ᠮᠠᠨ ᠤ᠋ ᠤᠯᠤᠰ ᠤ᠋ᠨ ᠤᠳᠤᠬᠠᠨ ᠤ᠋ ᠬᠠᠤᠯᠢ ᠴᠠᠭᠠᠵᠠ ᠵᠢᠨ ᠲᠤᠬᠳᠠᠭᠠᠯ ᠢ᠋ ᠦᠨᠳᠦᠰᠦᠯᠡᠪᠡᠯ᠂ ᠶᠠᠮᠠᠷ ᠵᠢᠬᠡᠯᠡᠯᠬᠡ ᠵᠢᠨ ᠠᠷᠭ᠎ᠠ ᠮᠠᠶᠢᠬ ᠢ᠋ ᠬᠡᠷᠡᠭᠯᠡᠭᠰᠡᠨ ᠴᠤ᠌ ᠂ ᠲᠠᠪᠬᠤᠷ ᠬᠦᠦ ᠮᠦᠩᠬᠦ ᠪᠤᠳᠤᠬᠰᠠᠨ ᠡᠰᠡᠬᠦᠯ᠎ᠡ ᠵᠢᠬᠡᠯᠡᠬᠦᠯᠬᠦ ᠳ᠋ᠡᠬᠡᠨ ᠤᠷᠢᠳ ᠵᠢᠡᠷ ᠬᠦᠦ ᠮᠦᠩᠬᠦ ᠵᠢ ᠰᠠᠭᠤᠯᠭᠠᠨ ᠠᠪᠤᠬᠰᠠᠨ ᠪᠠᠢᠪᠠᠯ ᠂ ᠴᠦᠮ ᠪᠤᠳᠠᠳᠤ ᠵᠢᠬᠡᠯᠡᠬᠦᠯᠦᠭᠰᠡᠨ ᠵᠤᠭᠤᠰᠤᠨ ᠤ᠋ ᠲᠤᠭ᠎ᠠ ᠪᠡᠷ ᠬᠦᠦ ᠮᠦᠩᠬᠦ ᠪᠤᠳᠤᠬᠤ ᠪᠦᠬᠡᠳ ᠪᠠᠩᠬᠢ ᠵᠢᠨ ᠠᠳᠠᠯᠢ ᠲᠦᠷᠦᠯ ᠤ᠋ᠨ ᠵᠢᠬᠡᠯᠡᠯᠬᠡ ᠵᠢᠨ ᠬᠦᠦ ᠮᠦᠩᠬᠦ ᠵᠢᠨ ᠨᠤᠷᠮ᠎ᠠ ᠵᠢᠨ 4 ᠲᠠᠬᠢᠨ ᠡᠴᠨ ᠬᠡᠳᠦᠷᠡᠭᠰᠡᠨ ᠦᠶ᠎ᠡ ᠳ᠋ᠤ᠂ ᠬᠡᠳᠦᠷᠡᠭᠰᠡᠨ ᠬᠡᠰᠡᠭ ᠢ᠋ ᠨᠢ ᠬᠠᠤᠯᠢ ᠶᠤᠰᠤᠨᠤ ᠬᠠᠮᠠᠭᠠᠯᠠᠯᠳᠠ ᠳᠤ ᠤᠷᠤᠭᠤᠯᠬᠤ ᠦᠬᠡᠢ᠃
ᠡᠬᠦᠨ ᠤ᠋ ᠬᠠᠮᠳᠤ ᠂ ᠵᠢᠬᠡᠯᠡᠬᠦᠯᠦᠭᠴᠢ ᠵᠢᠨ ᠨᠢᠬᠡᠨᠳᠡ ᠬᠤᠷᠢᠶᠠᠨ ᠠᠪᠤᠬᠰᠠᠨ ᠦᠨᠳᠦᠷ ᠬᠦᠦ ᠲᠠᠢ ᠵᠢᠬᠡᠯᠡᠯᠬᠡ ᠵᠢᠨ ᠬᠡᠰᠡᠭ ᠤ᠋ᠨ ᠬᠦᠦ ᠮᠦᠩᠬᠦ ᠪᠡᠷ ᠲᠦᠯᠦᠬᠡᠳᠦᠢ ᠡᠬᠡ ᠮᠦᠩᠬᠦ ᠵᠢ ᠲᠤᠯᠭᠠᠨ ᠲᠦᠯᠦᠵᠦ ᠪᠤᠯᠤᠨ᠎ᠠ᠂ ᠬᠡᠷᠪᠡ ᠬᠠᠤᠯᠢ ᠶᠤᠰᠤᠨ ᠤ᠋ ᠡᠬᠡ ᠬᠦᠦ ᠮᠦᠩᠬᠦ ᠵᠢ ᠨᠢᠬᠡᠨᠳᠡ ᠲᠦᠯᠦᠵᠦ ᠪᠠᠷᠠᠬᠰᠠᠨ ᠪᠠᠢᠪᠠᠯ ᠂ ᠵᠤᠭᠤᠰ ᠵᠢᠬᠡᠯᠡᠭᠴᠢ ᠳ᠋ᠤ ᠪᠤᠴᠠᠭᠠᠵᠤ ᠦᠭᠬᠦ ᠬᠡᠷᠡᠭᠳᠡᠢ ᠃