1. ᠠᠷᠢᠬᠢ ᠲᠠᠮᠠᠬᠢ ᠪᠣᠯ ᠥᠮᠡᠨ ᠡᠪᠡᠳᠴᠢᠨ ᠡᠭᠦᠰᠭᠡᠳᠡᠭ 1 ᠳ᠋ᠤᠭᠡᠷ ᠲᠥᠷᠥᠯ᠎ᠤᠨ ᠪᠣᠳᠠᠰ ᠪᠣᠯᠤᠨ᠎ᠠ᠃
ᠲᠠᠮᠠᠬᠢᠨ᠎ᠳᠤ ᠲᠠᠮᠠᠬᠢ ᠲᠠᠲᠠᠬᠤ᠂ ᠭᠠᠷ ᠲᠠᠮᠵᠢᠬᠰᠠᠨ ᠲᠠᠮᠠᠬᠢ ᠲᠠᠲᠠᠬᠤ᠂ ᠤᠳᠤᠭ᠎ᠠ ᠦᠭᠡᠢ ᠲᠠᠮᠠᠬᠢ ᠵᠢᠴᠢ ᠡᠯ᠎ᠡ ᠵᠦᠢᠯ᠎ᠤᠨ ᠲᠠᠮᠠᠬᠢᠨ ᠪᠦᠲᠦᠭᠡᠭᠳᠡᠬᠦᠨ ᠵᠡᠷᠭᠡ ᠪᠠᠭᠲᠠᠨ᠎ᠠ; ᠠᠷᠢᠬᠢᠨ ᠳ᠋ᠤ ᠠᠯᠢᠪᠠ ᠰᠫᠢᠷᠲ ᠠᠭᠤᠯᠤᠭᠰᠠᠨ ᠤᠮᠳᠠᠭᠠᠨ ᠪᠠᠭᠲᠠᠨ᠎ᠠ᠃ ᠡᠢᠮᠤ ᠡᠴᠡ ᠠᠷᠢᠬᠢ ᠲᠠᠮᠡᠬᠢ ᠵᠢ ᠡᠳ᠋ᠯᠡᠬᠦ ᠨᠢ ᠦᠮᠡᠨ ᠡᠬᠦᠰᠬᠡᠬᠦ ᠠᠶᠤᠯᠳᠠᠢ᠃
2. ᠤᠯᠠᠭᠠᠨ ᠢᠳᠡᠬᠡᠨ (ᠢᠳᠡᠬᠦ᠌) ᠪᠣᠯ 2 ᠳ᠋ᠤᠭᠠᠷ A ᠲᠥᠷᠥᠯ᠎ᠤᠨ ᠥᠮᠡᠨ ᠡᠪᠡᠳᠴᠢᠨ ᠡᠭᠦᠰᠭᠡᠳᠡᠭ 2 ᠳ᠋ᠤᠭᠠᠷ A ᠲᠥᠷᠥᠯ᠎ᠤᠨ ᠪᠣᠳᠠᠰ ᠪᠣᠯᠤᠨ᠎ᠠ᠂ ᠡᠳ᠋ᠰᠢᠬᠦᠯᠦᠨ ᠪᠣᠯᠪᠠᠰᠤᠷᠠᠭᠤᠯᠤᠭᠰᠠᠨ ᠮᠢᠬᠠᠨ᠎ᠤ ᠵᠦᠢᠯ (ᠢᠳᠡᠬᠦ᠌) ᠨᠢ ᠥᠮᠡᠨ ᠡᠪᠡᠳᠴᠢᠨ ᠡᠭᠦᠰᠭᠡᠳᠡᠭ 1ᠳ᠋ᠤᠭᠡᠷ ᠲᠥᠷᠥᠯ᠎ᠤᠨ ᠪᠣᠳᠠᠰ ᠪᠣᠯᠤᠨ᠎ᠠ᠃
ᠤᠯᠠᠭᠠᠨ ᠢᠳᠡᠭᠡᠨ ᠭᠡᠳᠡᠭ ᠨᠢ ᠬᠣᠭᠣᠯᠠ ᠬᠢᠬᠦ᠌᠎ᠠᠴᠠ ᠡᠮᠦᠨ᠎ᠡ ᠤᠯᠠᠭᠠᠨ ᠥᠩᠭᠡ᠎ᠲᠠᠢ ᠲᠦᠬᠦᠬᠡᠢ ᠮᠢᠬ᠎ᠠ ᠵᠢ ᠵᠢᠭᠠᠵᠤ ᠪᠠᠶ᠋ᠢᠨ᠎ᠠ᠃ ᠳᠡᠯᠡᠬᠡᠶ᠎ᠶᠢᠨ ᠡᠷᠡᠭᠦᠯ ᠬᠠᠮᠠᠭᠠᠯᠠᠯ᠎ᠤᠨ ᠵᠣᠬᠢᠶᠠᠨ ᠪᠠᠶ᠋ᠢᠭᠤᠯᠤᠯᠲᠠ᠎ᠶᠢᠨ ᠬᠠᠷᠢᠶ᠎ᠠ ᠥᠮᠡᠨ ᠡᠪᠡᠳᠴᠢᠨ᠎ᠤ ᠰᠤᠳᠤᠯᠭᠠᠨ᠎ᠤ ᠪᠠᠶ᠋ᠢᠭᠤᠯᠤᠮᠵᠢ ᠨᠢ ᠤᠯᠠᠭᠠᠨ ᠢᠳᠡᠭᠡ ᠵᠢ ᠥᠮᠡᠨ ᠡᠭᠦᠰᠭᠡᠬᠦ᠌ 2 ᠳ᠋ᠤᠭᠠᠷ A ᠲᠥᠷᠥᠯ᠎ᠤᠨ ᠪᠣᠳᠠᠰ᠎ᠤᠨ ᠨᠡᠷᠢᠨ ᠲᠠᠩᠰᠠᠨ᠎ᠳᠤ ᠣᠷᠣᠭᠤᠯᠵᠤ᠂ ᠤᠯᠠᠭᠠᠨ ᠢᠳᠡᠭᠡ ᠢᠳᠡᠬᠦ᠌ ᠨᠢ ᠪᠦᠳᠦᠭᠦᠨ ᠭᠡᠳᠡᠰᠦᠨ᠎ᠤ ᠥᠮᠡᠨ ᠡᠪᠡᠳᠴᠢᠨ ᠵᠡᠷᠭᠡ᠎ᠳᠤ ᠨᠡᠷᠪᠡᠭᠳᠡᠬᠦ᠌ ᠲᠦᠭᠰᠢᠭᠦᠷᠢ᠎ᠶᠢ ᠨᠡᠮᠡᠭᠳᠡᠭᠦᠯᠳᠡᠭ᠃ ᠡᠳ᠋ᠰᠢᠬᠦᠯᠦᠨ ᠪᠣᠯᠪᠠᠰᠤᠷᠠᠭᠤᠯᠤᠭᠰᠠᠨ ᠮᠢᠬ᠎ᠠ ᠭᠡᠳᠡᠭ᠎ᠨᠢ ᠲᠦᠬᠦᠬᠡᠢ ᠮᠢᠬ᠎ᠠ ᠵᠢ ᠡᠳ᠋ᠰᠢᠬᠦᠯᠦᠨ ᠪᠣᠯᠪᠠᠰᠤᠷᠠᠭᠤᠯᠤᠭᠰᠠᠨ ᠮᠢᠬ᠎ᠠ ᠵᠢ ᠵᠢᠭᠠᠵᠤ ᠪᠠᠶ᠋ᠢᠨ᠎ᠠ᠂ ᠡᠳ᠋ᠰᠢᠬᠦᠯᠦᠨ ᠪᠣᠯᠪᠠᠰᠤᠷᠠᠭᠤᠯᠤᠭᠰᠠᠨ ᠮᠢᠬ᠎ᠠ ᠪᠠᠷ ᠬᠢᠭᠰᠡᠨ ᠮᠢᠬᠠᠨ᠎ᠤ ᠪᠦᠲᠦᠭᠡᠭᠳᠡᠬᠦᠨ᠎ᠨᠢ ᠪᠦᠳᠦᠭᠦᠨ ᠭᠡᠳᠡᠰᠦᠨ᠎ᠤ ᠥᠮᠡᠨᠡᠪᠡᠳᠴᠢᠨ ᠳ᠋ᠤ ᠨᠡᠷᠪᠡᠭᠳᠡᠬᠦ᠌ ᠲᠦᠭᠰᠢᠭᠦᠷᠢ᠎ᠶᠢ ᠢᠯᠡᠳᠲᠡ ᠨᠡᠮᠡᠭᠳᠡᠭᠦᠯᠳᠡᠭ᠂ ᠡᠶ᠋ᠢᠮᠦ᠍ ᠪᠡᠷ ᠵᠢᠠᠨ ᠡᠮᠴᠢ ᠡᠴᠨ ᠰᠢᠨ᠎ᠡ ᠰᠣᠷᠭᠣᠭ ᠮᠢᠬ᠎ᠠ ᠢᠳᠡᠬᠦ᠌᠎ᠶᠢ ᠰᠠᠨᠠᠭᠤᠯᠪᠡ᠃
3. ᠲᠣᠰᠣᠨ᠎ᠳᠤ ᠪᠤᠴᠠᠯᠭᠠᠬᠰᠠᠨ ᠪᠤᠶᠤ ᠰᠢᠷᠠᠵᠤ ᠳᠠᠪᠤᠰᠤᠯᠠᠬᠰᠠᠨ 《ᠠᠩᠬᠢᠯᠤᠮ᠎ᠠ》 ᠦᠨᠦᠷ ᠲᠠᠢ ᠢᠳᠡᠭᠡᠨ᠎ᠨᠢ ᠥᠮᠡᠨ ᠡᠪᠡᠳᠴᠢᠨ ᠡᠭᠦᠰᠭᠡᠳᠡᠭ᠃
ᠲᠣᠰᠣᠨ᠎ᠳᠤ ᠪᠤᠴᠠᠯᠭᠠᠬᠰᠠᠨ ᠪᠤᠶᠤ ᠰᠢᠷᠠᠭᠰᠠᠨ ᠢᠳᠡᠭᠡᠨ ᠨᠢ ᠪᠦᠷᠢᠨ ᠪᠤᠰᠤ ᠰᠢᠲᠠᠯᠲᠠ᠎ᠠᠴᠠ ᠪᠤᠯᠵᠤ ᠡᠭᠦᠰᠦᠭᠰᠡᠨ ᠬᠢᠮᠢ᠎ᠶᠢᠨ ᠪᠣᠳᠠᠰ ᠪᠤᠯᠤᠨ᠎ᠠ᠃ ᠵᠢᠱ᠌ᠢᠶᠡᠯᠡᠪᠡᠯ ᠹᠸᠨᠢᠯ ᠫᠷᠣᠫᠠᠨᠤᠯ (α) ᠫᠢᠷ᠎ᠤᠨ ᠪᠣᠯ ᠥᠮᠡᠨ ᠡᠭᠦᠰᠭᠡᠬᠦ᠌ 1 ᠳ᠋ᠤᠭᠡᠷ ᠲᠥᠷᠥᠯ᠎ᠤᠨ ᠪᠣᠳᠠᠰ ᠪᠣᠯᠤᠨ᠎ᠠ; ᠳᠤᠮᠳᠠᠳᠤ ᠤᠯᠤᠰ᠎ᠤᠨ ᠮᠠᠶᠢᠭ᠎ᠤᠨ ᠱᠣᠷᠪᠣᠭ ᠵᠢᠭᠠᠰᠤ ᠪᠣᠯ ᠥᠮᠡᠨ ᠡᠭᠦᠰᠭᠡᠬᠦ᠌ 1 ᠳ᠋ᠤᠭᠡᠷ ᠲᠥᠷᠥᠯ᠎ᠤᠨ ᠪᠣᠳᠠᠰ ᠪᠣᠯᠤᠨ᠎ᠠ; ᠲᠣᠰᠣᠨ᠎ᠳᠤ ᠪᠤᠴᠠᠯᠭᠠᠭᠰᠠᠨ᠂ ᠥᠨᠳᠥᠷ ᠬᠠᠯᠠᠭᠤᠨ ᠵᠢᠨᠷ ᠰᠢᠷᠠᠬᠰᠠᠨ ᠢᠳᠡᠭᠡᠨ᠎ᠨᠢ ᠥᠮᠡᠨ ᠡᠭᠦᠰᠭᠡᠬᠦ᠌ 2 ᠳ᠋ᠤᠭᠠᠷ A ᠲᠥᠷᠥᠯ᠎ᠤᠨ ᠪᠣᠳᠠᠰ ᠪᠣᠯᠤᠨ᠎ᠠ; ᠠᠽᠢᠶ᠎ᠠ ᠲᠢᠪ᠎ᠤᠨ ᠤᠯᠠᠮᠵᠢᠯᠠᠯᠲᠤ᠌ ᠳᠠᠪᠤᠰᠤᠯᠠᠭᠰᠠᠨ ᠨᠣᠭᠣᠭ᠎ᠠ ᠨᠢ ᠥᠮᠡᠨ ᠡᠭᠦᠰᠭᠡᠬᠦ᠌ 2 ᠳ᠋ᠤᠭᠠᠷ A ᠲᠥᠷᠥᠯ᠎ᠤᠨ ᠪᠣᠳᠠᠰ ᠪᠣᠯᠤᠨ᠎ᠠ᠃ ᠣᠨᠴᠠᠭᠠᠶ᠋ᠢᠯᠠᠨ ᠰᠢᠩᠭᠡᠭᠡᠯᠲᠡ᠎ᠶᠢᠨ ᠵᠠᠮ᠎ᠤᠨ ᠥᠮᠡᠨ᠂ ᠬᠣᠳᠣᠭᠣᠳᠣᠨ ᠥᠮᠡᠨ ᠵᠡᠷᠭᠡ᠎ᠳᠤ ᠨᠡᠷᠪᠡᠭᠳᠡᠬᠦ᠌ᠲᠦᠭᠰᠢᠭᠦᠷᠢ ᠲᠠᠢ ᠪᠠᠶ᠋ᠢᠳᠠᠭ᠃
4. ᠬᠤᠭᠤᠴᠠᠭ᠎ᠠ ᠨᠢ ᠬᠡᠲᠦᠷᠡᠭᠰᠡᠨ ᠪᠤᠶᠤ ᠸᠠᠯᠠᠬᠰᠠᠨ ᠢᠳᠡᠭᠡᠨ ᠤ᠋ 《ᠬᠣᠣᠷᠲᠤ᠌ ᠡᠳ᠋》 ᠨᠢ ᠥᠮᠡᠨᠡᠪᠡᠳᠴᠢᠨ ᠡᠭᠦᠰᠭᠡᠳᠡᠭ᠃
ᠰᠢᠷ᠎ᠠ ᠬᠥᠷᠥᠩᠭᠡ᠎ᠶᠢᠨ ᠬᠥᠭᠡᠴᠦ᠎ᠶᠢᠨ ᠬᠣᠣᠷᠲᠤ᠌ ᠡᠳ᠋ ᠨᠢ ᠥᠮᠡᠨ ᠡᠪᠡᠳᠴᠢᠨ ᠡᠭᠦᠰᠭᠡᠳᠡᠭ ᠨᠢᠭᠡ ᠲᠥᠷᠥᠯ᠎ᠤᠨ ᠪᠣᠳᠠᠰ ᠪᠣᠯᠤᠨ᠎ᠠ᠃ ᠸᠠᠯᠠᠬᠰᠠᠨ ᠪᠤᠶᠤ ᠬᠤᠭᠤᠴᠠᠭ᠎ᠠ ᠨᠢ ᠬᠡᠲᠦᠷᠡᠭᠰᠡᠨ ᠢᠳᠡᠭᠡᠨ᠎ᠨᠢ ᠥᠮᠡᠨ ᠡᠪᠡᠳᠴᠢᠨ᠎ᠳᠤ ᠨᠡᠷᠪᠡᠭᠳᠡᠬᠦ᠌ ᠲᠦᠭᠰᠢᠭᠦᠷᠢ᠎ᠶᠢ ᠨᠡᠮᠡᠭᠳᠡᠭᠦᠯᠳᠡᠭ᠂ ᠵᠢᠱ᠌ᠢᠶᠡᠯᠡᠪᠡᠯ ᠡᠯᠢᠭᠡᠨ᠎ᠤ ᠥᠮᠡᠨ ᠡᠪᠡᠳᠴᠢᠨ ᠳ᠋ᠤ ᠨᠡᠷᠪᠡᠭᠳᠡᠭᠦᠯᠳᠡᠭ᠃
5. ᠬᠠᠯᠠᠭᠤᠨ ᠢᠳᠡᠭᠡᠨ ᠤᠮᠳᠠᠭᠠᠨ ᠢ᠋ 《ᠬᠡᠳᠤ ᠬᠠᠯᠠᠭᠤᠨ ᠵᠢᠨᠷ ᠤᠤᠭᠤᠵᠤ ᠢᠳᠡᠬᠦ᠌》 ᠨᠢ ᠥᠮᠡᠨ ᠡᠪᠡᠳᠴᠢᠨ ᠡᠭᠦᠰᠭᠡᠳᠡᠭ᠃
65 °C ᠡᠴᠠ ᠳᠡᠭᠡᠭᠰᠢᠬᠢ ᠬᠠᠯᠠᠭᠤᠨ ᠤᠮᠳᠠᠭᠠᠨ ᠤᠤᠭᠤᠬᠤ ᠨᠢ 2 ᠳ᠋ᠤᠭᠠᠷ A ᠲᠥᠷᠥᠯ᠎ᠤᠨ ᠥᠮᠡᠨ ᠡᠭᠦᠰᠭᠡᠳᠡᠭ᠃ ᠬᠠᠯᠠᠭᠤᠨ ᠢᠳᠡᠭᠡᠨ(65 °C᠎ᠡᠴᠠ ᠳᠡᠭᠡᠭᠰᠢ) ᠨᠢ ᠤᠳᠠᠭᠠᠨ ᠴᠢᠨᠠᠷᠲᠠᠶ ᠤᠯᠠᠭᠠᠨ ᠬᠣᠭᠣᠯᠠᠶ᠎ᠶᠢᠨ ᠦᠷᠪᠢᠰᠦᠯ ᠡᠭᠦᠰᠴᠦ᠍᠂ ᠡᠴᠦᠰ᠎ᠲᠡᠭᠡᠨ ᠤᠯᠠᠭᠠᠨ ᠬᠣᠭᠣᠯᠠᠶ᠎ᠶᠢᠨ ᠥᠮᠡᠨ ᠡᠪᠡᠳᠴᠢᠨ ᠵᠡᠷᠭᠡ ᠳ᠋ᠤ ᠨᠡᠷᠪᠡᠭᠳᠡᠬᠦ᠌ ᠲᠦᠭᠰᠢᠭᠦᠷᠢ᠎ᠶᠢ ᠨᠡᠮᠡᠭᠳᠡᠭᠦᠯᠳᠡᠭ᠃
6. ᠪᠢᠩᠯᠠᠩ᠎ᠤᠨ 《ᠵᠠᠵᠢᠯᠤᠭᠤᠷ》 ᠢᠳᠡᠭᠡᠨ ᠨᠢ ᠥᠮᠡᠨ ᠡᠪᠡᠳᠴᠢᠨ ᠡᠭᠦᠰᠭᠡᠳᠡᠭ᠃
ᠪᠢᠩᠯᠠᠩ (ᠪᠢᠩᠯᠠᠩ ᠵᠢᠮᠢᠰ)᠎ᠢ ᠲᠠᠮᠠᠬᠢ ᠠᠭᠤᠯᠬᠤ ᠪᠤᠶᠤ ᠲᠠᠮᠠᠬᠢ ᠠᠭᠤᠯᠬᠤ ᠥᠬᠡᠶ ᠪᠢᠩᠯᠠᠩ ᠬᠡᠮᠡᠨ ᠬᠤᠪᠢᠶᠠᠵᠤ᠂ ᠪᠢᠩᠯᠠᠩ ᠵᠠᠵᠢᠯᠤᠭᠤᠷ ᠢᠳᠡᠭᠡᠨ ᠨᠢ 1 ᠳ᠋ᠤᠭᠡᠷ ᠲᠥᠷᠥᠯ᠎ᠤᠨ ᠥᠮᠡᠨ ᠡᠪᠡᠳᠴᠢᠨ ᠡᠭᠦᠰᠭᠡᠳᠡᠭ 1 ᠳ᠋ᠤᠭᠡᠷ ᠲᠥᠷᠥᠯ᠎ᠤᠨ ᠪᠣᠳᠠᠰ ᠪᠣᠯᠤᠨ᠎ᠠ᠃ ᠪᠢᠩᠯᠠᠩ ᠨᠢ ᠠᠮᠠᠨ ᠬᠥ᠋ᠨᠳᠡᠶᠶᠢᠨ ᠥᠮᠡᠨ᠎ᠳᠤ ᠨᠡᠷᠪᠡᠭᠳᠡᠬᠦᠯᠵᠤ ᠮᠡᠳᠡᠨ᠎ᠠ; ᠡᠭᠦᠨ ᠡᠴᠠ ᠭᠠᠳᠠᠨ᠎ᠠ ᠪᠠᠰᠠ ᠵᠠᠯᠭᠢᠭᠤᠷ᠎ᠤᠨ ᠥᠮᠡᠨ᠂ ᠲᠥᠪᠣᠩᠬᠡᠶ᠎ᠶᠢᠨ ᠥᠮᠡᠨ᠂ ᠤᠯᠠᠭᠠᠨ ᠬᠣᠭᠣᠯᠠᠶ᠎ᠶᠢᠨ ᠥᠮᠡᠨ ᠡᠪᠡᠳᠴᠢᠨ ᠵᠡᠷᠭᠡ ᠵᠢ ᠡᠭᠦᠰᠭᠡᠬᠦ᠌ ᠲᠠᠢ ᠵᠣᠬᠢᠬᠤ ᠬᠡᠮᠵᠢᠶᠡᠨ᠎ᠤ ᠬᠣᠯᠪᠣᠭ᠎ᠠ᠎ᠲᠠᠢ ᠪᠠᠶ᠋ᠢᠳᠠᠭ᠃
7. ᠢᠳᠡᠭᠡᠨ ᠤᠮᠳᠠᠭᠠᠨ ᠢᠳᠡᠵᠦ᠍ ᠤᠤᠭᠤᠬᠤ ᠡᠷᠡᠭᠦᠯ ᠪᠤᠰᠤ ᠳᠠᠳᠬᠠᠯ ᠨᠢ ᠥᠮᠡᠨ ᠡᠪᠡᠳᠴᠢᠨ ᠡᠭᠦᠰᠭᠡᠳᠡᠭ᠃
ᠵᠠᠷᠢᠮ ᠬᠥᠮᠦᠨ ᠶᠠᠭᠤᠮ᠎ᠠ ᠢᠳᠡᠬᠦ᠌ ᠳ᠋ᠡᠭᠡᠨ ᠪᠦᠬᠦᠯᠢ ᠪᠠᠷ ᠨᠢ ᠵᠠᠯᠭᠢᠵᠤ᠂ ᠬᠡᠲᠦᠷᠡᠲᠡᠯ᠎ᠡ ᠢᠳᠡᠵᠦ᠍ ᠤᠤᠭᠤᠵᠤ᠂ ᠰᠠᠶ᠋ᠢᠳᠤᠷ ᠵᠠᠵᠢᠯᠵᠤ ᠤᠳᠠᠭᠠᠨ ᠵᠠᠯᠭᠢᠳᠠᠭ ᠦᠭᠡᠢ᠂ ᠢᠳᠡᠭᠡᠨ ᠤᠮᠳᠠᠭᠠᠨ ᠢᠳᠡᠵᠦ᠍ ᠤᠤᠭᠤᠬᠤ ᠨᠢ ᠵᠢᠮ᠎ᠡ ᠬᠠᠤᠯᠢ ᠦᠭᠡᠢ᠂ ᠭᠤᠷᠪᠠᠨ ᠡᠷᠢᠨ ᠤ᠋ ᠬᠣᠭᠣᠯᠠ ᠪᠡᠨ ᠲᠤᠬᠳᠠᠬᠰᠠᠨ ᠴᠠᠭ ᠲᠠᠭᠠᠨ ᠢᠳᠡᠬᠦ᠌ ᠦᠭᠡᠢ᠂ ᠬᠠᠶᠠ ᠦᠯᠦᠰᠬᠦᠯᠡᠡᠭ ᠬᠠᠶᠠ ᠴᠠᠳᠬᠤᠯᠠᠡᠭ᠂ ᠬᠤᠭᠤᠯᠠ ᠢᠳᠡᠪᠡᠯ ᠭᠡᠳᠦᠷᠡᠳᠡᠯ᠎ᠡ ᠢᠳᠡᠳᠡᠭ᠂ ᠲᠡᠶ᠋ᠢᠨ ᠬᠦ᠌ ᠤᠯᠠᠭᠠᠨ ᠬᠣᠭᠣᠯᠠᠢ ᠪᠠ ᠬᠣᠳᠣᠭᠣᠳᠣ ᠨᠢ ᠤᠷᠲᠤ᠌ ᠬᠤᠭᠤᠴᠠᠭ᠎ᠠ᠎ᠪᠠᠷ ᠲᠠᠷᠴᠢᠯᠠᠭᠠᠭᠳᠠᠳᠠᠭ ᠡᠴᠨ ᠥᠮᠡᠨ ᠡᠪᠡᠳᠴᠢᠨ᠎ᠳᠤ ᠨᠡᠷᠪᠡᠭᠳᠡᠬᠦ᠌ ᠨᠤᠷᠮ᠎ᠠ᠎ᠨᠢ ᠨᠡᠩ ᠥᠨᠳᠥᠷ ᠪᠠᠶ᠋ᠢᠳᠠᠭ᠃ ᠵᠠᠷᠢᠮ ᠬᠥᠮᠦᠨ ᠬᠤᠭᠤᠯᠠ ᠭᠣᠯᠣᠳᠠᠭ ᠡᠴᠠ ᠰᠢᠮ᠎ᠡ ᠲᠡᠵᠢᠭᠡᠯ ᠨᠢ ᠲᠡᠩᠴᠡᠭᠦᠷᠢ ᠥᠬᠡᠶ ᠪᠤᠯᠵᠤ᠂ ᠰᠢᠮ᠎ᠡ ᠲᠡᠵᠢᠭᠡᠯ ᠨᠢ ᠬᠦᠷᠦᠯᠴᠡᠬᠦ᠌ ᠥᠬᠡᠶ ᠪᠤᠶᠤ ᠢᠯᠡᠭᠦᠳᠡᠵᠦ᠍᠂ ᠢᠳᠡᠵᠦ᠍ ᠤᠤᠭᠤᠬᠤ ᠪᠡᠨ ᠵᠤᠬᠢᠰᠳᠠᠢ ᠲᠣᠬᠢᠷᠠᠭᠤᠯᠬᠤ ᠥᠬᠡᠶ ᠪᠠᠶ᠋ᠢᠳᠠᠭ ᠪᠤᠯᠬᠤᠷ ᠥᠮᠡᠨ᠎ᠳᠤ ᠨᠡᠷᠪᠡᠭᠳᠡᠬᠦ᠌ ᠲᠦ᠋ᠭᠰᠢᠭᠦᠷᠢᠶᠢ ᠨᠡᠮᠡᠭᠳᠡᠭᠦᠯᠵᠦ᠍ ᠮᠡᠳᠡᠨ᠎ᠡ᠃ ᠪᠠᠰᠠ ᠵᠠᠷᠢᠮ ᠬᠥᠮᠦᠨ ᠰᠢᠬᠢᠷ ᠶᠡᠬᠡᠳᠡᠢ ᠪᠠ ᠥᠨᠳᠥᠷ ᠡᠨᠧᠷᠭᠢᠲᠦ᠍ ᠢᠳᠡᠭᠡᠨ ᠤᠮᠳᠠᠭᠠᠨ ᠢᠳᠡᠬᠦ᠌ ᠲᠤᠷᠠᠳᠠᠢ ᠪᠠᠶ᠋ᠢᠳᠠᠭ ᠡᠴᠠ ᠪᠡᠶ᠎ᠡ᠎ᠶᠢᠨ ᠬᠦᠨᠳᠦ᠎ᠨᠢ ᠪᠠᠷᠢᠮᠵᠢᠶ᠎ᠠ᠎ᠠᠴᠠ ᠬᠡᠲᠦᠷᠡᠳᠡᠯ᠎ᠡ ᠮᠠᠷᠢᠶᠠᠯᠠᠳᠠᠭ᠂ ᠡᠶ᠋ᠢᠮᠦ ᠪᠠᠶ᠋ᠢᠳᠠᠯ ᠨᠢ ᠮᠦᠨ ᠠᠳᠠᠯᠢᠬᠠᠨ ᠥᠮᠡᠨ ᠡᠪᠡᠳᠴᠢᠨ᠎ᠳᠤ ᠨᠡᠷᠪᠡᠭᠳᠡᠬᠦ᠌ ᠲᠦᠭᠰᠢᠭᠦᠷᠢ᠎ᠶᠢ ᠨᠡᠮᠡᠭᠳᠡᠭᠦᠯᠳᠡᠭ᠃
(《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)