ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠲᠦᠬᠦᠬᠡᠢ ᠪᠠ ᠪᠤᠯᠭᠤᠭᠰᠠᠠ ᠢᠳᠡᠬᠡᠨ᠎ᠢ ᠰᠠᠯᠭᠠᠵᠤ ᠬᠠᠳᠠᠭᠠᠯᠠᠪᠠᠯ ᠵᠤᠬᠢᠰᠳᠠᠢ
ᠨᠡᠶ᠋ᠢᠲᠡᠯᠡᠭᠰᠡᠨ ᠴᠠᠭ᠄ 2025-08-04

ᠲᠦᠬᠦᠬᠡᠢ ᠢᠳᠡᠬᠡᠨ ᠬᠡᠳᠡᠭ ᠨᠢ ᠢᠳᠡᠬᠡᠨ ᠪᠤᠯᠪᠠᠰᠤᠷᠠᠭᠤᠯᠬᠤ᠎ᠳᠤ ᠬᠡᠷᠡᠭᠯᠡᠬᠦ ᠲᠦᠬᠦᠬᠡᠢ ᠮᠠᠲ᠋ᠸᠷᠢᠶᠠᠯ᠎ᠢ ᠵᠢᠭᠠᠳᠠᠭ᠂ ᠵᠢᠱ᠌ᠢᠶᠠᠯᠠᠪᠠᠯ ᠵᠢᠭᠠᠰᠤ᠂ ᠮᠢᠬ᠎ᠠ᠂ ᠦᠨᠳᠡᠬᠡ᠂ ᠵᠢᠬᠦᠷᠳᠡᠨ᠂ ᠨᠤᠭᠤᠭ᠎ᠠ᠂ ᠠᠮᠤ ᠵᠡᠷᠬᠡ ᠪᠤᠢ᠃ ᠪᠤᠯᠭᠤᠭᠰᠠᠠ ᠢᠳᠡᠬᠡᠨ ᠬᠡᠳᠡᠭ ᠨᠢ ᠰᠢᠭᠤᠳ ᠢᠳᠡᠬᠦ ᠵᠤᠷᠢᠭᠤᠯᠤᠯᠳᠠ ᠲᠠᠢ ᠢᠳᠡᠬᠡᠨ᠎ᠢ ᠵᠢᠭᠠᠨ᠎ᠠ᠂ ᠵᠢᠱ᠌ᠢᠶᠠᠯᠠᠪᠠᠯ ᠪᠤᠯᠭᠤᠭᠰᠠᠠ ᠮᠢᠬ᠎ᠠ᠂ ᠬᠢᠮ᠎ᠠ᠂ ᠰᠢᠷᠠᠭᠰᠠᠠ ᠲᠡᠬᠢᠶ᠎ᠠ᠂ ᠨᠤᠭᠤᠭᠠᠨ᠎ᠤ ᠬᠤᠯᠢᠮᠠᠭ ᠵᠡᠷᠬᠡ᠃

 ᠲᠦᠬᠦᠬᠡᠢ ᠢᠳᠡᠬᠡᠨ᠎ᠳᠤ ᠪᠠᠺᠲᠸᠷᠢ᠂ ᠰᠢᠮᠡᠬᠦᠷ ᠬᠤᠷᠤᠬᠠᠢ ᠵᠢᠨ ᠦᠨᠳᠡᠬᠡ ᠪᠠᠢᠩᠭᠤ ᠲᠠᠭᠠᠵᠤ ᠶᠠᠪᠤᠳᠠᠭ᠂ ᠪᠤᠯᠪᠠᠰᠤᠷᠠᠭᠤᠯᠤᠯᠳᠠ ᠪᠡᠷ ᠲᠠᠮᠵᠢᠬᠰᠠᠠ ᠪᠤᠯᠭᠤᠭᠰᠠᠠ ᠢᠳᠡᠬᠡᠨ᠎ᠳᠤ ᠦᠨᠡᠨ᠎ᠳ᠋ᠡᠬᠡᠨ ᠪᠠᠺᠲᠸᠷᠢ᠂ ᠰᠢᠮᠡᠬᠦᠷ ᠬᠤᠷᠤᠬᠠᠢ ᠵᠢᠨ ᠦᠨᠳᠡᠬᠡ ᠪᠠᠢᠵᠤ ᠪᠤᠯᠬᠤ ᠦᠬᠡᠢ᠃ ᠬᠡᠬᠦ᠎ᠳ᠋ᠡᠬᠡᠨ ᠪᠤᠯᠪᠠᠰᠤᠷᠠᠭᠤᠯᠬᠤ᠂ ᠬᠠᠳᠠᠭᠠᠯᠠᠬᠤ ᠶᠠᠪᠤᠴᠠ᠎ᠳᠤ ᠲᠦᠬᠦᠬᠡᠢ ᠪᠤᠯᠭᠤᠭᠰᠠᠠ᠎ᠢ ᠰᠠᠯᠭᠠᠬᠤ ᠦᠬᠡᠢ᠂ ᠲᠦᠬᠦᠬᠡᠢ ᠢᠳᠡᠬᠡᠨ ᠬᠡᠷᠴᠢᠭᠰᠡᠡ ᠬᠢᠳᠤᠭ᠎ᠠ ᠪᠡᠷ ᠵᠢᠠᠨ ᠪᠤᠯᠭᠤᠭᠰᠠᠠ ᠢᠳᠡᠬᠡᠨ᠎ᠢ ᠬᠡᠷᠴᠢᠬᠦ᠂ ᠲᠦᠬᠦᠬᠡᠢ ᠢᠳᠡᠬᠡᠨ ᠰᠠᠪᠠᠯᠠᠭᠰᠠᠠ ᠰᠠᠪᠠ ᠪᠡᠨ ᠴᠡᠪᠡᠷᠯᠡᠵᠤ ᠠᠷᠢᠭᠤᠳᠬᠠᠯ ᠦᠬᠡᠢ ᠪᠡᠷ ᠪᠤᠯᠭᠤᠭᠰᠠᠠ ᠢᠳᠡᠬᠡᠨ ᠰᠠᠪᠠᠯᠠᠬᠤ᠎ᠳᠤ ᠬᠦᠷᠪᠡᠯ ᠲᠦᠬᠦᠬᠡᠢ ᠢᠳᠡᠬᠡᠨ ᠲᠡᠬᠡᠷᠡᠬᠢ ᠪᠠᠺᠲᠸᠷᠢ᠂ ᠰᠢᠮᠡᠬᠦᠷ ᠬᠤᠷᠤᠬᠠᠢ ᠵᠢᠨ ᠦᠨᠳᠡᠬᠡ ᠨᠢ ᠪᠤᠯᠭᠤᠭᠰᠠᠠ ᠢᠳᠡᠬᠡᠨ᠎ᠢ ᠪᠤᠬᠢᠷᠳᠤᠭᠤᠯᠬᠤ ᠮᠦᠷᠳᠡᠬᠡᠨ ᠪᠦᠷ ᠦᠷᠡᠵᠢᠨ ᠤᠯᠠᠰᠢᠷᠠᠵᠤ᠂ ᠬᠦᠮᠤᠨ᠎ᠤ ᠪᠠᠶ᠎ᠠ ᠵᠢᠨ ᠡᠷᠡᠬᠦᠯ ᠮᠡᠨᠳᠤ᠎ᠳᠤ ᠬᠤᠤᠷ ᠪᠤᠯᠤᠨ᠎ᠠ᠃ ᠢᠢᠮᠤ ᠡᠴᠨ ᠲᠦᠬᠦᠬᠡᠢ ᠢᠳᠡᠬᠡᠨ᠂ ᠪᠤᠯᠭᠤᠭᠰᠠᠠ ᠢᠳᠡᠬᠡᠨ᠎ᠢ ᠰᠠᠯᠭᠠᠵᠤ ᠲᠠᠯᠪᠢᠬᠤ ᠪᠤᠶᠤ ᠪᠤᠯᠪᠠᠰᠤᠷᠠᠭᠤᠯᠵᠤ᠂ ᠲᠡᠳᠡᠨ᠎ᠢ ᠰᠢᠭᠤᠳ ᠪᠤᠶᠤ ᠲᠠᠮ ᠵᠢᠡᠷ ᠤᠢᠷᠠᠳᠤᠭᠤᠯᠬᠤ ᠡᠴᠨ ᠪᠤᠯᠭᠤᠮᠵᠢᠯᠠᠨ᠎ᠠ᠃ ᠬᠡᠷᠪᠡ ᠲᠦᠬᠦᠬᠡᠢ ᠢᠳᠡᠬᠡᠨ᠂ ᠪᠤᠯᠭᠤᠭᠰᠠᠠ ᠢᠳᠡᠬᠡᠨ᠎ᠳᠤ ᠬᠡᠷᠡᠭᠯᠡᠭᠰᠡᠡ ᠬᠢᠳᠤᠭ᠎ᠠ᠂ ᠲᠦᠰᠢ ᠬᠠᠪᠳᠠᠰᠤ᠂ ᠵᠦᠯᠬᠦᠬᠦᠷ᠂ ᠰᠠᠪᠠ ᠵᠡᠷᠬᠡ ᠪᠡᠨ ᠰᠠᠯᠭᠠᠵᠤ ᠲᠠᠯᠪᠢᠬᠰᠠᠠ ᠦᠬᠡᠢ᠂ ᠡᠰᠡᠬᠦᠯ᠎ᠠ ᠲᠦᠬᠦᠬᠡᠢ ᠢᠳᠡᠬᠡᠨ᠂ ᠪᠤᠯᠭᠤᠭᠰᠠᠠ ᠢᠳᠡᠬᠡᠨ ᠵᠢᠠᠨ ᠬᠠᠮᠳᠤ᠎ᠳᠤᠨᠢ ᠬᠤᠯᠢᠵᠤ ᠲᠠᠯᠪᠢᠬᠤ᠎ᠳᠤ ᠬᠦᠷᠪᠡᠯ ᠪᠤᠯᠭᠤᠭᠰᠠᠠ ᠢᠳᠡᠬᠡᠨ ᠨᠢ ᠮᠠᠰᠢ ᠠᠮᠠᠷᠬᠠᠨ ᠪᠤᠬᠢᠷᠳᠤᠬᠤ ᠪᠤᠯᠤᠨ᠎ᠠ᠃

   ᠬᠦᠷᠤᠬᠡᠭᠴᠢ ᠨᠢ ᠪᠠᠳᠤ ᠠᠪᠳᠡᠷ᠎ᠠ ᠪᠢᠰᠢ ᠤᠴᠢᠷ ᠡᠴᠨ ᠬᠦᠷᠤᠬᠡᠭᠴᠢ᠎ᠳᠤ ᠤᠳᠠᠭᠠᠨ ᠲᠠᠯᠪᠢᠬᠰᠠᠠ ᠢᠳᠡᠬᠡᠨ ᠮᠦᠨ ᠬᠦ᠌ ᠡᠪᠳᠡᠷᠡᠳᠡᠭ᠃ ᠢᠳᠡᠬᠡᠨ᠎ᠢ ᠬᠦᠷᠤᠬᠡᠭᠴᠢ᠎ᠳᠤ ᠬᠠᠳᠠᠭᠠᠯᠠᠬᠤ ᠨᠢ ᠮᠢᠺᠷᠤᠪ᠎ᠤᠨ ᠦᠷᠡᠵᠢᠬᠦ᠎ᠵᠢ ᠤᠳᠠᠭᠠᠰᠢᠷᠠᠭᠤᠯᠬᠤ ᠡᠴᠨ ᠪᠢᠰᠢ ᠬᠠᠷᠢᠨ ᠤᠰᠠᠳᠬᠠᠵᠤ ᠴᠢᠳᠠᠬᠤ ᠦᠬᠡᠢ ᠶᠤᠮ᠃ ᠳᠤᠬᠢᠷᠠᠮᠵᠢ ᠦᠬᠡᠢ ᠬᠠᠳᠠᠭᠠᠯᠠᠯᠳᠠ ᠵᠢᠨ ᠳᠤᠯᠠᠭᠠᠨ᠂ ᠢᠳᠡᠬᠡᠨ᠎ᠤ ᠳᠤᠯᠠᠭᠠᠨ ᠲᠡᠩᠳᠡᠬᠦᠤ ᠦᠨᠳᠤᠷ᠂ ᠠᠬᠢᠨ ᠲᠠᠬᠢᠨ ᠬᠦᠷᠤᠬᠡᠵᠤ ᠬᠠᠳᠠᠭᠠᠯᠠᠬᠤ᠂ ᠢᠳᠡᠬᠡᠨ ᠨᠢ ᠲᠡᠩᠳᠡᠬᠦᠤ 《ᠪᠤᠵᠠᠷ》᠂ ᠬᠦᠷᠤᠬᠡᠭᠴᠢ ᠳ᠋ᠡᠬᠡᠨ ᠲᠦᠬᠦᠬᠡᠢ ᠢᠳᠡᠬᠡᠨ᠂ ᠪᠤᠯᠭᠤᠭᠰᠠᠠ ᠢᠳᠡᠬᠡᠨ᠎ᠢ ᠬᠤᠯᠢᠵᠤ ᠬᠠᠳᠠᠭᠠᠯᠠᠬᠤ ᠵᠡᠷᠬᠡ ᠨᠢ ᠬᠦᠷᠤᠬᠡᠵᠤ ᠬᠠᠳᠠᠭᠠᠯᠠᠬᠤ ᠦᠷ᠎ᠠ ᠳ᠋ᠦᠩ᠎ᠢ ᠨᠦᠯᠦᠬᠡᠯᠡᠳᠡᠭ ᠶᠤᠮ᠃

ᠬᠦᠷᠤᠬᠡᠭᠴᠢ ᠵᠢ ᠬᠡᠷᠡᠭᠯᠡᠬᠦ᠎ᠳᠤ ᠠᠩᠬᠠᠷᠬᠤ ᠵᠤᠢᠯ᠄ ᠬᠦᠷᠤᠬᠡᠭᠴᠢ ᠵᠢᠨ ᠳᠤᠯᠠᠭᠠᠨ᠎ᠢ 4 ᠭᠷᠡᠳᠦ᠋ᠰ ᠡᠴᠨ ᠳᠤᠤᠷ᠎ᠠ ᠪᠠᠢᠯᠭᠠᠬᠤ; ᠨᠢᠯᠬ᠎ᠠ ᠨᠢᠷᠠᠢ ᠬᠡᠤᠬᠡᠳ᠎ᠤᠨ ᠢᠳᠡᠬᠡᠨ᠎ᠢ ᠰᠢᠨ᠎ᠠ ᠪᠡᠷ ᠨᠠᠢᠷᠠᠭᠤᠯᠪᠠᠯ ᠵᠤᠬᠢᠰᠳᠡᠢ ᠳᠤᠯᠠ ᠬᠦᠷᠤᠬᠡᠭᠴᠢ᠎ᠳᠤ ᠬᠢᠵᠤ ᠬᠠᠳᠠᠭᠠᠯᠠᠬᠤ ᠨᠢ ᠳᠤᠬᠢᠷᠡᠮᠵᠢ ᠦᠬᠡᠢ᠃ ᠪᠤᠰᠤᠳ ᠢᠳᠡᠬᠡᠨ᠎ᠢ ᠴᠤ᠌ ᠲᠡᠩᠳᠡᠬᠦᠤ ᠤᠳᠠᠭᠠᠨ ᠬᠤᠭᠤᠴᠠᠭ᠎ᠠ ᠪᠡᠷ ᠬᠠᠳᠠᠭᠠᠯᠠᠬᠤ ᠨᠢ ᠳᠤᠬᠢᠷᠡᠮᠵᠢ ᠦᠬᠡᠢ᠂ ᠢᠯᠠᠩᠭᠤᠶ᠎ᠠ ᠮᠢᠬᠠᠨ ᠢᠳᠡᠬᠡᠨ᠎ᠢ ᠬᠤᠨᠤᠭ ᠦᠨᠵᠢᠬᠦᠯᠤᠨ ᠬᠠᠳᠠᠭᠠᠯᠠᠬᠤ ᠦᠬᠡᠢ ᠪᠠᠢᠬᠤ᠃ ᠤᠷᠳᠤ ᠬᠤᠭᠤᠴᠠᠭ᠎ᠠ ᠪᠡᠷ ᠬᠠᠳᠠᠭᠠᠯᠠᠬᠤ ᠱᠠᠭᠠᠷᠳᠠᠯᠭ᠎ᠠ ᠲᠠᠢ ᠢᠳᠡᠬᠡᠨ ᠵᠢᠠᠨ ᠬᠦᠷᠤᠬᠡᠭᠴᠢ ᠵᠢᠨ ᠬᠦᠯᠳᠡᠬᠡᠬᠦ ᠲᠠᠪᠬᠤᠷ ᠪᠤᠶᠤ ᠬᠦᠯᠳᠡᠬᠡᠬᠦᠷ ᠲᠤ᠌ ᠬᠢᠵᠤ ᠬᠠᠳᠠᠭᠠᠯᠠᠬᠤ᠃ ᠦᠯᠡᠳᠡᠭᠰᠡᠡ ᠢᠳᠡᠬᠡᠨ ᠵᠢᠠᠨ ᠬᠦᠷᠤᠬᠡᠭᠴᠢ᠎ᠳᠤ ᠬᠢᠬᠦ ᠡᠴᠨ ᠪᠡᠨ ᠡᠮᠤᠨ᠎ᠠ ᠬᠦᠢᠴᠡᠳ ᠪᠤᠯᠭᠤᠵᠤ ᠮᠢᠺᠷᠤᠪ᠎ᠢ ᠨᠢ ᠪᠦᠷᠢᠨ ᠤᠰᠠᠳᠬᠠᠭᠠᠳ᠂ ᠢᠳᠡᠬᠡᠨ᠎ᠤ ᠳᠤᠯᠠᠭᠠᠨ ᠨᠢ ᠦᠷᠤᠬᠡᠨ᠎ᠤ ᠳᠤᠯᠠᠭᠠᠨ ᠲᠠᠢ ᠲᠠᠩᠴᠡᠬᠦᠤ ᠪᠤᠯᠤᠭᠰᠠᠠ᠎ᠤ ᠲᠠᠷᠠᠭ᠎ᠠ ᠬᠦᠷᠤᠬᠡᠭᠴᠢ᠎ᠳᠤ ᠬᠢᠬᠦ; ᠲᠦᠬᠦᠬᠡᠢ ᠢᠳᠡᠬᠡᠨ᠂ ᠪᠤᠯᠭᠤᠭᠰᠠᠠ ᠢᠳᠡᠬᠡᠨ᠎ᠢ ᠰᠠᠯᠭᠠᠵᠤ ᠬᠠᠳᠠᠭᠠᠯᠠᠬᠤ᠃ ᠰᠢᠨ᠎ᠠ ᠰᠤᠷᠭᠤᠭ ᠵᠢᠡᠷ ᠬᠠᠳᠠᠭᠠᠯᠠᠬᠤ ᠤᠭᠤᠳᠠ ᠪᠤᠶᠤ ᠴᠠᠭᠠᠰᠤ ᠪᠡᠷ ᠢᠳᠡᠬᠡᠨ ᠵᠢᠠᠨ ᠰᠠᠢᠳᠤᠷ ᠪᠢᠳᠡᠬᠦᠮᠵᠢᠯᠡᠬᠡᠳ ᠬᠦᠷᠤᠬᠡᠭᠴᠢ᠎ᠳᠤ ᠬᠢᠬᠦ᠎ᠳ᠋ᠡᠬᠡᠨ ᠪᠤᠯᠭᠤᠭᠰᠠᠠ᠎ᠢ ᠨᠢ ᠲᠡᠬᠡᠷ᠎ᠠ ᠨᠢ᠂ ᠲᠦᠬᠦᠬᠡᠢ ᠵᠢ ᠨᠢ ᠳᠤᠤᠷ᠎ᠠ ᠨᠢ ᠲᠠᠯᠪᠢᠬᠤ; ᠬᠡᠷᠪᠡ ᠨᠦᠬᠦᠴᠠᠯ ᠬᠠᠩᠭᠠᠯᠳᠠ ᠳᠠᠢ ᠪᠤᠯ ᠵᠢᠮᠢᠰ ᠮᠡᠳᠤ ᠵᠢᠨ ᠰᠢᠭᠤᠳ ᠠᠮᠠᠨ᠎ᠳᠤ ᠤᠷᠤᠬᠤ ᠢᠳᠡᠬᠡᠨ᠎ᠢ ᠵᠢᠵᠢᠭ ᠬᠦᠷᠦᠬᠡᠭᠴᠢ᠎ᠳᠤ ᠬᠢᠵᠤ ᠬᠠᠳᠠᠭᠠᠯᠠᠪᠠᠯ ᠤᠯᠠᠮ ᠰᠠᠢᠨ ᠪᠤᠯᠤᠨ᠎ᠠ᠃ ᠬᠡᠰᠦᠭᠰᠡᠡ ᠮᠢᠬᠠᠨ᠎ᠤ ᠲᠦᠷᠤᠯ᠂ ᠵᠢᠭᠠᠰᠤ ᠵᠡᠷᠬᠡ ᠵᠢ ᠠᠬᠢᠨ ᠬᠦᠷᠤᠬᠡᠭᠴᠢ᠎ᠳᠤ ᠬᠢᠵᠤ ᠬᠠᠳᠠᠭᠠᠯᠠᠬᠤ ᠨᠢ ᠳᠤᠬᠢᠷᠡᠮᠵᠢ ᠦᠬᠡᠢ᠂ ᠤᠴᠢᠷ ᠨᠢ ᠤᠯᠠᠨ ᠲᠡᠬᠢᠨ ᠬᠡᠰᠦᠭᠰᠡᠡ ᠢᠳᠡᠬᠡᠨ ᠠᠮᠠᠷᠬᠠᠨ ᠪᠤᠬᠢᠷᠳᠤᠳᠠᠭ ᠮᠦᠷᠳᠡᠬᠡᠨ ᠴᠢᠨᠠᠷ ᠨᠢ ᠴᠤ᠌ ᠡᠪᠳᠡᠭᠳᠡᠳᠡᠭ᠃ ᠡᠢᠮᠤ ᠡᠴᠨ ᠳᠤᠮᠤ ᠬᠡᠰᠡᠭ ᠲᠠᠢ ᠮᠢᠬ᠎ᠠ ᠪᠡᠨ ᠤᠳᠠᠭ᠎ᠠ ᠪᠦᠷᠢ ᠵᠢᠨ ᠬᠤᠭᠤᠯᠠᠨ᠎ᠤ ᠬᠡᠷᠡᠭᠰᠡᠬᠦ ᠬᠡᠮᠵᠢᠶ᠎ᠠ ᠪᠡᠷ ᠵᠢᠵᠢᠭᠯᠡᠨ ᠬᠡᠷᠴᠢᠵᠤ ᠬᠠᠳᠠᠭᠠᠯᠠᠭᠠᠳ᠂ ᠬᠤᠭᠤᠯᠠ ᠪᠡᠯᠡᠳᠬᠡᠬᠦ ᠳ᠋ᠡᠬᠡᠨ ᠨᠢᠬᠡ ᠵᠢᠵᠢᠭ ᠬᠡᠰᠡᠭ ᠭᠠᠷᠭᠠᠵᠤ ᠬᠡᠰᠬᠡᠪᠡᠯ ᠵᠤᠢᠳᠠᠢ᠃ ᠬᠦᠷᠤᠬᠡᠭᠴᠢ ᠵᠢᠨ ᠵᠢᠠᠨ ᠴᠡᠩ᠎ᠢ ᠳᠤᠭᠳᠠᠮᠠᠯ ᠬᠤᠭᠤᠴᠠᠭ᠎ᠠ ᠲᠠᠢ ᠠᠷᠢᠯᠭᠠᠵᠤ᠂ ᠴᠡᠪᠡᠷ ᠪᠠᠢᠯᠭᠠᠬᠤ ᠵᠢ ᠬᠢᠴᠢᠶᠡᠪᠡᠯ ᠵᠤᠬᠢᠨ᠎ᠠ᠃

(《ᠡᠷᠡᠬᠦᠯ ᠮᠡᠨᠳᠤ ᠵᠢᠨ 66 ᠵᠤᠷᠪᠤᠰ》 ᠨᠤᠮ ᠡᠴᠨ ᠨᠠᠢᠷᠠᠭᠤᠯᠤᠨ ᠠᠪᠤᠪᠠ)

 

ᠢᠷᠡᠯᠲᠡ᠄ ᠦᠪᠦᠷ ᠮᠤᠩᠭᠤᠯ᠎ᠤᠨ ᠡᠳᠤᠷ᠎ᠤᠨ ᠰᠣᠨᠢᠨ