ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠲᠡᠯᠳᠡ ᠵᠢᠭᠦᠷ (6)
ᠨᠡᠶ᠋ᠢᠲᠡᠯᠡᠭᠰᠡᠨ ᠴᠠᠭ᠄ 2025-06-16

     ᠡᠮᠵᠡᠭ᠌ᠭᠡᠨ ᠰᠡᠳᠭᠢᠯ᠎ᠢᠶᠠᠨ ᠣᠯᠠᠨ ᠶᠠᠩᠵᠣ᠎ᠪᠠᠷ ᠬᠡᠰᠡᠭ᠌ᠯᠡᠴᠢᠬᠡᠬᠡᠳ ᠲᠠᠪᠠᠬᠯᠠᠵᠦ

     ᠡᠳᠣᠷ ᠰᠦᠨᠢ ᠬᠤᠶᠠᠷ᠎ᠢ ᠭᠠᠭ᠍ᠴᠠ ᠴᠣᠮᠣ᠎ᠳᠤ ᠰᠠᠪᠠᠯᠠᠴᠢᠬᠠᠭᠠᠳ ᠬᠡᠮᠨᠡᠵᠣ

     ᠡᠢᠮᠣ ᠨᠢᠬᠡ ᠬᠠᠴᠢᠨ ᠭᠠᠢᠬᠠᠮᠱᠢᠭ᠍ᠳᠣ ᠱᠢᠷᠡᠭᠡ᠎ᠶ᠋ᠢ ᠬᠠᠳᠣᠨ ᠣᠬᠠᠭᠠᠨ᠎ᠢᠶᠠᠷ ᠵᠠᠰᠠᠵᠣ

     ᠦᠪᠡᠷ᠎ᠢᠶᠠᠨ ᠬᠠᠷᠢᠨ ᠡᠨᠡ ᠱᠢᠷᠡᠭᠡᠨ᠎ᠳᠡᠭᠡᠨ ᠬᠠᠭᠠᠨ ᠰᠠᠭᠤᠳᠠᠯ᠎ᠢᠶᠠᠷ ᠰᠠᠭᠠᠳᠠᠵᠣ

     ᠭᠠᠳᠠᠨ᠎ᠠ ᠴᠦ᠍ ᠬᠡᠷ᠎ᠲᠤ ᠴᠦ᠍ ᠠᠳᠠᠯᠢᠬᠠᠨ ᠠᠮᠢᠳᠣᠷᠠᠯ᠎ᠤᠨ ᠦᠩᠭᠡ ᠦᠳᠭᠡᠷᠡᠵᠣ

     ᠭᠠᠯ ᠬᠠᠯᠠᠭᠤᠨ᠎ᠳᠤ ᠴᠦ᠍ ᠴᠠᠯ ᠬᠦᠢᠳᠡᠨ᠎ᠳᠤ ᠴᠦ᠍ ᠨᠢᠴᠦᠬᠦᠨ ᠰᠡᠳᠭᠢᠯ ᠵᠢᠨᠷ  ᠱᠢᠭᠤᠷᠴᠣ

     ᠭᠠᠵᠢ ᠦᠭᠡᠢ ᠣᠷᠴᠢᠯᠠᠩ᠎ᠤᠨ ᠲᠡᠵᠢ ᠦᠭᠡᠢ ᠠᠭᠤᠵᠢᠮ᠎ᠳᠤ ᠰᠠᠯᠢᠵᠣ

     ᠭᠠᠷ ᠭᠠᠷ᠎ᠢᠶᠠᠨ ᠬᠦᠳᠣᠯᠦᠯᠴᠡᠭ᠌ᠰᠡᠨ ᠬᠡᠨ ᠨᠢᠭᠡᠨ᠎ᠲᠠᠢ᠎ᠪᠠᠨ ᠰᠡᠮᠡᠷᠡᠵᠣ

     ᠪᠠᠷᠠᠭᠤᠨ ᠬᠤᠢᠨ᠎ᠠ ᠨᠠᠷᠠ ᠱᠢᠩᠭᠡᠬᠦ᠌᠎ᠨᠢ ᠱᠢᠩᠭᠡᠳᠡᠭ ᠦᠭᠡᠢ ᠣᠢ ᠰᠠᠨᠠᠮᠵᠢ

     ᠪᠠᠭ᠎ᠠ᠎ᠠᠴᠠ᠎ᠪᠠᠨ ᠶᠠᠪᠣᠭᠠᠳ ᠭᠠᠷᠭᠠᠭ᠍ᠰᠠᠨ ᠵᠠᠮ ᠡᠪᠡᠳᠳᠡᠭ ᠦᠭᠡᠢ ᠱᠢᠷᠬ᠎ᠠ

     ᠪᠠᠶᠠᠨ ᠬᠤᠷᠸ᠎ᠠ᠎ᠶ᠋ᠢ ᠶᠠᠭ ᠣᠨᠣᠳᠠᠯ᠎ᠠ ᠱᠢᠨᠵᠢᠬᠦ᠌᠎ᠳᠤ ᠬᠡᠮᠵᠢᠶ᠎ᠡ᠎ᠲᠠᠢ ᠯᠠ ᠪᠡᠯᠴᠢᠬᠡᠷ

     ᠪᠠᠷᠠᠭ᠍ᠳᠠᠰᠢ ᠦᠭᠡᠢ ᠣᠯᠠᠨ ᠦᠢᠯᠡ ᠭᠠᠭ᠍ᠴᠠ ᠰᠦᠪᠡᠭ᠌ᠴᠢ᠎ᠳᠤ ᠬᠡᠯᠬᠢᠭ᠌ᠳᠡᠵᠣ ᠁

     ᠴᠦᠬᠦᠷᠡᠰᠢ ᠦᠭᠡᠢ ᠬᠤᠯᠠ᠎ᠶ᠋ᠢᠨ ᠠᠶᠠᠨ ᠨᠢᠭᠡᠨ ᠠᠯᠬᠤᠮ᠎ᠠᠴᠠ ᠡᠬᠢᠯᠡᠵᠣ

     ᠴᠣᠴᠠᠷᠠᠰᠢ ᠦᠭᠡᠢ ᠬᠤᠷᠸ᠎ᠠ᠎ᠶ᠋ᠢ ᠡᠯᠡᠬᠡᠬᠦ᠌᠎ᠳᠤ ᠣᠨᠠᠭᠠᠨ ᠨᠣᠳᠤᠭ ᠮᠦᠩᠭᠡ᠎ᠶ᠋ᠢᠨ ᠣᠶᠠᠭ᠎ᠠ

     ᠲᠠᠭᠠᠬᠢ᠎ᠲᠠᠢ ᠨᠠᠰᠣ ᠮᠢᠨᠢ ᠦᠨᠢ᠎ᠶ᠋ᠢᠨ ᠵᠢᠷᠤᠭ ᠡᠪᠬᠡᠳᠡᠭ ᠦᠭᠡᠢ ᠬᠠᠭᠤᠳᠠᠰᠣ

     ᠲᠣᠷᠣᠨ᠎ᠠ᠎ᠶ᠋ᠢᠨ ᠨᠠᠷᠠᠨ ᠦᠷᠯᠦᠬᠡ ᠦᠷᠯᠦᠬᠡ ᠣᠷᠭᠤᠬᠤ᠎ᠨᠢ ᠣᠢᠳᠠᠰᠢ ᠦᠭᠡᠢ ᠰᠠᠨᠠᠭ᠎ᠠ

     ᠬᠤᠯᠠᠳᠠᠰᠢ ᠦᠭᠡᠢ ᠪᠠᠷᠢᠯᠳᠤᠯᠭ᠎ᠠ ᠬᠡᠨ ᠨᠢᠬᠡᠨ᠎ᠲᠠᠢ ᠬᠠᠨᠢᠰᠣᠨ ᠵᠢᠳᠬᠦᠬᠦᠯᠵᠣ

     ᠬᠤᠯᠪᠣᠷᠢᠰᠢ ᠦᠭᠡᠢ ᠣᠷᠴᠢᠯᠠᠩ᠎ᠤᠨ ᠬᠤᠪᠣᠷᠬᠠᠨ ᠰᠠᠢᠬᠠᠨ᠎ᠳᠤ ᠱᠢᠳᠣᠵᠣ

     ᠬᠤᠷ᠎ᠠ᠎ᠲᠠᠢ ᠬᠤᠷ᠎ᠠ ᠦᠭᠡᠢ ᠴᠦ᠍ ᠬᠤᠷᠸ᠎ᠠ᠎ᠳᠤ ᠬᠠᠮᠤᠭ᠎ᠤᠨ ᠲᠠᠩᠰᠤᠭ ᠬᠠᠢᠷ᠎ᠠ᠎ᠪᠠᠷ ᠴᠡᠴᠡᠭ᠌ᠯᠡᠵᠣ

     ᠬᠤᠯᠠ ᠴᠦ᠍ ᠣᠢᠷ᠎ᠠ ᠴᠦ᠍ ᠬᠠᠯᠠᠭᠤᠨ ᠡᠯᠢᠬᠡ ᠮᠦᠩᠭᠡ᠎ᠶ᠋ᠢᠨ ᠰᠣᠳᠠᠰᠣ᠎ᠪᠠᠷ ᠨᠠᠢᠯᠡᠯᠳᠣᠵᠣ

     ᠬᠠᠭᠠᠨ ᠰᠠᠭᠤᠳᠠᠯ᠎ᠢᠶᠠᠷ ᠦᠪᠡᠷ᠎ᠤᠨ ᠬᠡᠰᠡᠨ ᠲᠦᠷᠦ᠍᠎ᠳᠡᠭᠡᠨ ᠰᠠᠭᠠᠳᠡᠵᠣ

     ᠬᠠᠳᠣᠨ ᠣᠬᠠᠭᠠᠨ᠎ᠢᠶᠠᠷ ᠲᠡᠬᠦᠰ ᠲᠡᠬᠦᠯᠳᠡᠷ ᠨᠢᠬᠡᠨ ᠱᠢᠷᠡᠭᠡ ᠵᠠᠰᠠᠵᠣ

     ᠬᠠᠷᠠᠩᠭᠤᠢ ᠬᠡᠷᠡᠯ ᠬᠤᠶᠠᠷ᠎ᠢ ᠭᠠᠭ᠍ᠴᠠ ᠴᠣᠮᠣ᠎ᠳᠤ ᠰᠠᠪᠠᠯᠠᠴᠢᠬᠠᠭᠠᠳ ᠬᠡᠮᠨᠠᠵᠣ

     ᠬᠠᠯᠠᠭᠤᠨ ᠵᠢᠷᠦᠬᠡ ᠪᠠᠨ ᠣᠯᠠᠨ ᠶᠠᠩᠵᠣ᠎ᠪᠠᠷ ᠬᠡᠰᠡᠭ᠌ᠯᠡᠴᠢᠬᠡᠬᠡᠳ ᠲᠠᠪᠠᠬᠯᠠᠵᠦ ᠁

ᠢᠷᠡᠯᠲᠡ᠄ ᠦᠪᠦᠷ ᠮᠤᠩᠭᠤᠯ᠎ᠤᠨ ᠡᠳᠤᠷ᠎ᠤᠨ ᠰᠣᠨᠢᠨ