ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠦᠪᠡᠷᠳᠡᠭᠡᠨ ᠵᠠᠰᠠᠬᠤ ᠤᠷᠤᠨ ᠤ᠋ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠵᠤᠨ ᠤ᠋ ᠠᠮᠠᠷᠠᠯᠳᠠ ᠶ᠋ᠢᠨ ᠰᠠᠢᠨ ᠳᠤᠷᠠᠴᠤᠳ ᠢ᠋ ᠡᠯᠰᠡᠵᠤ ᠪᠤᠢ
ᠨᠡᠶ᠋ᠢᠲᠡᠯᠡᠭᠰᠡᠨ ᠴᠠᠭ᠄ 2025-07-11

ᠦᠪᠡᠷᠳᠡᠭᠡᠨ ᠵᠠᠰᠠᠬᠤ ᠤᠷᠤᠨ ᠤ᠋ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠤᠢᠷ᠎ᠠ ᠳ᠋ᠤ ᠶᠡᠬᠡ ᠳᠡᠭᠡᠳᠦ ᠰᠤᠷᠭᠠᠭᠤᠯᠢ ᠳ᠋ᠤ  ᠰᠤᠷᠤᠯᠴᠠᠵᠤ ᠪᠠᠢᠭ᠎ᠠ ᠤᠶᠤᠳᠠᠳ ᠪᠤᠯᠤᠨ ᠰᠢᠨ᠎ᠠ ᠪᠡᠷ ᠤᠶᠤᠳᠠᠨ ᠪᠤᠯᠬᠤ ᠭᠡᠵᠦ ᠪᠠᠢᠭ᠎ᠠ ᠰᠤᠷᠤᠭᠴᠢᠳ ᠲᠤ᠌ ᠬᠠᠨᠳᠤᠭᠤᠯᠤᠭᠰᠠᠨ 2025 ᠤᠨ ᠤ᠋ ᠵᠤᠨ ᠤ᠋ ᠠᠮᠠᠷᠠᠯᠳᠠ ᠶ᠋ᠢᠨ ᠰᠠᠢᠨ ᠳᠤᠷᠠᠴᠤᠳ ᠢ᠋ ᠡᠯᠰᠡᠬᠦ ᠠᠵᠢᠯᠯᠠᠭ᠎ᠠ ᠶ᠋ᠢ ᠡᠬᠢᠯᠡᠭᠦᠯᠪᠡ᠃

ᠲᠤᠰ ᠤᠳᠠᠭ᠎ᠠ ᠵᠢᠨ ᠠᠵᠢᠯᠯᠠᠭ᠎ᠠ ᠨᠢ ᠪᠠᠴᠢᠮ ᠪᠠᠢᠳᠠᠯ ᠢ᠋ ᠠᠷᠭᠠᠴᠠᠭᠠᠵᠤ ᠠᠪᠤᠷᠠᠨ ᠲᠤᠰᠠᠯᠠᠬᠤ ᠪᠤᠯᠪᠠᠰᠤᠷᠠᠯ ᠶ᠋ᠢᠡᠷ ᠭᠤᠤᠯᠳᠠᠯᠭ᠎ᠠ ᠪᠤᠯᠭᠠᠨ᠂ 《ᠰᠤᠷᠤᠯᠴᠠᠬᠤ — ᠪᠤᠯᠪᠠᠰᠤᠷᠠᠬᠤ — ᠵᠢᠭᠠᠬᠤ》 ᠭᠤᠷᠪᠠ ᠶ᠋ᠢ ᠨᠢᠭᠡ ᠴᠤᠭᠴᠠᠵᠢᠭᠤᠯᠤᠭᠰᠠᠨ ᠦᠰᠦᠯᠲᠡ ᠪᠤᠢᠵᠢᠯᠳᠠ ᠶ᠋ᠢᠨ ᠰᠢᠰᠲ᠋ᠧᠮ  ᠢ᠋ ᠴᠤᠭᠴᠠᠯᠠᠬᠤ ᠪᠡᠷ ᠵᠤᠷᠢᠯᠳᠠ ᠪᠤᠯᠭᠠᠵᠤ᠂ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠤ᠋ᠨ ᠪᠠᠴᠢᠮ ᠪᠠᠢᠳᠠᠯ ᠢ᠋ ᠠᠷᠭᠠᠴᠠᠭᠠᠵᠤ ᠠᠪᠤᠷᠠᠨ ᠲᠤᠰᠠᠯᠠᠬᠤ ᠪᠠᠭᠰᠢ ᠡᠴᠡ ᠵᠢᠷᠦᠭᠡ ᠠᠭᠤᠰᠬᠢᠨ ᠤ᠋ ᠠᠵᠢᠯᠯᠠᠭ᠎ᠠ ᠶ᠋ᠢ ᠰᠡᠷᠭᠦᠭᠡᠬᠦ (CPR)᠂ AED ᠮᠠᠰᠢᠨ ᠤ᠋ ᠬᠡᠷᠡᠭᠯᠡᠭᠡ᠂ ᠴᠢᠰᠦ ᠶ᠋ᠢ ᠵᠤᠭᠰᠤᠭᠠᠨ ᠰᠢᠷᠬ᠎ᠠ ᠶ᠋ᠢ ᠪᠤᠭᠤᠬᠤ᠂ ᠠᠮᠢᠰᠬᠤᠯ ᠤ᠋ᠨ ᠵᠠᠮ ᠳ᠋ᠤ ᠲᠡᠭᠡᠭᠯᠡᠭᠰᠡᠨ ᠪᠤᠳᠠᠰ ᠢ᠋ ᠭᠠᠷᠭᠠᠬᠤ ᠵᠡᠷᠭᠡ ᠪᠠᠴᠢᠮ ᠠᠪᠤᠷᠠᠯᠳᠠ ᠶ᠋ᠢᠨ ᠮᠡᠷᠭᠡᠵᠢᠯ ᠢ᠋ ᠰᠢᠰᠲᠧᠮ ᠲᠠᠢ ᠵᠢᠭᠠᠵᠤ ᠦᠭᠬᠦ ᠪᠤᠯᠤᠨ᠎ᠠ᠃ ᠪᠤᠯᠪᠠᠰᠤᠷᠠᠯ ᠬᠦᠷᠳᠡᠭᠰᠡᠨ ᠤ᠋ ᠳᠠᠷᠠᠭ᠎ᠠ᠂ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠡᠴᠡ ᠰᠠᠢᠨ ᠳᠤᠷᠠᠴᠤᠳ ᠢ᠋ ᠵᠤᠬᠢᠶᠠᠨ ᠪᠠᠢᠭᠤᠯᠤᠨ ᠨᠡᠢᠭᠡᠮ ᠲᠤᠭᠤᠷᠢᠭ᠂ ᠲᠡᠷᠭᠡᠨ ᠦᠷᠳᠡᠭᠡ ᠵᠡᠷᠭᠡ ᠤᠯᠠᠨ ᠨᠡᠢᠳᠡ ᠶ᠋ᠢᠨ ᠭᠠᠵᠠᠷ ᠲᠤ᠌ ᠬᠦᠷᠴᠤ᠂ ᠲᠤᠰᠬᠠᠢ ᠮᠡᠷᠭᠡᠵᠢᠯ ᠤ᠋ᠨ ᠪᠠᠭᠰᠢ ᠶ᠋ᠢᠨ ᠳᠠᠭᠠᠭᠤᠯᠭ᠎ᠠ ᠪᠡᠷ ᠰᠠᠭᠤᠭᠠᠯᠢ ᠠᠷᠠᠳ ᠲᠤ᠌ ᠨᠡᠢᠳᠡ ᠶ᠋ᠢᠨ ᠠᠰᠠᠷᠠᠮᠵᠢ ᠶ᠋ᠢᠨ ᠪᠤᠯᠪᠠᠰᠤᠷᠠᠯ ᠬᠦᠷᠳᠡᠭᠡᠬᠦ ᠠᠵᠢᠯᠯᠠᠭ᠎ᠠ ᠦᠷᠨᠢᠭᠦᠯᠦᠨ᠂ ᠳᠦᠭᠦᠮ ᠤᠢᠯᠠᠭᠠᠮᠵᠢᠳᠠᠢ ᠬᠡᠯᠪᠡᠷᠢ ᠪᠡᠷ ᠤᠯᠠᠨ ᠲᠦᠮᠡᠨ ᠳ᠋ᠤ ᠪᠠᠴᠢᠮ ᠠᠪᠤᠷᠠᠯᠳᠠ ᠶ᠋ᠢᠨ ᠮᠡᠳᠡᠯᠭᠡ ᠶ᠋ᠢ ᠤᠯᠠᠮᠵᠢᠯᠠᠬᠤ ᠪᠤᠯᠤᠨ᠎ᠠ᠃ ᠡᠭᠦᠨ ᠤ᠋ ᠬᠠᠮᠳᠤ ᠨᠢᠰᠭᠡᠯ ᠤ᠋ᠨ ᠪᠠᠭᠤᠳᠠᠯ᠂ ᠭᠠᠯᠳᠦ ᠲᠡᠷᠭᠡᠨ ᠦᠷᠳᠡᠭᠡ ᠵᠡᠷᠭᠡ ᠬᠦᠮᠦᠨ ᠬᠠᠷ᠎ᠠ ᠤᠯᠠᠨᠳᠠᠢ ᠭᠠᠵᠠᠷ ᠲᠤ᠌ ᠬᠦᠷᠴᠤ᠂ ᠰᠠᠢᠨ ᠳᠤᠷ᠎ᠠ ᠶ᠋ᠢᠨ ᠦᠢᠯᠡᠴᠢᠯᠡᠭᠡ ᠦᠷᠨᠢᠭᠦᠯᠤᠨ᠂ ᠭᠡᠨᠡᠳᠳᠡ ᠶ᠋ᠢᠨ ᠬᠡᠷᠡᠭ ᠡᠴᠡ ᠪᠤᠯᠤᠭᠰᠠᠨ ᠰᠢᠷᠬᠠᠳᠤᠯ ᠪᠤᠯᠤᠨ ᠡᠪᠡᠳᠴᠢᠳᠠᠨ ᠢ᠋ ᠠᠪᠤᠷᠠᠬᠤ ᠠᠵᠢᠯ ᠳ᠋ᠤ ᠬᠠᠮᠵᠢᠯᠴᠠᠵᠤ᠂ ᠠᠶᠠᠨᠴᠢᠳ ᠲᠤ᠌ ᠲᠤᠰᠠᠯᠠᠮᠵᠢ ᠬᠦᠷᠳᠡᠭᠡᠬᠦ ᠪᠦᠭᠡᠳ ᠪᠠᠴᠢᠮ ᠠᠪᠤᠷᠠᠯᠳᠠ ᠶ᠋ᠢᠨ ᠮᠡᠳᠡᠯᠭᠡ ᠶ᠋ᠢ ᠤᠯᠠᠮᠵᠢᠯᠠᠨ᠂ ᠤᠯᠠᠨ ᠲᠦᠮᠡᠨ ᠤ᠋ ᠪᠠᠴᠢᠮ ᠪᠠᠢᠳᠠᠯ ᠢ᠋ ᠠᠷᠭᠠᠴᠠᠭᠠᠬᠤ ᠤᠬᠠᠮᠰᠠᠷ ᠢ᠋ ᠳᠡᠭᠡᠭᠰᠢᠯᠡᠭᠦᠯᠬᠦ ᠳ᠋ᠤ ᠬᠦᠴᠦᠨ ᠨᠡᠮᠡᠷᠢᠯᠡᠬᠦ ᠪᠤᠯᠤᠨ᠎ᠠ᠃

ᠲᠤᠰ ᠤᠳᠠᠭ᠎ᠠ ᠵᠢᠨ ᠠᠵᠢᠯᠯᠠᠭ᠎ᠠ ᠪᠡᠷ ᠰᠠᠢᠨ ᠳᠤᠷᠠᠴᠤᠳ ᠵᠠᠩᠬᠢᠯᠠᠭ᠎ᠠ ᠶ᠋ᠢᠨ ᠦᠶ᠎ᠠ ᠳ᠋ᠤ ᠠᠮᠢ ᠠᠪᠤᠷᠠᠬᠤ ᠴᠢᠳᠠᠪᠤᠷᠢ ᠵᠢᠴᠢ ᠪᠠᠴᠢᠮ ᠪᠠᠢᠳᠠᠯ ᠢ᠋ ᠯᠠᠪᠳᠠᠭᠤᠨ ᠶ᠋ᠢᠡᠷ ᠠᠷᠭᠠᠴᠠᠭᠠᠬᠤ ᠮᠡᠷᠭᠡᠵᠢᠯ ᠢ᠋ ᠡᠵᠡᠮᠰᠢᠵᠤ ᠪᠤᠯᠬᠤ ᠪᠦᠭᠡᠳ ᠰᠠᠢᠨ ᠳᠤᠷ᠎ᠠ ᠶ᠋ᠢᠨ ᠦᠢᠯᠡᠴᠢᠯᠡᠭᠡᠨ ᠤ᠋ ᠭᠡᠷᠡᠴᠢ ᠪᠢᠴᠢᠭ ᠤᠯᠭᠤᠨ᠎ᠠ᠃ ᠪᠠᠴᠢᠮ ᠪᠠᠢᠳᠠᠯ ᠢ᠋ ᠠᠷᠭᠠᠴᠠᠭᠠᠵᠤ ᠠᠪᠤᠷᠠᠨ ᠲᠤᠰᠠᠯᠠᠬᠤ ᠪᠤᠯᠪᠠᠰᠤᠷᠠᠯ ᠳ᠋ᠤ ᠤᠷᠤᠯᠴᠠᠭᠠᠳ ᠰᠢᠯᠭᠠᠯᠳᠠ ᠳ᠋ᠤ ᠬᠢᠷᠢ ᠲᠡᠩᠴᠡᠪᠡᠯ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠤ᠋ᠨ ᠠᠪᠤᠷᠠᠨ ᠲᠤᠰᠠᠯᠠᠭᠴᠢ ᠶ᠋ᠢᠨ ᠦᠨᠡᠮᠯᠡᠯ ᠤᠯᠭᠤᠬᠤ ᠪᠤᠯᠤᠨ᠎ᠠ᠃ ᠪᠦᠬᠦᠯᠢ 18 ᠨᠠᠰᠤ ᠬᠦᠷᠦᠭᠰᠡᠨ᠂ ᠪᠡᠶ᠎ᠠ ᠮᠠᠬᠠᠪᠤᠳ ᠡᠷᠡᠭᠦᠯ ᠴᠢᠬᠢᠷᠠᠭ᠂ ᠬᠠᠷᠢᠭᠤᠴᠠᠯᠭᠠᠳᠤ ᠰᠡᠳᠬᠢᠯᠭᠡ ᠪᠡᠷ ᠴᠢᠩᠭ᠎ᠠ ᠪᠦᠭᠡᠳ ᠰᠠᠢᠨ ᠳᠤᠷ᠎ᠠ ᠶ᠋ᠢᠨ ᠠᠵᠢᠯᠳᠠᠨ ᠪᠤᠯᠬᠤ ᠬᠦᠰᠡᠯ ᠲᠠᠢ ᠵᠠᠯᠠᠭᠤᠴᠤᠳ ᠤᠳᠤ ᠡᠴᠡ ᠡᠬᠢᠯᠡᠨ 7 ᠰᠠᠷ᠎ᠠ ᠶ᠋ᠢᠨ 15 ᠪᠤᠯᠳᠠᠯ᠎ᠠ ᠳᠤᠮᠳᠠᠳᠤ ᠤᠯᠤᠰ ᠤ᠋ᠨ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠤ᠋ᠨ ᠰᠠᠢᠨ ᠳᠤᠷᠠᠴᠤᠳ ᠤ᠋ᠨ ᠰᠦᠯᠵᠢᠶ᠎ᠠ(https://hszzyz.zhiyuanyun.com/)  ᠳ᠋ᠤ ᠭᠠᠷᠴᠦ ᠨᠡᠷ᠎ᠠ ᠮᠡᠳᠡᠭᠦᠯᠵᠦ ᠪᠤᠯᠤᠨ᠎ᠠ ᠃

 

ᠢᠷᠡᠯᠲᠡ᠄ ᠦᠪᠦᠷ ᠮᠤᠩᠭᠤᠯ᠎ᠤᠨ ᠡᠳᠤᠷ᠎ᠤᠨ ᠰᠣᠨᠢᠨ