| ᠺᠠᠨᠠᠳᠠ ᠶᠢᠨ ᠬᠠᠮᠤᠭ ᠤᠨ ᠰᠢᠨ᠎ᠡ ᠨᠢᠬᠡᠨ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠦᠷᠯᠦᠬᠡ ᠮᠢᠶᠠᠨᠪᠤᠤ | ᠢᠳᠡᠬᠦ ᠳᠡᠭᠡᠨ ᠦᠨᠢᠶᠠᠨ ᠰᠦ ᠤᠤᠭᠤᠪᠠᠯ ᠬᠤᠭᠤᠯᠠᠨ ᠤ ᠲᠠᠷᠠᠭᠠᠬᠢ ᠴᠢᠰᠤᠨ ᠤ ᠰᠢᠬᠢᠷ ᠢ ᠨᠢᠬᠡ ᠡᠳᠦᠷ ᠤᠨ | ᠲᠤᠷᠰᠢ ᠲᠤᠤᠷ᠎ᠠ ᠪᠠᠶᠢᠯᠭᠠᠨ᠂ ᠬᠦᠬᠡᠭᠴᠢᠨ ᠬᠡᠯᠪᠡᠷᠢ ᠶᠢᠨ ᠰᠢᠬᠢᠷ ᠰᠢᠵᠢᠩ ᠡᠪᠡᠳᠴᠢᠨ ᠠᠬᠠᠳᠠᠬᠤ ᠪᠠ ᠮᠠᠷᠢᠶᠠᠯᠠᠬᠤ | ᠲᠦᠭᠰᠢᠬᠦᠷᠢ ᠶᠢ ᠰᠡᠷᠬᠡᠶᠢᠯᠡᠨ ᠬᠤᠷᠢᠭᠯᠠᠳᠠᠭ᠃ | ᠰᠤᠳᠤᠯᠭᠠᠳᠠᠳ 32 ᠰᠠᠶᠢᠨ ᠲᠤᠷᠠᠴᠤᠤᠯ ᠢ ᠡᠯᠰᠡᠨ᠂ ᠲᠡᠳᠡᠨ ᠢᠶᠠᠷ ᠦᠷᠯᠦᠬᠡ ᠶᠢᠨ ᠬᠤᠭᠤᠯᠠᠨ ᠲᠡᠬᠡᠷ᠎ᠡ | 250 ᠮᠢᠯᠢᠭᠷᠡᠮ ᠦᠨᠢᠶᠠᠨ ᠰᠦ ᠤᠤᠭᠤᠯᠭᠠᠪᠠ᠃ ᠲᠡᠳᠡ ᠦᠨᠳᠦᠷ ᠠᠭᠤᠷᠠᠭᠳᠤ ᠦᠨᠢᠶᠠᠨ ᠰᠦ ᠪᠠ ᠬᠡᠪ ᠤᠨ | ᠤᠭᠤᠷᠠᠭᠳᠤ ᠦᠨᠢᠶᠡᠨ ᠰᠦ ᠶᠢ ᠤᠤᠭᠤᠬᠤ ᠳᠠᠭᠠᠨ ᠴᠦᠮ ᠨᠤᠬᠠᠢ ᠶᠢᠨ ᠬᠤᠰᠢᠭᠤ ᠶᠢᠨ ᠬᠠᠪᠳᠠᠭᠠᠢ ᠢᠳᠡᠪᠡ᠃ | ᠬᠠᠷᠢᠴᠠᠭᠤᠯᠬᠤ ᠲᠤᠭᠤᠶᠢᠯᠠᠩ ᠤᠨ ᠬᠢᠨ ᠵᠦᠪᠬᠡᠨ ᠨᠤᠬᠠᠢ ᠶᠢᠨ ᠬᠤᠰᠢᠭᠤ ᠶᠢᠨ ᠬᠠᠪᠳᠠᠭᠠᠢ ᠯᠠ ᠢᠳᠡᠵᠦ᠂ ᠦᠨᠢᠶᠡᠨ | ᠰᠦ ᠤᠤᠭᠤᠭᠰᠠᠨ ᠦᠬᠡᠢ᠃ ᠰᠤᠳᠤᠯᠭᠠᠳᠠᠳ ᠰᠠᠶᠢᠨ ᠲᠤᠷᠠᠴᠤᠤᠯ ᠤᠨ ᠴᠢᠰᠦᠨ ᠤ ᠰᠢᠬᠢᠷ ᠤᠨ ᠬᠡᠮᠵᠢᠶ᠎ᠡ ᠶᠢ | ᠪᠦᠬᠦᠯᠢ ᠡᠳᠦᠷ ᠢᠶᠠᠷ ᠬᠢᠨᠠᠨ ᠬᠡᠮᠵᠢᠬᠡᠳ ᠦᠨᠢᠶᠡᠨ ᠰᠦ ᠤᠤᠭᠤᠭᠰᠠᠨ ᠰᠠᠶᠢᠨ ᠲᠤᠷᠠᠴᠤᠤᠯ ᠤᠨ ᠬᠤᠭᠤᠯᠠᠨ ᠤ | ᠲᠠᠷᠠᠭᠠᠬᠢ ᠴᠢᠰᠤᠨ ᠤ ᠰᠢᠬᠢᠷ ᠨᠢ ᠴᠦᠮ ᠲᠤᠷᠤᠭᠰᠢᠯᠠᠵᠤ᠂ ᠦᠨᠢᠶᠡᠨ ᠰᠦ ᠳᠠᠬᠢ ᠤᠭᠤᠷᠠᠭ ᠨᠢ ᠬᠡᠳᠦᠢ ᠦᠨᠳᠦᠷ | ᠪᠤᠯ ᠴᠢᠰᠤᠨ ᠤ ᠰᠢᠬᠢᠷ ᠲᠡᠳᠦᠢ ᠶᠡᠬᠡᠪᠡᠷ ᠲᠤᠷᠤᠭᠰᠢᠯᠠᠳᠠᠭ ᠢ ᠤᠯᠵᠤ ᠮᠡᠳᠡᠵᠠᠢ᠃ ᠡᠬᠦᠨ ᠢᠶᠠᠷ ᠦᠯᠦ ᠪᠠᠷᠠᠮ᠂ | ᠦᠨᠳᠦᠷ ᠨᠡᠬᠦᠷᠡᠰᠦ ᠤᠰᠤᠨ ᠤ ᠨᠢᠬᠡᠳᠦᠯᠳᠦ ᠦᠷᠯᠦᠬᠡ ᠶᠢᠨ ᠬᠤᠭᠤᠯᠠ ᠢᠳᠡᠬᠦ ᠦᠶᠡᠰ ᠦᠨᠢᠶᠡᠨ ᠰᠦ ᠤᠤᠭᠤᠪᠠᠯ | ᠦᠳᠡ ᠶᠢᠨ ᠬᠤᠭᠤᠯᠠᠨ ᠤ ᠲᠠᠷᠠᠭᠠᠬᠢ ᠴᠢᠰᠤᠨ ᠤ ᠰᠢᠬᠢᠷ ᠢ ᠪᠠᠭᠤᠷᠠᠭᠤᠯᠵᠤ ᠲᠡᠶᠢᠯᠳᠡᠭ ᠶᠤᠮ ᠪᠠᠶᠢᠨ᠎ᠠ᠃ | ᠰᠤᠳᠤᠯᠭᠠᠳᠠᠳ ᠤᠨ ᠦᠵᠡᠬᠦ ᠪᠠᠷ᠂ ᠬᠦᠬᠡᠭᠴᠢᠨ ᠬᠡᠯᠪᠡᠷᠢ ᠶᠢᠨ ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ | ᠵᠢᠴᠢ ᠠᠬᠠᠳᠠᠬᠤ ᠨᠢ ᠭᠤᠤᠯᠳᠠᠭᠤ ᠪᠡᠶ᠎ᠡ ᠳᠠᠬᠢ ᠴᠢᠰᠤᠨ ᠤ ᠰᠢᠬᠢᠷ ᠢ ᠬᠢᠵᠠᠭᠠᠷᠯᠠᠵᠤ ᠲᠡᠶᠢᠯᠬᠦ ᠠᠴᠠ ᠪᠤᠯᠳᠠᠭ᠃ | ᠡᠶᠢᠮᠦ ᠠᠴᠠ ᠦᠨᠢᠶᠡᠨ ᠰᠦ ᠰᠢᠬᠢᠷ ᠰᠢᠵᠢᠩ ᠡᠪᠡᠳᠴᠢᠨ ᠪᠠ ᠮᠠᠷᠢᠶᠠᠯᠠᠬᠤ ᠶᠢ ᠬᠤᠷᠢᠭᠯᠠᠬᠤ ᠳᠤ ᠢᠳᠡᠪᠬᠢᠳᠠᠢ ᠠᠴᠢ | ᠬᠤᠯᠪᠤᠭᠳᠠᠯ ᠲᠠᠢ᠃ ᠦᠨᠢᠶᠡᠨ ᠰᠦ ᠳᠤ ᠬᠤᠶᠠᠷ ᠲᠦᠷᠦᠯ ᠤᠨ ᠤᠭᠤᠷᠠᠭ ᠊᠊᠊᠊ ᠰᠦᠨ ᠴᠠᠶᠢᠳᠠᠮ ᠤᠨ ᠤᠭᠤᠷᠠᠭ ᠪᠠ | ᠲᠠᠷᠬᠠᠯᠢᠭ ᠤᠭᠤᠷᠠᠭ ᠨᠢ ᠨᠡᠩ ᠴᠤ ᠴᠠᠳᠬᠤᠯᠠᠩ ᠲᠦᠷᠦᠭᠳᠡᠯ ᠢ ᠤᠷᠳᠤᠳᠬᠠᠨ᠂ ᠴᠢᠰᠤᠨ ᠰᠢᠬᠢᠷ ᠢ ᠤᠯᠠᠮ | ᠲᠤᠷᠤᠭᠰᠢᠯᠠᠭᠤᠯᠳᠠᠭ ᠶᠤᠮ ᠪᠠᠶᠢᠨ᠎ᠠ᠃ | | | | |