ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠡᠵᠢ ᠮᠢᠨᠢ
ᠨᠡᠶ᠋ᠢᠲᠡᠯᠡᠭᠰᠡᠨ ᠴᠠᠭ᠄ 2025-06-19

ᠰᠦᠷᠦᠭ᠎ᠤᠨ ᠬᠤᠢᠨ᠎ᠠ᠎ᠠᠴᠠ ᠭᠡᠯᠳᠦᠷᠢᠭ᠌ᠰᠡᠨ

ᠮᠠᠯᠴᠢᠨ ᠵᠠᠶᠠᠭ᠎ᠠ᠎ᠲᠠᠢ ᠪᠦᠰᠡᠬᠦᠢ

ᠰᠦᠵᠢᠭ᠎ᠤᠨ ᠮᠠᠨᠢ ᠲᠤᠭᠠᠯᠠᠭ᠍ᠰᠠᠨ

ᠰᠦ᠎ᠲᠠᠢ ᠪᠤᠷᠬᠠᠨ ᠲᠡᠯᠡᠬᠡᠢ

ᠨᠠᠷᠠᠨ ᠤᠷᠭᠤᠬᠤ ᠦᠷᠯᠦᠭᠡ

ᠰᠡᠴᠤᠯᠢ ᠡᠷᠭᠦᠨ ᠲᠠᠢᠪᠤᠱᠢᠷᠠᠳᠠᠭ

ᠰᠠᠷᠠᠨ ᠮᠡᠯᠳᠡᠢᠬᠦ᠌ ᠰᠦᠨᠢ

ᠤᠶᠤᠳᠠᠯ ᠤᠷᠠᠯᠠᠨ ᠵᠡᠭᠦᠷᠮᠡᠭ᠌ᠯᠡᠳᠡᠭ

ᠬᠠᠷᠠᠵᠠᠨ᠎ᠤ ᠤᠰᠤᠨ᠎ᠳᠤ ᠶᠠᠪᠤᠬᠤ᠎ᠳᠤ

ᠭᠤᠤᠯ᠎ᠤᠨ ᠰᠤᠬᠠᠢ ᠱᠢᠭ᠋ ᠦᠵᠡᠰᠭᠦᠯᠡᠩ

ᠬᠠᠷᠠᠩᠭᠤᠢ ᠰᠦᠨᠢ ᠶᠠᠪᠤᠬᠤ᠎ᠳᠤ

ᠵᠠᠩᠵᠤᠨ ᠪᠠᠭᠠᠳᠤᠷ ᠱᠢᠭ᠋ ᠰᠦᠷᠯᠢᠭ

ᠰᠠᠭᠠᠯᠢ᠎ᠶ᠋ᠢᠨ ᠡᠩᠭᠡᠷ᠎ᠲᠤᠨᠢ ᠲᠤᠨᠢᠶᠠᠷᠬᠠᠵᠤ

ᠰᠠᠯᠬᠢ ᠬᠦᠷᠳᠡᠯ᠎ᠡ ᠵᠦᠭᠡᠯᠡᠰᠢᠳᠡᠭ

ᠰᠠᠨᠠᠯ ᠪᠤᠳᠤᠯ᠎ᠳᠤᠨᠢ ᠢᠳᠡᠭᠡᠱᠢᠵᠦ᠍

ᠵᠡᠭᠦᠳᠦ ᠬᠦᠷᠳᠡᠯ᠎ᠡ ᠨᠢᠯᠬᠠᠷᠠᠳᠠᠭ

ᠠᠵᠢᠯ ᠬᠢᠳᠡᠯ ᠬᠤᠶᠠᠷ᠎ᠲᠠᠭᠠᠨ

ᠨᠤᠭᠤᠷᠠᠵᠤ ᠦᠵᠡᠭᠡ ᠦᠭᠡᠢ ᠵᠤᠷᠢᠮᠠᠭ

ᠠᠰᠪᠤᠷ  ᠴᠠᠢᠯᠭᠠᠨ ᠰᠡᠳᠭᠢᠯ᠎ᠳᠡᠭᠡᠨ

ᠪᠤᠷᠳᠠᠭ ᠬᠦᠷᠭᠡᠯ ᠦᠬᠡᠢ ᠪᠤᠶᠠᠨᠰᠠᠭ

ᠭᠤᠷᠪᠠᠨ ᠡᠷᠢᠨ᠎ᠤ ᠬᠤᠭᠤᠯᠠᠨ᠎ᠳᠤ

ᠡᠵᠢ᠎ᠲᠠᠢ᠎ᠪᠠᠨ ᠪᠠᠢᠪᠠᠯ ᠡᠶᠡᠳᠡᠢ

ᠭᠤᠯᠤᠮᠳᠠ ᠲᠤᠯᠠᠭᠠᠨ ᠭᠡᠷ᠎ᠲᠡᠭᠡᠨ

ᠡᠵᠢ᠎ᠲᠠᠢ᠎ᠪᠠᠨ ᠪᠠᠢᠪᠠᠯ ᠵᠢᠷᠭᠠᠯᠳᠠᠢ

ᠵᠢᠷᠭᠤᠭᠠᠨ ᠬᠡᠤᠬᠡᠳ᠎ᠤᠨ ᠡᠬᠡ

ᠮᠢᠨᠦ᠍ ᠪᠤᠭᠤᠷᠤᠯ ᠡᠵᠢ

ᠵᠢᠷᠭᠠᠯ᠎ᠤᠨ ᠲᠡᠭᠡᠳᠦ᠍᠎ᠶ᠋ᠢ ᠡᠳ᠋ᠯᠡᠵᠦ᠍

ᠵᠠᠶᠠᠭ᠎ᠠ ᠪᠤᠶᠠᠨ᠎ᠨᠢ ᠲᠡᠯᠭᠡᠷᠠᠳᠦᠭᠡᠢ

ᠢᠷᠡᠯᠲᠡ᠄ ᠦᠪᠦᠷ ᠮᠤᠩᠭᠤᠯ᠎ᠤᠨ ᠡᠳᠤᠷ᠎ᠤᠨ ᠰᠣᠨᠢᠨ