ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠬᠦᠪᠳᠦᠷᠤᠤ ᠲᠠᠢ ᠡᠪᠡᠳᠴᠢᠳᠠᠳ ᠢᠳᠡᠬᠡᠨ ᠤᠮᠳᠠᠭᠠᠨ ᠵᠢᠠᠨ ᠨᠡᠩ ᠢᠯᠡᠬᠦᠦ ᠠᠩᠬᠠᠷᠬᠤ ᠴᠢᠬᠤᠯᠠᠳᠠᠢ
ᠨᠡᠶ᠋ᠢᠲᠡᠯᠡᠭᠰᠡᠨ ᠴᠠᠭ᠄ 2025-05-26

ᠬᠦᠪᠳᠦᠷᠤᠤ ᠲᠠᠢ ᠡᠪᠡᠳᠴᠢᠳᠠᠳ ᠤᠭᠤᠷᠠᠭ᠂ ᠸᠢᠲ᠋ᠠᠮᠢᠨ B12᠂ ᠲᠡᠮᠦᠷ ᠨᠥᠬᠥᠬᠦ᠌ ᠭᠡᠷᠡᠭᠳᠡᠢ᠃ ᠵᠠᠷᠢᠮ ᠢᠳᠡᠭᠡᠨ ᠤᠮᠳᠠᠭᠠᠨ᠎ᠨᠢ ᠬᠦᠪᠳᠦᠷᠤᠤ ᠡᠪᠡᠳᠴᠢᠨ ᠤᠯᠬᠤ 《ᠲᠦᠷᠭᠡᠳᠭᠡᠭᠦᠷ》 ᠪᠠᠶ᠋ᠢᠵᠤ ᠮᠡᠳᠡᠨ᠎ᠡ᠂ ᠡᠢᠮᠤ ᠪᠡᠷ ᠵᠢᠠᠨ ᠳᠤᠤᠷᠡᠬᠢ ᠭᠤᠷᠪᠠᠨ ᠲᠥᠷᠥᠯ᠎ᠤᠨ ᠬᠦᠮᠦᠰ ᠢᠳᠡᠵᠦ᠍ ᠤᠣᠭᠤᠬᠤ ᠪᠡᠨ ᠰᠠᠶ᠋ᠢᠳᠤᠷ ᠬᠢᠴᠢᠶᠡᠬᠡᠷᠡᠢ᠃ ᠡᠳᠦᠷ ᠳᠤᠲᠤᠮ᠎ᠤᠨ ᠠᠮᠢᠳᠤᠷᠠᠯ ᠳᠤᠮᠳᠠ ᠡᠳᠡᠭᠡᠷ ᠢᠳᠡᠭᠡᠨ ᠤᠮᠳᠠᠭᠠᠨ᠎ᠢ ᠢᠳᠡᠪᠡᠯ ᠬᠦᠪᠳᠦᠷᠤᠤ ᠡᠪᠡᠳᠴᠢᠨ ᠤᠯᠬᠤ ᠵᠢᠨ 《ᠲᠦᠷᠭᠡᠳᠭᠡᠭᠦᠷ》 ᠪᠤᠯᠵᠤ ᠮᠡᠳᠡᠬᠦ ᠳᠤᠯᠠ ᠬᠢᠴᠢᠶᠡᠬᠦ᠌ ᠬᠡᠷᠡᠭᠲᠡᠢ᠃

ᠨᠢᠭᠡ᠂ ᠠᠭᠤᠰᠭᠢᠨ ᠬᠦᠪᠳᠦᠷᠤᠦ ᠲᠠᠢ ᠬᠦᠮᠦᠰ ᠭᠤᠷᠪᠠᠨ ᠲᠥᠷᠥᠯ᠎ᠤᠨ ᠬᠣᠭᠣᠯᠠ ᠵᠢ ᠳᠤᠲᠠᠭᠤ ᠢᠳᠡᠪᠡᠯ ᠵᠤᠬᠢᠨ᠎ᠠ᠄

1. ᠰᠡᠳᠡᠯᠲᠡ ᠵᠢᠨ ᠴᠢᠨᠠᠷᠲᠠᠢ ᠢᠳᠡᠭᠡᠨ᠄ ᠯᠠᠵᠤᠤ᠂ ᠨᠠᠷᠢᠨ ᠤᠯᠠᠭᠠᠨ ᠯᠠᠵᠤᠤ᠂ ᠰᠢᠷᠠᠬᠰᠠᠨ ᠲᠠᠬᠢᠶ᠎ᠠ᠂ ᠲᠣᠰᠣᠯᠢᠭ ᠪᠣᠣᠪᠤ  ᠵᠡᠷᠭᠡ᠃

2. ᠳᠠᠪᠤᠰᠤ ᠶᠡᠬᠡᠲᠠᠢ ᠢᠳᠡᠭᠡᠨ᠄ ᠲᠠᠪᠤᠰᠤᠳᠠᠢ ᠨᠤᠭᠤᠭ᠎ᠠ᠂ ᠳᠠᠪᠤᠰᠤᠯᠠᠭᠰᠠᠨ ᠮᠢᠬ᠎ᠠ᠂ ᠳᠠᠪᠤᠰᠤᠯᠠᠭᠰᠠᠨ ᠨᠤᠭᠤᠰᠤᠨ ᠥᠨᠳᠡᠭᠡ ᠵᠡᠷᠭᠡ᠃

3. ᠰᠡᠳᠡᠯᠲᠡ ᠵᠢᠨ ᠴᠢᠨᠠᠷᠲᠠᠢ ᠤᠮᠳᠠᠭᠠᠨ᠄ ᠺᠣᠹᠧ ᠪᠠ ᠰᠡᠳᠡᠯᠲᠡ ᠵᠢᠨ ᠴᠢᠨᠠᠷᠲᠠᠢ ᠤᠮᠳᠠᠭᠠᠨ᠂ ᠵᠢᠱ᠌ᠢᠶᠡᠯᠡᠪᠡᠯ ᠥᠳᠬᠡᠨ ᠴᠠᠢ ᠵᠡᠷᠭᠡ᠃

ᠬᠤᠶᠠᠷ᠂ ᠪᠠᠮᠪᠠᠢ ᠪᠤᠯᠴᠢᠷᠬᠠᠢ ᠵᠢᠨ ᠬᠦᠪᠳᠦᠷᠤᠦ ᠲᠠᠢ ᠬᠦᠮᠦᠰ᠎ᠢᠤᠳ᠋ᠳᠦ ᠢᠳᠡᠭᠡᠨ ᠢᠳᠡᠬᠦ᠌ ᠬᠡᠮᠵᠢᠶ᠎ᠡ ᠪᠡᠨ ᠲᠡᠩᠴᠡᠬᠦᠷᠢᠲᠡᠢ ᠪᠠᠶ᠋ᠢᠯᠭᠠᠭᠠᠷᠠᠢ᠃ ᠵᠢᠱ᠌ᠢᠶᠡᠯᠡᠪᠡᠯ᠄ ᠤᠯᠠᠭᠠᠨ ᠨᠣᠭᠣᠭ᠎ᠠ᠂ ᠬᠠᠶ᠋ᠢᠳᠠᠢ ᠵᠡᠷᠭᠡ ᠳᠠᠯᠠᠢ᠎ᠶᠢᠨ ᠨᠤᠭᠤᠭ᠎ᠠ ᠪᠣᠯᠤᠨ ᠢᠤᠳ᠋᠎ᠲᠠᠢ ᠳᠠᠪᠤᠰᠤ ᠵᠢ ᠵᠤᠬᠢᠬᠤ ᠬᠡᠮᠵᠢᠶ᠎ᠡ ᠪᠡᠷ ᠢᠳᠡᠪᠡᠯ ᠰᠠᠢᠨ᠃ ᠢᠤᠳ᠋ ᠦᠭᠡᠢ ᠳᠠᠪᠤᠰᠤ ᠢᠳᠡᠵᠦ᠍᠂ ᠢᠤᠳ᠋ ᠪᠠᠭ᠎ᠠ ᠢᠳᠡᠭᠡᠨ ᠤᠮᠳᠠᠭᠠᠨ᠂ ᠠᠷᠢᠬᠢ ᠲᠠᠮᠠᠬᠢ᠂ ᠺᠣᠹᠧ᠂ ᠥᠳᠬᠡᠨ ᠴᠠᠢ ᠵᠡᠷᠭᠡ ᠰᠡᠲᠡᠯᠲᠡ᠎ᠶᠢᠨ ᠴᠢᠨᠠᠷᠲᠠᠢ ᠢᠳᠡᠭᠡᠨ ᠤᠮᠳᠠᠭᠠᠨ᠎ᠢ ᠴᠡᠭᠡᠷᠯᠡᠬᠦ᠌ ᠵᠢᠰᠠᠨᠠᠭᠤᠯᠤᠶ᠎ᠠ᠃ ᠬᠡᠷᠪᠡ ᠪᠠᠮᠪᠠᠢ ᠪᠤᠯᠴᠢᠷᠬᠠᠢ᠎ᠶᠢᠨ ᠬᠦᠪᠳᠦᠷᠤᠦ ᠵᠢᠨ ᠡᠪᠡᠳᠴᠢᠨ ᠲᠠᠢ ᠪᠤᠯ ᠰᠢᠷ᠎ᠠ ᠯᠤᠤᠪᠠᠩ᠂ ᠣᠷᠢᠶᠠᠮᠠᠯ ᠨᠣᠭᠣᠭ᠎ᠠ ᠳᠤᠲᠠᠭᠤ ᠢᠳᠡᠬᠦ᠌ ᠭᠡᠷᠡᠭᠳᠡᠢ᠂ ᠡᠳᠡᠭᠡᠷ᠎ᠢᠳᠡᠬᠡᠨ ᠨᠢ ᠶᠡᠬᠡ ᠪᠤᠶᠤ ᠪᠠᠭ᠎ᠠ ᠬᠡᠮᠵᠢᠶ᠎ᠡ ᠪᠡᠷ ᠪᠠᠮᠪᠠᠢ ᠪᠤᠯᠴᠢᠷᠬᠠᠢ᠎ᠶᠢᠨ ᠬᠦᠪᠳᠦᠷᠤᠦ᠎ᠶᠢ ᠨᠥᠯᠥᠭᠡᠯᠡᠳᠡᠭ ᠶᠤᠮ᠃

ᠭᠤᠷᠪᠠ᠂ ᠬᠥᠬᠦᠨ᠎ᠤ ᠪᠤᠯᠴᠢᠷᠬᠠᠢ᠎ᠶᠢᠨ ᠬᠦᠪᠳᠦᠷᠤᠦ ᠲᠠᠢ ᠬᠦᠮᠦᠰ ᠠᠮᠢᠲᠠᠨ᠎ᠤ ᠤᠭᠤᠷᠠᠭ ᠢᠳᠡᠬᠦ᠌ ᠬᠡᠮᠵᠢᠶ᠎ᠡ ᠪᠡᠨ ᠬᠢᠵᠠᠭᠠᠷᠯᠠᠬᠤ ᠬᠡᠷᠡᠭᠳᠡᠢ᠂ ᠠᠮᠢᠲᠠᠨ᠎ᠤ ᠤᠭᠤᠷᠠᠭ ᠢᠳᠡᠬᠦ᠌ ᠬᠡᠮᠵᠢᠶ᠎ᠡ ᠪᠡᠨ ᠬᠢᠵᠠᠭᠠᠷᠯᠠᠬᠤ ᠨᠢ ᠡᠮ᠎ᠡ ᠬᠤᠷᠮᠣᠨ ᠬᠡᠲᠦ᠍ ᠶᠡᠬᠡ ᠪᠤᠢ ᠪᠣᠯᠬᠤ᠎ᠡᠴᠠ ᠰᠡᠷᠭᠡᠶ᠋ᠢᠯᠡᠵᠦ᠍ ᠲᠠᠢᠯᠤᠨ᠎ᠠ᠂ ᠲᠠᠷᠠᠴᠢᠯᠠᠨ ᠬᠥᠬᠦᠨ᠎ᠤ ᠪᠤᠯᠴᠢᠷᠬᠠᠢ᠎ᠶᠢᠨ ᠬᠣᠣᠷᠲᠤ᠌ ᠡᠳ᠋ ᠡᠭᠦᠰᠬᠦ᠌ ᠵᠢ ᠬᠢᠴᠢᠶᠡᠬᠦ᠌ ᠬᠡᠷᠡᠭᠳᠡᠢ᠃

 

ᠢᠷᠡᠯᠲᠡ᠄ ᠦᠪᠦᠷ ᠮᠤᠩᠭᠤᠯ᠎ᠤᠨ ᠡᠳᠤᠷ᠎ᠤᠨ ᠰᠣᠨᠢᠨ