ᠺᠤᠮᠫᠢᠦ᠋ᠲ᠋ᠧᠷ ᠤᠨ F1 ᠊᠊᠊ F12 ᠲᠠᠷᠤᠭᠤᠯ ᠤᠨ ᠴᠢᠳᠠᠪᠬᠢ
ᠨᠡᠶᠢᠲᠡᠯᠡᠭᠰᠡᠨ ᠴᠠᠭ᠄
2018-10-25
     ᠲᠠᠯᠪᠢᠭᠤᠷ ᠺᠤᠮᠫᠢᠦ᠋ᠲ᠋ᠧᠷ ᠤᠨ ᠲᠠᠷᠤᠭᠤᠯ ᠳᠠᠬᠢ ᠬᠠᠮᠤᠭ ᠤᠨ ᠲᠡᠬᠡᠷ᠎ᠡ ᠲᠠᠯ᠎ᠠ ᠳᠤ ᠵᠢᠭᠰᠠᠨ ᠪᠠᠶᠢᠷᠢᠯᠠᠳᠠᠭ  F1 ᠊᠊᠊ F12 ᠬᠦᠷᠳᠡᠯᠡᠬᠢ ᠲᠠᠷᠤᠭᠤᠯ ᠤᠨ ᠴᠢᠳᠠᠪᠬᠢ ᠶᠢ ᠵᠠᠷᠢᠮ ᠬᠦᠮᠦᠰ ᠮᠡᠳᠡᠬᠦ ᠦᠬᠡᠢ ᠪᠠᠶᠢᠳᠠᠭ᠂ ᠨᠡᠩ ᠴᠤ ᠦᠷᠬᠦᠯᠵᠢ ᠬᠡᠷᠡᠭᠯᠡᠬᠦ ᠦᠬᠡᠢ ᠪᠠᠶᠢᠳᠠᠭ᠃ ᠲᠡᠬᠡᠪᠡᠯ ᠡᠳᠡᠬᠡᠷ ᠲᠠᠷᠤᠭᠤᠯ ᠨᠢ ᠶᠠᠭᠤ ᠶᠢ ᠲᠦᠯᠦᠬᠡᠯᠡᠵᠦ᠂ ᠶᠠᠮᠠᠷ ᠦᠢᠯᠡᠳᠦᠯ ᠴᠢᠳᠠᠪᠬᠢ ᠲᠠᠢ ᠪᠠᠶᠢᠬᠤ ᠶᠢ ᠦᠵᠡᠶ᠎ᠡ︕      1᠂ ᠪᠢᠳᠠ ᠶᠠᠮᠠᠷ ᠨᠢᠬᠡᠨ ᠠᠯᠬᠤᠮ ᠲᠠᠷᠠᠭ᠎ᠠ ᠶᠢ ᠬᠦᠢᠴᠡᠳᠬᠡᠵᠦ ᠪᠠᠶᠢᠬᠤ ᠦᠶᠡᠰ᠂ ᠬᠠᠪᠰᠤᠷᠤᠮᠵᠢ ᠬᠡᠷᠡᠭᠰᠡᠬᠦ ᠴᠢᠬᠤᠯᠠᠳᠠᠢ ᠪᠠᠶᠢᠪᠠᠯ᠂ F1 ᠲᠠᠷᠤᠭᠤᠯ ᠢ ᠲᠠᠷᠤᠪᠠᠯ᠂ ᠬᠠᠪᠰᠤᠷᠤᠮᠵᠢ ᠪᠤᠯᠬᠤ ᠴᠤᠩᠬᠤᠪᠴᠢ ᠲᠠᠨ ᠤ ᠡᠮᠦᠨ᠎ᠡ ᠢᠯᠡᠷᠡᠳᠡᠭ᠃      ᠬᠡᠷᠪᠡ ᠲᠠ ᠶᠠᠮᠠᠷ ᠨᠢᠬᠡᠨ ᠠᠯᠬᠤᠮ ᠲᠠᠷᠠᠭ᠎ᠠ ᠶᠢ ᠬᠦᠢᠴᠡᠳᠬᠡᠵᠦ ᠦᠬᠡᠢ ᠺᠤᠮᠫᠢᠦ᠋ᠲ᠋ᠧᠷ ᠤᠨ ᠲᠡᠷᠢᠬᠦᠨ ᠨᠢᠭᠤᠷ ᠎ ᠲᠤ ᠪᠠᠶᠢᠪᠠᠯ᠂ F1 ᠲᠠᠷᠤᠭᠤᠯ ᠢ ᠲᠠᠷᠤᠬᠤ ᠳᠤ ᠬᠦᠷᠪᠡᠯ windows᠎ ᠤᠨ ᠬᠠᠪᠰᠤᠷᠤᠮᠵᠢ ᠶᠢᠨ ᠴᠤᠩᠬᠤᠪᠴᠢ ᠰᠢᠭᠤᠳ ᠢᠯᠡᠷᠡᠨ ᠭᠠᠷᠴᠤ ᠲᠠᠨ ᠤ ᠡᠷᠢᠵᠦ ᠬᠠᠶᠢᠬᠤ ᠳᠤ ᠲᠤᠰᠠᠯᠠᠨ᠎ᠠ᠃      2᠂ ᠲᠠ ᠲᠠᠩᠰᠠ ᠡᠪᠬᠡᠮᠡᠯ᠂ ᠪᠢᠴᠢᠭ ᠮᠠᠲ᠋ᠧᠷᠢᠶᠠᠯ ᠤᠨ ᠬᠠᠶᠢᠷᠴᠠᠭ ᠤᠨ ᠨᠡᠷ᠎ᠡ ᠶᠢ ᠰᠤᠯᠢᠬᠤ ᠬᠡᠪᠡᠯ᠂ ᠲᠡᠬᠦᠨ ᠎ ᠤ ᠪᠠᠨ ᠲᠡᠬᠡᠷ᠎ᠡ ᠬᠡᠷᠡᠯ ᠰᠤᠭᠤᠮ ᠢᠶᠠᠨ ᠲᠠᠯᠪᠢᠵᠤ F2 ᠲᠠᠷᠤᠭᠤᠯ ᠢ ᠲᠠᠷᠤᠪᠠᠯ ᠨᠡᠷ᠎ᠡ ᠶᠢ ᠰᠢᠭᠤᠳ ᠰᠤᠯᠢᠵᠤ ᠪᠤᠯᠤᠨ᠎ᠠ᠃      3᠂ ᠰᠦᠯᠵᠢᠶᠡᠨ ᠲᠡᠬᠡᠷ᠎ᠡ ᠠᠴᠠ ᠮᠠᠲ᠋ᠧᠷᠢᠶᠠᠯ ᠡᠷᠢᠬᠦ ᠳᠤ ᠲᠤᠭᠠᠯᠠᠵᠤ ᠪᠠᠷᠠᠰᠢ ᠦᠬᠡᠢ ᠲᠤᠭ᠎ᠠ ᠪᠠᠷᠢᠮᠳᠠ ᠢᠯᠡᠷᠡᠵᠦ ᠲᠠᠨ ᠤ ᠨᠢᠳᠦ ᠶᠢ ᠡᠷᠢᠶᠡᠯᠵᠡᠬᠦᠯᠳᠡᠭ ᠲᠤ ᠤᠯᠠᠩᠭᠢ ᠬᠦᠮᠦᠰ ctrl+F᠎ ᠶᠢ ᠲᠠᠷᠤᠳᠠᠭ᠃ ᠦᠨᠡᠨᠳᠡᠬᠡᠨ ᠰᠢᠭᠤᠳ F3 ᠲᠠᠷᠤᠭᠤᠯ ᠢ ᠲᠠᠷᠤᠪᠠᠯ ᠦᠵᠡᠬᠦᠯᠦᠬᠦᠷ ᠲᠡᠬᠡᠷ᠎ᠡ ︽ᠬᠠᠶᠢᠬᠤ ᠴᠤᠩᠬᠤᠪᠴᠢ︾ ᠢᠯᠡᠷᠡᠵᠦ᠂ ᠵᠠᠩᠭᠢᠯᠠᠭ᠎ᠠ ᠶᠢᠨ ᠦᠬᠡ ᠪᠠᠨ ᠪᠢᠴᠢᠨ ᠤᠷᠤᠭᠤᠯᠪᠠᠯ ᠲᠠᠨ ᠤ ᠡᠷᠢᠬᠦ ᠬᠡᠰᠡᠨ ᠮᠠᠲ᠋ᠧᠷᠢᠶᠠᠯ ᠢᠶᠠᠨ ᠲᠠᠷᠤᠢ ᠲᠦᠷᠬᠡᠨ ᠬᠠᠶᠢᠵᠤ ᠤᠯᠵᠤ ᠪᠤᠯᠤᠨ᠎ᠠ᠃      4᠂ ᠤᠯᠠᠩᠭᠢ ᠬᠦᠮᠦᠰ Alt+F4᠎ ᠶᠢ ᠲᠠᠷᠤᠪᠠᠯ ᠨᠢᠬᠡᠨᠳᠡ ᠨᠡᠬᠡᠬᠡᠭᠡᠳ ᠪᠠᠶᠢᠭ᠎ᠠ ᠴᠤᠩᠬᠤᠪᠴᠢ ᠶᠢ ᠬᠠᠭᠠᠬᠤ ᠎ ᠶᠢ ᠪᠦᠷ ᠮᠡᠳᠡᠨ᠎ᠡ᠃ ᠬᠡᠶ᠎ᠡ F4᠎ ᠨᠢ IE ᠦᠵᠡᠬᠦᠯᠦᠬᠦᠷ ᠵᠢᠴᠢ ᠲᠠᠩᠰᠠ ᠶᠢᠨ ᠬᠠᠮᠢᠶᠠᠷᠤᠯᠳᠠ ᠳᠤ ᠬᠠᠶ᠋ᠢᠭ ᠤᠨ ᠬᠦᠰᠦᠨᠦᠭᠳᠦ ᠶᠢ ᠴᠦᠮ ᠨᠡᠬᠡᠬᠡᠵᠦ ᠪᠤᠯᠳᠠᠭ᠃ ᠦᠩᠬᠡᠷᠡᠭᠰᠡᠨ ᠤ ᠰᠦᠯᠵᠢᠶᠡᠨ ᠬᠠᠶ᠋ᠢᠭ᠂ ᠮᠠᠲ᠋ᠧᠷᠢᠶᠠᠯ ᠤᠨ ᠬᠠᠶᠢᠷᠴᠠᠭ ᠵᠡᠷᠬᠡ ᠪᠠᠨ ᠪᠦᠷ ᠢ ᠡᠷᠬᠢᠴᠡᠬᠦᠯᠵᠦ ᠪᠤᠯᠳᠠᠭ᠃      5᠂ F5 ᠲᠠᠷᠤᠭᠤᠯ ᠢ ᠲᠠᠷᠤᠪᠠᠯ ᠮᠠᠲ᠋ᠧᠷᠢᠶᠠᠯ ᠢᠶᠠᠨ ᠲᠠᠬᠢᠨ ᠡᠮᠬᠢᠳᠬᠡᠨ ᠰᠢᠨᠡᠴᠢᠯᠡᠳᠡᠭ᠃      6᠂ F6 ᠲᠠᠷᠤᠭᠤᠯ ᠢ ᠲᠠᠷᠤᠪᠠᠯ ᠬᠡᠷᠡᠯ ᠱᠤᠭᠤᠮ ᠢ ᠰᠢᠭᠤᠳ ᠬᠠᠶ᠋ᠢᠭ ᠤᠨ ᠬᠠᠶᠢᠯᠳᠠ ᠲᠠᠢ ᠵᠠᠯᠭᠠᠭᠤᠯᠵᠤ᠂ ᠲᠠᠨ ᠤ URL᠎ ᠪᠠᠨ ᠬᠤᠷᠳᠤᠨ ᠢᠶᠠᠷ ᠪᠢᠴᠢᠭᠯᠡᠬᠦ ᠳᠤ ᠲᠦᠬᠦᠮ ᠠᠪᠰᠠᠷ ᠪᠠᠶᠢᠳᠠᠭ᠃      7᠂ Word᠂ Excel ᠵᠡᠷᠬᠡ ᠪᠢᠴᠢᠭ ᠦᠰᠦᠭ ᠤᠨ ᠠᠯᠬᠤᠮ ᠲᠠᠷᠠᠭ᠎ᠠ ᠶᠢ ᠰᠢᠢᠳᠪᠦᠷᠢᠯᠡᠬᠦ ᠳᠤ F7 ᠲᠠᠷᠤᠭᠤᠯ ᠢ ᠲᠠᠷᠤᠪᠠᠯ᠂ ᠯᠠᠲ᠋ᠢᠨᠴᠢᠯᠠᠵᠤ ᠪᠢᠴᠢᠬᠦ ᠶᠢ ᠪᠠᠶᠢᠴᠠᠭᠠᠳᠠᠭ᠃      8᠂ ᠺᠤᠮᠫᠢᠦ᠋ᠲ᠋ᠧᠷ ᠠᠰᠠᠭᠤᠳᠠᠯ ᠭᠠᠷᠴᠤ Win ᠰᠢᠰᠲ᠋ᠧᠮ ᠳᠤ ᠤᠷᠤᠵᠤ ᠲᠡᠶᠢᠯᠬᠦ ᠦᠬᠡᠢ ᠦᠶᠡᠰ᠂ ᠺᠤᠮᠫᠢᠦ᠋ᠲ᠋ᠧᠷ ᠢᠶᠠᠨ ᠨᠡᠬᠡᠬᠡᠬᠦ ᠲᠠᠢ ᠵᠡᠷᠬᠡ F8 ᠲᠠᠷᠤᠭᠤᠯ ᠢ ᠤᠳᠠᠭᠠᠨ ᠲᠠᠷᠤᠪᠠᠯ ᠺᠤᠮᠫᠢᠦ᠋ᠲ᠋ᠧᠷ ᠨᠢ ᠠᠮᠦᠷ ᠲᠦᠪᠰᠢᠨ ᠎ ᠤ ᠬᠡᠪ ᠪᠠᠶᠢᠳᠠᠯ ᠳᠤ ᠤᠷᠤᠳᠠᠭ᠃ ᠺᠤᠮᠫᠢᠦ᠋ᠲ᠋ᠧᠷ ᠤᠨ ᠠᠮᠦᠷ ᠲᠦᠪᠰᠢᠨ ᠤ ᠬᠡᠪ ᠪᠠᠶᠢᠳᠠᠯ ᠳᠤ ᠤᠷᠤᠪᠠᠯ ᠺᠤᠮᠫᠢᠦ᠋ᠲ᠋ᠧᠷ ᠤᠨ ᠵᠠᠷᠢᠮ ᠬᠡᠮ ᠰᠤᠭᠤᠭ ᠢ ᠵᠠᠰᠠᠨ ᠰᠠᠶᠢᠵᠢᠷᠠᠭᠤᠯᠵᠤ ᠪᠤᠯᠤᠨ᠎ᠠ᠃ ᠬᠡᠶ᠎ᠡ ᠲᠠ ᠺᠤᠮᠫᠢᠦ᠋ᠲ᠋ᠧᠷ ᠤᠨ ᠲᠤᠬᠠᠢ ᠲᠠᠮᠡᠢ ᠤᠶᠢᠯᠠᠭᠠᠬᠤ ᠦᠬᠡᠢ ᠪᠤᠯ ᠬᠠᠮᠤᠭ ᠰᠠᠶᠢᠨ ᠨᠢ ᠪᠢᠳᠡᠬᠡᠢ ᠲᠤᠷ᠎ᠠ ᠪᠠᠷ ᠢᠶᠠᠨ ᠤᠷᠤᠯᠳᠤᠭᠠᠷᠠᠢ᠃      9᠂ F9 ᠲᠠᠷᠤᠭᠤᠯ ᠨᠢ Windows ᠰᠢᠰᠲ᠋ᠧᠮ ᠳᠤ ᠲᠠᠮᠠᠢ ᠶᠡᠭᠡ ᠤᠨᠴᠠᠭᠠᠢ ᠴᠢᠳᠠᠮᠵᠢ ᠦᠬᠡᠢ ᠪᠤᠯᠪᠠᠴᠤ Word ᠪᠢᠴᠢᠭᠯᠡᠬᠦᠷ ᠲᠤ ᠪᠢᠴᠢᠭ ᠮᠠᠲ᠋ᠧᠷᠢᠶᠠᠯ ᠢ ᠲᠠᠬᠢᠨ ᠲᠢᠭᠯᠡᠬᠦ᠂ ᠢᠮᠧᠯ ᠬᠤᠷᠢᠶᠠᠬᠤ ᠵᠦᠬᠡᠯᠡᠨ ᠲᠤᠨᠤᠭ Outlook ᠲᠤᠳᠤᠷ᠎ᠠ ᠠᠩᠬ᠎ᠠ ᠤᠳᠠᠭ᠎ᠠ ᠶᠠᠪᠤᠭᠤᠯᠤᠭᠰᠠᠨ ᠢᠮᠧᠯ ᠢ ᠲᠠᠬᠢᠨ ᠢᠯᠡᠬᠡᠬᠦ ᠪᠠ Win ᠲᠠᠭᠤ ᠨᠡᠪᠳᠡᠷᠡᠬᠦᠯᠦᠭᠴᠢ ᠶᠢᠨ Media Player᠎ ᠲᠤ ᠲᠠᠭᠤ ᠶᠢ ᠲᠤᠤᠷ᠎ᠠ ᠪᠤᠯᠭᠠᠬᠤ ᠴᠢᠳᠠᠮᠵᠢ ᠲᠠᠢ᠃      10᠂ F10 ᠲᠠᠷᠤᠭᠤᠯ ᠢ ᠲᠠᠷᠤᠪᠠᠯ ᠴᠢᠳᠠᠮᠵᠢ ᠶᠢᠨ ᠬᠦᠰᠦᠨᠦᠭᠳᠦ ᠶᠢ ᠲᠦᠷᠬᠡᠨ ᠨᠡᠬᠡᠬᠡᠵᠦ ᠪᠤᠯᠬᠤ ᠪᠦᠬᠡᠳ Shift ᠲᠠᠷᠤᠭᠤᠯ ᠲᠠᠢ ᠬᠠᠪᠰᠤᠷᠭᠠᠪᠠᠯ ᠬᠤᠯᠤᠭᠠᠨᠴᠢᠷ ᠤᠨ ᠪᠠᠷᠠᠭᠤᠨ ᠲᠠᠷᠤᠭᠤᠯ ᠳᠠᠬᠢ ᠴᠢᠳᠠᠮᠵᠢ ᠶᠢᠨ ᠬᠦᠰᠦᠨᠦᠭᠳᠦ ᠶᠢ ᠲᠠᠷᠤᠢ ᠲᠦᠷᠬᠡᠨ ᠭᠠᠷᠭᠠᠨ ᠢᠯᠡᠷᠡᠬᠦᠯᠳᠡᠭ᠃ ᠬᠤᠯᠤᠭᠠᠨᠴᠢᠷ ᠦᠬᠡᠢ ᠪᠠᠶᠢᠳᠠᠯ ᠲᠤᠤᠷ᠎ᠠ᠂ Shift+ F10᠎ ᠶᠢ ᠲᠠᠷᠤᠵᠤ ᠴᠢᠳᠠᠮᠵᠢ ᠶᠢᠨ ᠬᠦᠰᠦᠨᠦᠭᠳᠦ ᠶᠢ ᠲᠠᠷᠤᠢ ᠲᠦᠷᠬᠡᠨ ᠭᠠᠷᠭᠠᠨ ᠢᠯᠡᠷᠡᠬᠦᠯᠵᠦ ᠪᠤᠯᠳᠠᠭ      11᠂ ᠴᠤᠩᠬᠤᠪᠴᠢ ᠪᠠ ᠦᠵᠡᠬᠦᠯᠦᠬᠦᠷ ᠢ ᠪᠦᠬᠦᠶᠢᠯᠡ ᠴᠡᠬᠡᠨ ᠬᠦᠰᠢᠬᠡ ᠪᠠᠷ ᠢᠯᠡᠷᠡᠬᠦᠯᠬᠦ ᠳᠤ F11 ᠲᠠᠷᠤᠭᠤᠯ ᠢ ᠲᠠᠷᠤᠵᠤ ᠪᠤᠯᠳᠠᠭ᠃      12᠂ Microsoft Word᠎ ᠳᠤ F12 ᠲᠠᠷᠤᠭᠤᠯ ᠢ ᠲᠠᠷᠤᠪᠠᠯ ᠪᠤᠰᠤᠳ ᠭᠠᠵᠠᠷ ᠲᠤ ᠰᠢᠨ᠎ᠡ ᠪᠠᠷ ᠬᠠᠳᠠᠭᠠᠯᠠᠵᠤ ᠪᠤᠯᠳᠠᠭ᠃                   ︵ᠲᠤᠰ ᠡᠬᠡ ᠪᠢᠴᠢᠭ ᠢ ︽ᠺᠤᠮᠫᠢᠦ᠋ᠲ᠋ᠧᠷ ᠤᠨ ᠬᠡᠷᠡᠭᠯᠡᠬᠡᠨ ᠤ ᠮᠡᠳᠡᠯᠬᠡ︾ ᠵᠢᠷᠬᠢᠶ᠎ᠡ ᠲᠠᠪᠴᠠᠩ ᠠᠴᠠ ᠤᠷᠴᠢᠭᠤᠯᠤᠨ ᠨᠠᠶᠢᠷᠠᠭᠤᠯᠪᠠ︶
 
ᠢᠷᠡᠯᠲᠡ᠄ ᠦᠪᠦᠷ ᠮᠣᠩᠭᠤᠯ ᠤᠨ ᠠᠮᠢᠳᠤᠷᠠᠯ ᠭᠠᠷᠠᠭ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号