ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠴᠡᠴᠡᠭ᠎ᠤᠨ ᠳᠤᠭᠤᠰᠤ ᠵᠢ ᠬᠡᠷᠬᠢᠨ ᠰᠡᠷᠬᠡᠢᠯᠡᠬᠦ ᠪᠤᠢ?
ᠨᠡᠶ᠋ᠢᠲᠡᠯᠡᠭᠰᠡᠨ ᠴᠠᠭ᠄ 2025-08-05

ᠮᠠᠨ᠎ᠤ ᠤᠯᠤᠰ᠎ᠲᠤ ᠴᠡᠴᠡᠭ᠎ᠤᠨ ᠳᠤᠭᠤᠰᠤᠨ᠎ᠳᠤ ᠬᠠᠷᠰᠢᠬᠤ ᠬᠦᠮᠤᠰ ᠶᠠᠪᠤᠬᠤ ᠳᠤᠰᠤᠮ ᠤᠯᠠᠰᠢᠷᠡᠵᠤ᠂ 4 ᠰᠠᠷ᠎ᠠ ᠲᠠᠢ ᠨᠢᠯᠬ᠎ᠠ ᠬᠡᠤᠬᠡᠳ ᠡᠴᠨ ᠠᠪᠤᠭᠠᠳ 60 ᠨᠠᠰᠤᠨ ᠡᠴᠨ ᠲᠡᠬᠡᠭᠰᠢᠬᠢ ᠨᠠᠰᠤᠳᠠᠨ ᠬᠦᠷᠳᠡᠯ᠎ᠠ ᠪᠦᠷ ᠴᠡᠴᠡᠭ᠎ᠤᠨ ᠳᠤᠭᠤᠰᠤᠨ᠎ᠳᠤ ᠬᠠᠷᠰᠢᠬᠤ ᠪᠠᠢᠳᠠᠯ ᠢᠯᠡᠷᠡᠵᠤ ᠪᠠᠢᠨ᠎ᠠ᠃ ᠲᠡᠬᠡᠪᠡᠯ ᠴᠡᠴᠡᠭ᠎ᠤᠨ ᠳᠤᠭᠤᠰᠤ ᠵᠢ ᠬᠡᠷᠬᠢᠨ ᠰᠡᠷᠬᠡᠢᠯᠡᠪᠡᠯ  ᠵᠤᠬᠢᠬᠤ ᠪᠤᠢ? ᠡᠨᠡ ᠳᠤᠬᠠᠢ ᠪᠡᠬᠡᠵᠢᠩ ᠬᠤᠳᠠ ᠵᠢᠨ ᠡᠪᠡᠳᠴᠢᠨ ᠬᠢᠵᠢᠭ᠎ᠢ ᠰᠡᠷᠬᠡᠢᠯᠡᠨ ᠵᠠᠰᠠᠬᠤ ᠲᠦᠪ᠎ᠤᠨ ᠬᠢᠨ ᠬᠠᠮᠢᠶᠠᠳᠡᠢ ᠮᠡᠳᠡᠬᠡ ᠨᠡᠢᠳᠡᠯᠡᠵᠤ ᠤᠯᠠᠨ᠎ᠳᠤ ᠰᠠᠨᠠᠭᠤᠯᠤᠭᠰᠠᠠ ᠪᠠᠢᠨ᠎ᠠ᠃

ᠨᠢᠬᠡ᠎ᠳᠤ᠂ ᠬᠤᠸᠠᠷ ᠴᠡᠴᠡᠭ ᠲᠠᠢ ᠰᠢᠭᠤᠳ ᠤᠢᠷᠠᠳᠤᠬᠤ ᠦᠬᠡᠢ᠃ ᠭᠠᠳᠠᠭᠰᠢ ᠭᠠᠷᠬᠤ ᠪᠡᠨ ᠴᠦᠬᠡᠳᠬᠡᠵᠤ᠂ ᠤᠨᠴᠠᠭᠠᠢᠯᠠᠨ ᠴᠡᠴᠡᠭ᠎ᠤᠨ ᠳᠤᠭᠤᠰᠤ ᠶᠡᠬᠡᠳᠡᠢ ᠦᠶᠠᠰ᠂ ᠡᠬᠦᠳᠠ ᠴᠤᠩᠬᠤ ᠪᠡᠨ ᠪᠢᠳᠡᠬᠦᠮᠵᠢᠯᠡᠵᠤ ᠴᠢᠳᠠᠪᠠᠯ ᠬᠡᠷ ᠳᠤᠳᠤᠷ᠎ᠠ ᠪᠡᠨ ᠠᠭᠠᠷ ᠴᠡᠪᠡᠷᠰᠢᠬᠦᠯᠬᠦ ᠮᠠᠰᠢᠨ᠎ᠢ ᠬᠡᠷᠡᠭᠯᠡᠬᠦ ᠬᠡᠷᠡᠭᠳᠡᠢ᠃

ᠬᠤᠶᠠᠷ ᠲᠤ᠌᠂ ᠭᠠᠳᠠᠭᠰᠢ ᠭᠠᠷᠪᠠᠯ ᠰᠡᠷᠬᠡᠢᠯᠡᠯᠳᠠ ᠪᠡᠨ ᠰᠠᠢᠳᠤᠷ ᠬᠢᠬᠦ ᠬᠡᠷᠡᠭᠳᠡᠢ᠃ ᠭᠠᠳᠠᠭᠰᠢ ᠭᠠᠷᠬᠤ᠎ᠳᠠᠭᠠᠨ ᠤᠷᠳᠤ ᠬᠠᠨᠴᠤᠢ ᠲᠠᠢ ᠬᠤᠪᠴᠠᠰᠤ ᠡᠮᠤᠰᠴᠤ᠂ ᠠᠮᠠᠪᠴᠢ᠂ ᠨᠢᠳᠤᠨ ᠰᠢᠯ ᠵᠡᠬᠦᠵᠤ᠂ ᠮᠠᠰᠢᠨ ᠵᠢᠯᠤᠭᠤᠳᠬᠤ ᠳ᠋ᠠᠭᠠᠨ ᠴᠤᠩᠬᠤ ᠵᠢ ᠨᠢ ᠴᠢᠩᠭ᠎ᠠ ᠬᠠᠭᠠᠬᠤ ᠬᠡᠷᠡᠭᠳᠡᠢ᠃ ᠬᠡᠷ ᠲᠡᠬᠡᠨ ᠬᠠᠷᠢᠬᠰᠠᠠ᠎ᠤ ᠲᠠᠷᠠᠭ᠎ᠠ ᠭᠠᠳᠠᠷ ᠬᠤᠪᠴᠠᠰᠤ ᠪᠡᠨ ᠲᠠᠷᠤᠢᠬᠠᠨ ᠰᠤᠯᠢᠵᠤ᠂ ᠨᠢᠭᠤᠷ ᠵᠢᠠᠨ ᠤᠬᠢᠶᠠᠵᠤ᠂ ᠠᠮᠠ ᠬᠠᠮᠠᠷ ᠵᠢᠠᠨ ᠵᠠᠢᠯᠠᠬᠤ ᠬᠡᠷᠡᠭᠳᠡᠢ᠃

ᠭᠤᠷᠪᠠ᠎ᠳᠤ᠂ ᠳᠠᠷᠬᠠᠯᠠᠭ᠎ᠠ ᠪᠡᠨ ᠰᠠᠢᠵᠢᠷᠠᠭᠤᠯᠬᠤ ᠬᠡᠷᠡᠭᠳᠡᠢ᠃ ᠡᠬᠦᠨ᠎ᠳᠤ ᠰᠠᠢᠨ ᠤᠨᠳᠠᠵᠤ ᠠᠮᠠᠷᠠᠨ᠂ ᠢᠳᠡᠬᠡᠨ ᠤᠮᠳᠠᠭᠠᠨ ᠵᠢᠠᠨ ᠵᠤᠬᠢᠴᠠᠭᠤᠯᠵᠤ᠂ ᠰᠢᠨ᠎ᠠ ᠰᠤᠷᠭᠤᠭ ᠨᠤᠭᠤᠭ᠎ᠠ ᠵᠢᠮᠢᠰ ᠢᠯᠡᠬᠦᠬᠡᠨ ᠢᠳᠡᠵᠤ᠂ ᠳᠤᠭᠳᠠᠭᠰᠠᠠ ᠬᠤᠭᠤᠴᠠᠭᠠᠨ᠎ᠳᠤ ᠪᠠᠶ᠎ᠠ ᠪᠡᠨ ᠪᠤᠯᠪᠠᠰᠤᠷᠠᠭᠤᠯᠬᠤ ᠬᠡᠷᠡᠭᠳᠡᠢ᠃

ᠲᠦᠷᠪᠡ᠎ᠳᠤ᠂ ᠬᠠᠷᠰᠢᠬᠤ ᠪᠠᠢᠳᠠᠯ ᠬᠦᠨᠳᠤᠷᠠᠪᠠᠯ ᠲᠠᠷᠤᠢᠬᠠᠨ ᠡᠮᠨᠡᠬᠦᠯᠬᠦ ᠬᠡᠷᠡᠭᠳᠡᠢ᠃ ᠠᠮᠠᠷᠬᠠᠨ ᠬᠠᠷᠰᠢᠳᠠᠭ ᠪᠠ ᠠᠭᠰᠠᠭ᠎ᠠ ᠡᠪᠡᠳᠴᠢᠨ ᠲᠠᠢ ᠬᠦᠮᠤᠰ ᠬᠤᠪᠴᠠᠰᠤ ᠬᠤᠨᠠᠷ ᠵᠢᠠᠨ ᠳᠤᠬᠢᠷᠠᠭᠤᠯᠵᠤ᠂ ᠵᠢᠩᠬᠢᠨᠠᠵᠤ ᠲᠠᠭᠠᠷᠠᠭᠠᠳ ᠬᠢᠮᠤᠷᠠᠭ᠎ᠠ ᠲᠠᠭᠰᠢᠭᠤᠷ ᠤᠯᠬᠤ ᠡᠴᠨ ᠪᠤᠯᠭᠤᠮᠵᠢᠯᠠᠬᠤ ᠬᠡᠷᠡᠭᠳᠡᠢ᠃ ᠬᠠᠷᠰᠢᠬᠤ ᠪᠠᠢᠳᠠᠯ ᠬᠦᠨᠳᠤᠷᠠᠪᠠᠯ ᠲᠠᠷᠤᠢᠬᠠᠨ ᠡᠮᠨᠡᠬᠦᠯᠬᠦ ᠬᠡᠷᠡᠭᠳᠡᠢ᠃

 (《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)

 

ᠢᠷᠡᠯᠲᠡ᠄ ᠦᠪᠦᠷ ᠮᠤᠩᠭᠤᠯ᠎ᠤᠨ ᠡᠳᠤᠷ᠎ᠤᠨ ᠰᠣᠨᠢᠨ