ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠡᠨᠧᠷᠭᠢ᠎ᠶ᠋ᠢᠨ ᠤᠮᠳᠠᠭᠠᠨ ᠵᠠᠯᠠᠭᠤᠴᠤᠳ᠎ᠤᠨ ᠨᠤᠢᠷ᠎ᠢ ᠬᠠᠷᠰᠢᠯᠠᠨ᠎ᠠ
ᠨᠡᠶ᠋ᠢᠲᠡᠯᠡᠭᠰᠡᠨ ᠴᠠᠭ᠄ 2025-11-19

ᠭᠠᠳᠠᠭᠠᠳᠦ ᠵᠢᠨ ᠨᠢᠭᠡᠨ ᠰᠡᠳᠬᠦᠯ᠎ᠦᠨ ᠣᠢᠷ᠎ᠠ᠎ᠳᠤ ᠨᠡᠢᠲᠡᠯᠡᠭ᠌ᠰᠡᠨ ᠨᠢᠭᠡᠨ ᠰᠤᠳᠤᠯᠭᠠᠨ᠎ᠳᠤ ᠢᠯᠡᠷᠡᠭᠦᠯᠦᠭ᠌ᠰᠡᠨ᠎ᠢᠶᠡᠷ᠂ ᠡᠨᠧᠷᠭᠢ᠎ᠶ᠋ᠢᠨ ᠤᠮᠳᠠᠭᠠᠨ ᠤᠸ᠋ᠭᠤᠬᠤ ᠨᠢ ᠵᠠᠯᠠᠭᠤᠴᠤᠳ᠎ᠤᠨ ᠨᠣᠢᠷ ᠮᠠᠭᠤᠲᠠᠬᠤ ᠲᠠᠶ ᠬᠣᠯᠪᠣᠭ᠎ᠠ ᠲᠠᠶ᠃ ᠡᠢᠮᠦ ᠤᠮᠳᠠᠭᠠᠨ᠎ᠢ ᠬᠡᠳᠦ ᠤᠯᠠᠨ ᠤᠸ᠋ᠭᠤᠪᠠᠯ ᠵᠠᠯᠠᠭᠤᠴᠤᠳ᠎ᠤᠨ ᠤᠨᠲᠠᠬᠤ ᠴᠠᠭ ᠨᠢ ᠲᠡᠳᠦᠶ ᠪᠠᠭ᠎ᠠ ᠪᠤᠯᠵᠤ᠂ ᠰᠠᠷ᠎ᠠ᠎ᠳᠤ 1 — 3 ᠤᠳᠠᠭ᠎ᠠ ᠯᠡ ᠤᠤᠭᠤᠭᠰᠠᠨ ᠴᠦ᠍ ᠨᠤᠢᠷ᠎ᠢ ᠬᠠᠷᠰᠢᠯᠠᠬᠤ ᠲᠦᠭᠰᠢᠭᠦᠷᠢ ᠲᠡᠢ ᠭᠡᠵᠡᠢ᠃

ᠡᠨᠧᠷᠭᠢ᠎ᠶ᠋ᠢᠨ ᠤᠮᠳᠠᠭᠠᠨ᠎ᠤ ᠳᠤᠮᠳᠠᠴᠢ ᠺᠤᠹᠸᠶᠢᠨ᠎ᠤ ᠠᠭᠤᠯᠤᠭ᠍ᠳᠠᠴᠠ ᠨᠢ ᠯᠢᠲ᠋ᠷ ᠪᠦᠷᠢ᠎ᠳᠦ 150 ᠮᠢᠯᠢᠭ᠌ᠷᠠᠮ ᠪᠠᠢᠵᠤ᠂ ᠪᠠᠰᠠ ᠱᠢᠬᠢᠷ᠂ ᠸᠢᠲ᠋ᠠᠮᠢᠨ᠂ ᠡᠷᠦᠳᠡᠰᠦ ᠪᠠ ᠱᠢᠪᠲᠦᠷᠲᠦ ᠬᠦᠴᠢᠯ ᠵᠡᠷᠭᠡ ᠵᠢ ᠠᠭᠤᠯᠳᠠᠭ᠃ ᠬᠦᠴᠦ ᠲᠠᠮᠢᠷ ᠰᠡᠯᠪᠢᠵᠤ᠂ ᠴᠣᠭ ᠵᠢᠪᠬᠤᠭ᠎ᠠ ᠵᠢ ᠰᠡᠷᠭᠦᠭᠡᠬᠦ᠌ ᠡᠮ ᠪᠣᠯᠤᠭ᠍ᠰᠠᠨ᠎ᠤ ᠬᠤᠪᠢ᠎ᠳᠤ᠂ ᠡᠨᠧᠷᠭᠢ᠎ᠶ᠋ᠢᠨ ᠤᠮᠳᠠᠭᠠᠨ ᠨᠢ ᠵᠠᠯᠠᠭᠤᠴᠤᠳ᠎ᠤᠨ ᠪᠠᠬᠠᠷᠬᠠᠯ᠎ᠢ ᠶᠡᠬᠡᠳᠡ ᠲᠠᠲᠠᠳᠠᠭ᠃

ᠰᠤᠳᠤᠯᠭᠠᠨ᠎ᠤ ᠠᠵᠢᠯᠲᠠᠨ 18 — 35 ᠨᠠᠰᠤᠨ᠎ᠤ 53266 ᠤᠷᠤᠯᠴᠠᠭᠰᠠᠳ᠎ᠤᠨ ᠲᠤᠭ᠎ᠠ ᠪᠠᠷᠢᠮᠳᠠ ᠵᠢ ᠠᠰᠢᠬᠯᠠᠵᠠᠢ᠃ ᠤᠷᠤᠯᠴᠠᠭᠰᠠᠳ ᠡᠨᠧᠷᠭᠢ᠎ᠶ᠋ᠢᠨ ᠤᠮᠳᠠᠭᠠᠨ ᠤᠤᠭᠤᠬᠤ ᠳᠠᠪᠲᠠᠮᠵᠢ ᠵᠢᠴᠢ ᠤᠨᠲᠠᠬᠤ ᠵᠠᠭ᠍ᠪᠤᠷ᠎ᠤᠨ ᠲᠤᠬᠠᠶ ᠨᠠᠷᠢᠨ ᠲᠣᠳᠣᠷᠬᠠᠶ ᠠᠰᠠᠭᠤᠯᠲᠠ᠎ᠳᠦ ᠬᠠᠨᠳᠤᠵᠦ᠂ ᠰᠥᠨᠢ ᠪᠦᠷᠢ᠎ᠶ᠋ᠢᠨ ᠶᠡᠷᠦᠩᠬᠡᠶ ᠤᠨᠲᠠᠬᠤ ᠴᠠᠭ ᠪᠣᠯᠤᠨ ᠬᠡᠪᠲᠡᠬᠦ᠌ ᠴᠠᠭ᠎ᠢ ᠦᠨᠳᠦᠰᠦᠯᠡᠨ ᠤᠨᠲᠠᠬᠤ ᠨᠣᠷᠮ᠎ᠠ᠎ᠶ᠋ᠢ ᠪᠤᠳᠤᠨ᠎ᠠ᠃ ᠨᠢᠭᠡ ᠭᠠᠷᠠᠭ᠎ᠲᠦ ᠠᠳᠠᠭ ᠪᠠᠭ᠎ᠠ᠎ᠳᠠᠭᠠᠨ 3 ᠰᠥᠨᠢ ᠤᠨᠲᠠᠵᠤ ᠣᠷᠣᠬᠤ ᠦᠭᠡᠢ ᠪᠤᠶᠤ ᠡᠷᠲᠡ ᠪᠣᠰᠬᠤ᠂ ᠨᠢᠭᠡ ᠭᠠᠷᠠᠭ᠎ᠲᠦ ᠠᠳᠠᠭ ᠪᠠᠭ᠎ᠠ᠎ᠳᠠᠭᠠᠨ 3 ᠡᠳᠦᠷ ᠨᠢ ᠮᠠᠩᠱᠢᠭᠤᠷᠠᠬᠤ ᠪᠠ ᠶᠠᠳᠠᠷᠠᠵᠤ ᠴᠢᠯᠡᠭᠡᠷᠬᠡᠬᠦ᠂ ᠡᠨᠡ ᠮᠡᠲᠦ ᠪᠡᠷ ᠨᠠᠭᠠᠳᠤ ᠵᠠᠬ᠎ᠠ᠎ᠳᠠᠭᠠᠨ 3 ᠰᠠᠷ᠎ᠠ ᠦᠷᠭᠦᠯᠵᠢᠯᠡᠪᠡᠯ ᠨᠤᠢᠷ ᠬᠤᠯᠵᠢᠭᠰᠠᠨ᠎ᠳᠦ ᠲᠤᠭᠠᠴᠢᠪᠠ᠃

ᠪᠠᠢᠴᠠᠭᠠᠯᠲᠠ ᠪᠡᠷ ᠢᠯᠡᠷᠡᠭᠦᠯᠦᠭ᠌ᠰᠡᠨ ᠨᠢ᠂ ᠡᠨᠧᠷᠭᠢ᠎ᠶ᠋ᠢᠨ ᠤᠮᠳᠠᠭᠠᠨ᠎ᠤ ᠬᠡᠷᠡᠭ᠌ᠯᠡᠭᠡ᠎ᠳᠦ ᠬᠦᠶ᠋ᠰᠦ ᠢᠯᠭᠠᠯ᠎ᠤᠨ ᠢᠯᠡᠷᠬᠡᠶ ᠵᠥᠷᠢᠶ᠎ᠡ ᠣᠷᠣᠱᠢᠵᠤ ᠵᠢᠱ᠌ᠢᠶᠡᠯᠡᠪᠡᠯ᠂ ᠡᠮᠡᠭ᠌ᠲᠡᠢᠴᠤᠳ ᠡᠷᠡᠭ᠌ᠲᠡᠢᠴᠤᠳ ᠡᠴᠡ ᠨᠠᠩ ᠴᠥᠭᠡᠨ ᠪᠤᠶᠤ ᠶᠡᠷᠦ᠍᠎ᠡᠴᠡ ᠡᠨᠧᠷᠭᠢ᠎ᠶ᠋ᠢᠨ ᠤᠮᠳᠠᠭᠠᠨ᠎ᠢ ᠤᠸ᠋ᠭᠤᠳᠠᠭ ᠥᠬᠡᠶ᠃ ᠡᠳᠡᠭᠡᠷ ᠤᠮᠳᠠᠭᠠᠨ᠎ᠢ ᠦᠨᠡᠬᠡᠷ ᠤᠤᠭᠤᠵᠤ ᠥᠩᠭᠡᠷᠡᠭ᠌ᠰᠡᠨ ᠭᠡᠵᠦ᠍ ᠬᠠᠷᠢᠭᠤᠯᠤᠭ᠍ᠰᠠᠨ ᠬᠥᠮᠦᠰ᠎ᠦᠨ ᠳᠣᠲᠣᠷ᠎ᠠ᠂ 5.5% ᠵᠢᠨ ᠡᠮᠡᠭ᠌ᠲᠡᠢᠴᠦᠳ ᠭᠠᠷᠠᠭ ᠪᠦᠷᠢ 4 — 6 ᠤᠳᠠᠭ᠎ᠠ ᠤᠤᠭᠤᠵᠦ᠂ 3% ᠡᠴᠡ ᠢᠯᠡᠭᠦᠦ ᠡᠮᠡᠭ᠌ᠲᠡᠢᠴᠦᠳ ᠡᠳᠦᠷ ᠪᠦᠷᠢ ᠡᠢᠮᠦ ᠤᠮᠳᠠᠭᠠᠨ ᠤᠤᠭᠤᠳᠠᠭ ᠭᠡᠵᠡᠢ; ᠡᠷᠡᠭ᠌ᠲᠡᠢᠴᠦᠳ᠎ᠦᠨ ᠬᠠᠷᠢᠴᠠᠯ ᠲᠣᠭ᠎ᠠ ᠨᠢ ᠲᠤᠰᠪᠦᠷᠢ 8% ᠪᠠ 5% ᠪᠣᠯᠤᠨ᠎ᠠ᠃

ᠡᠨᠧᠷᠭᠢ᠎ᠶ᠋ᠢᠨ ᠤᠮᠳᠠᠭᠠᠨ᠎ᠤ ᠬᠡᠷᠡᠭ᠌ᠯᠡᠭᠡ ᠬᠢᠭᠡᠳ ᠤᠨᠲᠠᠬᠤ ᠴᠠᠭ ᠪᠠᠭᠠᠰᠭᠤ᠎ᠶ᠋ᠢᠨ ᠬᠣᠭᠣᠷᠣᠨᠳᠣ ᠢᠯᠡᠷᠬᠡᠶ ᠲᠤᠰᠭᠠᠯ᠎ᠤᠨ ᠬᠠᠷᠢᠴᠠᠭ᠎ᠠ᠎ᠲᠠᠶ ᠪᠠᠢᠳᠠᠭ᠄ ᠡᠳᠦᠷ ᠪᠦᠷᠢ ᠤᠤᠭᠤᠳᠠᠭ ᠭᠡᠵᠦ ᠮᠡᠳᠡᠭᠦᠯᠦᠭ᠌ᠰᠡᠨ ᠡᠷᠡᠭ᠌ᠲᠡᠶ ᠡᠮᠡᠭ᠌ᠲᠡᠶ ᠨᠢ ᠴᠥᠮ ᠬᠠᠶᠠ ᠵᠠᠷᠢᠮ᠎ᠳᠠᠭᠠᠨ ᠤᠤᠭᠤᠳᠠᠭ ᠪᠤᠶᠤ ᠶᠡᠷᠦ ᠡᠴᠡ ᠤᠤᠭᠤᠳᠠᠭ ᠦᠭᠡᠢ ᠭᠡᠵᠦ᠍ ᠮᠡᠳᠡᠭᠦᠯᠦᠭ᠌ᠰᠡᠨ ᠡᠷᠡᠭ᠌ᠲᠡᠶ ᠡᠮᠡᠭ᠌ᠲᠡᠶ᠎ᠡᠴᠡ ᠬᠠᠭᠠᠰ ᠴᠠᠭ ᠣᠷᠴᠢᠮ ᠳᠤᠲᠠᠭᠤ ᠤᠨᠲᠠᠳᠠᠭ; ᠡᠨ᠋ᠸᠷᠬᠢ ᠵᠢᠨ ᠤᠮᠳᠠᠭᠠᠨ᠎ᠤ ᠬᠡᠷᠡᠭ᠌ᠯᠡᠭᠡ ᠵᠢᠨ ᠨᠡᠮᠡᠭᠳᠡᠯ ᠨᠢ ᠨᠤᠢᠷ ᠮᠠᠭᠤᠲᠠᠬᠤ ᠲᠠᠶ ᠰᠢᠭᠤᠳ ᠬᠣᠯᠪᠣᠭ᠎ᠠ᠎ᠲᠠᠶ ᠪᠠᠢᠵᠦ᠂ ᠰᠥᠨᠢ ᠰᠡᠷᠢᠬᠦ᠌ ᠳᠠᠪᠲᠠᠮᠵᠢ ᠪᠠ ᠤᠨᠲᠠᠬᠤ᠎ᠳᠤ ᠬᠡᠷᠡᠭ᠌ᠰᠡᠬᠦ᠌ ᠴᠠᠭ ᠨᠢ ᠬᠠᠷᠢᠴᠠᠩᠭᠤᠶ ᠪᠠᠷ ᠨᠡᠮᠡᠭ᠌ᠳᠡᠳᠡᠭ᠃

 

ᠢᠷᠡᠯᠲᠡ᠄ ᠦᠪᠦᠷ ᠮᠤᠩᠭᠤᠯ᠎ᠤᠨ ᠡᠳᠤᠷ᠎ᠤᠨ ᠰᠣᠨᠢᠨ