ᠨᠠᠰᠤᠨ᠎ᠳᠤ ᠬᠦᠷᠦᠭᠰᠡᠳ᠎ᠤᠨ ᠬᠡᠪ᠎ᠤᠨ ᠪᠠᠶ᠎ᠠ ᠵᠢᠨ ᠬᠦᠨᠳᠤ ᠵᠢ ᠲᠡᠯᠡᠬᠡᠢ ᠲᠡᠬᠡᠷ᠎ᠠ ᠬᠡᠷᠡᠭᠯᠡᠵᠤ ᠪᠠᠢᠭ᠎ᠠ ᠪᠠᠶ᠎ᠠ ᠮᠠᠬᠠᠪᠤᠳ᠎ᠤᠨ ᠢᠯᠡᠳᠬᠡᠭᠴᠢ (BMI) ᠪᠡᠷ ᠬᠡᠮᠵᠢᠵᠤ ᠪᠤᠯᠤᠨ᠎ᠠ᠃ BMI ᠵᠢᠨ ᠪᠤᠳᠤᠬᠤ ᠠᠷᠭ᠎ᠠ ᠪᠤᠯ ᠪᠠᠶ᠎ᠠ ᠵᠢᠨ ᠬᠦᠨᠳᠤ (ᠺᠢᠯᠦᠭᠷᠡᠮ) ᠪᠡᠨ ᠪᠠᠶ᠎ᠠ ᠵᠢᠨ ᠦᠨᠳᠤᠷ (ᠮᠸᠲ᠋ᠷ) ᠤ᠋ᠨ ᠺᠦᠸᠠᠳ᠋ ᠵᠢᠡᠷ ᠬᠤᠪᠢᠶᠠᠨ᠎ᠠ᠃ ᠮᠠᠨ᠎ᠤ ᠤᠯᠤᠰ᠎ᠤᠨ ᠨᠠᠰᠤᠨ᠎ᠳᠤ ᠬᠦᠷᠦᠭᠰᠡᠳ᠎ᠤᠨ ᠬᠡᠪ᠎ᠤᠨ ᠪᠠᠶ᠎ᠠ ᠵᠢᠨ ᠬᠦᠨᠳᠤ BMI ᠵᠢᠨ ᠬᠡᠪᠴᠢᠶ᠎ᠠ 18.5 —23.9 ᠺᠢᠯᠦᠭᠷᠡᠮ \ ᠺᠦᠸᠠᠳ᠋ ᠮᠸᠲᠷ᠂ BMI ᠨᠢ 24 — 27.9 ᠺᠢᠯᠦᠭᠷᠡᠮ \ ᠺᠦᠸᠠᠳ᠋ ᠮᠸᠲᠷ ᠪᠤᠯᠪᠠᠯ ᠬᠡᠳᠤ ᠬᠦᠨᠳᠤ ᠪᠤᠯᠵᠤ᠂ 28 ᠺᠢᠯᠦᠭᠷᠡᠮ \ ᠺᠦᠸᠠᠳ᠋ ᠮᠸᠲᠷ ᠲᠠᠢ ᠲᠠᠩᠴᠡᠬᠦᠤ ᠪᠤᠶᠤ ᠶᠡᠬᠡ ᠪᠤᠯᠪᠠᠯ ᠮᠠᠷᠢᠶᠠᠯᠢᠬ ᠲᠤ᠌ ᠳᠤᠭᠠᠴᠢᠭᠳᠠᠨ᠎ᠠ᠃ ᠪᠠᠭᠠᠴᠤᠳ ᠬᠡᠤᠬᠡᠳ᠎ᠤᠨ ᠬᠡᠪ᠎ᠤᠨ ᠪᠠᠶ᠎ᠠ ᠵᠢᠨ ᠬᠦᠨᠳᠤ ᠵᠢᠨ ᠪᠠᠷᠢᠮᠵᠢᠶ᠎ᠠ ᠵᠢ ᠨᠠᠰᠤᠨ᠎ᠳᠤ ᠬᠦᠷᠦᠭᠰᠡᠳ᠎ᠤᠨ ᠬᠢ ᠪᠡᠷ ᠬᠡᠮᠵᠢᠵᠤ ᠪᠤᠯᠬᠤ ᠦᠬᠡᠢ᠂ ᠲᠠᠳᠡᠨ᠎ᠤ ᠪᠤᠢᠵᠢᠯᠳᠠ ᠵᠢᠨ ᠶᠠᠪᠤᠴᠠ ᠳᠤᠮᠳᠡᠬᠢ ᠪᠠᠶ᠎ᠠ ᠵᠢᠨ ᠦᠨᠳᠤᠷ ᠪᠤᠯᠤᠨ ᠪᠠᠶ᠎ᠠ ᠵᠢᠨ ᠬᠦᠨᠳᠤ ᠵᠢᠨ ᠬᠤᠪᠢᠷᠠᠯᠳᠠ ᠵᠢᠨ ᠤᠨᠴᠠᠯᠢᠬ᠎ᠢ ᠪᠤᠳᠤᠯᠬᠢᠯᠠᠬᠤ ᠬᠡᠷᠡᠭᠳᠡᠢ᠃

ᠪᠠᠶ᠎ᠠ ᠵᠢᠨ ᠬᠦᠨᠳᠤ ᠨᠢ ᠬᠡᠪ᠎ᠤᠨ ᠬᠡᠪᠴᠢᠶᠠᠨ ᠳᠤᠳᠤᠷ᠎ᠠ ᠪᠠᠢᠬᠤ ᠬᠦᠮᠤᠨ᠎ᠤ ᠡᠪᠡᠳᠴᠢᠨ ᠤᠯᠬᠤ ᠨᠤᠷᠮ᠎ᠠ ᠨᠢ ᠡᠴᠡᠩᠬᠡᠢ ᠪᠤᠶᠤ ᠬᠡᠳᠤ ᠬᠦᠨᠳᠤ᠂ ᠲᠠᠷᠭᠤᠨ ᠬᠦᠮᠤᠨ ᠡᠴᠨ ᠳᠤᠤᠷ᠎ᠠ ᠪᠠᠢᠳᠠᠭ᠃ ᠪᠠᠶ᠎ᠠ ᠵᠢᠨ ᠬᠦᠨᠳᠤ ᠨᠢ ᠬᠡᠳᠤᠷᠬᠡᠢ ᠬᠦᠩᠬᠡᠨ ᠪᠤᠶᠤ ᠬᠡᠳᠤ ᠬᠦᠨᠳᠤ ᠨᠢ ᠪᠦᠷ ᠡᠷᠡᠬᠦᠯ ᠮᠠᠨᠳᠤ᠎ᠳᠤ ᠠᠰᠢᠬ ᠦᠬᠡᠢ᠃ ᠪᠠᠶ᠎ᠠ ᠵᠢᠨ ᠬᠦᠨᠳᠤ ᠬᠡᠳᠤᠷᠬᠡᠢ ᠬᠦᠩᠬᠡᠨ ᠨᠢ ᠰᠢᠮ᠎ᠠ ᠲᠡᠵᠢᠬᠡᠯ ᠳᠤᠳᠠᠭᠳᠠᠵᠤ ᠪᠠᠢᠬᠤ ᠵᠢ ᠢᠯᠡᠷᠡᠬᠦᠯᠵᠤ᠂ ᠪᠠᠭᠠᠴᠤᠳ ᠬᠡᠤᠬᠡᠳ᠎ᠤᠨ ᠪᠠᠶ᠎ᠠ ᠮᠠᠬᠠᠪᠤᠳ ᠪᠠ ᠤᠶᠤᠨ᠎ᠤ ᠬᠦᠭᠵᠢᠯᠳᠠ ᠵᠢ ᠨᠦᠯᠦᠬᠡᠯᠡᠳᠡᠭ᠃ ᠨᠠᠰᠤᠨ᠎ᠳᠤ ᠬᠦᠷᠦᠭᠰᠡᠳ᠎ᠤᠨ ᠪᠠᠶ᠎ᠠ ᠵᠢᠨ ᠬᠦᠠᠳᠤ ᠬᠡᠳᠤᠷᠬᠡᠢ ᠬᠦᠩᠬᠡᠨ ᠪᠤᠯᠪᠠᠯ ᠬᠦᠳᠡᠯᠮᠤᠷᠢ ᠵᠢᠨ ᠴᠢᠳᠠᠪᠤᠷᠢ ᠳᠤᠷᠤᠭᠰᠢᠯᠠᠬᠤ᠂ ᠶᠠᠰᠤᠨ᠎ᠤ ᠬᠡᠮᠵᠢᠶ᠎ᠠ ᠠᠯᠳᠠᠭᠳᠠᠬᠤ᠂ ᠶᠠᠰᠤ ᠪᠡᠷᠳᠡᠬᠦ᠂ ᠬᠤᠳᠤᠭᠤᠳᠤ ᠬᠡᠳᠡᠰᠤᠨ᠎ᠤ ᠠᠵᠢᠯᠯᠠᠭ᠎ᠠ ᠰᠠᠮᠠᠭᠤᠷᠠᠬᠤ᠂ ᠡᠬᠡᠯᠢᠯᠡᠬᠡ ᠵᠢᠨ ᠴᠢᠳᠠᠯ ᠳᠤᠷᠤᠭᠰᠢᠯᠠᠬᠤ᠂ ᠴᠢᠰᠤ ᠳᠤᠳᠠᠬᠤ᠂ ᠭᠠᠩᠰᠠᠷᠠᠬᠤ ᠬᠡᠮ ᠲᠠᠢ ᠪᠤᠯᠬᠤ ᠵᠡᠷᠬᠡ ᠤᠯᠠᠨ ᠲᠠᠯ᠎ᠠ ᠵᠢᠨ ᠡᠪᠡᠳᠴᠢᠨ᠎ᠤ ᠢᠯᠡᠷᠡᠯ ᠭᠠᠷᠤᠨ᠎ᠠ᠃ ᠬᠡᠳᠤ ᠬᠦᠨᠳᠤ ᠪᠠ ᠮᠠᠷᠢᠶ᠎ᠠ ᠲᠠᠢ ᠪᠤᠯᠬᠤ ᠨᠢ ᠵᠢᠷᠤᠬᠡ ᠲᠡᠷᠢᠬᠢᠨᠤ ᠴᠢᠰᠤᠨ ᠰᠤᠳᠠᠯ᠎ᠤᠨ ᠡᠪᠡᠳᠴᠢᠨ᠂ ᠰᠢᠬᠢᠷ ᠰᠢᠵᠢᠩ ᠡᠪᠡᠳᠴᠢᠨ᠎ᠤ ᠡᠬᠦᠰᠬᠦ ᠨᠤᠷᠮ᠎ᠠ ᠵᠢ ᠢᠯᠡᠳᠳᠠ ᠨᠡᠮᠡᠭᠳᠡᠬᠦᠯᠳᠡᠭ᠂ ᠮᠠᠷᠢᠶ᠎ᠠ ᠲᠠᠢ ᠬᠦᠮᠤᠨ ᠪᠠᠰᠠ ᠶᠠᠰᠤᠨ᠎ᠤ ᠦᠶ᠎ᠠ ᠬᠡᠰᠢᠬᠦᠤ ᠵᠢᠨ ᠡᠪᠡᠳᠴᠢᠨ᠂ ᠦᠬᠡᠬᠦᠯᠡᠭᠰᠡᠡ ᠡᠯᠢᠬᠡ᠂ ᠰᠦᠰᠤ ᠴᠢᠯᠠᠭᠤᠵᠢᠬᠤ ᠡᠪᠡᠳᠴᠢᠨ᠂ ᠳᠤᠯᠠᠢ ᠡᠪᠡᠳᠴᠢᠨ᠂ ᠪᠦᠭᠯᠡᠷᠠᠯᠤᠨ ᠴᠢᠨᠠᠷᠳᠡᠢ ᠤᠨᠳᠠᠯᠭ᠎ᠠ ᠵᠢᠨ ᠠᠮᠢᠰᠬᠤᠭ᠎ᠠ ᠲᠦᠷ ᠵᠤᠭᠰᠤᠬᠤ ᠨᠡᠢᠯᠡᠭ ᠬᠡᠮ᠂ ᠳᠤᠳᠤᠭᠠᠳᠤ ᠰᠢᠬᠦᠷᠠᠯ ᠰᠠᠮᠠᠭᠤᠷᠠᠬᠤ ᠵᠡᠷᠬᠡ ᠡᠪᠡᠳᠴᠢᠨ᠎ᠢ ᠠᠮᠠᠷᠬᠠᠨ ᠤᠯᠤᠨ᠎ᠠ᠃
ᠢᠳᠡᠰᠢ ᠵᠢᠨ ᠬᠡᠮᠵᠢᠢ᠎ᠠ ᠪᠡ ᠬᠦᠳᠡᠯᠬᠡᠬᠡᠨ ᠬᠢᠬᠦ ᠪᠤᠯ ᠬᠡᠪ᠎ᠤᠨ ᠪᠠᠶ᠎ᠠ ᠵᠢᠨ ᠬᠦᠨᠳᠤ ᠵᠢ ᠪᠠᠳᠤᠯᠠᠬᠤ ᠬᠤᠶᠠᠷ ᠭᠤᠤᠯ ᠡᠯᠸᠮᠸᠨ᠋ᠲ ᠮᠦᠨ᠃ ᠢᠳᠡᠰᠢ ᠨᠢ ᠬᠦᠮᠤᠨ᠎ᠤ ᠪᠡᠶ᠎ᠠ᠎ᠳᠤ ᠡᠨ᠋ᠸᠷᠬᠢ ᠬᠠᠩᠭᠠᠵᠤ᠂ ᠬᠦᠳᠡᠯᠬᠡᠬᠡᠨ ᠬᠢᠬᠦ ᠨᠢ ᠡᠨ᠋ᠸᠷᠬᠢ ᠵᠢ ᠬᠤᠷᠤᠭᠳᠠᠭᠤᠯᠤᠨᠠ᠃ ᠬᠡᠷᠪᠡ ᠢᠳᠡᠰᠢ ᠵᠢᠨ ᠬᠡᠮᠵᠢᠶ᠎ᠠ ᠠᠷᠪᠢᠳᠴᠤ ᠬᠦᠳᠡᠯᠬᠡᠬᠡᠨ ᠬᠢᠬᠦ ᠬᠡᠮᠵᠢᠶ᠎ᠠ ᠬᠦᠢᠴᠡᠳ ᠦᠬᠡᠢ ᠪᠤᠯ ᠦᠯᠡᠳᠡᠭᠳᠡᠯ ᠡᠨ᠋ᠸᠷᠬᠢ ᠨᠢ ᠬᠦᠮᠤᠨ᠎ᠤ ᠪᠠᠶ᠎ᠠ ᠳᠤᠳᠤᠷ᠎ᠠ ᠦᠬᠡᠬᠦ ᠵᠢᠨ ᠬᠡᠯᠪᠡᠷᠢ ᠪᠡᠷ ᠬᠠᠳᠠᠭᠠᠯᠠᠭᠳᠠᠨ ᠪᠠᠶ᠎ᠠ ᠵᠢᠨ ᠬᠦᠨᠳᠤ ᠵᠢ ᠨᠡᠮᠡᠭᠳᠡᠬᠦᠯᠵᠤ ᠬᠡᠳᠤ ᠬᠦᠨᠳᠤ ᠪᠤᠶᠤ ᠮᠠᠷᠢᠶ᠎ᠠ ᠲᠠᠢ ᠪᠤᠯᠭᠠᠨ᠎ᠠ᠃ ᠡᠰᠡᠷᠬᠦ ᠪᠡᠷ ᠬᠡᠷᠪᠡ ᠢᠳᠡᠰᠢ ᠵᠢᠨ ᠬᠡᠮᠵᠢᠶ᠎ᠠ ᠬᠦᠷᠤᠯᠴᠡᠬᠦ ᠦᠬᠡᠢ ᠪᠤᠯ ᠡᠨ᠋ᠸᠷᠬᠢ ᠬᠦᠢᠴᠡᠳ ᠦᠬᠡᠢ ᠡᠴᠨ ᠪᠤᠯᠵᠤ ᠬᠡᠳᠤᠷᠬᠡᠢ ᠬᠦᠩᠬᠡᠨ ᠪᠤᠶᠤ ᠡᠴᠡᠩᠬᠡᠢ ᠪᠤᠯᠭᠠᠨ᠎ᠠ᠃ ᠡᠢᠮᠤ ᠡᠴᠨ ᠢᠳᠡᠰᠢ ᠵᠢᠨ ᠬᠡᠮᠵᠢᠶ᠎ᠠ ᠪᠠ ᠬᠦᠳᠡᠯᠬᠡᠬᠡᠨ ᠬᠢᠬᠦ ᠬᠡᠮᠵᠢᠶ᠎ᠠ ᠪᠡᠨ ᠲᠠᠩᠴᠡᠬᠦᠷᠢᠳᠡᠢ ᠪᠠᠢᠯᠭᠠᠵᠤ ᠤᠯᠠᠨ ᠵᠤᠢᠯ᠎ᠤᠨ ᠢᠳᠡᠬᠡᠨ᠎ᠤ ᠬᠠᠩᠭᠠᠭᠰᠠᠠ ᠡᠨ᠋ᠸᠷᠬᠢ ᠨᠢ ᠪᠠᠶ᠎ᠠ ᠮᠠᠬᠠᠪᠤᠳ᠎ᠤᠨ ᠬᠡᠷᠡᠭᠴᠡᠬᠡ ᠵᠢ ᠬᠠᠩᠭᠠᠬᠤ ᠵᠢᠨ ᠬᠠᠮᠳᠤ ᠪᠠᠶ᠎ᠠ᠎ᠳᠤ ᠦᠯᠡᠳᠡᠬᠦ ᠦᠬᠡᠢ ᠪᠠᠢᠬᠤ ᠵᠢ ᠪᠠᠳᠤᠯᠠᠪᠠᠯ ᠵᠤᠬᠢᠨ᠎ᠠ᠃ ᠢᠩᠬᠢᠪᠡᠯ ᠰᠠᠶᠢ ᠪᠠᠶ᠎ᠠ ᠵᠢᠨ ᠬᠦᠨᠳᠤ ᠵᠢ ᠳᠤᠬᠢᠷᠠᠮᠵᠢᠳᠡᠢ ᠬᠡᠪᠴᠢᠶᠠᠨ ᠳᠤᠳᠤᠷ᠎ᠠ ᠬᠢᠵᠠᠭᠠᠷᠯᠠᠵᠤ ᠴᠢᠳᠠᠨ᠎ᠠ᠃
ᠡᠩ᠎ᠤᠨ ᠪᠠᠢᠳᠠᠯ᠎ᠳᠤ ᠬᠤᠭᠤᠯᠠᠨ᠎ᠤ ᠳᠤᠷᠠᠰᠢᠯ ᠨᠢ ᠢᠳᠡᠰᠢ ᠵᠢᠨ ᠬᠡᠮᠵᠢᠶ᠎ᠠ ᠵᠢ ᠪᠦᠳᠤᠮᠵᠢᠳᠡᠢ ᠬᠢᠵᠠᠭᠠᠷᠯᠠᠵᠤ ᠬᠡᠪ᠎ᠤᠨ ᠪᠠᠶ᠎ᠠ ᠵᠢᠨ ᠬᠦᠨᠳᠤ ᠵᠢ ᠪᠠᠳᠤᠯᠠᠵᠤ ᠴᠢᠳᠠᠨ᠎ᠠ᠃ ᠵᠠᠷᠢᠮ ᠬᠦᠮᠤᠨ᠎ᠤ ᠬᠤᠭᠤᠯᠠᠨ᠎ᠤ ᠳᠤᠷᠠᠰᠢᠯ᠎ᠤᠨ ᠳᠤᠬᠢᠷᠠᠭᠤᠯᠤᠯᠳᠠ ᠰᠡᠷᠬᠡᠭ ᠪᠢᠰᠢ ᠪᠠᠢᠵᠤ᠂ ᠬᠤᠭᠤᠯᠠᠨ᠎ᠤ ᠳᠤᠷᠠᠰᠢᠯ᠎ᠢ ᠬᠠᠩᠭᠠᠬᠤ ᠢᠳᠡᠰᠢ ᠵᠢᠨ ᠬᠡᠮᠵᠢᠶ᠎ᠠ ᠶᠠᠷᠤᠳ᠋ᠡᠬᠡᠨ ᠪᠤᠳᠠᠳᠤ ᠬᠡᠷᠡᠭᠴᠡᠬᠡ ᠡᠴᠨ ᠲᠠᠪᠠᠵᠤ ᠪᠠᠢᠳᠠᠭ᠃ ᠬᠡᠳᠤᠷᠬᠡᠢ ᠠᠷᠪᠢᠨ ᠡᠨ᠋ᠸᠷᠬᠢ ᠨᠢ ᠪᠠᠶ᠎ᠠ ᠵᠢᠨ ᠬᠦᠨᠳᠤ ᠵᠢ ᠨᠡᠮᠡᠭᠳᠡᠬᠦᠯᠬᠦ ᠳᠤᠯᠠ ᠴᠠᠭ᠎ᠤᠨ ᠬᠤᠭᠤᠯᠠ ᠪᠡᠨ ᠬᠡᠳᠤᠷᠬᠡᠢ ᠴᠡᠳᠳᠠᠯ᠎ᠠ ᠢᠳᠡᠵᠤ ᠪᠤᠯᠬᠤ ᠦᠬᠡᠢ᠃ ᠡᠳᠤᠷ ᠪᠦᠷᠢ ᠨᠢᠬᠡ ᠠᠮᠠ ᠢᠯᠡᠬᠦᠤ ᠢᠳᠡᠬᠦ ᠨᠢ ᠴᠠᠭ᠎ᠤᠨ ᠤᠳᠠᠭᠠᠨ᠎ᠳᠤ ᠪᠠᠶ᠎ᠠ ᠵᠢᠨ ᠬᠦᠨᠳᠤ ᠵᠢ ᠨᠡᠮᠡᠭᠳᠡᠬᠦᠯᠤᠨ᠎ᠠ᠃ ᠡᠢᠮᠤ ᠡᠴᠨ ᠡᠳᠤᠷ ᠳᠤᠳᠤᠮ᠎ᠤᠨ ᠠᠮᠢᠳᠤᠷᠠᠯ ᠳᠤᠮᠳᠠ᠄ ᠨᠢᠬᠡ᠂ ᠴᠠᠭ᠎ᠤᠨ ᠬᠤᠭᠤᠯᠠ ᠵᠢ ᠬᠡᠳᠤᠷᠬᠡᠢ ᠴᠡᠳᠳᠠᠯ᠎ᠠ ᠢᠳᠡᠵᠤ ᠪᠤᠯᠬᠤ ᠦᠬᠡᠢ; ᠬᠤᠶᠠᠷ᠂ ᠬᠤᠭᠤᠯᠠ ᠪᠤᠳᠠᠭᠠᠨ᠎ᠤ ᠠᠷᠢᠯᠭᠠᠭᠴᠢ ᠪᠠᠢᠵᠤ ᠪᠤᠯᠬᠤ ᠦᠬᠡᠢ᠂ ᠵᠠᠷᠢᠮ ᠬᠦᠮᠤᠨ ᠴᠡᠳᠳᠠᠯ᠎ᠠ ᠢᠳᠡᠭᠰᠡᠡᠤ ᠪᠡᠨ ᠲᠠᠷᠠᠭ᠎ᠠ ᠪᠠᠰᠠ ᠵᠠᠷᠢᠮ ᠦᠯᠡᠳᠡᠭᠳᠡᠯ ᠬᠤᠭᠤᠯᠠ ᠵᠢ ᠴᠡᠪᠡᠷᠯᠡᠨ ᠢᠳᠡᠳᠡᠭ᠃ ᠡᠨᠡ ᠨᠢ ᠡᠳᠤᠷ᠎ᠤᠨ ᠤᠳᠠᠭᠠᠨ᠎ᠳᠠᠭᠠᠨ ᠡᠨ᠋ᠸᠷᠬᠢ ᠵᠢᠨ ᠤᠷᠤᠭᠤᠯᠤᠯᠳᠠ ᠵᠢ ᠨᠡᠮᠡᠭᠳᠡᠬᠦᠯᠤᠨ᠎ᠠ; ᠭᠤᠷᠪᠠ᠂ ᠦᠷᠬᠦᠯᠵᠢ ᠭᠠᠳᠠᠨ᠎ᠠ ᠬᠤᠭᠤᠯᠠᠯᠠᠪᠠᠯ ᠠᠰᠢᠬ ᠦᠬᠡᠢ; ᠲᠦᠷᠪᠡ᠂ ᠰᠤᠯᠠ ᠢᠳᠡᠬᠡᠨ᠎ᠢ ᠤᠯᠠᠨ ᠢᠳᠡᠵᠤ ᠪᠤᠯᠬᠤ ᠦᠬᠡᠢ; ᠲᠠᠪᠤ᠂ ᠭᠠᠷᠠᠭ ᠲᠤ᠌ ᠨᠢᠬᠡ ᠤᠳᠠᠭ᠎ᠠ ᠪᠠᠶ᠎ᠠ ᠵᠢᠨ ᠬᠦᠨᠳᠤ ᠪᠡᠨ ᠬᠡᠮᠵᠢᠨ᠎ᠠ᠃
ᠪᠠᠶ᠎ᠠ ᠮᠠᠬᠠᠪᠤᠳ᠎ᠤᠨ ᠬᠦᠳᠡᠯᠬᠡᠬᠡᠨ ᠬᠡᠳᠡᠭ ᠪᠤᠯ ᠡᠳᠤᠷ ᠳᠤᠳᠤᠮ᠎ᠤᠨ ᠠᠵᠢᠯ ᠠᠮᠢᠳᠤᠷᠠᠯ᠂ ᠶᠠᠪᠤᠵᠤ ᠰᠠᠭᠤᠬᠤ ᠪᠤᠯᠤᠨ ᠪᠠᠶ᠎ᠠ ᠵᠢᠨ ᠲᠠᠮᠢᠷ᠎ᠤᠨ ᠪᠤᠯᠪᠠᠰᠤᠷᠠᠯ ᠵᠡᠷᠬᠡ ᠲᠠᠮᠢᠷ ᠪᠠᠷᠠᠬᠤ ᠬᠦᠳᠡᠯᠬᠡᠬᠡᠨ᠎ᠢ ᠬᠡᠯᠡᠨ᠎ᠠ᠃ ᠡᠨᠡ ᠨᠢ ᠲᠠᠮᠢᠷ᠎ᠢ ᠪᠠᠷᠠᠭᠳᠠᠭᠤᠯᠬᠤ ᠵᠢᠨ ᠬᠠᠮᠳᠤ ᠪᠤᠯᠴᠢᠩ᠎ᠢ ᠠᠪᠴᠢᠭᠤᠯᠵᠤ ᠡᠨ᠋ᠸᠷᠬᠢ ᠵᠢᠨ ᠬᠤᠷᠤᠭᠳᠠᠯ᠎ᠢ ᠨᠡᠮᠡᠭᠳᠡᠬᠦᠯᠤᠨ᠎ᠠ᠃ ᠡᠢᠮᠤ ᠡᠴᠨ ᠵᠠᠮ ᠶᠠᠪᠤᠬᠤ᠂ ᠳᠤᠭᠤᠢ ᠤᠨᠤᠬᠤ᠂ ᠪᠦᠮᠪᠤᠬᠡ ᠨᠠᠭᠠᠳᠬᠤ᠂ ᠪᠦᠵᠢᠭᠯᠡᠬᠦ᠂ ᠠᠰᠠᠷ᠎ᠤᠨ ᠱᠠᠳᠤ ᠪᠡᠷ ᠠᠯᠬᠤᠬᠤ᠂ ᠬᠡᠷ ᠵᠢᠠᠨ ᠴᠡᠪᠡᠷᠯᠡᠬᠦ ᠵᠡᠷᠬᠡ ᠨᠢ ᠪᠦᠷ ᠪᠠᠶ᠎ᠠ ᠮᠠᠬᠠᠪᠤᠳ᠎ᠤᠨ ᠬᠦᠳᠡᠯᠬᠡᠬᠡᠨ᠎ᠤ ᠠᠳᠠᠯᠢ ᠪᠤᠰᠤ ᠬᠡᠯᠪᠡᠷᠢ ᠶᠤᠮ᠃ ᠦᠷᠬᠦᠯᠵᠢ ᠪᠠᠶ᠎ᠠ ᠮᠠᠬᠠᠪᠤᠳ᠎ᠤᠨ ᠬᠦᠳᠡᠯᠬᠡᠬᠡᠨ ᠬᠢᠬᠦ ᠨᠢ ᠬᠡᠪ᠎ᠤᠨ ᠪᠠᠶ᠎ᠠ ᠵᠢᠨ ᠬᠦᠨᠳᠤ ᠵᠢ ᠪᠠᠳᠤᠯᠠᠬᠤ᠎ᠳᠤ ᠳᠤᠰᠠᠳᠠᠢ ᠪᠡᠷ ᠪᠠᠷᠠᠬᠤ ᠦᠬᠡᠢ ᠤᠯᠠᠨ ᠵᠤᠢᠯ᠎ᠤᠨ ᠤᠳᠠᠭᠠᠨ ᠴᠢᠨᠠᠷᠳᠡᠢ ᠡᠪᠡᠳᠴᠢᠨ᠎ᠢ ᠤᠯᠬᠤ ᠠᠶᠤᠯ᠎ᠢ ᠪᠠᠭᠠᠰᠬᠠᠨ᠎ᠠ᠃ ᠬᠠᠮᠳᠤ ᠳ᠋ᠤᠨᠢ ᠰᠡᠳᠬᠢᠯ ᠰᠠᠨᠠᠭᠠᠨ᠎ᠤ ᠳᠤᠭᠳᠠᠪᠤᠷᠢᠳᠠᠢ ᠪᠠᠢᠬᠤ ᠵᠢ ᠳᠤᠬᠢᠷᠠᠭᠤᠯᠵᠤ ᠲᠠᠷᠤᠭᠠᠰᠤ ᠵᠢ ᠠᠷᠢᠯᠭᠠᠨ᠂ ᠵᠤᠪᠠᠨᠢᠬᠤ ᠪᠠ ᠭᠠᠩᠰᠠᠷᠠᠬᠤ ᠬᠡᠮ᠎ᠢ ᠬᠦᠩᠬᠡᠷᠡᠬᠦᠯᠵᠤ᠂ ᠤᠨᠳᠠᠬᠤ ᠵᠢ ᠰᠠᠢᠵᠢᠷᠠᠭᠤᠯᠤᠨ᠎ᠠ᠃ ᠤᠳᠤᠬᠠᠨ᠎ᠳᠤ ᠮᠠᠨ᠎ᠤ ᠤᠯᠤᠰ᠎ᠤᠨ ᠤᠯᠠᠩᠬᠢ ᠰᠠᠭᠤᠭᠠᠯᠢ ᠠᠷᠠᠳ᠎ᠤᠨ ᠪᠠᠶ᠎ᠠ ᠮᠠᠬᠠᠪᠤᠳ᠎ᠤᠨ ᠬᠦᠳᠡᠯᠬᠡᠬᠡᠨ ᠬᠦᠢᠴᠡᠳ ᠦᠬᠡᠢ ᠪᠤᠶᠤ ᠲᠠᠮᠢᠷ᠎ᠤᠨ ᠪᠤᠯᠪᠠᠰᠤᠷᠠᠯ ᠵᠢᠡᠷ ᠳᠤᠳᠠᠮᠠᠭ ᠪᠠᠢᠨ᠎ᠠ᠃ ᠤᠳᠠᠭᠠᠨ ᠰᠠᠭᠤᠵᠤ ᠳᠤᠳᠠᠭᠤ ᠬᠦᠳᠡᠯᠬᠦ ᠮᠠᠭᠤ ᠵᠠᠩᠰᠢᠯ ᠵᠢᠠᠨ ᠬᠠᠶᠠᠵᠤ᠂ ᠡᠳᠤᠷ ᠪᠤᠯᠭᠠᠨ ᠬᠦᠳᠡᠯᠬᠡᠬᠡᠨ ᠬᠢᠬᠦ ᠲᠠᠳᠬᠠᠯ᠎ᠢ ᠪᠤᠢ ᠪᠤᠯᠭᠠᠨ᠂ ᠡᠨ᠋ᠸᠷᠬᠢ ᠵᠢ ᠬᠤᠷᠤᠭᠳᠠᠭᠤᠯᠬᠤ ᠬᠦᠳᠡᠯᠬᠡᠬᠡᠨ᠎ᠢ ᠡᠳᠤᠷ ᠪᠦᠷᠢ ᠢᠯᠡᠬᠦᠬᠡᠨ ᠬᠢᠬᠦ ᠵᠢ ᠪᠠᠷᠢᠮᠳᠡᠯᠡᠪᠡᠯ ᠵᠤᠬᠢᠨ᠎ᠠ᠃
(《ᠡᠷᠡᠬᠦᠯ ᠮᠠᠨᠳᠤ ᠵᠢᠨ 66 ᠵᠤᠷᠪᠤᠰ》 ᠨᠤᠮ ᠡᠴᠨ ᠨᠠᠢᠷᠠᠭᠤᠯᠤᠨ ᠠᠪᠤᠪᠠ)