ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠱᠠᠪᠢ ᠬᠦᠮᠦᠵᠢᠬᠦᠯᠬᠦ ᠨᠡᠷ᠎ᠡ ᠪᠡᠷ ᠠᠵᠢᠯᠳᠠᠨ ᠬᠡᠷᠡᠭᠯᠡᠵᠦ ᠪᠣᠯᠬᠣ ᠦᠬᠡᠢ
ᠨᠡᠶ᠋ᠢᠲᠡᠯᠡᠭᠰᠡᠨ ᠴᠠᠭ᠄ 2025-07-28

ᠮᠡᠳᠡᠭᠡᠯᠡᠯ ᠎ᠢ ᠦᠨᠳᠣᠰᠣᠯᠠᠪᠠᠯ ᠣᠢᠷ᠎ᠠ ᠵᠢᠨ ᠬᠣᠭᠣᠴᠠᠭᠠᠨ᠎ᠳᠦ᠂ ᠠᠵᠢᠯᠳᠠᠨ ᠬᠡᠷᠡᠭᠯᠡᠬᠦ ᠨᠢᠬᠡᠴᠢ 《ᠱᠠᠪᠢ ᠬᠦᠮᠦᠵᠢᠬᠦᠯᠬᠦ》 ᠬᠡᠮᠡᠬᠦ ᠲᠣᠭ ᠡᠷᠬᠦᠵᠦ᠂ ᠠᠵᠢᠯ ᠡᠷᠢᠵᠦ ᠪᠠᠢᠭ᠎ᠠ ᠬᠦᠮᠦᠰ ᠎ᠢ ᠠᠪᠴᠢᠷᠠᠨ ᠬᠡᠷᠡᠭᠯᠡᠭᠡᠳ ᠬᠦᠳᠡᠯᠮᠦᠷᠢ ᠵᠢᠨ ᠬᠡᠷ᠎ᠡ ᠲᠣᠭᠳᠠᠬᠣ ᠦᠬᠡᠢ᠂ ᠨᠠᠢᠬᠡᠮ᠎ᠦᠨ ᠲᠠᠭᠠᠳᠬᠠᠯ ᠎ᠴᠦ ᠲᠣᠰᠢᠶᠠᠵᠦ ᠦᠭᠬᠦ ᠦᠬᠡᠢ ᠦᠵᠡᠭᠳᠡᠯ ᠪᠣᠢ᠃ ᠪᠠᠷᠢᠯᠭ᠎ᠠ᠂ ᠪᠣᠷᠣᠯᠠᠭᠣᠯᠭ᠎ᠠ᠂ ᠵᠢᠰᠦ ᠭᠣᠶᠣᠯᠠᠬᠣ ᠦᠰᠦ ᠬᠡᠵᠢᠬᠡ ᠶᠠᠩᠵᠣᠯᠠᠬᠣ ᠵᠡᠷᠭᠡ ᠠᠵᠢᠯ ᠲᠦᠷᠦᠯ᠎ᠳᠦ ᠨᠡᠩ ᠬᠢᠯᠪᠠᠷᠬᠠᠨ ᠡᠢᠮᠦ ᠠᠰᠠᠭᠣᠳᠠᠯ ᠡᠬᠦᠰᠳᠡᠭ᠃ ᠠᠵᠢᠯᠳᠠᠨ ᠬᠡᠷᠡᠭᠯᠡᠵᠦ ᠪᠠᠢᠭᠠᠳ ᠱᠠᠪᠢ ᠬᠦᠮᠦᠵᠢᠬᠦᠯᠵᠦ ᠪᠠᠢᠬᠣ ᠨᠡᠷ᠎ᠡ ᠪᠡᠷ ᠬᠦᠳᠡᠯᠮᠦᠷᠢ ᠵᠢᠨ ᠬᠠᠷᠢᠴᠠᠭ᠎ᠠ ᠵᠢ ᠦᠬᠡᠢᠰᠬᠡᠨ᠎ᠡ᠎ᠦᠦ? ᠬᠠᠣᠯᠢ ᠬᠡᠷᠡᠭᠵᠢᠬᠦᠯᠬᠦ ᠪᠣᠳᠠᠳᠣ ᠦᠢᠯᠡᠳᠦᠯᠬᠡ᠎ᠳᠦ᠂ ᠱᠠᠪᠢ ᠨᠢ ᠪᠣᠳᠠᠳᠠᠢ ᠲᠡᠭᠡᠷ᠎ᠡ ᠠᠵᠢᠯᠳᠠᠨ᠎ᠦ ᠬᠠᠷᠢᠭᠣᠴᠠᠯᠭ᠎ᠠ ᠡᠬᠦᠷᠭᠡᠯᠡᠭᠰᠡᠨ ᠪᠠᠢᠪᠠᠯ᠂ ᠱᠠᠪᠢ ᠵᠢᠨ ᠪᠡᠶ᠎ᠡ ᠵᠢᠨ ᠭᠠᠷᠣᠯ ᠨᠢ ᠵᠦᠪᠬᠡᠨ ᠬᠦᠮᠦᠨ ᠬᠡᠷᠡᠭᠯᠡᠬᠦ ᠨᠢᠬᠡᠴᠢ ᠵᠢᠨ ᠬᠠᠣᠯᠢ ᠵᠢᠨ ᠬᠠᠷᠢᠭᠣᠴᠠᠯᠭ᠎ᠠ ᠡᠴᠡ ᠵᠠᠢᠯᠠᠬᠣ ᠠᠷᠭ᠎ᠠ ᠲᠡᠳᠦᠢ᠂ ᠬᠣᠶᠡᠷ ᠲᠠᠯ᠎ᠠ ᠪᠡᠷ ᠵᠢᠡᠨ ᠮᠦᠨ ᠯᠡ ᠬᠦᠳᠡᠯᠮᠦᠷᠢ ᠵᠢᠨ ᠬᠠᠷᠢᠴᠠᠭ᠎ᠠ ᠲᠠᠢ᠃ ᠬᠦᠳᠡᠯᠮᠦᠷᠢ ᠵᠢᠨ ᠬᠠᠷᠢᠴᠠᠭ᠎ᠠ ᠪᠣᠯᠣᠨ ᠱᠠᠪᠢ ᠵᠢᠨ ᠬᠠᠷᠢᠴᠠᠭ᠎ᠠ ᠵᠢ ᠢᠯᠭᠠᠬᠣ᠎ᠳᠦ᠂ ᠬᠣᠶᠡᠷ ᠲᠠᠯ᠎ᠠ ᠪᠡᠷ ᠵᠢᠡᠨ ᠬᠠᠮᠢᠶᠠᠷᠬᠣ ᠪᠣᠶᠣ ᠬᠠᠮᠢᠶᠠᠷᠣᠬᠳᠠᠬᠣ ᠬᠠᠷᠢᠴᠠᠭ᠎ᠠ ᠣᠷᠣᠰᠢᠬᠣ ᠡᠰᠡᠬᠦ᠂ ᠠᠵᠦ ᠠᠬᠣᠢ ᠵᠢᠨ ᠲᠠᠯ᠎ᠠ ᠵᠢᠨ ᠲᠦᠰᠢᠭᠯᠡᠬᠦ ᠬᠠᠷᠢᠴᠠᠭ᠎ᠠ ᠣᠷᠣᠰᠢᠬᠣ ᠡᠰᠡᠬᠦ ᠵᠢ ᠦᠵᠡᠨ᠎ᠡ᠃ ᠡᠨᠳᠡ ᠬᠦᠳᠡᠯᠮᠦᠷᠢᠯᠡᠭᠴᠢ᠎ᠳᠦ ᠰᠠᠨᠠᠭᠣᠯᠬᠣ ᠨᠢ ᠠᠵᠢᠯᠳᠠᠨ ᠬᠡᠷᠡᠭᠯᠡᠬᠦ ᠨᠢᠬᠡᠴᠢ ᠲᠠᠢ ᠬᠠᠷᠢᠯᠴᠠᠬᠰᠠᠨ ᠲᠡᠮᠳᠡᠭᠯᠡᠯ ᠵᠢᠴᠢ ᠠᠵᠢᠯᠳᠠᠨ ᠭᠡᠷᠡᠭᠯᠡᠬᠦ ᠨᠢᠬᠡᠴᠢ ᠵᠢᠨ ᠠᠵᠢᠯᠳᠠᠨ ᠡᠯᠰᠡᠬᠦ ᠮᠡᠳᠡᠭᠡ ᠵᠠᠩᠬᠢ᠂ ᠠᠵᠢᠯᠯᠠᠬᠰᠠᠨ ᠴᠠᠭ᠂ ᠴᠠᠯᠢᠩ ᠬᠦᠯᠦᠰᠣ ᠦᠭᠬᠦᠭᠰᠡᠨ ᠮᠡᠳᠡᠭᠡ ᠵᠠᠩᠬᠢ ᠵᠡᠷᠭᠡ ᠵᠢ ᠦᠯᠡᠳᠡᠭᠡᠵᠦ᠂ ᠠᠵᠢᠯᠳᠠᠨ ᠬᠡᠷᠡᠭᠯᠡᠬᠦ ᠨᠢᠬᠡᠴᠢ ᠡᠴᠡ ᠠᠵᠢᠯᠳᠠᠨ ᠬᠡᠷᠡᠭᠯᠡᠬᠦ ᠬᠠᠣᠯᠢ᠎ᠳᠦ ᠲᠣᠭᠳᠠᠬᠰᠠᠨ ᠬᠠᠷᠢᠭᠣᠴᠠᠯᠭ᠎ᠠ ᠪᠡᠨ ᠡᠬᠦᠷᠭᠡᠯᠡᠭᠰᠡᠨ ᠦᠬᠡᠢ ᠪᠠᠢᠪᠠᠯ᠂ ᠬᠠᠣᠯᠢ᠎ᠳᠦ ᠨᠡᠢᠴᠡᠭᠰᠡᠨ ᠠᠷᠭ᠎ᠠ ᠪᠡᠷ ᠡᠷᠬᠡ ᠪᠠᠨ ᠬᠠᠮᠠᠭᠠᠯᠠᠵᠣ ᠪᠣᠯᠣᠨ᠎ᠠ᠃

 

ᠢᠷᠡᠯᠲᠡ᠄ ᠦᠪᠦᠷ ᠮᠤᠩᠭᠤᠯ᠎ᠤᠨ ᠡᠳᠤᠷ᠎ᠤᠨ ᠰᠣᠨᠢᠨ