ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠦᠨ᠎ᠡ ᠲᠥᠯᠥᠪᠦᠷᠢ ᠦᠭᠡᠢ WIFI ᠶ᠋ᠢ ᠲᠤᠷ᠎ᠠ᠎ᠪᠠᠷ᠎ᠢᠶᠠᠨ ᠭᠡᠷᠡᠭ᠌ᠯᠡᠬᠦ ᠡᠴᠨ ᠬᠢᠴᠢᠶᠡᠭᠡᠷᠡᠢ
ᠨᠡᠶ᠋ᠢᠲᠡᠯᠡᠭᠰᠡᠨ ᠴᠠᠭ᠄ 2025-06-19

ᠨᠡᠢᠲᠡ᠎ᠶ᠋ᠢᠨ WIFI ᠨᠢ ᠬᠡᠳᠦ᠋ᠢᠪᠡᠷ ᠬᠡᠷᠡᠭᠯᠡᠬᠦ ᠳ᠋ᠤ ᠳᠥᠭᠦᠮ ᠪᠣᠯᠪᠠᠴᠤ᠌ ᠪᠠᠰᠠ ᠴᠥᠭᠡᠨ ᠪᠤᠰᠤ ᠠᠮᠤᠷ ᠲᠦᠪᠱᠢᠨ᠎ᠤ ᠭᠡᠮ ᠰᠤᠭᠤᠭ ᠤᠷᠤᠱᠢᠵᠦ᠍ ᠪᠠᠢᠬᠤ ᠪᠤᠯᠬᠤᠷ ᠬᠢᠴᠢᠶᠡᠬᠦ᠌ ᠦᠭᠡᠢ ᠪᠣᠯ ᠮᠡᠭᠡᠯᠡᠭᠴᠢ ᠵᠢᠨ ᠤᠷᠠᠬ᠎ᠠ ᠳ᠋ᠤ ᠤᠨᠠᠨ᠎ᠠ᠃

ᠵᠠᠩ ᠬᠠᠲᠤᠭ᠍ᠲᠠᠶ ᠳᠡᠯᠭᠡᠭᠦᠷ ᠲᠣᠭᠤᠷᠢᠵᠤ ᠪᠠᠢᠬᠤ᠎ᠳᠠᠭᠠᠨ ᠳᠡᠯᠭᠡᠭᠦᠷ᠎ᠤᠨ ᠨᠢᠭᠡᠨ ᠨᠢᠭᠤᠴᠠ ᠨᠣᠮᠧᠷ ᠦᠭᠡᠶ WIFI ᠶ᠋ᠢ ᠵᠠᠯᠭᠠᠭᠠᠳ ᠭᠠᠷ ᠤᠲᠠᠰᠤᠨ ᠪᠠᠩᠬᠢ ᠪᠡᠷ ᠲᠣᠭᠠᠴᠠᠭ᠎ᠠ ᠬᠢᠵᠦ᠂ ᠨᠢᠭᠡ ᠵᠠᠬ᠎ᠠ ᠬᠤᠪᠴᠠᠰᠤ ᠬᠤᠳᠠᠯᠳᠤᠨ ᠠᠪᠴᠠᠢ᠃ ᠳᠡᠮᠡᠢ ᠤᠳᠠᠭ᠍ᠰᠠᠨ ᠦᠭᠡᠢ ᠵᠠᠩ ᠬᠠᠲᠤᠭ᠍ᠲᠠᠶ ᠭᠠᠷ ᠤᠲᠠᠰᠤᠨ᠎ᠤ ᠣᠬᠤᠷ ᠮᠡᠳᠡᠭᠡ ᠵᠢ ᠣᠯᠠᠨᠲᠠ ᠲᠤᠰᠪᠠ᠂ ᠲᠡᠷᠡ ᠣᠬᠤᠷ ᠮᠡᠳᠡᠭᠡ ᠶ᠋ᠢᠨ ᠰᠠᠨᠠᠭᠤᠯᠤᠮᠵᠢ᠎ᠶ᠋ᠢ ᠦᠵᠡᠭ᠌ᠰᠡᠨ ᠴᠢᠨᠢ ᠲᠡᠭᠦᠨ ᠤ᠋ ᠢᠲᠡᠭᠡᠮᠵᠢ᠎ᠶ᠋ᠢᠨ ᠺᠠᠷᠲ᠎ᠠᠴᠠ ᠤᠷᠢᠳ ᠬᠤᠵᠢᠳ 9000 ᠭᠠᠷᠤᠢ ᠲᠥᠭᠦᠷᠢᠭ ᠬᠤᠯᠠᠭᠠᠢᠯᠠᠨ ᠱᠢᠷᠪᠢᠭ᠌ᠰᠡᠨ᠎ᠢ ᠣᠯᠵᠤ ᠮᠡᠳᠡᠵᠡᠢ᠃

ᠯᠢ ᠠᠪᠤᠭᠠᠶ ᠭᠠᠷ ᠤᠲᠠᠰᠤ᠎ᠪᠠᠨ ᠠᠦ᠋ᠲ᠋ᠣ᠋ ᠬᠠᠢᠯᠲᠠ᠎ᠪᠠᠷ WIFI ᠶ᠋ᠢ ᠠᠶᠠᠨᠳᠠᠭᠠᠨ ᠬᠤᠯᠪᠣᠬᠤ ᠪᠤᠯᠭᠠᠨ ᠲᠤᠬᠢᠷᠠᠭᠤᠯᠪᠠ᠃ ᠨᠢᠭᠡᠨ ᠡᠳᠦᠷ ᠭᠠᠳᠠᠨ᠎ᠠ ᠬᠤᠭᠤᠯᠠ ᠢᠳᠡᠵᠦ᠍ ᠪᠠᠢᠬᠤ᠎ᠳᠤ ᠲᠡᠭᠦᠨ᠎ᠤ ᠭᠠᠷ ᠤᠲᠠᠰᠤ᠎ᠨᠢ ᠠᠦ᠋ᠲ᠋ᠣ᠋ ᠬᠠᠢᠯᠲᠠ᠎ᠪᠠᠷ ᠨᠢᠭᠤᠴᠠ ᠨᠣᠮᠧᠷ ᠦᠭᠡᠶ ᠪᠦᠬᠡᠳ ᠦᠨ᠎ᠡ ᠲᠥᠯᠥᠪᠦᠷᠢ ᠦᠭᠡᠢ WIFI ᠵᠢ ᠵᠠᠯᠭᠠᠬ᠍ᠰᠠᠨ ᠪᠠᠢᠯ᠎ᠠ᠃ ᠲᠣᠰ WIFI ᠶ᠋ᠢ ᠬᠡᠷᠡᠭ᠌ᠯᠡᠵᠦ ᠪᠠᠢᠬᠤ ᠬᠤᠭᠤᠴᠠᠭᠠᠨ᠎ᠳᠤ᠂ ᠯᠢ ᠠᠪᠤᠭᠠᠶ ᠥᠪᠡᠷ᠎ᠦᠨ ᠭᠠᠷ ᠤᠲᠠᠰᠤᠨ᠎ᠤ ᠰᠦᠯᠵᠢᠶᠡᠨ ᠪᠠᠩᠬᠢ ᠳᠡᠭᠡᠷ᠎ᠡ ᠭᠠᠷᠤᠭ᠍ᠰᠠᠨ ᠪᠥᠭᠡᠳ ᠪᠠᠩᠬᠢ᠎ᠶ᠋ᠢᠨ ᠺᠠᠷᠲ᠎ᠤᠨ ᠨᠣᠮᠧᠷ ᠵᠢᠴᠢ ᠨᠢᠭᠤᠴᠠ ᠨᠣᠮᠧᠷ᠎ᠢᠶᠡᠨ ᠣᠷᠣᠭᠤᠯᠵᠤ ᠪᠠᠩᠬᠢ᠎ᠶ᠋ᠢᠨ ᠺᠠᠷᠲ᠎ᠤᠨ ᠲᠠᠩᠰᠠᠨ ᠡᠷᠦᠬᠡ᠎ᠶ᠋ᠢᠨ ᠦᠯᠡᠳᠡᠪᠦᠷᠢ᠎ᠵᠤᠭᠤᠰ ᠵᠢᠡᠨ ᠪᠠᠢᠴᠠᠭᠠᠨ ᠯᠠᠪᠯᠠᠪᠠ᠃ ᠳᠠᠷᠠᠭ᠎ᠠ ᠡᠳᠦᠷ᠎ᠨᠢ ᠲᠡᠷᠡ 3000 ᠲᠥᠭᠦᠷᠢᠭ ᠵᠠᠷᠤᠪᠠ ᠭᠡᠰᠡᠨ ᠭᠠᠷ ᠤᠳᠠᠰᠤᠨ᠎ᠤ ᠣᠬᠤᠷ ᠮᠡᠳᠡᠭᠡ ᠪᠤᠯᠤᠨ ᠪᠠᠩᠬᠢ᠎ᠶ᠋ᠢᠨ ᠺᠠᠷᠲ᠎ᠠᠴᠠ᠎ᠨᠢ ᠵᠤᠭᠤᠰ ᠱᠢᠯᠵᠢᠭᠦᠯᠤᠭ᠌ᠰᠡᠨ ᠪᠠ ᠭᠡᠷᠡᠭ᠌ᠯᠡᠭ᠌ᠰᠡᠨ ᠣᠬᠤᠷ ᠮᠡᠳᠡᠭᠡ᠎ᠶ᠋ᠢ ᠤᠯᠵᠤ ᠲᠤᠰᠤᠬ᠍ᠰᠠᠨ ᠪᠠᠢᠨ᠎ᠠ᠃

ᠲᠡᠭᠡᠪᠡᠯ ᠪᠢᠳᠡ ᠡᠢᠮᠦᠷᠬᠦᠦ ᠶᠠᠪᠤᠳᠠᠯ᠎ᠢ ᠶᠠᠭᠠᠬᠢᠵᠦ᠍ ᠰᠡᠷᠭᠡᠢᠯᠡᠬᠦ᠌ ᠪᠣᠢ?

1. ᠢᠷᠡᠯ ᠭᠠᠷᠤᠯ ᠨᠢ ᠲᠣᠳᠣᠷᠬᠠᠶ ᠦᠭᠡᠶ WIFI ᠎ᠶ᠋ᠢ ᠳᠤᠷ᠎ᠠ᠎ᠪᠠᠷ᠎ᠢᠶᠠᠨ ᠵᠠᠯᠭᠠᠵᠤ ᠪᠣᠯᠬᠤ ᠦᠭᠡᠶ᠂ ᠢᠯᠠᠩᠭᠤᠶ᠎ᠠ ᠦᠨ᠎ᠡ ᠲᠥᠯᠥᠪᠦᠷᠢ ᠦᠭᠡᠶ ᠪᠥᠭᠡᠳ ᠨᠢᠭᠤᠴᠠ ᠨᠣᠮᠧᠷ ᠴᠦ᠍ ᠬᠡᠷᠡᠭ᠌ᠰᠡᠬᠦ᠌ ᠦᠭᠡᠶ WIFI ᠵᠢ ᠵᠠᠯᠭᠠᠬᠤ ᠦᠭᠡᠢ᠃

2. ᠨᠡᠢᠲᠡ᠎ᠶ᠋ᠢᠨ WIFI᠎ᠶ᠋ᠢ ᠬᠡᠷᠡᠭ᠌ᠯᠡᠬᠦ᠌ ᠦᠶ᠎ᠡ᠎ᠳᠦ᠂ ᠬᠠᠮᠤᠭ ᠰᠠᠢᠨ ᠨᠢ ᠬᠤᠳᠠᠯᠳᠤᠭᠠᠴᠢᠨ᠎ᠠᠴᠠ WIFI᠎ᠶ᠋ᠢᠨ ᠪᠣᠳᠠᠲᠠᠶ ᠨᠡᠷᠡᠢᠳᠦᠯ᠎ᠢ ᠯᠠᠪᠯᠠᠨ ᠠᠰᠠᠭᠤᠵᠤ᠂ ᠰᠠᠨᠠᠮᠰᠠᠷ ᠥᠬᠡᠶ᠎ᠪᠡᠷ ᠬᠠᠤᠯᠢ ᠪᠤᠰᠤ ᠡᠳᠡᠭᠡᠳ ᠤ᠋ᠨ WIFI ᠲᠠᠢ ᠵᠠᠯᠭᠠᠵᠤ᠂ ᠵᠣᠭᠣᠰ ᠮᠥᠩᠭᠥᠨ᠎ᠦ ᠬᠣᠬᠢᠷᠠᠯ ᠤᠴᠠᠷᠠᠬᠤ᠂ ᠨᠢᠭᠤᠴᠠ ᠨᠣᠮᠧᠷ᠂ ᠬᠡᠷ ᠪᠦᠯᠢ᠎ᠶ᠋ᠢᠨ ᠬᠠᠶᠢᠭ ᠵᠡᠷᠭᠡ ᠬᠤᠪᠢ᠎ᠶ᠋ᠢᠨ ᠨᠢᠭᠤᠴᠠ ᠮᠡᠳᠡᠭᠡ ᠵᠠᠩᠭᠢ᠎ᠶ᠋ᠢ ᠵᠠᠳᠠᠷᠠᠭᠤᠯᠬᠤ ᠡᠴᠨ ᠵᠠᠢᠯᠠᠰᠭᠢᠨ᠎ᠠ᠃

3. ᠨᠡᠢᠲᠡ᠎ᠶ᠋ᠢᠨ WIFI᠎ᠶ᠋ᠢ ᠬᠡᠷᠡᠭ᠌ᠯᠡᠬᠦ᠌ ᠳ᠋ᠡᠭᠡᠨ ᠰᠦᠯᠵᠢᠶᠡᠨ ᠪᠠᠩᠬᠢ᠂ ᠰᠦᠯᠵᠢᠶᠡᠨ ᠳᠡᠭᠡᠷ᠎ᠡ ᠪᠠᠷᠠᠭ᠎ᠠ ᠬᠤᠳᠠᠯᠳᠤᠨ ᠠᠪᠬᠤ ᠲᠠᠩᠰᠠᠨ ᠨᠣᠮᠧᠷ ᠵᠡᠷᠭᠡ ᠠᠵᠢᠯᠯᠠᠭ᠎ᠠ ᠬᠢᠬᠦ᠌᠎ᠡᠴᠡ ᠵᠠᠢᠯᠠᠰᠭᠢᠬᠦ᠌᠎ᠶ᠋ᠢᠨ ᠬᠠᠮᠲᠤ᠂ ᠰᠦᠯᠵᠢᠶᠡᠨ᠎ᠳᠦ ᠭᠠᠷᠬᠤ ᠳᠠᠳᠭᠠᠯ᠎ᠢ ᠠᠩᠬᠠᠷᠤᠨ᠂ ᠭᠠᠷ ᠤᠲᠠᠰᠤ᠂ ᠺᠣᠮᠫᠢᠦ᠋ᠲ᠋ᠧᠷ᠎ᠲᠦ ᠠᠮᠤᠷ ᠲᠦᠪᠱᠢᠨ᠎ᠦ ᠱᠢᠷᠪᠢᠯᠲᠡ ᠬᠢᠬᠦ᠌ ᠬᠡᠷᠡᠭ᠌ᠲᠡᠶ᠃

4. ᠭᠠᠷ ᠤᠲᠠᠰᠤ ᠵᠢᠨ ᠠᠦ᠋ᠲ᠋ᠣ᠋ ᠬᠠᠢᠯᠳᠠ᠎ᠪᠡᠷ WIFI ᠎ᠶ᠋ᠢ ᠵᠠᠯᠭᠠᠬᠤ ᠴᠢᠳᠠᠮᠵᠢ᠎ᠪᠠᠨ ᠬᠠᠭᠠᠵᠤ᠂ ᠰᠠᠨᠠᠮᠰᠠᠷ ᠥᠬᠡᠶ ᠪᠡᠷ ᠤᠷᠠᠬ᠎ᠠ ᠮᠡᠬᠡ ᠲᠠᠢ WIFI ᠎ᠶ᠋ᠢ ᠵᠠᠯᠭᠠᠬᠤ ᠵᠢ ᠰᠡᠷᠭᠡᠢᠯᠡᠨ᠎ᠠ᠂ ᠬᠡᠷᠪᠡ WIFI ᠵᠠᠯᠭᠠᠭᠠᠳ ᠵᠠᠷ ᠮᠡᠳᠡᠭᠡ ᠪᠤᠶᠤ ᠥᠯᠥ᠍ ᠮᠡᠳᠡᠬᠦ᠌ ᠰᠦᠯᠵᠢᠶᠠᠨ ᠬᠠᠶᠢᠭ ᠢᠯᠡᠷᠡᠭ᠌ᠰᠡᠨ ᠪᠠᠢᠪᠠᠯ ᠪᠢᠲᠡᠭᠡᠶ ᠲᠣᠪᠴᠢᠳᠠᠭᠠᠷᠠᠶ᠃

 

ᠢᠷᠡᠯᠲᠡ᠄ ᠦᠪᠦᠷ ᠮᠤᠩᠭᠤᠯ᠎ᠤᠨ ᠡᠳᠤᠷ᠎ᠤᠨ ᠰᠣᠨᠢᠨ