ᠴᠠᠭᠠᠨ ᠵᠦᠭ᠎ᠤᠨ ᠵᠢᠭᠦᠷᠲᠠᠢ ᠡᠯᠴᠢ ᠮᠤᠷᠢ ᠮᠢᠨᠤ
ᠴᠠᠭ᠎ᠤᠨ ᠵᠠᠷᠯᠢᠭ᠎ᠢᠶᠠᠷ ᠤᠭ᠍ᠰᠢᠭ᠍ᠰᠠᠨ ᠢᠯᠳᠦ ᠮᠤᠷᠢ ᠮᠢᠨᠤ
ᠴᠠᠬᠢᠯᠵᠤ ᠢᠰᠭᠡᠷᠦᠭ᠌ᠰᠡᠨ ᠲᠡᠭ᠌ᠷᠢ᠎ᠶ᠋ᠢᠨ ᠰᠤᠮᠤ ᠮᠤᠷᠢ ᠮᠢᠨᠤ
ᠴᠡᠩᠭᠡᠷ ᠲᠠᠮᠠᠭ᠎ᠠ᠎ᠲᠠᠢ ᠭᠠᠯ᠎ᠤᠨ ᠰᠤᠷ ᠮᠤᠷᠢ ᠮᠢᠨᠤ
ᠠᠷᠠᠳ᠎ᠤᠨ ᠳᠠᠭᠤᠣ᠎ᠶᠢᠨ ᠱᠢᠷᠤᠩᠬᠠᠢ᠎ᠳᠤ ᠳᠡᠭᠦᠯᠢᠳᠡᠭ ᠮᠤᠷᠢ ᠮᠢᠨᠤ
ᠤᠬᠠᠭᠠᠨ᠎ᠤ ᠦᠨᠳᠦᠷᠯᠢᠭ᠎ᠲᠤ ᠠᠰᠠᠨ ᠬᠡᠢᠮᠦᠷᠢᠯᠡᠳᠡᠭ ᠮᠤᠷᠢ ᠮᠢᠨᠤ
ᠤᠷᠴᠢᠯᠠᠩ᠎ᠢ ᠰᠡᠷᠭᠦᠭᠡᠨ ᠤᠮᠤᠭ᠍ᠯᠠᠩ ᠠᠶᠤᠩᠭᠠᠯᠠᠳᠠᠭ ᠮᠤᠷᠢ ᠮᠢᠨᠤ
ᠤᠶᠠᠭᠠᠨ ᠳᠡᠭᠡᠷ᠎ᠡ᠎ᠪᠠᠨ ᠲᠠᠴᠢᠬᠢᠨᠠᠵᠤ ᠢᠷᠡᠳᠡᠭ ᠮᠤᠷᠢ ᠮᠢᠨᠤ
ᠨᠠᠷᠠᠨ᠎ᠤ ᠦᠨᠦᠷ᠎ᠲᠠᠢ ᠠᠯᠳᠠᠨ ᠤᠨᠠᠭ᠎ᠠ
ᠨᠤᠳᠤᠭ ᠠᠨᠢᠷᠯᠠᠨ ᠦᠥᠷᠰᠡᠪᠡ᠂ ᠬᠤᠷᠤᠢ ᠬᠤᠷᠤᠢ
ᠨᠠᠭᠤᠷ᠎ᠤᠨ ᠠᠩᠬᠢᠷ ᠳᠠᠭᠤᠯᠠᠪᠠ ᠭᠡᠮᠡᠨ
ᠨᠠᠢᠷᠠᠭ᠎ᠤᠨ ᠤᠩᠭᠤᠳ ᠴᠠᠬᠢᠯᠪᠠ᠂ ᠬᠤᠷᠤᠢ ᠬᠤᠷᠤᠢ
ᠰᠠᠷᠠᠨ᠎ᠢ ᠬᠦᠲᠦᠯᠦᠭ᠌ᠰᠡᠨ ᠮᠦᠩᠭᠦᠨ ᠠᠳᠤᠭᠤᠳ
ᠰᠦᠨᠢ᠎ᠶ᠋ᠢᠨ ᠲᠡᠭ᠌ᠷᠢ᠎ᠳᠤ ᠢᠨᠴᠠᠭᠠᠪᠠ᠂ ᠬᠤᠷᠤᠢ ᠬᠤᠷᠤᠢ
ᠰᠠᠯᠬᠢᠨ᠎ᠤ ᠳᠠᠭᠠᠬᠢ᠎ᠨᠢ ᠵᠠᠳᠠᠷᠠᠪᠠ ᠬᠡᠮᠡᠨ
ᠰᠡᠳᠭᠢᠯ᠎ᠤᠨ ᠦᠷ ᠬᠠᠶᠠᠭᠠᠷᠠᠪᠠ᠂ ᠬᠤᠷᠤᠢ ᠬᠤᠷᠤᠢ
ᠠᠮᠠᠭᠠᠢ ᠰᠤᠩᠭᠠᠨ ᠲᠤᠢᠯᠠᠵᠤ ᠶᠠᠪᠤᠳᠠᠭ ᠮᠤᠷᠢ ᠮᠢᠨᠤ
ᠠᠷᠭ᠎ᠠ ᠪᠢᠯᠢᠭ᠎ᠤᠨ ᠭᠡᠷᠡᠯ᠎ᠢᠶᠠᠷ ᠲᠠᠪᠬᠢᠳᠠᠭ ᠮᠤᠷᠢ ᠮᠢᠨᠤ
ᠠᠷᠢᠭᠤᠨ ᠰᠤᠶᠤᠯ᠎ᠢ ᠠᠴᠢᠶᠠᠯᠠᠨ ᠲᠤᠪᠴᠢᠶᠠᠯᠠᠳᠠᠭ ᠮᠤᠷᠢ ᠮᠢᠨᠤ
ᠠᠢ ᠲᠦᠮᠡᠨ᠎ᠢᠶᠠᠨ ᠬᠤᠭᠤᠷᠳᠠᠨ ᠠᠷᠭᠠᠳᠠᠳᠠᠭ ᠮᠤᠷᠢ ᠮᠢᠨᠤ
ᠲᠡᠯ᠎ᠲᠠᠢ ᠠᠶᠤᠩᠭ᠎ᠠ ᠮᠤᠷᠢ ᠮᠢᠨᠤ
ᠤᠶᠠᠩᠭ᠎ᠠ᠎ᠲᠠᠢ ᠳᠡᠯᠡᠬᠡᠢ ᠮᠤᠷᠢ ᠮᠢᠨᠤ
ᠳᠦᠷᠦᠭᠡ᠎ᠲᠠᠢ ᠰᠤᠮᠤ ᠮᠤᠷᠢ ᠮᠢᠨᠤ
ᠦᠰᠦ᠎ᠲᠠᠢ ᠵᠡᠪᠡ ᠮᠤᠷᠢ ᠮᠢᠨᠤ
ᠴᠤᠭ᠎ᠲᠠᠢ ᠴᠠᠬᠢᠭᠤᠷ ᠮᠤᠷᠢ ᠮᠢᠨᠤ
ᠬᠤᠢ᠎ᠲᠠᠢ ᠲᠤᠪᠴᠢᠶᠠᠨ ᠮᠤᠷᠢ ᠮᠢᠨᠤ
ᠴᠠᠭ᠎ᠲᠠᠢ ᠲᠡᠭ᠌ᠷᠢ ᠮᠤᠷᠢ ᠮᠢᠨᠤ
ᠬᠤᠷ᠎ᠲᠠᠢ ᠲᠤᠲ᠋ᠧᠮ ᠮᠤᠷᠢ ᠮᠢᠨᠤ
ᠮᠤᠷᠢ ᠮᠢᠨᠤ᠂ ᠮᠤᠷᠢ ᠮᠢᠨᠤ᠂ ᠮᠤᠬᠤᠰᠢ ᠦᠭᠡᠢ ᠤᠮᠤᠭ ᠮᠢᠨᠤ
ᠮᠤᠷᠢ ᠮᠢᠨᠤ᠂ ᠮᠤᠷᠢ ᠮᠢᠨᠤ᠂ ᠮᠤᠩᠳᠠᠰᠢ ᠦᠭᠡᠢ ᠵᠤᠷᠢᠭ ᠮᠢᠨᠤ
ᠮᠤᠷᠢ ᠮᠢᠨᠤ᠂ ᠮᠤᠷᠢ ᠮᠢᠨᠤ᠂ ᠮᠢᠳᠠᠷᠠᠰᠢ ᠦᠭᠡᠢ ᠰᠦᠯᠳᠡ ᠮᠢᠨᠤ
ᠮᠤᠷᠢ ᠮᠢᠨᠤ᠂ ᠮᠤᠷᠢ ᠮᠢᠨᠤ᠂ ᠮᠢᠯᠠᠷᠠᠰᠢ ᠦᠭᠡᠢ ᠦᠵᠦᠭ ᠮᠢᠨᠤ