠢ  ᠴᠢᠩᠭ᠎ᠠ ᠰᠢᠳᠭᠡᠬᠦ ᠪᠠᠷ ᠲᠠᠮᠵᠢᠭᠤᠯᠤᠨ᠂  ᠠᠵᠤ ᠠᠬᠤᠶᠢᠯᠠᠯ ᠢ ︽ᠭᠡᠨᠡᠳᠡᠯ ᠭᠠᠷᠬᠤ ᠠᠴᠠ ᠵᠢᠷᠦᠬᠡᠰᠢᠶᠡᠬᠦ᠂ ᠭᠡᠨᠡᠳᠡᠯ ᠭᠠᠷᠭᠠᠬᠤ ᠵᠣᠷᠢᠭ ᠬᠦᠷᠬᠦ ᠦᠬᠡᠢ︾  ᠪᠣᠯᠭᠠᠵᠤ᠂  ᠠᠶᠦᠯᠬᠦᠢ ᠦᠢᠯᠡᠳᠪᠦᠷᠢᠯᠡᠯ ᠤᠨ ᠪᠠᠶᠢᠳᠠᠯ ᠢ ᠦᠷᠬᠦᠯᠵᠢᠯᠡᠨ ᠰᠠᠶᠢᠨ ᠲᠡᠰᠢ ᠠᠬᠢᠭᠤᠯᠤᠨ᠎ᠠ᠃ ᠲᠠᠷᠢᠶᠠᠴᠢᠨ ᠬᠦᠴᠦ ᠶᠠᠪᠤᠭᠰᠠᠳ ᠤᠨ ᠴᠠᠯᠢᠩ ᠢ ᠰᠣᠯᠢᠵᠤ ᠦᠭᠬᠦ ᠤᠷᠳᠤ ᠬᠤᠭᠤᠴᠠᠭ᠎ᠠ  ᠬᠦᠴᠦᠨ ᠲᠠᠢ ᠵᠤᠬᠢᠴᠠᠮᠵᠢ ᠶᠢ ᠲᠡᠬᠦᠯᠳᠡᠷᠵᠢᠬᠦᠯᠵᠦ᠂ ᠲᠠᠷᠢᠶᠠᠴᠢᠨ ᠬᠦᠴᠦ ᠶᠠᠪᠤᠭᠰᠠᠳ ᠤᠨ ᠬᠠᠤᠯᠢ ᠶᠣᠰᠤᠨ ᠤ ᠡᠷᠬᠡ ᠠᠰᠢᠭ ᠢ ᠦᠨᠡᠨᠬᠦ ᠬᠠᠮᠠᠭᠠᠯᠠᠨ᠎ᠠ᠃  ᠬᠠᠷ᠎ᠠ ᠪᠦᠯᠦᠭᠳᠡᠨ  ᠬᠠᠷᠬᠢᠰ ᠬᠦᠴᠦᠨ ᠢ ᠠᠷᠢᠯᠭᠠᠬᠤ ᠲᠤᠰᠬᠠᠢ ᠲᠦᠷᠦᠯ ᠤᠨ ᠠᠵᠢᠯᠯᠠᠭ᠎ᠠ ᠶᠢ ᠦᠷᠨᠢᠬᠦᠯᠵᠦ᠂  ᠡᠯ᠎ᠡ ᠲᠦᠷᠦᠯ ᠤᠨ ᠬᠠᠤᠯᠢ ᠠᠴᠠ ᠵᠦᠷᠢᠴᠡᠭᠰᠡᠨ ᠶᠠᠯᠠᠳᠦ ᠠᠵᠢᠯᠯᠠᠭ᠎ᠠ ᠳᠤ  ᠴᠢᠩᠭ᠎ᠠ ᠲᠠᠷᠤᠩᠭᠤᠶᠢᠯᠠᠯ ᠢ ᠠᠪᠴᠤ  ᠂ ᠠᠷᠠᠳ ᠲᠦᠮᠡᠨ ᠤ ᠠᠮᠢ  ᠨᠠᠰᠤ ᠡᠳ᠋ ᠬᠤᠭᠰᠢᠯ ᠤᠨ ᠠᠮᠤᠷ ᠲᠦᠪᠰᠢᠨ ᠢ ᠦᠨᠡᠨᠬᠦ ᠪᠠᠳᠤᠯᠠᠵᠦ᠂ ᠪᠦᠬᠦ ᠤᠯᠤᠰ ᠤᠨ ︽ ᠬᠠᠮᠤᠭ ᠤᠨ ᠠᠮᠤᠷ ᠲᠦᠪᠰᠢᠨ ᠬᠤᠳᠠ︾᠎ ᠶᠢ  ᠡᠭᠦᠳᠦᠨ᠎ᠡ᠃      ᠲᠦᠯᠦᠭᠡᠯᠡᠭᠴᠢᠳ ᠡ︕ ᠠᠷᠠᠳ ᠤᠨ  ᠬᠦᠰᠡᠯ ᠪᠣᠯ ᠲᠠᠷᠤᠢ ᠵᠠᠰᠠᠭ ᠶᠠᠪᠤᠭᠤᠯᠬᠤ  ᠬᠠᠨᠳᠤᠰᠢ ᠶᠤᠮ᠃ ᠡᠨᠡ ᠵᠢᠯ ᠪᠢᠳᠠ ᠬᠢᠵᠠᠭᠠᠷ ᠲᠠᠢ ᠡᠳ᠋ ᠤᠨ ᠬᠦᠴᠦ ᠪᠠᠨ ᠲᠦᠪᠯᠡᠷᠡᠬᠦᠯᠵᠦ ᠪᠠᠶᠢᠭᠠᠳ ᠤᠯᠠᠨ ᠲᠦᠮᠡᠨ ᠤ ᠬᠠᠮᠤᠭ ᠤᠨ  ᠬᠠᠯᠠᠮᠵᠢᠯᠠᠵᠤ ᠪᠠᠶᠢᠭ᠎ᠠ ᠲᠤᠪᠣᠶᠢᠮ᠎ᠠ ᠠᠰᠠᠭᠤᠳᠠᠯ ᠠᠴᠠ ᠭᠠᠷᠳᠠᠵᠦ᠂  8 ᠲᠠᠯ᠎ᠠ ᠶᠢᠨ ᠠᠷᠠᠳ ᠲᠤ ᠠᠰᠢᠭ ᠬᠦᠷᠳᠡᠭᠡᠬᠦ ᠪᠤᠳᠠᠳᠠᠢ ᠠᠵᠢᠯ ᠢ ᠬᠦᠴᠦ ᠪᠠᠨ ᠲᠦᠪᠯᠡᠷᠡᠬᠦᠯᠦᠨ ᠰᠠᠶᠢᠳᠤᠷ  ᠬᠢᠬᠦ ᠪᠠᠷ ᠪᠠᠶᠢᠨ᠎ᠠ᠃      ᠨᠢᠭᠡ ᠪᠣᠯ ᠰᠤᠷᠭᠠᠭᠤᠯᠢ ᠳᠤ ᠰᠠᠭᠤᠬᠤ  ᠰᠤᠷᠤᠭᠴᠢ ᠶᠢᠨ ︽ᠠᠩᠭᠢ ᠶᠢᠨ ᠪᠠᠭᠳᠠᠭᠠᠮᠵᠢ ᠶᠢᠨ ᠲᠤᠭ᠎ᠠ  ᠎ ᠨᠢ ᠭᠡᠳᠦᠷᠡᠵᠤ ᠪᠠᠶᠢᠬᠤ︾ ᠠᠰᠠᠭᠤᠳᠠᠯ ᠢ ᠬᠦᠴᠦ ᠲᠠᠯᠪᠢᠨ ᠰᠢᠢᠳᠪᠦᠷᠢᠯᠡᠵᠦ᠂  ᠮᠣᠩᠭᠤᠯ ᠲᠤᠮᠳᠠᠳᠤ ᠰᠤᠷᠭᠠᠭᠤᠯᠢ᠂  ᠬᠤᠲᠠ ᠶᠢᠨ ᠨᠢᠭᠡᠳᠦᠬᠡᠷ ᠲᠤᠮᠳᠠᠳᠤ ᠰᠤᠷᠭᠠᠭᠤᠯᠢ ᠶᠢᠨ ᠬᠤᠪᠢᠶᠠᠷᠢ ᠰᠤᠷᠭᠠᠭᠤᠯᠢ ᠵᠡᠷᠭᠡ 13 ᠰᠤᠷᠭᠠᠭᠤᠯᠢ ᠶᠢ ᠰᠢᠨ᠎ᠡ ᠪᠠᠷ  ᠪᠠ ᠦᠷᠭᠡᠳᠭᠡᠨ ᠪᠠᠶᠢᠭᠤᠯᠵᠦ᠂  ᠲᠠᠪᠤᠳᠤᠭᠠᠷ ᠲᠤᠮᠳᠠᠳᠤ ᠰᠤᠷᠭᠠᠭᠤᠯᠢ᠂  ᠨᠠᠢᠮᠠᠳᠤᠭᠠᠷ ᠪᠠᠭ᠎ᠠ ᠰᠤᠷᠭᠠᠭᠤᠯᠢ᠂ ᠡᠵᠡᠨ ᠬᠤᠷᠤᠭ᠎ᠠ  ᠮᠣᠩᠭᠤᠯ ᠪᠠᠭ᠎ᠠ ᠰᠤᠷᠭᠠᠭᠤᠯᠢ ᠶᠢᠨ  ᠶᠡᠷᠦᠩᠬᠡᠶᠢᠯᠡᠭᠰᠡᠨ ᠵᠢᠭᠠᠨ ᠰᠤᠷᠭᠠᠭᠬᠤ ᠠᠰᠠᠷ ᠢ ᠠᠰᠢᠭᠯᠠᠯᠳᠠ ᠳᠤ  ᠤᠷᠤᠭᠤᠯᠬᠤ ᠶᠢ ᠪᠠᠳᠤᠯᠠᠵᠦ᠂  ᠰᠤᠷᠤᠭᠴᠢ ᠶᠢᠨ ᠰᠠᠭᠤᠳᠠᠯ ᠢ 1710 ᠰᠠᠭᠤᠳᠠᠯ ᠰᠢᠨ᠎ᠡ ᠪᠠᠷ ᠨᠡᠮᠡᠨ᠎ᠡ᠃      ᠬᠤᠶᠠᠷ ᠪᠣᠯ ᠣᠨᠴᠠ ᠬᠦᠴᠢᠷ ᠲᠠᠢ ᠤᠯᠠᠨ ᠲᠦᠮᠡᠨ ᠤ ᠨᠡᠶᠢᠬᠡᠮ ᠤᠨ ᠪᠠᠳᠤᠯᠠᠭ᠎ᠠ ᠶᠢᠨ  ᠬᠢᠷᠢ ᠲᠦᠪᠰᠢᠨ ᠢ ᠬᠦᠴᠦ ᠲᠠᠯᠪᠢᠨ ᠲᠡᠭᠡᠭᠰᠢᠯᠡᠬᠦᠯᠵᠦ᠂ ᠮᠠᠯᠴᠢᠨ  ᠲᠠᠷᠢᠶᠠᠴᠢᠳ ᠤᠨ ᠨᠠᠰᠦᠵᠢᠯ ᠤᠨ ᠲᠠᠭᠠᠳᠬᠠᠯ ᠤᠨ ᠦᠨᠳᠦᠰᠦᠨ ᠨᠠᠰᠤᠵᠢᠯ ᠤᠨ  ᠮᠦᠩᠬᠦ ᠶᠢ ᠬᠦᠮᠦᠨ ᠪᠦᠷᠢ ᠰᠠᠷ᠎ᠠ ᠳᠤ50 ᠲᠦᠬᠦᠷᠢᠭ  ᠲᠡᠭᠡᠭᠰᠢᠯᠡᠬᠦᠯᠦᠨ᠎ᠡ᠃ ᠬᠤᠳᠠ ᠬᠦᠳᠡᠭᠡ ᠶᠢᠨ  ᠰᠠᠭᠤᠭᠠᠯᠢ ᠠᠷᠠᠳ ᠤᠨ ᠦᠨᠳᠦᠰᠦᠨ ᠡᠮ ᠡᠮᠨᠡᠯᠭᠡ ᠶᠢᠨ  ᠲᠠᠭᠠᠳᠭᠠᠯ ᠤᠨ ᠬᠤᠪᠢ ᠬᠦᠮᠦᠨ ᠤ ᠪᠡᠯᠡᠳᠭᠡᠬᠦ70  ᠲᠦᠬᠦᠷᠢᠭ ᠢ ᠣᠷᠣᠯᠠᠨ ᠲᠣᠰᠢᠶᠠᠨ᠎ᠠ᠃2016 ᠣᠨ ᠠᠴᠠ  ᠨᠠᠰᠢ ᠲᠠᠩᠰᠠ ᠪᠠᠶᠢᠭᠤᠯᠵᠦ ᠺᠠᠷᠲ  ᠤᠯᠭᠤᠭᠰᠠᠨ ᠶᠠᠳᠠᠭᠤ  ᠬᠦᠴᠢᠷ ᠲᠠᠢ ᠬᠦᠮᠦᠨ ᠠᠮᠠ ᠶᠢᠨ 6415  ᠬᠦᠮᠦᠨ ᠳᠤ ᠶᠠᠳᠠᠭᠤ ᠶᠢ ᠲᠡᠳᠬᠦᠬᠦ ᠡᠷᠡᠬᠦᠯᠵᠢᠯ ᠤᠨ ᠲᠠᠭᠠᠳᠬᠠᠯ ᠢ ᠠᠪᠴᠤ ᠦᠭᠬᠦᠨ᠎ᠡ᠃ ᠬᠦᠳᠡᠭᠡ ᠲᠤᠰᠬᠤᠨ ᠮᠠᠯᠵᠢᠬᠤ ᠣᠷᠣᠨ ᠤ  ᠨᠠᠭᠠᠳᠦ ᠵᠠᠬ᠎ᠠ ᠶᠢᠨ ᠪᠠᠳᠤᠯᠠᠭ᠎ᠠ ᠶᠢᠨ ᠪᠠᠷᠢᠮᠵᠢᠶ᠎ᠠ ᠶᠢ  ᠬᠦᠮᠦᠨ ᠪᠦᠬᠦᠨ ᠰᠠᠷ᠎ᠠ ᠪᠦᠷᠢ 33 ᠲᠦᠬᠦᠷᠢᠭ ᠨᠡᠮᠡᠵᠦ᠂ ᠲᠠᠪᠤᠨ ᠪᠠᠳᠤᠯᠠᠭᠠᠳᠤ ᠬᠦᠮᠦᠰ ᠢ ᠲᠦᠪᠯᠡᠷᠡᠬᠦᠯᠬᠦ ᠪᠠ ᠲᠠᠷᠬᠠᠭᠠᠨ ᠠᠰᠠᠷᠠᠬᠤ ᠪᠠᠷᠢᠮᠵᠢᠶ᠎ᠠ ᠶᠢ ᠲᠤᠰᠪᠦᠷᠢ1000 ᠲᠦᠬᠦᠷᠢᠭ ᠪᠠ 508  ᠲᠦᠬᠦᠷᠢᠭ ᠪᠣᠯᠭᠠᠨ ᠲᠡᠭᠡᠭᠰᠢᠯᠡᠬᠦᠯᠦᠨ᠎ᠡ᠃      ᠭᠤᠷᠪᠠ ᠪᠣᠯ ᠠᠷᠠᠳ ᠲᠦᠮᠡᠨ ᠤ ᠠᠮᠢᠳᠤᠷᠠᠯ ᠤᠨ ᠴᠢᠨᠠᠷ ᠴᠢᠨᠰᠠᠭ᠎ᠠ ᠶᠢ ᠨᠦᠯᠦᠬᠡᠯᠡᠵᠦ ᠪᠠᠶᠢᠭ᠎ᠠ ᠬᠦᠷᠦᠯᠴᠡᠬᠦ ᠦᠬᠡᠢ ᠲᠠᠯ᠎ᠠ ᠶᠢ ᠬᠦᠴᠦ ᠲᠠᠯᠪᠢᠨ ᠨᠦᠬᠦᠪᠦᠷᠢᠯᠡᠵᠦ᠂ ︽ᠵᠤᠷᠯᠤᠩ ᠤᠨ ᠬᠤᠪᠢᠰᠬᠠᠯ︾᠎ ᠎ ᠤᠨ ᠭᠤᠷᠪᠠᠨ ᠵᠢᠯ ᠤᠨ ᠠᠵᠢᠯᠯᠠᠭᠠᠨ ᠤ  ᠲᠦᠯᠦᠪᠯᠡᠭᠡ  ᠶᠢ ᠡᠬᠢᠯᠡᠬᠦᠯᠦᠨ ᠬᠡᠷᠡᠭᠵᠢᠬᠦᠯᠵᠦ᠂ ᠵᠢᠯ ᠤᠨ ᠲᠣᠳᠤᠷ᠎ᠠ  ᠲᠥᠪ  ᠬᠤᠲᠠ ᠲᠤᠭᠤᠷᠢᠭ᠂  ᠡᠯ᠎ᠡ ᠪᠠᠯᠭᠠᠰᠤᠨ ᠤ ᠪᠠᠯᠭᠠᠰᠤᠨ ᠲᠣᠭᠤᠷᠢᠭ ᠪᠣᠯᠣᠨ ᠦᠵᠡᠮᠵᠢ ᠶᠢᠨ ᠣᠷᠣᠨ  ᠦᠵᠡᠮᠵᠢ ᠶᠢᠨ ᠴᠢᠭ ᠲᠤ ᠤᠰᠤ ᠪᠠᠷ  ᠵᠠᠶᠢᠯᠠᠬᠤ ᠲᠤᠭᠳᠠᠮᠠᠯ ᠮᠠᠶ᠋ᠢᠭ ᠤᠨ 79 ᠵᠤᠷᠯᠤᠩ ᠢ ᠰᠢᠨ᠎ᠡ ᠪᠠᠷ ᠪᠠ ᠦᠭᠡᠷᠡᠴᠢᠯᠡᠨ ᠪᠠᠶᠢᠭᠤᠯᠵᠦ᠂ 30%᠎ ᠠᠴᠠ ᠲᠡᠭᠡᠭᠰᠢᠬᠢ ᠵᠤᠷᠯᠤᠩ ᠦᠬᠡᠢ ᠮᠠᠯᠴᠢᠨ ᠲᠠᠷᠢᠶᠠᠴᠢᠨ ᠡᠷᠦᠬᠡ ᠶᠢᠨ  ᠠᠷᠢᠭᠤᠨ ᠴᠡᠪᠡᠷ ᠵᠤᠷᠯᠤᠩ ᠤᠨ ᠪᠦᠳᠦᠭᠡᠨ ᠪᠠᠶᠢᠭᠤᠯᠤᠯᠳᠠ ᠶᠢᠨ  ᠡᠬᠦᠷᠭᠡ ᠶᠢ ᠪᠡᠶᠡᠯᠡᠬᠦᠯᠵᠦ᠂  ᠬᠦᠳᠡᠭᠡ ᠲᠣᠰᠬᠤᠨ ᠮᠠᠯᠵᠢᠬᠤ ᠣᠷᠣᠨ ᠤ ᠠᠷᠢᠭᠤᠨ ᠴᠡᠪᠡᠷ ᠤᠨ ᠵᠤᠷᠯᠤᠩ ᠤᠨ ᠪᠦᠷᠬᠦᠴᠡ ᠶᠢ 80 %᠎ ᠠᠴᠠ ᠲᠡᠭᠡᠭᠰᠢ ᠬᠦᠷᠭᠡᠨ᠎ᠡ᠃      ᠲᠥᠷᠪᠡ ᠪᠣᠯ ᠤᠯᠠᠨ ᠲᠦᠮᠡᠨ ᠤ ᠲᠤᠰᠬᠠᠯ ᠢᠶᠠᠷ ᠴᠢᠩᠭ᠎ᠠ  ᠭᠡᠷ ᠭᠠᠵᠠᠷ ᠬᠦᠷᠦᠩᠬᠡ ᠶᠢᠨ ᠬᠦᠷᠢᠶ᠎ᠡ  ᠴᠠᠷᠠᠭᠠᠨ ᠳᠠᠬᠢ ︽ᠦᠨᠡᠮᠯᠡᠯ  ᠬᠦᠢᠴᠡᠳᠬᠡᠬᠦ ᠳᠤ ᠬᠦᠴᠢᠷ᠂ ᠦᠨᠡᠮᠯᠡᠯ ᠬᠦᠢᠴᠡᠳᠬᠡᠬᠦ ᠳᠤ ᠣᠳᠠᠭᠠᠨ︾ ᠠᠰᠠᠭᠤᠳᠠᠯ ᠢ ᠬᠦᠴᠦ ᠲᠠᠯᠪᠢᠨ ᠰᠢᠢᠳᠪᠦᠷᠢᠯᠡᠵᠦ᠂ ᠤᠯᠠᠨ ᠪᠠᠶᠢᠭᠤᠯᠭ᠎ᠠ ᠬᠤᠯᠪᠤᠭᠠᠯᠠᠨ ᠬᠦᠳᠡᠯᠵᠦ᠂ ᠬᠡᠷ ᠭᠠᠵᠠᠷ ᠤᠨ ᠬᠦᠷᠦᠩᠬᠡ ᠶᠢᠨ ᠲᠦᠷᠦᠯ ᠵᠦᠢᠯ ᠢ ᠬᠢᠨᠠᠨ ᠵᠦᠪᠰᠢᠶᠡᠷᠡᠬᠦ ᠭᠠᠷ ᠬᠦᠢᠴᠡᠳᠬᠡᠯ ᠪᠦᠷᠢᠨ ᠪᠤᠰᠤ ᠵᠡᠷᠬᠡ ᠰᠢᠯᠳᠠᠭᠠᠨ ᠠᠴᠠ ᠪᠤᠢ ᠪᠤᠯᠭᠠᠭᠰᠠᠨ ᠦᠨᠡᠮᠯᠡᠯ ᠬᠦᠢᠴᠡᠳᠬᠡᠬᠦ ᠳᠤ ᠬᠦᠴᠢᠷ ᠠᠰᠠᠭᠤᠳᠠᠯ ᠢ ᠪᠦᠬᠦ ᠬᠦᠴᠦᠨ ᠢᠶᠠᠷ ᠢᠶᠠᠨ ᠰᠢᠢᠳᠪᠦᠷᠢᠯᠡᠵᠦ᠂ ᠤᠯᠠᠨ ᠲᠦᠮᠡᠨ ᠳᠤ ᠡᠷᠳᠡᠬᠡᠨ ᠬᠡᠷ ᠬᠦᠷᠦᠩᠬᠡ ᠶᠢᠨ ᠦᠨᠡᠮᠯᠡᠯ ᠢ ᠤᠯᠭᠤᠨ᠎ᠠ᠃      ᠲᠠᠪᠤ ᠪᠤᠯ ᠠᠵᠢᠯ ᠤᠯᠬᠤ ᠳᠤ ᠬᠦᠴᠢᠷ ᠪᠠᠶᠢᠭ᠎ᠠ ᠴᠤᠭᠴᠠ ᠳᠤ ᠬᠦᠢᠴᠡᠳ ᠠᠵᠢᠯ ᠤᠯᠭᠤᠬᠤ ᠪᠠᠳᠤᠯᠠᠭ᠎ᠠ ᠶᠢ ᠪᠠᠶᠡᠯᠡᠬᠦᠯᠬᠦ ᠪᠠᠷ ᠴᠢᠷᠮᠠᠶᠢᠵᠦ᠂ ᠠᠵᠢᠯ ᠤᠯᠭᠤᠬᠤ ᠦᠢᠯᠡᠴᠢᠯᠡᠭᠡ ᠶᠢᠨ ᠦᠨᠡᠨ ᠨᠡᠷ᠎ᠡ ᠶᠢᠨ ᠲᠦᠷᠢᠮ ᠤᠨ ᠬᠠᠮᠢᠶᠠᠷᠤᠯᠳᠠ ᠶᠢᠨ ᠲᠤᠭ᠎ᠠ ᠪᠠᠷᠢᠮᠳᠠ ᠶᠢᠨ ᠬᠦᠮᠦᠷᠬᠡ ᠶᠢ ᠪᠠᠶᠢᠭᠤᠯᠵᠤ᠂ ᠬᠤᠤᠰᠯᠠᠵᠤ ᠲᠡᠮᠵᠢᠬᠦ᠂ ᠠᠵᠢᠯ ᠤᠯᠭᠤᠯᠳᠠ ᠶᠢᠨ ᠪᠤᠯᠪᠠᠰᠤᠷᠠᠯ ᠬᠢᠬᠦ ᠵᠡᠷᠬᠡ ᠠᠷᠭ᠎ᠠ ᠬᠡᠮᠵᠢᠶ᠎ᠡ ᠪᠠᠷ ᠲᠠᠮᠵᠢᠭᠤᠯᠤᠨ ︽ᠲᠦᠴᠢ ᠲᠠᠪᠢᠨ ᠨᠠᠰᠤᠨ︾᠎ ᠤ ᠬᠦᠮᠦᠰ᠂ ᠲᠠᠩᠰᠠ ᠪᠠᠶᠢᠭᠤᠯᠵᠤ ᠺᠠᠷᠲ ᠎ ᠲᠤ ᠤᠷᠤᠭᠤᠯᠤᠭᠰᠠᠨ ᠶᠠᠳᠠᠭᠤ ᠬᠦᠴᠢᠷ  ᠎ ᠲᠠᠢ ᠡᠷᠦᠬᠡ᠂ ᠨᠠᠭᠠᠳᠤ ᠵᠠᠬ᠎ᠠ ᠶᠢᠨ ᠪᠠᠳᠤᠯᠠᠭ᠎ᠠ ᠶᠢᠨ ᠡᠷᠦᠬᠡ ᠶᠢᠨ ᠬᠡᠷ ᠪᠦᠯᠢ᠂ ᠵᠡᠮᠳᠡᠭᠴᠤᠳ ᠵᠡᠷᠬᠡ ᠬᠦᠴᠢᠷ ᠲᠠᠢ ᠴᠤᠭᠴᠠ ᠶᠢ ᠠᠵᠢᠯ ᠤᠯᠭᠤᠬᠤ ᠪᠠᠷ ᠲᠡᠳᠬᠦᠵᠦ᠂ ᠤᠷᠴᠢᠨ ᠲᠤᠭᠤᠷᠢᠨ ᠤ ᠡᠷᠡᠬᠦᠯ ᠬᠠᠮᠠᠭᠠᠯᠠᠯ᠂ ᠴᠡᠴᠡᠷᠯᠢᠭᠵᠢᠬᠦᠯᠬᠡ᠂ ᠬᠤᠳᠠ ᠶᠢᠨ ᠶᠠᠪᠤᠳᠠᠯ ᠵᠡᠷᠬᠡ ᠬᠦᠳᠡᠯᠮᠦᠷᠢ ᠦᠢᠯᠡᠴᠢᠯᠡᠭᠡ ᠶᠢᠨ ᠦᠢᠯᠡᠴᠢᠯᠡᠬᠡᠨ ᠤ ᠠᠵᠢᠯ ᠤᠨ ᠪᠠᠶᠢᠷᠢ ᠶᠢᠨ 60%᠎ ᠠᠴᠠ ᠲᠡᠬᠡᠭᠰᠢᠬᠢ ᠠᠵᠢᠯ ᠤᠨ ᠪᠠᠶᠢᠷᠢ ᠳᠤ ᠮᠠᠯᠴᠢᠨ ᠲᠠᠷᠢᠶᠠᠴᠢᠨ ᠢ ᠰᠢᠯᠵᠢᠬᠦᠯᠦᠨ ᠤᠷᠤᠭᠤᠯᠵᠤ ᠠᠵᠢᠯ ᠤᠯᠭᠤᠨ᠎ᠠ᠃      ᠵᠢᠷᠭᠤᠭ᠎ᠠ ᠪᠤᠯ ᠨᠤᠳᠤᠭ ᠤᠨ ᠢᠳᠡᠬᠡᠨ ᠤ ᠵᠦᠢᠯ ᠤᠨ ᠦᠢᠯᠡᠳᠪᠦᠷᠢᠯᠡᠯ ᠡᠵᠡᠩᠨᠡᠯᠳᠡ ᠶᠢ ᠵᠢᠷᠤᠮᠵᠢᠭᠤᠯᠵᠤ᠂ ᠨᠤᠳᠤᠭ ᠤᠨ ᠢᠳᠡᠬᠡᠨ ᠤ ᠵᠦᠢᠯ ᠢ ᠪᠤᠯᠪᠠᠰᠤᠷᠠᠭᠤᠯᠬᠤ᠂ ᠣᠯᠠᠨ ᠠᠷᠭ᠎ᠠ ᠵᠠᠮ ᠢᠶᠠᠷ  ᠪᠡᠯᠡ ᠮᠦᠩᠬᠦ ᠠᠷᠭᠠᠴᠠᠨ ᠣᠯᠵᠦ᠂ ᠨᠢᠬᠡ ᠬᠦᠷᠢᠶᠡᠯᠡᠩ ᠲᠤᠭᠤᠷᠢᠭ ᠢ ᠲᠦᠯᠦᠪᠵᠢᠬᠦᠯᠦᠨ ᠪᠦᠳᠦᠬᠡᠨ ᠪᠠᠶᠢᠭᠤᠯᠵᠤ᠂ ᠠᠯᠳᠠᠨᠰᠢᠷᠡᠭᠡᠳᠦ ᠪᠠᠯᠭᠠᠰᠤᠨ ᠤ ᠭᠠᠵᠠᠷ ᠤᠷᠤᠨ ᠳᠠᠬᠢ ᠢᠳᠡᠬᠡᠨ ᠤ ᠵᠦᠢᠯ ᠢ ᠪᠤᠯᠪᠠᠰᠤᠷᠠᠭᠤᠯᠬᠤ ᠵᠢᠵᠢᠭ ᠦᠢᠯᠡᠳᠬᠡᠯ ᠢ ᠬᠦᠷᠢᠶᠡᠯᠡᠩ ᠲᠤᠭᠤᠷᠢᠭ ᠲᠤ᠋‌ᠤᠷᠤᠭᠤᠯᠤᠨ ᠲᠦᠪᠯᠡᠷᠡᠬᠦᠯᠦᠨ ᠬᠠᠮᠢᠶᠠᠷᠴᠤ ᠠᠷᠠᠳ ᠤᠯᠠᠨ ᠤ ︽ᠬᠡᠯᠡᠨ ᠤ ᠦᠵᠦᠬᠦᠷ ᠤᠨ ᠠᠮᠦᠷ ᠲᠦᠪᠰᠢᠨ︾᠎ ᠢ ᠪᠠᠳᠤᠯᠠᠨ᠎ᠠ᠃      ᠲᠤᠯᠤᠭ᠎ᠠ ᠪᠤᠯ ᠠᠷᠠᠳ ᠲᠤ ᠲᠦᠬᠦᠮ ᠦᠵᠡᠬᠦᠯᠬᠦ ᠦᠢᠯᠡᠴᠢᠯᠡᠬᠡᠨ ᠤ ᠬᠢᠷᠢ ᠲᠦᠪᠰᠢᠨ ᠢ ᠴᠢᠷᠮᠠᠶᠢᠨ ᠲᠡᠬᠡᠭᠰᠢᠯᠡᠬᠦᠯᠵᠦ᠂ ᠠᠯᠳᠠᠨᠰᠢᠷᠡᠭᠡ ᠪᠠᠯᠭᠠᠰᠤᠨ ᠳᠤ 8 ᠨᠡᠶᠢᠬᠡᠮ ᠲᠤᠭᠤᠷᠢᠭ ᠢ ᠰᠢᠨ᠎ᠡ ᠪᠠᠷ ᠪᠠᠶᠢᠭᠤᠯᠵᠤ᠂ᠨᠡᠶᠢᠬᠡᠮ ᠲᠤᠭᠤᠷᠢᠭ ᠤᠨ ︽ᠰᠡᠳᠬᠢᠯ ᠢ ᠲᠤᠯᠠᠭᠠᠬᠤ ᠠᠵᠢᠯ︾᠎ ᠤᠨ ᠨᠡᠷ᠎ᠡ ᠲᠡᠮᠳᠡᠭ ᠤᠨ ᠦᠢᠯᠡᠴᠢᠯᠡᠭᠡ ᠶᠢ ᠪᠦᠬᠦᠨ ᠳᠤ ᠪᠦᠷᠬᠦᠬᠦ ᠶᠢ ᠪᠠᠶᠡᠯᠡᠬᠦᠯᠦᠨ᠎ᠡ᠃ ᠠᠯᠬᠤᠮ ᠬᠤᠪᠢᠶᠠᠨ ᠠᠬᠢᠭᠤᠯᠵᠤ᠂ ᠵᠢᠯ ᠲᠠᠷᠠᠭᠠᠯᠠᠨ ᠬᠡᠷᠡᠭᠵᠢᠬᠦᠯᠬᠦ ᠵᠠᠷᠴᠢᠮ ᠶᠤᠰᠤᠭᠠᠷ᠂ ᠪᠠᠯᠭᠠᠰᠤ ᠪᠤᠯᠭᠠᠨ ᠳᠤ ᠬᠦᠮᠦᠨ ᠠᠮᠠ ᠪᠠᠷ ᠬᠠᠷᠢᠴᠠᠩᠭᠤᠢ ᠲᠦᠪᠯᠡᠷᠡᠭᠰᠡᠨ ᠨᠢᠬᠡ ᠭᠠᠴᠠᠭ᠎ᠠ ᠲᠤᠰᠬᠤᠨ ᠢ ᠰᠤᠩᠭᠤᠵᠤ᠂ ᠯᠤᠩᠬᠤ ᠶᠢᠨ ᠵᠠᠪᠠ ᠲᠤᠰᠬᠤᠨ ᠤ ᠠᠷᠠᠳ ᠲᠤ ᠲᠦᠬᠦᠮ ᠦᠵᠡᠬᠦᠯᠬᠦ ᠦᠢᠯᠡᠴᠢᠯᠡᠭᠡ ᠶᠢ ᠤᠷᠤᠯᠠᠨ ᠬᠦᠢᠴᠡᠳᠬᠡᠭᠰᠡᠨ ᠬᠡᠪ ᠵᠠᠭᠪᠤᠷ ᠶᠢ ᠲᠡᠯᠬᠡᠷᠡᠬᠦᠯᠦᠨ᠎ᠡ᠃        ᠨᠠᠢᠮᠠ ᠪᠤᠯ ︽ᠠᠮᠤᠷ ᠠᠮᠤᠭᠤᠯᠠᠩ ᠡᠵᠡᠨ ᠬᠤᠷᠤᠭ᠎ᠠ︾᠎ ᠶᠢᠨ ᠪᠦᠳᠦᠬᠡᠨ ᠪᠠᠶᠢᠭᠤᠯᠤᠯᠳᠠ ᠶᠢ ᠬᠦᠨᠵᠡᠬᠡᠶᠢᠷᠡᠬᠦᠯᠵᠦ᠂ ᠤᠶᠤᠨᠴᠢᠯᠠᠭᠰᠠᠨ ᠲᠤᠳᠤᠭᠠᠳᠤ ᠶᠢ  ᠬᠠᠮᠠᠭᠠᠯᠠᠬᠤ᠂  ᠤᠶᠤᠨᠴᠢᠯᠠᠭᠰᠠᠨ ᠵᠠᠮ ᠬᠠᠷᠢᠯᠴᠠᠭ᠎ᠠ᠂ ᠤᠶᠤᠨᠴᠢᠯᠠᠭᠰᠠᠨ ᠬᠤᠲᠠ  ᠶᠢᠨ ᠬᠠᠮᠢᠶᠠᠷᠤᠯᠳᠠ ᠶᠢᠨ ᠤᠯᠠᠨ ᠨᠡᠶᠢᠲᠠ ᠶᠢᠨ ᠠᠮᠤᠷ ᠢ ᠰᠡᠷᠭᠡᠶᠢᠯᠡᠬᠦ ᠬᠠᠷᠠᠭᠠᠨ ᠲᠠᠪᠳᠠᠮᠵᠢ  ᠶᠢᠨ  ᠲᠣᠣᠷ ᠰᠦᠯᠵᠢᠶᠡᠨ ᠤ ᠬᠡᠷᠡᠭᠯᠡᠬᠡᠨ ᠤ ᠲᠦᠷᠦᠯ ᠵᠦᠢᠯ ᠢ  ᠲᠦᠯᠦᠪᠵᠢᠬᠦᠯᠦᠨ ᠬᠡᠷᠡᠭᠵᠢᠬᠦᠯᠵᠦ᠂  ᠬᠤᠳᠠ ᠬᠦᠳᠡᠭᠡ ᠶᠢᠨ ᠭᠤᠤᠯ ᠪᠣᠯᠬᠤ ᠵᠠᠮ᠂ ᠴᠤᠭᠯᠠᠭ᠎ᠠ ᠪᠠᠯᠭᠠᠰᠤ᠂ ᠵᠡᠬᠡᠯᠢ ᠲᠤᠭᠤᠷᠢᠭ ᠪᠣᠯᠣᠨ ᠣᠷᠣᠨ ᠰᠠᠭᠤᠴᠠ ᠶᠢᠨ  ᠲᠤᠭᠤᠷᠢᠭ᠂  ᠣᠯᠠᠨ ᠨᠡᠶᠢᠲᠡ ᠶᠢᠨ  ᠴᠤᠭᠯᠠᠷᠠᠬᠤ  ᠲᠠᠯᠠᠪᠤᠷ ᠵᠡᠷᠭᠡ ᠭᠤᠣᠯᠳᠠᠯᠭᠠᠳᠤ ᠬᠦᠷᠢᠶ᠎ᠡ ᠴᠠᠷᠠᠭ᠎ᠠ᠂  ᠭᠤᠣᠯ ᠪᠣᠯᠬᠤ ᠣᠷᠣᠨ ᠪᠠᠶᠢᠷᠢ ᠳᠤ  ᠮᠡᠷᠭᠡᠵᠢᠯ ᠤᠨ ᠰᠡᠷᠭᠡᠶᠢᠯᠡᠯᠳᠡ ᠶᠢ ᠪᠦᠬᠦᠨ ᠳᠤ ᠨᠢ ᠪᠦᠷᠬᠦᠬᠦᠯᠵᠦ᠂ ᠠᠷᠠᠳ ᠲᠦᠮᠡᠨ ᠤ  ᠠᠮᠤᠷ ᠲᠦᠪᠰᠢᠨ ᠲᠦᠷᠦᠭᠳᠡᠯ ᠢ ᠨᠡᠮᠡᠭᠳᠡᠬᠦᠯᠦᠨ᠎ᠠ᠃      ᠭᠤᠷᠪᠠ᠂  ᠠᠷᠠᠳ ᠲᠦᠮᠡᠨ ᠳᠤ ᠬᠠᠨᠤᠮᠵᠢᠳᠠᠢ ᠦᠢᠯᠡᠴᠢᠯᠡᠭᠡᠨ ᠤ ᠬᠡᠯᠪᠡᠷᠢ ᠶᠢᠨ ᠵᠠᠰᠠᠭ ᠤᠨ ᠣᠷᠳᠣᠨ ᠢ ᠪᠦᠳᠦᠭᠡᠨ ᠪᠠᠶᠢᠭᠤᠯᠤᠨ᠎ᠠ᠃      ︵ᠨᠢᠬᠡ︶ ᠵᠦᠪ ᠤᠨᠤᠪᠴᠢᠳᠠᠢ ᠤᠯᠤᠰ ᠲᠦᠷᠦ ᠶᠢᠨ ᠴᠢᠭᠯᠡᠯᠳᠡ ᠪᠠᠨ ᠪᠠᠳᠤ ᠪᠤᠯᠭᠠᠬᠤ᠃ ︽ᠲᠦᠷᠪᠡᠨ ᠦᠵᠡᠯ ᠤᠬᠠᠮᠰᠠᠷ︾᠎ ᠢ ᠪᠠᠳᠤ ᠱᠤᠭᠤᠵᠤ᠂《ᠳᠦᠷᠪᠡᠨ ᠢᠳᠡᠭᠡᠯ》᠎ ᠢᠶᠠᠨ ᠪᠠᠲᠤ ᠪᠤᠯᠭᠠᠨ᠂ ᠰᠢ ᠶᠢᠨ ᠫᠢᠩ ᠶᠡᠷᠦᠩᠬᠡᠢ ᠱᠦᠵᠢ ᠶᠢᠨ ᠭᠤᠣᠯᠯᠠᠭᠴᠢ ᠪᠡᠶᠢᠷᠢ ᠰᠠᠭᠤᠷᠡᠢ ᠶᠢ ᠡᠷᠡᠰ ᠬᠠᠮᠠᠭᠠᠯᠠᠵᠤ᠂ ᠨᠠᠮ ᠤᠨ ᠲᠦᠪ ᠬᠤᠷᠢᠶᠠᠨ ᠤ ᠡᠷᠬᠡ ᠰᠦᠷ ᠪᠣᠯᠣᠨ ᠲᠦᠪᠯᠡᠷᠡᠭᠦᠯᠦᠨ ᠨᠢᠭᠡᠳᠦᠯᠳᠠᠢ ᠤᠳᠤᠷᠢᠳᠬᠤ ᠶᠢ ᠬᠠᠮᠠᠭᠠᠯᠠᠨ᠎ᠠ᠃ ᠤᠯᠤᠰ ᠲᠦᠷᠤ ᠶᠢᠨ ᠶᠣᠰᠤ ᠳᠦᠷᠢᠮ ᠢ ᠴᠢᠩᠭ᠎ᠠ ᠰᠠᠬᠢᠵᠤ᠂ ᠳᠡᠭᠡᠷ᠎ᠡ ᠲᠦᠷᠤ ᠶᠢᠨ ᠪᠣᠳᠤᠯᠭ᠎ᠠ ᠪᠠᠶᠢᠬᠤ ᠳᠤ ᠳᠣᠣᠷ᠎ᠡ ᠬᠠᠷᠢᠭᠤᠴᠠᠬᠤ ᠠᠷᠭ᠎ᠠ ᠡᠷᠡᠰ ᠪᠠᠶᠢᠵᠤ ᠪᠣᠯᠬᠤ ᠦᠭᠡᠢ᠂ ᠳᠤᠷ᠎ᠠ ᠵᠣᠷᠢᠭ ᠢᠶᠠᠷ ᠢᠶᠠᠨ ᠰᠢᠨ᠎ᠡ ᠦᠭᠡ ᠵᠣᠬᠢᠶᠠᠵᠤ ᠰᠣᠬᠤᠷ ᠪᠠᠯᠠᠢ ᠪᠠᠷ ᠤᠷᠢᠶ᠎ᠠ  ᠬᠠᠰᠬᠢᠷᠠᠬᠤ ᠦᠭᠡᠢ᠂ ᠤᠯᠤᠰ ᠲᠦᠷᠤ  ᠎ ᠶᠢᠨ ᠵᠣᠭᠰᠣᠯᠳᠠ᠂ ᠤᠯᠤᠰ ᠲᠦᠷᠤ ᠶᠢᠨ ᠴᠢᠭᠯᠡᠯᠳᠡ᠂ ᠤᠯᠤᠰ ᠲᠥᠷᠦ ᠶᠢᠨ ᠵᠠᠷᠴᠢᠮ᠂ ᠤᠯᠤᠰ ᠲᠦᠷᠤ ᠶᠢᠨ ᠵᠠᠮ ᠳᠡᠭᠡᠷ᠎ᠡ ᠰᠢ ᠶᠢᠨ ᠫᠢᠩ ᠨᠦᠭᠦᠷ ᠢᠶᠠᠷ ᠭᠤᠣᠯ ᠪᠣᠯᠭᠠᠭᠰᠠᠨ ᠨᠠᠮ ᠤᠨ ᠲᠦᠪ ᠬᠤᠷᠢᠶ᠎ᠠ ᠲᠠᠢ ᠳᠡᠭᠡᠳᠦ ᠬᠡᠮᠵᠢᠶ᠎ᠡ ᠪᠠᠷ ᠨᠢᠭᠡᠳᠬᠡᠬᠦ ᠪᠠᠨ ᠢᠮᠠᠭᠳᠠ ᠪᠠᠷᠢᠮᠳᠠᠯᠠᠨ᠎ᠠ᠃ ᠵᠠᠰᠠᠭ ᠤᠨ ᠣᠷᠳᠣᠨ ᠤ ᠨᠠᠮ ᠤᠨ ᠳᠤᠭᠤᠶᠢᠯᠠᠩ ᠤᠨ ᠨᠠᠮ ᠢ ᠬᠠᠮᠢᠶᠠᠷᠴᠤ ᠨᠠᠮ ᠢ ᠵᠠᠰᠠᠬᠤ ᠬᠠᠷᠢᠭᠤᠴᠠᠯᠭ᠎ᠠ ᠶᠢ ᠰᠠᠶᠢᠳᠣᠷ ᠪᠡᠶᠡᠯᠡᠭᠦᠯᠵᠤ᠂《 ᠬᠤᠶᠠᠷ ᠢ ᠰᠤᠷᠤᠯᠴᠠᠨ ᠬᠢᠷᠢ ᠲᠡᠩᠴᠡᠭᠰᠡᠨ ᠨᠠᠮ ᠤᠨ ᠬᠡᠰᠢᠭᠦᠨ ᠪᠣᠯᠬᠤ》 ᠰᠤᠷᠤᠯᠴᠠᠯᠭ᠎ᠠ ᠬᠥᠮᠦᠵᠢᠯ ᠢ ᠬᠡᠪᠰᠢᠭᠦᠯᠬᠦ᠂ ᠳᠦᠷᠢᠮᠵᠢᠭᠦᠯᠬᠦ ᠶᠢ ᠠᠬᠢᠭᠤᠯᠵᠤ᠂《  ᠤᠭ ᠰᠠᠨᠠᠭ᠎ᠠ ᠪᠠᠨ ᠦᠯᠦ ᠮᠠᠷᠳᠠᠨ᠂ ᠡᠭᠦᠷᠭᠡ ᠬᠠᠷᠢᠭᠤᠴᠠᠯᠭ᠎ᠠ ᠪᠠᠨ ᠪᠠᠲᠤ  ᠴᠡᠭᠡᠵᠢᠯᠡᠬᠦ》 ᠭᠤᠣᠯ ᠰᠡᠳᠦᠪᠳᠤ ᠬᠦᠮᠦᠵᠢᠯ ᠢ ᠭᠦᠨᠵᠡᠭᠡᠢ ᠦᠷᠨᠢᠭᠦᠯᠦᠨ᠎ᠡ᠃ ᠲᠦᠪ ᠬᠤᠷᠢᠶ᠎ᠠ᠂ ᠦᠪᠡᠷᠳᠡᠭᠡᠨ ᠵᠠᠰᠠᠬᠤ ᠣᠷᠤᠨ᠂ ᠬᠤᠲᠠ ᠪᠣᠯᠣᠨ ᠨᠠᠮ ᠤᠨ ᠬᠤᠷᠢᠶᠠᠨ ᠤ ᠡᠯ᠎ᠡ ᠲᠦᠷᠦᠯ ᠤᠨ ᠰᠢᠢᠳᠪᠦᠷᠢᠲᠦ ᠪᠣᠳᠤᠯᠭ᠎ᠠ ᠶᠢᠨ ᠪᠠᠶᠢᠷᠢᠯᠠᠭᠤᠯᠤᠯᠳᠠ ᠶᠢ ᠡᠷᠡᠰ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠲᠣᠮᠤ ᠴᠢᠬᠤᠯᠠ ᠰᠢᠢᠳᠪᠦᠷᠢᠲᠦ ᠪᠣᠳᠤᠯᠭ᠎ᠠ ᠶᠢᠨ ᠡᠵᠡᠨ ᠬᠤᠷᠤᠭ᠎ᠠ ᠬᠤᠰᠢᠭᠤᠨ ᠳᠤ ᠦᠨᠳᠦᠰᠦ ᠬᠠᠳᠬᠤᠵᠤ᠂ ᠦᠷ᠎ᠡ ᠵᠢᠮᠢᠰ ᠰᠠᠭᠤᠬᠤ ᠶᠢ ᠦᠨᠡᠨᠬᠦ ᠪᠠᠲᠤᠯᠠᠨ᠎ᠠ᠃      ︵ᠬᠤᠶᠠᠷ︶ ᠬᠠᠤᠯᠢ ᠶᠣᠰᠤᠭᠠᠷ ᠡᠭᠦᠷᠭᠡ ᠪᠠᠨ ᠬᠦᠢᠴᠡᠳᠬᠡᠵᠤ ᠬᠠᠷᠢᠭᠤᠴᠠᠯᠭ᠎ᠠ ᠪᠠᠨ ᠪᠡᠶᠡᠯᠡᠭᠦᠯᠬᠦ ᠶᠢ ᠪᠠᠷᠢᠮᠳᠠᠯᠠᠬᠤ᠃ ᠬᠠᠤᠯᠢ ᠪᠠᠷ ᠳᠤᠭᠳᠠᠭᠠᠭᠰᠠᠨ ᠡᠷᠬᠡ ᠪᠠ ᠳᠠᠷᠠᠭᠠᠯᠠᠯ ᠢᠶᠠᠷ ᠵᠠᠰᠠᠭ ᠤᠨ ᠣᠷᠳᠣᠨ ᠤ ᠡᠷᠬᠡ ᠲᠤᠰᠢᠶᠠᠯ ᠢᠶᠠᠨ ᠴᠢᠩᠭ᠎ᠠ ᠬᠦᠢᠴᠡᠳᠬᠡᠵᠤ᠂ ᠬᠠᠤᠯᠢ ᠴᠠᠭᠠᠵᠠ ᠶᠢᠨ ᠵᠦᠪᠯᠡᠬᠦ ᠳᠦᠷᠢᠮ ᠢ ᠤᠯᠠᠮ ᠨᠢᠭᠡ ᠠᠯᠬᠤᠮ ᠪᠦᠷᠢᠨᠰᠢᠭᠦᠯᠵᠤ᠂ ᠵᠠᠰᠠᠭ ᠤᠨ ᠣᠷᠳᠣᠨ ᠤ ᠰᠢᠢᠳᠪᠦᠷᠢᠲᠦ ᠪᠣᠳᠤᠯᠭ᠎ᠠ᠂ ᠬᠦᠢᠴᠡᠳᠬᠡᠬᠦ᠂ ᠬᠢᠨᠠᠬᠤ ᠪᠦᠬᠦ ᠶᠠᠪᠤᠴᠠ ᠶᠢ ᠬᠠᠤᠯᠢ ᠪᠠᠷ ᠵᠠᠰᠠᠬᠤ ᠵᠠᠮ ᠳᠤ ᠣᠷᠤᠭᠤᠯᠤᠨ᠎ᠠ᠃《 ᠭᠤᠷᠪᠠᠨ ᠴᠢᠬᠤᠯᠠ ᠨᠢᠭᠡ ᠶᠡᠭᠡ》᠎ ᠶᠢᠨ ᠳᠦᠷᠢᠮ ᠢ ᠴᠢᠩᠭ᠎ᠠ ᠬᠡᠷᠡᠭᠵᠢᠭᠦᠯᠵᠦ᠂ ᠣᠯᠠᠨ ᠲᠦᠮᠡᠨ ᠣᠷᠤᠯᠴᠠᠬᠤ᠂ ᠲᠤᠰᠬᠠᠢ ᠮᠡᠷᠭᠡᠵᠢᠯᠳᠡᠨ ᠨᠣᠳᠠᠯᠠᠬᠤ᠂ ᠲᠦᠭᠰᠢᠭᠦᠷᠢ ᠶᠢ ᠦᠨᠡᠯᠡᠬᠦ᠂ ᠬᠠᠤᠯᠢ ᠶᠣᠰᠤᠨ ᠤ ᠴᠢᠨᠠᠷ ᠲᠠᠢ ᠬᠢᠨᠠᠨ ᠪᠠᠶᠢᠴᠠᠭᠠᠯᠳᠠ ᠪᠣᠯᠣᠨ ᠬᠠᠮᠳᠤ ᠪᠠᠷ ᠰᠢᠢᠳᠪᠦᠷᠢ ᠳᠣᠭᠳᠠᠭᠠᠬᠤ ᠵᠣᠬᠢᠴᠠᠮᠵᠢ ᠶᠢ ᠭᠦᠨᠵᠡᠭᠡᠶᠢᠷᠡᠭᠦᠯᠦᠨ ᠨᠠᠶᠢᠳᠠᠪᠤᠷᠢᠵᠢᠭᠤᠯᠵᠤ᠂ ᠵᠠᠰᠠᠭ ᠤᠨ ᠣᠷᠳᠣᠨ ᠤ ᠰᠢᠢᠳᠪᠦᠷᠢᠲᠦ ᠪᠣᠳᠤᠯᠭ᠎ᠠ ᠶᠢᠨ ᠰᠢᠨᠵᠢᠯᠡᠬᠦ ᠤᠬᠠᠭᠠᠨᠴᠢ ᠴᠢᠨᠠᠷ ᠪᠣᠯᠤᠨ ᠠᠷᠳᠴᠢᠯᠠᠯᠳᠤ ᠴᠢᠨᠠᠷ ᠢ ᠪᠦᠬᠦ ᠲᠠᠯ᠎ᠠ ᠪᠠᠷ ᠳᠡᠭᠡᠭᠰᠢᠯᠡᠭᠦᠯᠦᠨ᠎ᠡ᠃ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠵᠢᠴᠢ ᠪᠠᠶᠢᠩᠭᠤ ᠶᠢᠨ ᠬᠤᠷᠢᠶᠠᠨ ᠤ ᠰᠢᠢᠳᠪᠦᠷᠢ ᠳᠤᠭᠳᠠᠭᠠᠯ ᠢ ᠡᠷᠡᠰ ᠬᠡᠷᠡᠭᠵᠢᠭᠦᠯᠵᠦ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠠᠤᠯᠢ ᠴᠠᠭᠠᠵᠠ ᠶᠢᠨ ᠬᠢᠨᠠᠯᠳᠠ᠂ ᠤᠯᠤᠰ ᠲᠦᠷᠤ ᠶᠢᠨ ᠵᠦᠪᠡᠯᠡᠯᠭᠡᠨ ᠤ ᠠᠷᠠᠳᠴᠢᠯᠠᠭᠰᠠᠨ ᠬᠢᠨᠠᠯᠳᠠ ᠪᠣᠯᠤᠨ ᠨᠡᠶᠢᠬᠡᠮ ᠤᠨ ᠡᠯ᠎ᠡ  ᠡᠲᠡᠭᠡᠳ ᠤᠨ ᠬᠢᠨᠠᠯᠳᠠ ᠶᠢ ᠤᠬᠠᠮᠰᠠᠷ ᠠᠴᠠ ᠪᠠᠨ ᠬᠦᠯᠢᠶᠡᠵᠤ᠂ ᠠᠷᠠᠳ ᠣᠯᠠᠨ ᠤ ᠪᠠᠶᠢᠳᠠᠯ ᠢ ᠮᠡᠳᠡᠬᠦ ᠡᠷᠬᠡ ᠂ ᠣᠷᠤᠯᠴᠠᠬᠤ ᠡᠷᠬᠡ᠂ ᠬᠢᠨᠠᠯᠳᠠ ᠲᠠᠯᠪᠢᠬᠤ ᠡᠷᠬᠡ ᠶᠢ ᠪᠠᠳᠤᠯᠠᠨ᠎ᠠ᠃ ᠴᠢᠬᠤᠯᠠ ᠶᠡᠭᠡ ᠰᠢᠢᠳᠪᠦᠷᠢ ᠶᠢ ᠮᠦᠷᠳᠡᠨ ᠦᠨᠡᠯᠡᠬᠦ᠂ ᠨᠠᠰᠤᠨ ᠳᠤᠷᠰᠢᠳᠠ ᠬᠠᠷᠢᠭᠤᠴᠠᠯᠭ᠎ᠠ ᠨᠡᠬᠡᠮᠵᠢᠯᠡᠬᠦ ᠵᠢᠴᠢ ᠬᠠᠷᠢᠭᠤᠴᠠᠯᠭ᠎ᠠ ᠶᠢ ᠭᠡᠳᠡᠷᠭᠦ ᠪᠠᠶᠢᠴᠠᠭᠠᠬᠤ ᠵᠣᠬᠢᠴᠠᠮᠵᠢ ᠶᠢ ᠡᠷᠡᠰ ᠬᠡᠷᠡᠭᠵᠢᠭᠦᠯᠵᠦ᠂ ᠳᠦᠷᠢᠮ ᠢᠶᠠᠷ ᠡᠷᠬᠡ ᠶᠢ ᠬᠠᠮᠢᠶᠠᠷᠴᠤ᠂ ᠤᠴᠢᠷ ᠢ ᠬᠠᠮᠢᠶᠠᠷᠴᠤ  ᠂ ᠬᠦᠮᠦᠨ ᠢ ᠬᠠᠮᠢᠶᠠᠷᠤᠨ᠎ᠠ᠃      ︵ᠭᠤᠷᠪᠠ︶ ᠡᠷᠡᠰ ᠰᠢᠭᠤᠷᠬᠠᠢ ᠪᠠᠷ ᠣᠪᠤᠷ ᠰᠤᠷᠳᠠᠯ ᠢᠶᠠᠨ ᠬᠤᠪᠢᠷᠠᠭᠤᠯᠬᠤ᠃ ᠪᠣᠳᠠᠳᠤ ᠬᠡᠷᠡᠭ ᠢ ᠰᠡᠳᠦᠵᠤ᠂ ᠪᠣᠳᠠᠳᠤ ᠠᠷᠭ᠎ᠠ ᠠᠪᠴᠤ᠂ ᠪᠤᠳᠠᠳᠤ ᠠᠮᠵᠢᠯᠳᠠ ᠣᠯᠬᠤ ᠶᠢ ᠪᠠᠷᠢᠮᠳᠠᠯᠠᠵᠤ᠂ ᠪᠠᠶᠢᠴᠠᠭᠠᠨ ᠰᠤᠳᠤᠯᠤᠯᠳᠠ ᠶᠢ ᠤᠯᠠᠮ ᠨᠢᠭᠡ ᠠᠯᠬᠤᠮ ᠴᠢᠩᠭᠠᠳᠬᠠᠨ ᠰᠠᠶᠢᠵᠢᠷᠠᠭᠤᠯᠵᠤ᠂ ᠣᠯᠠᠨ ᠲᠦᠮᠡᠨ ᠤ ᠲᠤᠰᠬᠠᠯ ᠢᠶᠠᠷ ᠴᠢᠩᠭ᠎ᠠ ᠬᠡᠯᠡᠯᠴᠡᠭᠡᠨ ᠲᠠᠢ᠂  ᠲᠦᠪᠡᠭᠳᠡᠢ ᠠᠰᠠᠭᠤᠳᠠᠯ ᠢ ᠳᠣᠪᠤᠶᠢᠯᠭᠠᠨ ᠰᠢᠢᠳᠪᠦᠷᠢᠯᠡᠨ᠎ᠡ᠃ ᠬᠤᠷᠠᠯ ᠪᠣᠯᠤᠨ ᠪᠢᠴᠢᠭ ᠮᠠᠲ᠋ᠧᠷᠢᠶᠠᠯ ᠢ ᠶᠡᠭᠡ ᠪᠠᠷ ᠰᠢᠯᠢᠳᠡᠭᠵᠢᠭᠦᠯᠦᠨ ᠴᠣᠮᠠᠳᠬᠠᠵᠤ ᠡᠯ᠎ᠡ ᠵᠦᠢᠯ ᠤᠨ ᠪᠠᠶᠢᠴᠠᠭᠠᠯᠳᠠ ᠰᠢᠯᠭᠠᠷᠠᠭᠤᠯᠤᠯᠳᠠ ᠶᠢᠨ ᠠᠵᠢᠯᠯᠠᠭ᠎ᠠ ᠶᠢ ᠴᠢᠩᠭ᠎ᠠ ᠬᠢᠵᠠᠭᠠᠷᠯᠠᠵᠤ᠂ ᠬᠡᠯᠪᠡᠷᠢ ᠎ ᠶᠢᠨ ᠦᠵᠡᠯ ᠢ ᠪᠠᠷᠢᠮᠳᠠᠯᠠᠬᠤ ᠦᠭᠡᠢ ᠪᠠᠷ ᠨᠡᠩ ᠠᠷᠪᠢᠨ ᠴᠠᠭ ᠪᠤᠯᠤᠨ ᠬᠦᠴᠦ ᠪᠠᠨ ᠭᠠᠷᠭᠠᠵᠤ ᠨᠠᠶᠢᠳᠠᠪᠤᠷᠢᠵᠢᠭᠤᠯᠤᠯᠳᠠ ᠶᠢ ᠠᠳᠬᠤᠨ᠎ᠠ᠃ ᠵᠥᠪ ᠴᠢᠭᠯᠡᠯ ᠢᠶᠠᠷ ᠤᠷᠮᠠᠰᠢᠭᠤᠯᠬᠤ ᠪᠠ ᠠᠭᠤᠴᠢᠯᠠᠬᠤ ᠵᠠᠯᠠᠷᠠᠭᠤᠯᠬᠤ ᠵᠣᠬᠢᠴᠠᠮᠵᠢ ᠶᠢ ᠪᠦᠷᠢᠨᠰᠢᠭᠦᠯᠵᠤ᠂  ᠺᠠᠳ᠋ᠷᠴᠤᠳ ᠤᠨ  ᠦᠭᠡᠷᠡᠴᠢᠯᠡᠯᠳᠡ ᠬᠦᠭᠵᠢᠯᠳᠡ ᠶᠢ ᠲᠦᠯᠬᠢᠨ ᠠᠬᠢᠭᠤᠯᠬᠤ ᠶᠠᠪᠤᠴᠠ ᠳᠤ ᠲᠤᠷᠰᠢᠯᠭ᠎ᠠ ᠬᠦᠷᠦᠯᠴᠠᠬᠦ ᠦᠭᠡᠢ ᠠᠴᠠ ᠪᠣᠯᠵᠤ ᠭᠠᠷᠭᠠᠭᠰᠠᠨ ᠰᠠᠨᠠᠭᠠᠨ ᠳᠤ ᠦᠭᠡᠢ  ᠠᠯᠳᠠᠭ᠎ᠠ ᠶᠢ ᠵᠠᠷᠯᠢᠭ ᠴᠠᠭᠠᠵᠠ ᠶᠢ ᠳᠠᠭᠠᠬᠤ ᠦᠭᠡᠢ᠂ ᠮᠡᠳᠡᠵᠤ ᠪᠠᠶᠢᠭᠠᠳ ᠵᠣᠷᠢᠭᠤᠳᠠ ᠵᠦᠷᠴᠡᠬᠦ᠂ ᠡᠷᠬᠡ ᠪᠠᠨ ᠠᠰᠢᠭᠯᠠᠨ ᠠᠮᠢ ᠪᠠᠨ ᠪᠤᠷᠳᠤᠬᠤ ᠵᠡᠷᠭᠡ ᠰᠠᠬᠢᠯᠭ᠎ᠠ ᠪᠠᠲᠤ ᠶᠢ ᠵᠦᠷᠢᠴᠡᠵᠤ ᠬᠠᠤᠯᠢ ᠠᠴᠠ ᠵᠦᠷᠢᠴᠡᠭᠰᠡᠨ ᠦᠢᠯᠡ ᠠᠵᠢᠯᠯᠠᠭ᠎ᠠ ᠲᠠᠢ ᠢᠯᠭᠠᠨ ᠦᠵᠡᠵᠤ᠂ ᠲᠤᠭ ᠲᠡᠮᠳᠡᠭ ᠨᠢ ᠲᠣᠲᠤᠷᠬᠠᠢ ᠵᠣᠷᠢᠭᠳᠠᠢ ᠪᠠᠷ ᠬᠠᠷᠢᠭᠤᠴᠠᠵᠤ᠂ ᠯᠠᠪᠳᠠᠭᠤᠨ ᠲᠤᠭᠳᠠᠭᠤᠨ ᠠᠵᠢᠯ ᠬᠢᠳᠡᠭ  ᠺᠠᠳ᠋ᠷ ᠢ ᠵᠣᠷᠢᠭᠵᠢᠭᠤᠯᠤᠨ᠎ᠠ᠃ ᠬᠠᠷᠢᠭᠤᠴᠠᠯᠭ᠎ᠠ ᠶᠢᠨ ᠵᠣᠬᠢᠴᠠᠮᠵᠢ ᠪᠣᠯᠤᠨ ᠬᠢᠨᠠᠨ ᠪᠠᠶᠢᠴᠠᠭᠠᠬᠤ ᠵᠣᠬᠢᠴᠠᠮᠵᠢ ᠶᠢ ᠪᠦᠷᠢᠨᠰᠢᠭᠦᠯᠵᠤ᠂《 ᠡᠭᠦᠳᠡ ᠪᠠᠷ ᠨᠢ ᠣᠷᠤᠬᠤ  ᠳᠤ ᠠᠮᠠᠷᠬᠠᠨ᠂ ᠴᠢᠷᠠᠢ ᠨᠢ ᠰᠠᠶᠢᠬᠠᠨ᠂ ᠦᠭᠡ ᠨᠢ ᠰᠣᠨᠤᠰᠪᠤᠷᠢᠳᠠᠢ ᠴᠤ᠂ ᠤᠴᠢᠷ ᠪᠦᠳᠦᠭᠡᠵᠤ  ᠦᠭᠳᠡᠭ ᠦᠭᠡᠢ》 ᠦᠵᠡᠭᠳᠡᠯ ᠢ ᠡᠷᠡᠰ ᠵᠠᠰᠠᠨ᠎ᠠ᠃      ︵ᠳᠦᠷᠪᠡ︶  ᠵᠠᠰᠠᠭ ᠢ ᠴᠢᠩᠭ᠎ᠠ ᠵᠠᠰᠠᠬᠤ ᠠᠵᠢᠯ ᠢ ᠭᠦᠨᠵᠡᠭᠡᠢ ᠲᠦᠯᠬᠢᠨ ᠠᠬᠢᠭᠤᠯᠬᠤ᠃ ᠵᠠᠰᠠᠭ ᠤᠨ ᠣᠷᠳᠣᠨ ᠤ ᠰᠢᠰᠲ᠋ᠧᠮ ᠤᠨ ᠨᠠᠮ ᠢ ᠴᠢᠩᠭ᠎ᠠ ᠵᠠᠰᠠᠬᠤ ᠂ ᠵᠠᠰᠠᠭ ᠢ ᠴᠢᠩᠭ᠎ᠠ ᠵᠠᠰᠠᠬᠤ ᠭᠤᠣᠯ ᠴᠣᠭᠴᠠ ᠶᠢᠨ ᠬᠠᠷᠢᠭᠤᠴᠠᠯᠭ᠎ᠠ ᠪᠣᠯᠤᠨ ︽ᠨᠢᠭᠡ  ᠪᠠᠶᠢᠷᠢ ᠬᠤᠣᠰ ᠬᠠᠷᠢᠭᠤᠴᠠᠯᠭ᠎ᠠ  ︾᠎ ᠲᠠᠢ ᠬᠠᠷᠢᠭᠤᠴᠠᠯᠭ᠎ᠠ ᠶᠢᠨ ᠳᠦᠷᠢᠮ ᠢ ᠴᠢᠩᠭ᠎ᠠ ᠨᠠᠶᠢᠳᠠᠪᠤᠷᠢᠵᠢᠭᠤᠯᠤᠨ᠎ᠠ᠃ ᠠᠷᠠᠳ ᠤᠨ ᠠᠮᠢᠳᠤᠷᠠᠯ ᠤᠨ ᠪᠡᠯᠡ ᠮᠦᠩᠭᠦ᠂ ᠭᠤᠣᠯᠳᠠᠯᠭᠠᠲᠤ ᠬᠦᠷᠢᠶ᠎ᠡ  ᠴᠠᠷᠠᠭ᠎ᠠ᠂ ᠪᠡᠯᠡ ᠣᠷᠤᠭᠤᠯᠤᠯᠳᠠ ᠶᠢᠨ ᠲᠦᠷᠦᠯ ᠵᠦᠢᠯ ᠢ ᠬᠢᠨᠠᠨ ᠱᠠᠭᠠᠷᠳᠠᠬᠤ ᠡᠷᠴᠢᠮ ᠢ ᠴᠢᠩᠭᠠᠳᠬᠠᠵᠤ᠂ ᠪᠡᠯᠡ ᠮᠦᠩᠭᠦ ᠶᠢᠨ ᠠᠮᠤᠷ ᠲᠦᠪᠰᠢᠨ᠂ ᠲᠦᠷᠦᠯ ᠵᠦᠢᠯ ᠤᠨ ᠠᠮᠤᠷ ᠲᠦᠪᠰᠢᠨ ᠢ ᠪᠠᠳᠤᠯᠠᠨ᠎ᠠ᠃ ᠵᠠᠰᠠᠭ ᠤᠨ ᠣᠷᠳᠤᠨ ᠤ ᠰᠢᠰᠲ᠋ᠧᠮ ᠤᠨ ᠦᠵᠡᠯ ᠣᠬᠠᠮᠰᠠᠷ ᠤᠨ ᠬᠡᠯᠪᠡᠷᠢ ᠶᠢᠨ ᠠᠵᠢᠯ ᠤᠨ ᠬᠠᠷᠢᠭᠤᠴᠠᠯᠭ᠎ᠠ ᠶᠢᠨ ᠳᠦᠷᠢᠮ ᠢ ᠴᠢᠩᠭ᠎ᠠ ᠨᠠᠶᠢᠳᠠᠪᠤᠷᠢᠵᠢᠭᠤᠯᠤᠨ᠎ᠠ᠃ ᠵᠠᠰᠠᠭ ᠤᠨ ᠶᠠᠪᠤᠳᠠᠯ ᠢ ᠢᠯᠡ ᠪᠣᠯᠭᠠᠬᠤ  ᠠᠵᠢᠯ ᠢ ᠪᠦᠬᠦ ᠬᠦᠴᠦᠨ ᠢᠶᠠᠷ ᠢᠶᠠᠨ ᠲᠦᠯᠬᠢᠨ ᠠᠬᠢᠭᠤᠯᠵᠤ᠂  ᠢᠯᠡ ᠲᠤᠳᠤ ᠪᠠᠶᠢᠯᠭᠠᠬᠤ ᠶᠢ ᠵᠠᠰᠠᠭ ᠤᠨ ᠣᠷᠳᠤᠨ ᠤ ᠠᠵᠢᠯ ᠤᠨ ᠬᠡᠪ ᠤᠨ ᠪᠠᠶᠢᠳᠠᠯ ᠪᠣᠯᠭᠠᠨ᠎ᠠ᠃  ᠪᠦᠬᠦ ᠬᠦᠴᠦ ᠪᠠᠷ ᠬᠢᠨᠠᠨ ᠪᠠᠶᠢᠴᠠᠭᠠᠬᠤ ᠵᠦᠪᠯᠡᠯ ᠤᠨ ᠠᠵᠢᠯ ᠢ ᠳᠡᠮᠵᠢᠨ᠂ ᠢᠯᠵᠠᠷᠠᠮᠠᠯ ᠢ ᠡᠰᠡᠷᠭᠦᠴᠡᠬᠦ ᠶᠢ ᠦᠨᠢ ᠤᠳᠠᠭᠠᠨ ᠵᠠᠮ ᠳᠠᠬᠢ ᠲᠡᠰᠪᠦᠷᠢ ᠪᠠ ᠪᠠᠷᠢᠮᠳᠠᠯᠠᠯ ᠪᠣᠯᠭᠠᠵᠤ᠂ ᠢᠯᠵᠠᠷᠠᠬᠤ ᠠᠴᠠ ᠠᠶᠤᠬᠤ ᠰᠦᠷᠳᠡᠭᠦᠯᠬᠦ ᠦᠢᠯᠡᠳᠦᠯ ᠢ ᠴᠢᠩᠭᠠᠳᠬᠠᠵᠤ᠂ ᠢᠯᠵᠠᠷᠠᠵᠤ ᠪᠣᠯᠬᠤ ᠦᠭᠡᠢ ᠬᠤᠷᠢᠭᠤᠯ ᠢ ᠪᠠᠬᠢᠵᠢᠭᠦᠯᠵᠤ᠂ ᠢᠯᠵᠠᠷᠠᠬᠤ ᠳᠤᠷ᠎ᠠ ᠦᠭᠡᠢ ᠤᠬᠠᠮᠰᠠᠷ ᠢ ᠳᠡᠭᠡᠭᠰᠢᠯᠡᠭᠦᠯᠵᠦ᠂  ᠺᠠᠳ᠋ᠷᠴᠤᠳ ᠤᠨ ᠠᠷᠢᠭᠤᠨ ᠴᠢᠭᠡᠴᠢ᠂ ᠵᠠᠰᠠᠭ ᠤᠨ ᠣᠷᠳᠣᠨ ᠤ ᠠᠷᠢᠭᠤᠨ ᠴᠡᠪᠡᠷ᠂ ᠤᠯᠤᠰ ᠲᠦᠷᠤ ᠶᠢᠨ ᠠᠷᠢᠭᠤᠨ ᠲᠤᠩᠭᠠᠯᠠᠭ ᠢ ᠪᠠᠳᠤᠯᠠᠨ᠂ ᠪᠤᠳᠠᠲᠠᠢ ᠠᠵᠢᠯᠯᠠᠭ᠎ᠠ ᠪᠠᠷ ᠢᠶᠠᠨ ᠵᠠᠰᠠᠭ ᠤᠨ ᠣᠷᠳᠣᠨ ᠤ ᠰᠠᠶᠢᠨ ᠰᠠᠶᠢᠬᠠᠨ ᠳᠦᠷᠢ ᠳᠦᠷᠬᠦ ᠶᠢ ᠪᠤᠢ ᠪᠣᠯᠭᠠᠨ᠎ᠠ᠃      ᠲᠥᠯᠦᠭᠡᠯᠡᠭᠴᠢᠳ ᠡ᠂ ᠵᠤᠯ ᠵᠢᠷᠭᠠᠯ ᠢ ᠪᠦᠷ ᠲᠡᠮᠡᠴᠡᠨ ᠣᠯᠳᠠᠭ ᠶᠣᠮ᠃ ᠪᠢᠳᠠ ᠰᠢ ᠶᠢᠨ ᠫᠢᠩ ᠨᠦᠬᠦᠷ ᠢᠶᠠᠷ  ᠭᠤᠣᠯ ᠪᠣᠯᠭᠠᠭᠰᠠᠨ ᠨᠠᠮ ᠤᠨ ᠲᠦᠪ ᠬᠤᠷᠢᠶᠠᠨ ᠤ ᠲᠣᠭᠤᠷᠢᠨ ᠳᠤ ᠨᠡᠩ ᠢᠯᠡᠭᠦᠥ ᠪᠦᠯᠬᠦᠮᠳᠡᠨ ᠨᠢᠭᠳᠠᠷᠵᠤ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠬᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠵᠤ᠂ ᠬᠤᠰᠢᠭᠤ ᠨᠠᠮ ᠤᠨ ᠬᠤᠷᠢᠶᠠᠨ ᠤ ᠡᠷᠡᠰ ᠴᠢᠩᠭ᠎ᠠ ᠤᠳᠤᠷᠢᠳᠤᠯᠭ᠎ᠠ ᠳᠤᠤᠷ᠎ᠡ᠂ ᠤᠭ ᠰᠠᠨᠠᠭ᠎ᠠ ᠪᠠᠨ ᠦᠯᠦ ᠮᠠᠷᠳᠠᠨ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠤ᠂ ᠠᠯᠬᠤᠮ ᠠᠯᠬᠤᠮ ᠢᠶᠠᠷ ᠯᠠᠪᠳᠠᠭᠤᠨ ᠳᠤᠭᠳᠠᠭᠤᠨ ᠢᠶᠠᠷ ᠰᠠᠶᠢᠳᠤᠷ ᠠᠵᠢᠯᠯᠠᠵᠤ᠂ ᠴᠢᠨᠡᠭᠡᠯᠢᠭ ᠨᠡᠶᠢᠬᠡᠮ ᠢ ᠪᠦᠬᠦ ᠲᠠᠯ᠎ᠠ ᠪᠠᠷ ᠪᠠᠶᠢᠭᠤᠯᠬᠤ ᠰᠢᠢᠳᠪᠦᠷᠢᠲᠦ ᠢᠯᠠᠯᠳᠠ ᠶᠢ ᠲᠡᠮᠡᠴᠡᠨ ᠣᠯᠵᠤ᠂ ︽ᠦᠵᠡᠰᠬᠦᠯᠡᠩᠳᠦ ᠰᠠᠶᠢᠬᠠᠨ ᠦᠪᠦᠷ  ᠮᠣᠩᠭᠤᠯ ᠢᠶᠠᠨ ᠪᠦᠳᠦᠭᠡᠨ ᠪᠠᠶᠢᠭᠤᠯᠵᠤ ᠳᠤᠮᠳᠠᠳᠤ ᠶᠢᠨ ᠠᠭᠤᠤ ᠶᠡᠭᠡ ᠬᠦᠰᠡᠯ ᠵᠡᠬᠦᠳᠦ ᠪᠠᠨ ᠬᠠᠮᠳᠤ ᠪᠠᠷ ᠲᠡᠷᠭᠡᠯᠰᠢᠭᠦᠯᠬᠦ︾᠎ ᠶᠢᠨ ᠲᠦᠯᠦᠭᠡ ᠰᠢᠨ᠎ᠡ ᠬᠤᠪᠢ ᠨᠡᠮᠡᠷᠢ ᠪᠠᠨ ᠦᠵᠡᠭᠦᠯᠵᠡᠭᠡᠶ᠎ᠡ︕
ᠢᠷᠡᠯᠲᠡ᠄ ᠲᠤᠰ ᠰᠦᠯᠵᠢᠶ᠎ᠡ