ᠠᠮᠠ ᠪᠠᠷ ᠢᠶᠠᠨ ᠠᠮᠢᠰᠬᠤᠪᠠᠯ ᠰᠢᠳᠦ ᠶᠢ ᠬᠤᠬᠢᠷᠠᠭᠤᠯᠳᠠᠭ
ᠨᠡᠶᠢᠲᠡᠯᠡᠭᠰᠡᠨ ᠴᠠᠭ᠄
2018-10-24
     ᠡᠩ ᠤᠨ ᠪᠠᠶᠢᠳᠠᠯ ᠳᠤ ᠬᠦᠮᠦᠰ ᠴᠦᠮ ᠬᠠᠮᠠᠷ ᠢᠶᠠᠷ ᠢᠶᠠᠨ ᠠᠮᠢᠰᠬᠤᠯᠯᠠᠳᠠᠭ᠃ ᠬᠠᠮᠠᠷ ᠨᠢ ᠬᠦᠮᠦᠨ ᠤ ᠪᠡᠶ᠎ᠡ ᠎ ᠶᠢᠨ ᠴᠢᠬᠤᠯᠠ ᠠᠮᠢᠰᠬᠤᠯ ᠤᠨ ᠡᠷᠬᠡᠳᠡᠨ ᠪᠤᠯᠬᠤ ᠪᠠᠷ ᠪᠠᠷᠠᠬᠤ ᠦᠬᠡᠢ᠂ ᠪᠠᠰᠠ ᠠᠮᠢᠰᠬᠤᠯ ᠤᠨ ᠰᠢᠰᠲ᠋ᠧᠮ ᠤᠨ ᠨᠢᠬᠡᠳᠦᠬᠡᠷ ᠪᠠᠬᠢᠯᠡᠯᠳᠡ ᠪᠠᠶᠢᠵᠤ᠂ ᠠᠭᠠᠷ ᠢ ᠱᠦᠬᠦᠵᠦ᠂ ᠪᠠᠺᠲ᠋ᠧᠷᠢ᠂ ᠸᠢᠷᠦ᠋ᠰ ᠵᠡᠷᠬᠡ ᠡᠪᠡᠳᠴᠢᠯᠡᠬᠦᠯᠬᠦ ᠮᠢᠺᠷᠤᠪ ᠲᠦᠷᠢᠨ ᠤᠷᠤᠬᠤ ᠶᠢ ᠰᠠᠷᠬᠡᠶᠢᠯᠡᠳᠡᠭ︔ ᠡᠪᠤᠯ ᠰᠤᠷᠤᠵᠤ ᠤᠷᠤᠭᠤᠯᠤᠭᠰᠠᠨ ᠬᠠᠭᠤᠷᠠᠢ ᠬᠦᠢᠳᠡᠨ ᠠᠭᠠᠷ ᠢ ᠴᠢᠬᠢᠭᠳᠦᠬᠦᠯᠦᠨ ᠬᠠᠯᠠᠭᠤᠯᠵᠤ᠂ ᠠᠮᠢᠰᠬᠤᠯ ᠤᠨ ᠵᠠᠮ ᠳᠤ ᠰᠡᠳᠦᠯᠳᠡ ᠪᠤᠯᠬᠤ ᠠᠴᠠ ᠵᠠᠶᠢᠯᠠᠰᠬᠢᠳᠠᠭ᠃ ᠬᠡᠶ᠎ᠡ ᠬᠠᠷᠰᠢᠬᠤ ᠴᠢᠨᠠᠷᠳᠠᠢ ᠬᠠᠮᠠᠷ ᠤᠨ ᠦᠷᠪᠢᠰᠦᠯ ᠲᠠᠢ᠂ ᠬᠠᠮᠠᠷ ᠲᠤ ᠤᠷ ᠮᠢᠬ᠎ᠠ ᠤᠷᠭᠤᠭᠰᠠᠨ᠂ ᠨᠡᠮᠡᠯᠳᠠᠭ ᠪᠦᠳᠦᠬᠦᠷᠡᠭᠰᠡᠨ᠂ ᠪᠠᠮᠪᠠᠢ ᠪᠤᠯᠴᠢᠷᠬᠠᠢ ᠬᠠᠪᠤᠩᠨᠠᠭᠰᠠᠨ ᠵᠡᠷᠬᠡ ᠡᠪᠡᠳᠴᠢᠳᠡᠳ ᠠᠮᠢᠰᠬᠤᠯ ᠤᠨ ᠵᠠᠮ ᠨᠢ ᠪᠢᠳᠡᠬᠦᠷᠡᠳᠡᠭ ᠎ ᠠᠴᠠ ᠰᠠᠨᠠᠭᠠᠴᠢᠯᠠᠭ᠎ᠠ ᠦᠬᠡᠢ ᠪᠠᠷ ᠠᠮᠠ ᠪᠠᠷ ᠢᠶᠠᠨ ᠠᠮᠢᠰᠬᠤᠳᠠᠭ᠃ ᠡᠶᠢᠮᠦᠷᠬᠦᠦ ᠠᠮᠢᠰᠬᠤᠯᠳᠠ ᠶᠢᠨ ᠬᠡᠯᠪᠡᠷᠢ ᠨᠢ ᠡᠪᠡᠳᠴᠢᠨ ᠤ ᠪᠠᠺᠲ᠋ᠧᠷᠢ ᠶᠡᠬᠡᠪᠡᠷ ᠲᠦᠷᠢᠮᠡᠬᠡᠶᠢᠯᠡᠬᠦ ᠳᠤ ᠲᠦᠬᠦᠮ ᠪᠤᠯᠵᠤ᠂ ᠠᠮᠢᠰᠬᠤᠯ ᠤᠨ ᠵᠠᠮ ᠬᠠᠯᠳᠠᠪᠤᠷᠢᠯᠠᠨ᠂ ᠬᠦᠢᠳᠡᠨ ᠠᠭᠠᠷ ᠢ ᠬᠡᠳᠦ ᠵᠠᠯᠬᠢᠯᠠᠭᠰᠠᠨ ᠠᠴᠠ ᠬᠤᠳᠤᠭᠤᠳᠤ ᠬᠡᠳᠡᠰᠦ ᠡᠪᠬᠦᠶᠢᠷᠡᠳᠡᠭ ᠮᠦᠷᠳᠡᠬᠡᠨ ᠰᠢᠳᠦ ᠶᠢ ᠴᠤ ᠬᠤᠬᠢᠷᠠᠭᠤᠯᠳᠠᠭ᠃      ᠠᠮᠠ ᠪᠠᠷ ᠢᠶᠠᠨ ᠠᠮᠢᠰᠬᠤᠬᠤ ᠦᠶᠡᠰ ᠠᠮᠠᠨ ᠬᠦᠨᠳᠡᠢ ᠨᠡᠬᠡᠬᠡᠭᠳᠡᠨ᠂ ᠰᠢᠳᠦᠨ ᠤ ᠪᠤᠶᠢᠵᠢᠯᠳᠡ ᠶᠢ ᠬᠠᠷᠰᠢᠯᠠᠵᠤ᠂ ᠰᠢᠳᠦ ᠨᠠᠷᠢᠰᠤᠨ᠂ ᠡᠮᠦᠨ᠎ᠡ ᠰᠢᠳᠦ ᠲᠤᠷᠰᠤᠭᠤᠷ ᠪᠤᠯᠳᠠᠭ᠃ ᠡᠶᠢᠮᠦ ᠠᠴᠠ ᠠᠮᠠ ᠪᠠᠷ ᠢᠶᠠᠨ ᠠᠮᠢᠰᠬᠤᠬᠤ ᠮᠠᠭᠤ ᠲᠠᠳᠬᠠᠯ ᠢᠶᠠᠨ ᠲᠡᠪᠴᠢᠨ᠂ ᠬᠠᠮᠢᠶ᠎ᠠ ᠲᠠᠢ ᠡᠪᠡᠳᠴᠢᠨ ᠢᠶᠠᠨ ᠵᠠᠰᠠᠭᠤᠯᠵᠤ᠂ ᠢᠯᠡᠩᠭᠤᠶ᠎ᠠ ᠬᠡᠤᠬᠡᠳ ᠲᠡᠬᠦᠦᠨᠡᠷ ᠠᠮᠠ ᠪᠠᠷ ᠢᠶᠠᠨ ᠠᠮᠢᠰᠬᠤᠬᠤ ᠪᠠᠶᠢᠳᠠᠯ ᠲᠠᠢ ᠪᠤᠯ ᠬᠡᠷ ᠠᠬᠠᠮᠠᠳ ᠴᠠᠭ ᠲᠠᠷᠤᠢ ᠳᠤᠨᠢ ᠵᠠᠯᠠᠷᠠᠭᠤᠯᠬᠤ ᠶᠢ ᠠᠩᠬᠠᠷᠤᠭᠤᠰᠢᠳᠠᠢ᠃
 
ᠢᠷᠡᠯᠲᠡ᠄ ᠦᠪᠦᠷ ᠮᠣᠩᠭᠤᠯ ᠤᠨ ᠠᠮᠢᠳᠤᠷᠠᠯ ᠭᠠᠷᠠᠭ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号