ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠬᠦᠮᠤᠨ ᠦᠪᠡᠷ᠎ᠤᠨ ᠵᠢᠠᠨ ᠤᠳᠠᠴᠢ
ᠨᠡᠶ᠋ᠢᠲᠡᠯᠡᠭᠰᠡᠨ ᠴᠠᠭ᠄ 2025-06-20

ᠨᠠᠰᠤ ᠤᠷᠳᠤᠳᠬᠠᠬᠤ᠂ ᠠᠯᠵᠢᠶᠠᠯ ᠲᠠᠢᠯᠬᠤ ᠪᠠᠶ᠎ᠠ ᠮᠠᠬᠠᠪᠤᠳ ᠎ᠢ ᠲᠡᠭᠰᠢᠷᠡᠬᠦᠯᠬᠦ ᠡᠷᠳᠡᠮ ᠴᠢᠳᠠᠪᠤᠷᠢ ᠲᠠᠢ ᠤᠯᠠᠨ ᠲᠦᠷᠤᠯ᠎ᠤᠨ ᠡᠮ ᠪᠠᠢᠳᠠᠭ᠃ ᠲᠡᠬᠦᠨ᠎ᠤ ᠳᠤᠳᠤᠷ᠎ᠠ ᠡᠴᠨ ᠠᠭᠤᠷ ᠠᠮᠢᠰᠬᠤᠯ᠂ ᠦᠪᠡᠷᠮᠢᠴᠠ ᠬᠤᠭᠤᠯᠠ ᠤᠮᠳᠠ ᠲᠠᠢ ᠬᠦᠮᠤᠨ᠎ᠤ ᠪᠠᠶ᠎ᠠ᠎ᠳᠤ ᠵᠤᠬᠢᠷᠠᠬᠤ ᠡᠮ᠎ᠢ ᠡᠬᠡ ᠪᠠᠢᠭᠠᠯᠢ ᠡᠴᠨ ᠰᠤᠩᠭᠤᠨ ᠠᠪᠴᠤ ᠬᠡᠷᠡᠭᠯᠡᠵᠤ ᠢᠷᠡᠭᠰᠡᠡ ᠤᠯᠠᠮᠵᠢᠯᠠᠯᠳᠤ ᠠᠨᠠᠭᠠᠬᠤ ᠤᠬᠠᠭᠠᠨ᠎ᠢ ᠤᠷᠬᠢᠵᠤ ᠪᠤᠯᠬᠤ ᠦᠬᠡᠢ᠃ ᠤᠨᠠᠭᠰᠠᠠ ᠰᠢᠷᠤᠢ᠂ ᠤᠬᠢᠶᠠᠭᠰᠠᠠ ᠤᠰᠤ᠂ ᠦᠰᠴᠤ ᠪᠤᠢᠵᠢᠭᠰᠠᠠ ᠨᠤᠳᠤᠭ ᠤᠷᠤᠨ᠂ ᠢᠳᠡᠵᠤ ᠬᠡᠷᠡᠭᠯᠡᠵᠤ ᠢᠷᠡᠭᠰᠡᠡ ᠤᠯᠠᠮᠵᠢᠯᠠᠯᠳᠤ ᠬᠤᠭᠤᠯᠠ ᠤᠮᠳᠠ᠂ ᠤᠷᠭᠤᠮᠠᠯ ᠤᠰᠤ ᠠᠭᠠᠷ ᠨᠢ ᠡᠮ ᠪᠤᠯᠤᠭᠰᠠᠭᠠᠷ ᠢᠷᠡᠭᠰᠡᠡ᠂ ᠲᠠᠷᠠ ᠴᠤ᠌ ᠪᠠᠢᠳᠤᠭᠠᠢ ᠡᠬᠡ ᠡᠴᠨ ᠮᠡᠨᠳᠦᠯᠡᠭᠰᠡᠡ ᠬᠡᠷ᠎ᠤᠨ ᠵᠢᠠᠨ ᠪᠠᠭᠤᠴᠠ ᠲᠡᠬᠡᠷ᠎ᠠ ᠨᠢᠴᠤᠬᠦᠨ ᠪᠠᠶ᠎ᠠ ᠪᠡᠷ ᠵᠢᠠᠨ ᠬᠦᠷᠪᠡᠬᠦ᠎ᠳᠤ ᠪᠠᠶ᠎ᠠ ᠠᠷᠢᠭᠤᠰᠴᠤ᠂ ᠰᠢᠨ᠎ᠠ ᠡᠷᠴᠢ ᠡᠨ᠋ᠸᠷᠬᠢ ᠠᠪᠴᠤ ᠪᠠᠭ᠎ᠠ ᠰᠠᠭ᠎ᠠ ᠡᠪᠡᠳᠴᠢᠨ ᠢᠯᠡᠷᠢᠰᠢᠳᠡᠭ ᠬᠡᠵᠤ ᠡᠪᠤᠬᠡ ᠲᠡᠬᠡᠳᠤᠰ ᠰᠤᠷᠭᠠᠵᠤ ᠦᠷ᠎ᠠ ᠬᠡᠤᠬᠡᠳ ᠲᠡᠬᠡᠨ ᠲᠦᠷᠦᠭᠰᠡᠡ ᠪᠠᠭᠤᠴᠠ ᠨᠤᠳᠤᠭ ᠬᠡᠷ᠎ᠤᠨ ᠪᠠᠭᠤᠷᠢ ᠵᠢ ᠵᠢᠭᠠᠵᠤ ᠦᠭᠳᠡᠭ ᠪᠠᠢᠬᠰᠠᠠ ᠶᠤᠮ᠃

 ᠶᠠᠷᠤ ᠨᠢ ᠠᠮᠢᠳᠠᠨ ᠤᠷᠭᠤᠮᠠᠯ᠎ᠤᠨ ᠭᠠᠷᠤᠯ ᠲᠠᠢ ᠡᠮ ᠲᠠᠩ᠂ ᠡᠯᠳᠡᠪ ᠪᠠᠯᠡᠡ ᠡᠮ ᠪᠤᠢ ᠪᠤᠯᠵᠤ ᠬᠦᠮᠤᠨ᠎ᠤ ᠪᠠᠶ᠎ᠠ ᠵᠢᠨ ᠡᠷᠡᠬᠦᠯ ᠮᠠᠨᠳᠤ᠎ᠳᠤ ᠴᠢᠬᠤᠯᠠ ᠨᠦᠯᠦᠬᠡ ᠦᠵᠡᠬᠦᠯᠦᠭᠰᠡᠬᠡᠷ ᠢᠷᠡᠵᠠᠢ᠃ ᠴᠠᠢ ᠨᠢ ᠡᠯᠢᠬᠡ᠂ ᠪᠦᠬᠡᠷ᠎ᠠ᠂ ᠠᠭᠤᠰᠬᠢ᠂ ᠵᠢᠷᠤᠬᠡᠨ᠎ᠤ ᠤᠢᠯᠠ ᠠᠵᠢᠯᠯᠠᠭ᠎ᠠ ᠵᠢ ᠰᠠᠢᠵᠢᠷᠠᠭᠤᠯᠬᠤ᠎ᠳᠤ ᠵᠤᠷᠢᠭᠤᠯᠤᠨ ᠲᠠᠩ ᠭᠠᠭᠴᠠ ᠪᠠᠢᠭᠠᠯᠢ ᠵᠢᠨ ᠴᠡᠪᠡᠷ ᠤᠮᠳᠠᠭᠠᠨ ᠵᠢᠡᠷ ᠰᠢᠯᠢᠵᠤ ᠰᠤᠩᠭᠤᠵᠤ ᠤᠢᠯᠠᠳᠪᠤᠷᠢᠯᠡᠵᠤ ᠪᠠᠢᠭ᠎ᠠ ᠤᠯᠠᠨ ᠲᠦᠷᠤᠯ᠎ᠤᠨ ᠴᠠᠢ ᠬᠦᠮᠤᠨ᠎ᠤ ᠪᠠᠶ᠎ᠠ᠎ᠳᠤ ᠶᠡᠬᠡ ᠰᠠᠢᠨ ᠬᠡᠯᠴᠡᠳᠡᠭ᠃

 ᠰᠠᠢᠨ ᠵᠤᠷ᠂ ᠤᠷᠭᠤᠮᠠᠯ᠎ᠤᠨ ᠨᠠᠷ᠎ᠠ ᠲᠦᠷᠤᠯ᠎ᠢ ᠬᠠᠳᠠᠭᠤ ᠴᠢᠩᠭ᠎ᠠ ᠪᠡᠷ ᠪᠠᠷᠢᠵᠤ᠂ ᠴᠢᠨᠠᠷ᠂ ᠠᠮᠳᠠ᠂ ᠦᠨᠤᠷ᠎ᠢ ᠶᠠᠭᠰᠢᠳᠠᠯ᠎ᠠ ᠬᠠᠳᠠᠭᠠᠯᠠᠨ ᠤᠢᠯᠠᠳᠪᠤᠷᠢᠯᠠᠵᠤ᠂ ᠤᠢᠯᠠᠳᠪᠤᠷᠢᠯᠡᠭᠴᠢ ᠺᠤᠮᠫᠠᠨᠢ ᠦᠪᠡᠷ᠎ᠤᠨ ᠨᠠᠷᠡᠳᠤ ᠪᠦᠳᠤᠬᠡᠭᠳᠡᠬᠦᠨ᠎ᠤ ᠨᠠᠷ᠎ᠠ ᠵᠢ ᠬᠠᠮᠠᠭᠠᠯᠠᠵᠤ ᠳᠤᠭᠠᠨ᠎ᠤ ᠬᠤᠢᠨ᠎ᠠ ᠡᠴᠨ ᠬᠦᠬᠡᠬᠡᠴᠡᠯᠳᠤᠬᠦ ᠦᠬᠡᠢ ᠬᠠᠷᠢᠨ ᠴᠢᠨᠠᠷ ᠎ᠢ ᠡᠷᠬᠢᠮᠯᠡᠨ ᠠᠵᠢᠯᠯᠠᠳᠠᠭ᠃ ᠬᠡᠪᠡᠴᠤ ᠵᠠᠷᠢᠮ ᠤᠢᠯᠠᠳᠪᠤᠷᠢᠯᠡᠭᠴᠢᠳ ᠡᠬᠢᠨ᠎ᠤ ᠬᠡᠳᠤ ᠵᠢ ᠮᠠᠰᠢ ᠰᠠᠢᠨ ᠬᠢᠵᠤ ᠵᠢᠭᠠᠬᠠᠨ ᠨᠡᠷ᠎ᠠ ᠭᠠᠷᠬᠤ ᠲᠠᠢ ᠵᠡᠷᠬᠡ ᠨᠤᠷᠮ᠎ᠠ᠂ ᠵᠤᠷ ᠵᠢᠠᠨ ᠪᠠᠷᠢᠮᠳᠠᠯᠠᠬᠤ ᠦᠬᠡᠢ ᠪᠤᠷᠤᠯᠠᠭᠤᠯᠳᠠᠭ᠂ ᠤᠷᠤᠯᠭ᠎ᠠ ᠵᠢᠨ ᠬᠤᠢᠨ᠎ᠠ ᠡᠴᠨ ᠬᠦᠬᠡᠬᠡᠴᠡᠯᠳᠦᠳᠡᠭ ᠬᠡᠮ ᠲᠠᠢ ᠨᠢ ᠨᠢᠭᠤᠴᠠ ᠪᠢᠰᠢ᠃

 ᠴᠠᠢ ᠨᠢ ᠦᠨᠳᠤᠷ ᠨᠠᠰᠤᠳᠠᠨ ᠪᠤᠶᠤ ᠪᠠᠶ᠎ᠠ ᠠᠨᠠᠢ ᠬᠦᠮᠤᠰ ᠲᠤ᠌ ᠨᠡᠩ ᠵᠤᠬᠢᠮᠵᠢᠳᠡᠢ᠃ ᠡᠬᠡ ᠤᠷᠤᠨ᠎ᠤ ᠤᠩᠭᠤᠨ ᠪᠠᠢᠭᠠᠯᠢ ᠵᠢᠨ ᠪᠠᠶᠠᠯᠢᠬ ᠵᠢᠡᠷ ᠪᠦᠳᠤᠬᠡᠭᠰᠡᠡ ᠴᠠᠢ ᠨᠢ ᠦᠨᠤᠷ᠂ ᠴᠢᠨᠠᠷ ᠵᠢᠡᠷ ᠵᠢᠠᠨ ᠭᠠᠳᠠᠭᠠᠳᠤ ᠵᠢᠨ ᠰᠢᠬᠠᠮᠠᠯ ᠴᠠᠢ᠎ᠲᠠᠢ ᠬᠠᠷᠢᠴᠠᠭᠤᠯᠪᠠᠯ ᠮᠤᠩᠭᠤᠯ᠎ᠤᠨ ᠦᠨᠳᠦᠷᠯᠢᠭ ᠲᠤ᠌ ᠤᠷᠭᠤᠳᠠᠭ ᠡᠮ᠎ᠤᠨ ᠤᠯᠠᠨ ᠤᠷᠭᠤᠮᠠᠯ ᠤᠷᠤᠳᠠᠭ᠎ᠤᠨ ᠳᠤᠳᠤᠷ᠎ᠠ ᠠᠪᠤᠷᠭᠤ ᠼᠤᠷᠵᠢ ᠪᠤᠶᠤ ᠬᠦᠪᠤᠩ ᠤᠷᠤᠢᠳᠤ᠂ ᠨᠤᠭᠤ ᠵᠢᠨ ᠰᠢᠮᠡᠯᠳᠡᠭ ᠪᠤᠶᠤ ᠮᠢᠭᠮᠡᠷᠰᠡᠨᠵᠠ᠂ ᠫᠠᠭᠳᠠᠭᠠᠷ ᠪᠠᠳᠠᠩ᠎ᠤᠨ ᠨᠠᠪᠴᠢ᠂ ᠰᠢᠨᠡᠰᠤ ᠮᠤᠳᠤᠨ᠎ᠤ ᠬᠤᠯᠳᠤᠰᠤ᠂ ᠬᠦᠢᠯᠡᠰᠤ ᠵᠢᠨ ᠵᠢᠮᠢᠰ᠂ ᠰᠦᠬᠡᠭ ᠪᠤᠷᠤᠯᠵᠢᠭᠠᠨ᠎ᠠ ᠵᠢᠨ ᠨᠡᠪᠴᠢ ᠴᠡᠴᠡᠭ᠂ ᠠᠯᠢᠷᠰᠤ ᠵᠢᠨ ᠨᠠᠪᠴᠢ ᠵᠢᠮᠢᠰ᠂ ᠳᠤᠯᠬᠢᠶᠠᠨᠳᠤ ᠬᠢᠰᠢᠬᠦᠨ᠎ᠠ ᠵᠢᠨ ᠦᠨᠳᠤᠰᠤ᠂ ᠬᠤᠰᠤ ᠵᠢᠨ ᠤᠩᠭᠠᠷᠢᠯ᠂ ᠡᠬᠡᠯ ᠭᠤᠨᠢᠳ᠂ ᠡᠮ᠎ᠤᠨ ᠠᠯᠳᠠᠨ ᠳᠤᠪᠴᠢ᠂ ᠬᠢᠮᠤᠰᠤᠨ ᠴᠡᠴᠡᠭ᠂ ᠴᠡᠬᠡᠨ᠎ᠠ ᠵᠢᠨ ᠦᠨᠳᠤᠰᠤ ᠵᠡᠷᠬᠡ ᠤᠯᠠᠨ ᠬᠤᠪᠤᠷ ᠤᠷᠭᠤᠮᠠᠯ᠎ᠢ ᠵᠤᠬᠢᠬᠤ ᠴᠠᠭ ᠬᠤᠭᠤᠴᠠᠭᠠᠨ᠎ᠳᠤᠨᠢ ᠲᠡᠬᠦᠵᠤ᠂ ᠵᠦᠪ ᠬᠠᠳᠠᠭᠠᠵᠤ  ᠬᠡᠷᠡᠭᠯᠡᠪᠡᠯ ᠦᠷ᠎ᠠ ᠠᠰᠢᠬ ᠢᠯᠡᠷᠬᠡᠢ ᠪᠠᠢᠳᠠᠭ᠃

 ᠠᠯᠳᠠ᠂ ᠮᠦᠩᠬᠦ ᠪᠷᠤᠬᠽᠠᠩ ᠲᠡᠮᠦᠷᠯᠢᠭ ᠪᠠᠷᠤᠭᠰᠢᠨ ᠪᠤᠯ ᠨᠠᠰᠤ ᠤᠷᠳᠤᠳᠬᠠᠬᠤ᠂ ᠪᠠᠶ᠎ᠠ ᠵᠢᠨ ᠴᠢᠯᠡᠬᠡ ᠵᠢ ᠲᠠᠢᠯᠬᠤ ᠵᠡᠷᠬᠡ ᠤᠨᠴᠠᠯᠢᠬ ᠤᠢᠯᠠᠴᠢᠯᠡᠬᠡ ᠲᠠᠢ ᠡᠴᠨ ᠭᠠᠳᠠᠨ᠎ᠠ ᠤᠯᠠᠨ ᠡᠮᠬᠡᠭ ᠬᠠᠭᠤᠴᠢᠨ᠎ᠢ ᠠᠨᠠᠭᠠᠬᠤ ᠴᠢᠳᠠᠯ ᠲᠠᠢ ᠡᠷᠤᠳᠡᠰᠤ ᠪᠤᠳᠠᠰ ᠮᠦᠨ᠃ ᠵᠦᠪ ᠪᠤᠯᠪᠠᠰᠤᠷᠠᠭᠤᠯᠵᠤ᠂ ᠡᠪᠡᠳᠴᠢᠨ᠎ᠳᠤᠨᠢ ᠳᠤᠬᠢᠷᠠᠭᠤᠯᠤᠨ ᠨᠠᠢᠷᠠᠭᠤᠯᠵᠤ ᠬᠡᠷᠡᠭᠯᠡᠪᠡᠯ ᠰᠠᠢᠨ ᠶᠤᠮ᠃

 ᠪᠤᠢᠳᠠ ᠪᠦᠭᠯᠡᠬᠦᠤ ᠬᠦᠪᠴᠢ ᠲᠠᠢᠭ᠎ᠠ ᠵᠢᠨ ᠬᠤᠰᠤ ᠮᠤᠳᠤᠨ᠎ᠳᠤ ᠤᠷᠭᠤᠳᠠᠭ ᠬᠤᠰᠤ ᠵᠢᠨ ᠮᠦᠬᠦ ᠤᠩᠭᠠᠷᠢᠯ ᠪᠤᠯ ᠰᠡᠬᠦᠯ᠎ᠤᠨ ᠦᠶ᠎ᠠ᠎ᠳᠤ ᠤᠯᠠᠨ᠎ᠤ ᠠᠩᠬᠠᠷᠤᠯ᠎ᠢ ᠲᠠᠳᠠᠵᠤ ᠶᠠᠫᠤᠨ᠂ ᠰᠤᠯᠤᠩᠭᠤᠰ᠎ᠤᠯᠤᠰ ᠲᠤ᠌ ᠴᠤ᠌ ᠠᠪᠴᠤ ᠬᠡᠷᠡᠭᠯᠡᠬᠦ ᠪᠤᠯᠪᠠ᠃ ᠵᠢᠩᠬᠢᠨᠢ ᠤᠩᠭᠠᠷᠢᠯ ᠪᠤᠯ ᠮᠠᠰᠢ ᠬᠤᠪᠤᠷ ᠳᠤᠰᠤ ᠲᠠᠭᠠᠭᠰᠠᠠ ᠲᠠᠪᠠᠷᠬᠠᠢ ᠲᠠᠢ᠂ ᠦᠪᠡᠷ᠎ᠤᠨ ᠤᠨᠴᠠᠯᠢᠬᠳᠤ ᠦᠨᠤᠷ ᠠᠮᠳᠠᠳᠠᠢ᠃ ᠲᠡᠬᠡᠷ᠎ᠡ ᠦᠶ᠎ᠠ᠎ᠳᠤ ᠰᠠᠢᠨ ᠤᠳᠠᠴᠢ ᠯᠠᠮᠠ ᠨᠠᠷ ᠠᠩᠴᠢᠨ᠂ ᠬᠦᠷᠤᠬᠡᠴᠢᠨ ᠲᠠᠭᠠᠵᠤ᠂ ᠶᠠᠩ ᠶᠡᠬᠡ ᠬᠦᠪᠴᠢ᠎ᠳᠤ ᠭᠠᠷᠴᠤ ᠠᠪᠳᠠᠭ ᠪᠠᠢᠬᠰᠠᠠ ᠬᠡᠵᠤ ᠬᠠᠭᠤᠴᠢᠯᠠᠨ ᠶᠠᠷᠢᠳᠠᠭ᠃ ᠤᠳᠤ ᠵᠠᠬ᠎ᠠ ᠵᠢᠨ ᠬᠤᠰᠤ ᠡᠴᠨ ᠬᠤᠪᠬᠤ ᠲᠠᠳᠡᠨ ᠠᠪᠳᠠᠭ ᠪᠤᠯᠤᠭᠰᠠᠠ᠎ᠢ ᠠᠩᠬᠠᠷᠬᠤ ᠬᠡᠷᠡᠭᠳᠡᠢ᠃

 ᠰᠠᠷᠢᠮᠰᠠᠭ ᠪᠤᠯ ᠤᠷᠳᠤ ᠨᠠᠰᠤᠯᠠᠭᠤᠯᠬᠤ᠂ ᠪᠠᠶ᠎ᠠ ᠵᠢᠨ ᠲᠠᠮᠢᠷ ᠲᠡᠩᠬᠡᠬᠡ ᠵᠢ ᠰᠠᠢᠵᠢᠷᠠᠭᠤᠯᠬᠤ᠂ ᠤᠶᠤᠨ ᠤᠬᠠᠭᠠᠨ᠎ᠢ ᠬᠤᠷᠴᠠ ᠪᠤᠯᠭᠠᠬᠤ᠂ ᠲᠠᠭᠤ ᠬᠤᠭᠤᠯᠠᠢ ᠵᠢᠨ ᠦᠩᠬᠡ ᠵᠢ ᠰᠠᠢᠨ ᠪᠤᠯᠭᠠᠬᠤ᠂ ᠡᠯᠳᠡᠪ ᠬᠠᠯᠳᠠᠪᠤᠷᠢᠳᠤ ᠡᠪᠡᠳᠴᠢᠨ᠎ᠤ ᠨᠢᠶᠠᠨ ᠤᠰᠠᠳᠬᠠᠬᠤ ᠤᠨᠴᠠ ᠴᠢᠬᠤᠯᠠ ᠠᠴᠢ ᠬᠤᠯᠪᠤᠭᠳᠠᠯ ᠲᠠᠢ ᠨᠤᠭᠤᠭ᠎ᠠ ᠪᠤᠯᠤᠨ᠎ᠠ᠃ ᠰᠠᠷᠢᠮᠰᠠᠭ ᠎ᠢ ᠬᠡᠷᠡᠭᠯᠡᠬᠦ ᠤᠯᠠᠨ ᠵᠤᠷ᠂ ᠰᠤᠨᠢᠨ ᠰᠡᠳᠬᠦᠯ ᠎ᠳᠤ ᠦᠷᠬᠡᠨ ᠨᠡᠢᠳᠡᠯᠡᠭᠳᠡᠭᠰᠡᠡ ᠪᠠᠢᠳᠠᠭ ᠳᠤᠯᠠ ᠤᠯᠵᠤ ᠤᠩᠰᠢᠵᠤ ᠬᠡᠷᠡᠭᠯᠡᠵᠤ ᠰᠤᠷᠬᠤ ᠬᠡᠷᠡᠭᠳᠡᠢ᠃

 ᠵᠦᠬᠡᠢ ᠵᠢᠨ ᠪᠠᠯ 100 ᠭᠠᠷᠤᠢ ᠲᠦᠷᠤᠯ᠎ᠤᠨ ᠠᠮᠢᠨ ᠲᠠᠮ ᠲᠠᠢ ᠲᠠᠩᠴᠡᠬᠦ ᠨᠠᠢᠷᠠᠭᠤᠯᠭ᠎ᠠ ᠲᠠᠢ᠂ ᠨᠠᠰᠤ ᠤᠷᠳᠤᠳᠬᠠᠬᠤ᠂ ᠰᠠᠴᠤᠷᠠᠭ ᠢᠳᠡᠪᠬᠢᠳᠤ ᠪᠤᠳᠠᠰ ᠡᠴᠨ ᠬᠠᠮᠠᠭᠠᠯᠠᠬᠤ ᠪᠢᠴᠢᠯ ᠪᠠᠶᠠᠳᠤ ᠨᠤᠭᠦᠳ ᠲᠠᠢ ᠤᠯᠠᠨ ᠲᠦᠷᠤᠯ᠎ᠤᠨ ᠡᠪᠡᠳᠴᠢᠨ᠎ᠢ ᠠᠨᠠᠭᠠᠬᠤ ᠤᠪᠠᠳᠢᠰ ᠲᠠᠢ᠃

 ᠴᠡᠪᠡᠷ ᠡᠮ᠎ᠤᠨ ᠤᠷᠭᠤᠮᠠᠯ ᠵᠢᠡᠷ ᠪᠡᠯᠡᠳᠬᠡᠵᠤ ᠪᠠᠢᠭ᠎ᠠ ᠴᠠᠭᠠᠨ ᠲᠠᠩ (ᠮᠠᠨᠤ ᠰᠢᠳᠡᠩ) ᠡᠷᠳᠡᠨᠢ — 7 (ᠨᠤᠷᠪᠤ ᠳ᠋ᠦᠨᠳᠠᠩ) ᠢ᠋ ᠨᠠᠰᠤᠳᠠᠨ ᠨᠤᠭᠤᠳ ᠡᠪᠤᠯ ᠬᠠᠪᠤᠷ᠎ᠤᠨ ᠴᠠᠭ ᠲᠤ᠌ ᠪᠠᠢᠩᠭᠤ ᠬᠡᠷᠡᠭᠯᠡᠵᠤ ᠪᠠᠢᠪᠠᠯ ᠲᠠᠷᠬᠠᠯᠠᠭ᠎ᠠ ᠰᠠᠢᠵᠢᠷᠠᠵᠤ ᠡᠯᠳᠡᠪ ᠡᠪᠡᠳᠴᠢᠨ ᠡᠴᠨ ᠤᠷᠢᠳᠴᠢᠯᠠᠨ ᠰᠡᠷᠬᠡᠢᠯᠡᠬᠦ᠎ᠳᠤ ᠳᠤᠰᠠ ᠲᠠᠢ ᠬᠡᠵᠤ ᠦᠵᠡᠳᠡᠭ᠃

 ᠡᠷᠡᠬᠦᠯ ᠮᠡᠨᠳᠤ᠂ ᠪᠠᠶ᠎ᠠ ᠪᠡᠨ ᠬᠡᠷᠬᠢᠨ ᠠᠷᠠᠴᠢᠯᠠᠬᠤ ᠲᠠᠯ᠎ᠠ ᠪᠡᠷ ᠤᠯᠠᠨ ᠰᠠᠢᠬᠠᠨ ᠨᠤᠮ ᠭᠠᠷᠴᠤ ᠪᠠᠢᠨ᠎ᠠ᠂ ᠲᠡᠳᠡᠬᠡᠷ᠎ᠢ ᠬᠤᠳᠠᠯᠳᠤᠨ ᠠᠪᠴᠤ ᠤᠩᠰᠢᠵᠤ ᠦᠵᠡᠵᠤ ᠪᠠᠢᠭᠠᠷᠠᠢ᠃

 

 

ᠢᠷᠡᠯᠲᠡ᠄ ᠦᠪᠦᠷ ᠮᠤᠩᠭᠤᠯ᠎ᠤᠨ ᠡᠳᠤᠷ᠎ᠤᠨ ᠰᠣᠨᠢᠨ