ᠦᠪᠡᠷᠳᠡᠭᠡᠨ ᠵᠠᠰᠠᠬᠤ ᠤᠷᠤᠨ ᠤ᠋ ᠡᠮ ᠤ᠋ᠨ ᠵᠦᠢᠯᠡᠰ ᠤ᠋ᠨ ᠬᠢᠨᠠᠯᠳᠠ ᠬᠠᠮᠢᠶᠠᠷᠤᠯᠳᠠ ᠶ᠋ᠢᠨ ᠲᠤᠪᠴᠢᠶ᠎ᠠ ᠡᠴᠡ ᠤᠢᠯᠠᠭᠠᠭᠰᠠᠨ ᠶ᠋ᠢᠡᠷ᠂ ᠦᠪᠡᠷᠳᠡᠭᠡᠨ ᠵᠠᠰᠠᠬᠤ ᠤᠷᠤᠨ ᠤ᠋ ᠡᠮᠴᠢᠯᠡᠭᠡᠨ ᠤ᠋ ᠪᠠᠭᠠᠵᠢ ᠬᠡᠷᠡᠭᠰᠡᠯ ᠢ᠋ ᠰᠢᠯᠭᠠᠨ ᠪᠠᠢᠴᠠᠭᠠᠵᠤ ᠬᠢᠨᠠᠨ ᠬᠡᠮᠵᠢᠬᠦ ᠰᠤᠲᠤᠯᠭᠠᠨ ᠤ ᠬᠦᠷᠢᠶᠡᠯᠡᠩ ᠤ᠋ᠨ ᠠᠭᠤᠰᠤᠮᠠᠯ ᠤ᠋ᠨ pH ᠬᠡᠮᠵᠢᠭᠳᠡᠯ ᠢ᠋ ᠰᠢᠯᠭᠠᠨ ᠪᠠᠢᠴᠠᠭᠠᠬᠤ ᠮᠡᠷᠭᠡᠵᠢᠯ ᠴᠢᠳᠠᠪᠤᠷᠢ ᠤᠢᠷ᠎ᠠ ᠳ᠋ᠤ ᠳᠤᠮᠳᠠᠳᠤ ᠤᠯᠤᠰ ᠤ᠋ᠨ ᠢᠳᠡᠭᠡᠨ ᠤ᠋ ᠵᠦᠢᠯᠡᠰ ᠪᠠ ᠡᠮ ᠤ᠋ᠨ ᠵᠦᠢᠯᠡᠰ ᠢ᠋ ᠰᠢᠯᠭᠠᠨ ᠳᠤᠭᠳᠠᠭᠠᠬᠤ ᠰᠤᠲᠤᠯᠭᠠᠨ ᠤ ᠬᠦᠷᠢᠶᠡᠯᠡᠩ ᠤ᠋ᠨ ᠵᠤᠬᠢᠶᠠᠨ ᠪᠠᠢᠭᠤᠯᠤᠭᠰᠠᠨ ᠰᠢᠯᠭᠠᠨ ᠪᠠᠢᠴᠠᠭᠠᠯᠳᠠ ᠶ᠋ᠢ ᠦᠩᠭᠡᠷᠡᠭᠦᠯᠵᠦ᠂ ᠵᠠᠷᠢᠮ ᠵᠠᠩᠬᠢᠯᠠᠭ᠎ᠠ ᠶ᠋ᠢᠨ ᠬᠡᠮᠵᠢᠭᠳᠡᠯ ᠨᠢ ᠳᠡᠯᠡᠬᠡᠢ ᠨᠡᠢᠳᠡ ᠶ᠋ᠢᠨ ᠪᠠᠷᠢᠮᠵᠢᠶ᠎ᠠ ᠳ᠋ᠤ ᠬᠦᠷᠴᠠᠢ᠃
ᠠᠭᠤᠰᠤᠮᠠᠯ ᠤ᠋ᠨ pH ᠬᠡᠮᠵᠢᠭᠳᠡᠯ ᠢ᠋ ᠰᠢᠯᠭᠠᠨ ᠳᠤᠭᠳᠠᠭᠠᠬᠤ ᠨᠢ ᠰᠢᠨᠵᠢᠯᠡᠬᠦ ᠤᠬᠠᠭᠠᠨ ᠤ᠋ ᠰᠦᠪᠡᠭᠴᠢᠯᠡᠯᠳᠡ ᠬᠢᠬᠦ ᠴᠢᠬᠤᠯᠠ ᠬᠡᠷᠡᠭᠰᠡᠯ ᠪᠤᠯᠬᠤ ᠪᠦᠭᠡᠳ ᠨᠡᠩ ᠴᠤ᠌ ᠡᠮᠴᠢᠯᠡᠭᠡᠨ ᠪᠠ ᠡᠳᠦᠷ ᠲᠤᠳᠤᠮ ᠤ᠋ᠨ ᠠᠮᠢᠳᠤᠷᠠᠯ ᠳ᠋ᠤ ᠳᠤᠳᠠᠭᠳᠠᠵᠤ ᠪᠤᠯᠤᠰᠢ ᠦᠭᠡᠢ 《ᠬᠢᠮᠢ ᠶ᠋ᠢᠨ ᠬᠡᠮᠵᠢᠭᠦᠷ 》 ᠮᠦᠨ᠃ ᠠᠭᠤᠰᠤᠮᠠᠯ ᠤ᠋ᠨ pH ᠬᠡᠮᠵᠢᠭᠳᠡᠯ ᠤ᠋ᠨ ᠤᠨᠤᠪᠴᠢᠳᠤ ᠬᠡᠮᠵᠢᠶ᠎ᠠ ᠨᠢ ᠡᠮᠴᠢᠯᠡᠭᠡᠨ ᠤ᠋ ᠠᠮᠦᠷ ᠲᠦᠪᠰᠢᠨ ᠳ᠋ᠤ ᠰᠢᠭᠤᠳ ᠬᠤᠯᠪᠤᠭᠳᠠᠳᠠᠭ᠃ ᠦᠪᠡᠷᠳᠡᠭᠡᠨ ᠵᠠᠰᠠᠬᠤ ᠤᠷᠤᠨ ᠤ᠋ ᠡᠮᠴᠢᠯᠡᠭᠡᠨ ᠤ᠋ ᠪᠠᠭᠠᠵᠢ ᠬᠡᠷᠡᠭᠰᠡᠯ ᠢ᠋ ᠰᠢᠯᠭᠠᠨ ᠪᠠᠢᠴᠠᠭᠠᠵᠤ ᠬᠢᠨᠠᠨ ᠬᠡᠮᠵᠢᠬᠦ ᠰᠤᠲᠤᠯᠭᠠᠨ ᠤ ᠬᠦᠷᠢᠶᠡᠯᠡᠩ ᠨᠢ ᠭᠡᠮᠵᠢᠯᠳᠡ ᠶ᠋ᠢ ᠦᠭᠰᠦᠨ ᠮᠦᠷᠳᠡᠵᠤ ᠪᠤᠯᠬᠤ ᠤᠶᠤᠨᠴᠢᠯᠠᠭᠰᠠᠨ pH ᠬᠡᠮᠵᠢᠭᠳᠡᠯ ᠢ᠋ ᠰᠢᠯᠭᠠᠨ ᠪᠠᠢᠴᠠᠭᠠᠬᠤ ᠰᠢᠰᠲᠧᠮ ᠳ᠋ᠤ ᠲᠦᠰᠢᠭᠯᠡᠨ ᠳᠤᠯᠠᠭᠠᠨ ᠤ᠋ ᠬᠡᠮᠵᠢᠶ᠎ᠡ ᠶ᠋ᠢᠨ ᠬᠤᠪᠢᠷᠠᠯᠳᠠ ᠶ᠋ᠢ ᠦᠨᠳᠦᠰᠦᠯᠡᠨ ᠪᠤᠳᠤᠬᠤ ᠠᠷᠭ᠎ᠠ ᠪᠡᠨ ᠵᠤᠬᠢᠴᠠᠭᠤᠯᠤᠨ ᠰᠢᠯᠢᠳᠡᠭᠵᠢᠭᠦᠯᠬᠦ ᠪᠠ ᠭᠤᠷᠪᠠᠨ ᠱᠠᠳᠤᠨ ᠤ᠋ ᠤᠨᠤᠪᠴᠢ ᠶ᠋ᠢ ᠰᠢᠯᠭᠠᠨ ᠡᠵᠡᠮᠳᠡᠬᠦ ᠮᠡᠷᠭᠡᠵᠢᠯ ᠤ᠋ᠨ ᠠᠷᠭ᠎ᠠ ᠶ᠋ᠢ ᠬᠡᠷᠡᠭᠯᠡᠵᠤ ᠂ ᠰᠢᠯᠭᠠᠨ ᠪᠠᠢᠴᠠᠭᠠᠵᠤ ᠤᠯᠤᠭᠰᠠᠨ ᠬᠡᠮᠵᠢᠭᠳᠡᠯ ᠬᠢᠭᠡᠳ ᠲᠤᠬᠠᠢ ᠶ᠋ᠢᠨ ᠠᠭᠤᠰᠤᠮᠠᠯ ᠤ᠋ᠨ ᠪᠠᠷᠢᠮᠵᠢᠶ᠎ᠠ ᠬᠡᠮᠵᠢᠭᠳᠡᠯ ᠤ᠋ᠨ ᠬᠤᠭᠤᠷᠤᠨᠳᠤᠬᠢ ᠵᠦᠷᠢᠶ᠎ᠠ ᠶ᠋ᠢ 0.03pH ᠨᠢᠭᠡᠴᠢ ᠡᠴᠡ ᠪᠠᠭ᠎ᠠ ᠪᠤᠯᠭᠠᠨ᠂ ᠵᠠᠷᠢᠮ ᠵᠠᠩᠬᠢᠯᠠᠭ᠎ᠠ ᠶ᠋ᠢᠨ ᠬᠡᠮᠵᠢᠭᠳᠡᠯ ᠨᠢ ISO/IEC17025 ᠳᠡᠯᠡᠬᠡᠢ ᠨᠡᠢᠳᠡ ᠶ᠋ᠢᠨ ᠪᠠᠷᠢᠮᠵᠢᠶ᠎ᠠ ᠳ᠋ᠤ ᠬᠦᠷᠴᠠᠢ᠃
ᠤᠳᠤᠬᠠᠨ ᠳ᠋ᠤ ᠦᠪᠡᠷᠳᠡᠭᠡᠨ ᠵᠠᠰᠠᠬᠤ ᠤᠷᠤᠨ ᠤ᠋ ᠡᠮᠴᠢᠯᠡᠭᠡᠨ ᠤ᠋ ᠪᠠᠭᠠᠵᠢ ᠬᠡᠷᠡᠭᠰᠡᠯ ᠢ᠋ ᠰᠢᠯᠭᠠᠨ ᠪᠠᠢᠴᠠᠭᠠᠵᠤ ᠬᠢᠨᠠᠨ ᠬᠡᠮᠵᠢᠬᠦ ᠰᠤᠲᠤᠯᠭᠠᠨ ᠤ ᠬᠦᠷᠢᠶᠡᠯᠡᠩ ᠤ᠋ᠨ ᠬᠠᠮᠢᠶ᠎ᠠ ᠪᠦᠬᠦᠢ ᠰᠢᠯᠭᠠᠨ ᠪᠠᠢᠴᠠᠭᠠᠬᠤ ᠮᠡᠷᠭᠡᠵᠢᠯ ᠴᠢᠳᠠᠪᠤᠷᠢ ᠨᠢ ᠨᠢᠭᠡᠨᠳᠡ ᠬᠠᠷᠢᠶ᠎ᠠ ᠤᠷᠤᠨ ᠤ᠋ 96% ᠶ᠋ᠢᠨ ᠬᠤᠶᠠᠳᠤᠭᠠᠷ ᠲᠦᠷᠦᠯ ᠤ᠋ᠨ ᠡᠮᠴᠢᠯᠡᠭᠡᠨ ᠤ᠋ ᠪᠠᠭᠠᠵᠢ ᠬᠡᠷᠡᠭᠰᠡᠯ ᠤ᠋ᠨ ᠰᠢᠯᠭᠠᠨ ᠪᠠᠢᠴᠠᠭᠠᠬᠤ ᠬᠡᠷᠡᠭᠴᠡᠭᠡ ᠶ᠋ᠢ ᠬᠠᠮᠤᠷᠴᠤ᠂ ᠵᠢᠯ ᠳ᠋ᠤ 300 ᠭᠠᠷᠤᠢ ᠠᠵᠤ ᠠᠬᠤᠢᠯᠠᠯ ᠳ᠋ᠤ ᠦᠢᠯᠡᠴᠢᠯᠡᠵᠦ ᠪᠠᠢᠨ᠎ᠠ᠃