ᠬᠠᠪᠰᠤᠷᠤᠭᠰᠠᠨ ᠡᠪᠡᠳᠴᠢᠨ ᠢ ᠠᠨᠠᠭᠠᠬᠤ
ᠨᠡᠶᠢᠲᠡᠯᠡᠭᠰᠡᠨ ᠴᠠᠭ᠄
2018-10-24
     ᠬᠡᠢ ᠪᠠ ᠬᠤᠷᠤᠬᠠᠢ ᠲᠠᠢ ᠬᠠᠪᠰᠤᠷᠤᠭᠰᠠᠨ ᠡᠪᠡᠳᠴᠢᠨ ᠤ ᠰᠢᠨᠵᠢ᠄ ᠲᠤᠰ ᠡᠪᠡᠳᠴᠢᠨ ᠤ ᠮᠦᠨ ᠴᠢᠨᠠᠷ ᠨᠢ ᠬᠤᠷᠤᠬᠠᠢ ᠪᠤᠯᠪᠠᠴᠤ ᠡᠪᠡᠳᠬᠦ ᠪᠠᠶᠢᠳᠠᠯ ᠨᠢ ᠬᠡᠢ ᠲᠠᠢ ᠠᠳᠠᠯᠢ᠂ ᠬᠠᠯᠠᠭᠤᠨ ᠤ ᠰᠢᠨᠵᠢ ᠢᠯᠡᠷᠡᠬᠦ ᠦᠬᠡᠢ ᠪᠤᠯᠪᠠᠴᠤ ᠬᠦᠢᠳᠡᠨ ᠡᠪᠡᠳᠴᠢᠨ ᠪᠦᠬᠦᠨ ᠤ ᠰᠢᠨᠵᠢ ᠡᠬᠦᠰᠦᠨ᠎ᠡ᠃      ᠵᠠᠰᠠᠬᠤ ᠠᠷᠭ᠎ᠠ᠄ ᠵᠢᠭᠠᠷ᠂ ᠦᠬᠡᠬᠦᠨᠳᠠᠢ ᠴᠢᠯᠠᠭᠤ᠂ ᠠᠬᠢ᠂ ᠰᠠᠷᠢᠮᠰᠠᠭ᠂ ᠬᠤᠷᠤᠬᠠᠶᠢᠳᠤ ᠮᠤᠳᠤ ︵ᠰᠠᠷᠢᠩᠰᠢᠭ᠍ᠨᠡᠮ᠎ᠡ︶᠎ ᠶᠢᠨ ᠲᠠᠯᠬ᠎ᠠ ᠶᠢ ᠦᠭᠪᠡᠯ ᠠᠮᠢᠳᠤᠷᠠᠨ᠎ᠠ᠃      ᠰᠠᠷᠢᠮᠰᠠᠭ ᠠᠷᠢᠬᠢ᠂ ᠦ ᠰᠦ᠂ ᠰᠢᠨ᠎ᠡ ᠦᠬᠡᠷ ᠤᠨ ᠮᠢᠬ᠎ᠠ ᠶᠢ ᠦᠭᠪᠡᠯ ᠬᠡᠢ ᠰᠢᠷ᠎ᠠ ᠬᠠᠪᠰᠤᠷᠤᠭᠰᠠᠨ ᠢ ᠠᠷᠢᠯᠭᠠᠨ᠎ᠠ᠃ ᠠᠷᠤᠶ᠎ᠠ ᠶᠢ ᠰᠢᠮᠡᠵᠦ ᠤᠨᠳᠠᠪᠠᠯ ᠰᠠᠶᠢᠨ᠃      ᠴᠠᠭᠠᠨ ᠪᠠᠯ᠂ ᠰᠢᠨ᠎ᠡ ᠲᠤᠰᠤ ᠶᠢ ᠦᠭᠴᠦ᠂ ᠰᠧᠪᠢᠮᠧᠳᠤᠭ ᠤᠨ ᠬᠠᠨᠳᠠ ᠬᠢᠬᠡᠳ ᠰᠧᠷᠵᠢᠮᠧᠳᠤᠭ ᠤᠨ ᠬᠠᠨᠳᠠ ᠶᠢ ᠦᠭᠴᠦ ᠤᠳᠠᠭᠠᠨ ᠤᠤᠭᠤᠯᠭᠠᠪᠠᠯ ᠬᠡᠢ ᠰᠢᠷ᠎ᠠ ᠬᠠᠪᠰᠤᠷᠤᠭᠰᠠᠨ ᠡᠪᠡᠳᠴᠢᠨ ᠢ ᠠᠷᠢᠯᠭᠠᠬᠤ ᠶᠢᠨ ᠲᠡᠬᠡᠳᠦ ᠠᠷᠭ᠎ᠠ ᠪᠤᠯᠤᠨ᠎ᠠ᠃ ᠳ᠋ᠢᠭᠳᠡ ᠶᠢᠨ ᠠᠷᠢᠬᠢ ᠶᠢ ᠨᠠᠶᠢᠷᠠᠭᠤᠯᠵᠤ ᠦᠭᠪᠡᠯ ᠦᠯᠵᠡᠢ ᠲᠠᠢ᠃         ︽ᠰᠠᠷᠠᠨ ᠬᠡᠷᠡᠯᠳᠦ ᠡᠮᠴᠢᠯᠡᠭᠡ ᠶᠢᠨ ᠨᠤᠮ︾᠎ ᠠᠴᠠ ᠡᠮᠬᠢᠳᠬᠡᠵᠦ ᠠᠪᠤᠪᠠ
 
ᠢᠷᠡᠯᠲᠡ᠄ ᠦᠪᠦᠷ ᠮᠣᠩᠭᠤᠯ ᠤᠨ ᠠᠮᠢᠳᠤᠷᠠᠯ ᠭᠠᠷᠠᠭ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号