ᠦᠷᠬᠦᠯᠵᠢ ᠪᠦᠳᠦᠬᠦᠯᠢᠭ ᠠᠮᠤ ᠢᠳᠡᠪᠡᠯ ᠴᠢᠰᠤᠨ ᠰᠤᠳᠠᠯ ᠢ ᠬᠠᠮᠠᠭᠠᠯᠠᠨ᠎ᠠ
ᠨᠡᠶᠢᠲᠡᠯᠡᠭᠰᠡᠨ ᠴᠠᠭ᠄
2018-10-24
     ᠴᠢᠰᠤᠨ ᠰᠤᠳᠠᠯ ᠤᠨ ᠡᠪᠡᠳᠴᠢᠨ ᠨᠢ ᠰᠢᠬᠢᠷ ᠰᠢᠵᠢᠩ ᠡᠪᠡᠳᠴᠢᠨ ᠪᠤᠯᠵᠤ ᠬᠤᠪᠢᠷᠠᠬᠤ ᠲᠤᠬᠢᠶᠠᠯᠳᠤᠯ ᠤᠯᠠᠨ ᠪᠦᠬᠡᠳ ᠲᠠᠬᠢᠨ ᠡᠬᠦᠰᠬᠦ ᠠᠷᠬᠠᠭ ᠬᠡᠮ ᠪᠤᠯᠤᠨ᠎ᠠ᠂ ᠮᠦᠨᠴᠤ ᠡᠪᠡᠳᠴᠢᠳᠡᠨ ᠢ ᠦᠬᠦᠬᠦᠯᠬᠦ ᠭᠤᠤᠯ ᠰᠢᠯᠳᠠᠭᠠᠨ ᠤ ᠨᠢᠬᠡ ᠨᠢ ᠪᠤᠯᠳᠠᠭ᠃      ᠲᠦᠷᠦᠬᠦᠬᠡᠨ ᠶᠠᠫᠤᠨ ᠤ ᠰᠢᠭ᠎ᠠ ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠰᠢᠬᠢᠷ ᠰᠢᠵᠢᠩ ᠡᠪᠡᠳᠴᠢᠨ ᠤ ᠲᠤᠳᠤᠭᠠᠳᠤ ᠱᠦᠬᠦᠷᠡᠯᠳᠡ ᠶᠢᠨ ᠰᠠᠯᠠᠭ᠎ᠠ ᠪᠠ ᠤᠯᠠᠨ ᠨᠡᠶᠢᠳᠡ ᠶᠢᠨ ᠡᠷᠡᠬᠦᠯ ᠬᠠᠮᠠᠭᠠᠯᠠᠯ ᠤᠨ ᠰᠠᠯᠠᠭᠠᠨ ᠎ ᠤ ᠨᠢᠬᠡᠨ ᠰᠤᠳᠤᠯᠭᠠᠨ ᠳᠤ ᠬᠠᠷᠠᠭᠤᠯᠤᠭᠰᠠᠨ ᠢᠶᠠᠷ᠂ ᠦᠷᠬᠦᠯᠵᠢᠯᠡᠨ 8 ᠭᠠᠷᠠᠭ ᠰᠢᠬᠢᠷᠯᠢᠭ ᠡᠳ᠋ ᠡᠯᠪᠡᠭ ᠠᠭᠤᠯᠤᠭᠰᠠᠨ ᠪᠦᠳᠦᠬᠦᠯᠢᠭ ᠬᠤᠭᠤᠯᠠ ᠢᠳᠡᠪᠡᠯ ᠴᠢᠰᠤᠨ ᠰᠤᠳᠠᠯ ᠢ ᠬᠠᠮᠠᠭᠠᠯᠠᠵᠤ᠂ ᠰᠢᠬᠢᠷ ᠰᠢᠵᠢᠩ ᠤᠨ ᠬᠡᠯᠪᠡᠯᠵᠡᠯᠳᠡ ᠶᠢ ᠪᠦᠳᠦᠮᠵᠢᠳᠠᠢ ᠪᠠᠷ ᠡᠵᠡᠮᠳᠡᠵᠦ ᠲᠡᠶᠢᠯᠦᠨ᠎ᠡ ᠬᠡᠵᠡᠢ᠃      ᠰᠤᠳᠤᠯᠭᠠᠳᠠᠳ 28 ᠰᠢᠬᠢᠷ ᠰᠢᠵᠢᠩ ᠡᠪᠡᠳᠴᠢᠳᠡᠨ ᠢ ᠤᠷᠢᠵᠤ ᠪᠦᠳᠦᠬᠦᠯᠢᠭ ᠠᠮᠤ ᠢᠳᠡᠬᠦ ᠲᠤᠭᠤᠶᠢᠯᠠᠩ  ︵14 ᠬᠦᠮᠦᠨ︶ ᠪᠠ ᠨᠠᠷᠢᠯᠢᠭ ᠠᠮᠤ ᠢᠳᠡᠬᠦ ᠲᠤᠭᠤᠶᠢᠯᠠᠩ ︵14 ᠬᠦᠮᠦᠨ︶ ᠬᠡᠵᠦ ᠬᠤᠶᠠᠷ ᠲᠤᠭᠤᠶᠢᠯᠠᠩ ᠬᠤᠪᠢᠶᠠᠵᠠᠢ᠃ ᠲᠤᠷᠰᠢᠯᠳᠠ ᠳᠤ ᠤᠷᠤᠯᠴᠠᠭᠴᠢ ᠦᠷᠬᠦᠯᠵᠢᠯᠡᠨ 8 ᠭᠠᠷᠠᠭ ᠵᠢᠮ᠎ᠡ ᠭᠤᠷᠢᠮ ᠲᠠᠢ ᠪᠠᠷ ᠦᠪᠡᠷ ᠦᠪᠡᠷ ᠎ ᠤᠨ ᠬᠤᠪᠢᠳᠠᠭᠰᠠᠨ ᠠᠮᠤ ᠪᠠᠨ ᠢᠳᠡᠵᠠᠢ᠃ ᠦᠷ᠎ᠡ ᠳ᠋ᠦᠩ ᠳᠤ᠂ ᠨᠠᠷᠢᠯᠢᠭ ᠠᠮᠤ ᠢᠳᠡᠭᠰᠡᠨ ᠲᠤᠭᠤᠶᠢᠯᠠᠩ ᠲᠠᠢ ᠬᠠᠷᠢᠴᠠᠭᠤᠯᠪᠠᠯ ᠪᠦᠳᠦᠬᠦᠯᠢᠭ ᠠᠮᠤ ᠢᠳᠡᠭᠰᠡᠨ ᠲᠤᠭᠤᠶᠢᠯᠠᠩ ᠳᠤ ᠢᠯᠡᠳᠳᠡ ᠬᠤᠪᠢᠷᠠᠯᠳᠠ ᠭᠠᠷᠴᠠᠢ᠃ ᠮᠦᠷᠳᠡᠨ ᠪᠠᠶᠢᠴᠠᠭᠠᠬᠤ ᠬᠤᠭᠤᠴᠠᠭᠠᠨ ᠳᠤ᠂ ᠪᠦᠳᠦᠬᠦᠯᠢᠭ ᠠᠮᠤ ᠢᠳᠡᠭᠰᠡᠨ ᠲᠤᠭᠤᠶᠢᠯᠠᠩ ᠤᠨ ᠰᠢᠬᠢᠷ ᠰᠢᠵᠢᠩ ᠤᠨ ᠬᠡᠯᠪᠡᠯᠵᠡᠯᠳᠡ ᠴᠤ ᠪᠠᠭᠠᠰᠴᠠᠢ᠃      ᠡᠶᠢᠮᠦ ᠠᠴᠠ ᠦᠷᠬᠦᠯᠵᠢ ᠳᠡᠭᠡᠨ ᠪᠦᠳᠦᠬᠦᠯᠢᠭ ᠠᠮᠤ ᠢᠳᠡᠪᠡᠯ ᠴᠢᠰᠤᠨ ᠰᠢᠬᠢᠷ ᠤᠨ ᠬᠡᠯᠪᠡᠯᠵᠡᠯᠳᠡ ᠶᠢ ᠲᠤᠭᠳᠠᠪᠤᠷᠢᠳᠠᠢ ᠪᠠᠶᠢᠯᠭᠠᠵᠤ᠂ ᠡᠪᠡᠳᠴᠢᠳᠡᠨ ᠤ ᠪᠡᠶ᠎ᠡ ᠶᠢᠨ ᠬᠦᠨᠳᠦ ᠪᠠ ᠴᠢᠰᠤᠨ ᠲᠠᠷᠤᠯᠳᠠ ᠶᠢ ᠴᠤ ᠬᠡᠪ ᠤᠨ ᠪᠠᠶᠢᠯᠭᠠᠵᠤ ᠴᠢᠰᠤᠨ ᠰᠤᠳᠠᠯ ᠤᠨ ᠡᠪᠡᠳᠴᠢᠨ ᠤ ᠡᠬᠦᠰᠦᠯ ᠢ ᠪᠠᠭᠠᠰᠬᠠᠵᠤ ᠴᠢᠳᠠᠨ᠎ᠠ᠃ ᠴᠠᠶᠢᠯᠭᠠᠭᠰᠠᠨ ᠲᠤᠳᠤᠷᠭ᠎ᠠ ᠎ ᠶᠢ ᠢᠳᠡᠬᠦ ᠳᠡᠭᠡᠨ ᠪᠦᠳᠦᠬᠦᠯᠢᠭ ᠠᠮᠤ ᠲᠠᠢ ᠬᠤᠯᠢᠵᠤ ᠢᠳᠡᠪᠡᠯ ᠨᠡᠩ ᠰᠠᠶᠢᠨ ᠶᠤᠮ᠃
 
ᠢᠷᠡᠯᠲᠡ᠄ ᠦᠪᠦᠷ ᠮᠣᠩᠭᠤᠯ ᠤᠨ ᠠᠮᠢᠳᠤᠷᠠᠯ ᠭᠠᠷᠠᠭ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号